ᠠᠷᠪᠠᠨ ᠲᠦᠮᠡᠨ ᠴᠡᠷᠢᠭ ᠢᠶᠠᠨ ᠲᠠᠶᠢᠴᠢᠯᠠᠵᠤ | ᠠᠽᠢᠶ᠎ᠠ ᠲᠢᠪ ᠤᠨ ᠤᠯᠠᠨ ᠤᠯᠤᠰ ᠢ ᠬᠤᠷᠢᠶᠠᠨ ᠲᠤᠭᠳᠠᠭᠠᠶᠠ | ᠠᠯᠠᠨ ᠠᠯᠠᠨ ᠲᠤᠨᠢᠯᠭᠠᠭᠴᠢ ᠠᠬ᠎ᠠ ᠲᠡᠬᠦᠤ ᠨᠠᠷ ᠬᠦ᠋ ᠬᠦᠢ | ᠠᠷᠪᠠᠨ ᠲᠦᠮᠡᠨ ᠴᠡᠷᠢᠭ ᠢᠶᠠᠷ ᠠᠯᠠᠨ ᠤᠷᠤᠭᠳᠠᠨ | ᠬᠤᠷᠢᠨ ᠲᠦᠮᠡᠨ ᠴᠡᠷᠢᠭ ᠢᠶᠠᠨ ᠲᠠᠶᠢᠴᠢᠯᠠᠵᠤ | ᠬᠤᠶᠢᠳᠠᠢ ᠤᠷᠢᠳᠠᠢ ᠬᠤᠶᠠᠷ ᠤᠯᠤᠰ ᠢ ᠬᠤᠷᠢᠶᠠᠨ ᠲᠤᠭᠳᠠᠭᠠᠶᠠ | ᠬᠤᠩᠭᠤᠷ ᠰᠢᠬᠦᠷ ᠬᠦᠴᠤᠨ ᠲᠡᠬᠦᠰ ᠲᠦᠷᠪᠡᠨ ᠪᠠᠭᠠᠳᠤᠷ ᠬᠦ᠋ ᠬᠦᠢ | ᠬᠤᠶᠠᠭ ᠴᠡᠷᠢᠭ ᠬᠤᠷᠢᠨ ᠲᠦᠮᠡᠨ ᠬᠤᠷᠳᠤᠨ ᠪᠠᠶᠢᠯᠳᠤᠭᠳᠤᠨ | ᠢᠳᠡᠷᠭᠡᠭ ᠵᠠᠯᠠᠭᠤ ᠭᠤᠴᠢᠨ ᠲᠦᠮᠡᠨ ᠴᠡᠷᠢᠭ ᠢᠶᠠᠨ ᠲᠠᠶᠢᠴᠢᠯᠠᠵᠤ | ᠡᠸᠦᠶᠢᠷᠤᠫᠠ ᠲᠢᠪ ᠤᠨ ᠤᠯᠠᠨ ᠤᠯᠤᠰ ᠢ ᠬᠤᠷᠢᠶᠠᠨ ᠲᠤᠭᠳᠠᠭᠠᠶᠠ | ᠢᠷᠡᠨ ᠢᠷᠡᠨ ᠲᠠᠭᠠᠭᠰᠠᠳ ᠢ ᠬᠦᠯᠢᠶᠡᠨ ᠠᠪᠴᠤ ᠬᠦ᠋ ᠬᠦᠢ | ᠢᠳᠡᠭ ᠢᠳᠡᠭ ᠢᠶᠠᠷ ᠤᠷᠤᠰ ᠤᠷᠤᠨ ᠢ ᠡᠵᠡᠯᠡᠨ ᠠᠪᠤᠭᠳᠤᠨ | ᠲᠠᠪᠢᠨ ᠲᠦᠮᠡᠨ ᠴᠡᠷᠢᠭ ᠢᠶᠠᠨ ᠲᠠᠶᠢᠴᠢᠯᠠᠵᠤ | ᠲᠠᠩᠭᠤᠳ ᠲᠦᠪᠡᠳ ᠬᠤᠶᠠᠷ ᠤᠷᠤᠨ ᠢ ᠬᠤᠷᠢᠶᠠᠨ ᠲᠤᠭᠳᠠᠭᠠᠶᠠ | ᠲᠠᠪᠤᠨ ᠬᠠᠶᠢᠷ᠎ᠠ ᠲᠦᠷᠪᠡᠨ ᠦᠩᠭᠡ ᠤᠯᠤᠰ ᠲᠦᠷᠤ ᠪᠠᠨ ᠬᠦ᠋ ᠬᠦᠢ | ᠲᠠᠰᠤᠷᠠᠯᠳᠠ ᠦᠭᠡᠢ ᠦᠶ᠎ᠡ ᠤᠯᠠᠷᠢᠨ ᠦᠯᠡᠳᠡᠭᠡᠨ ᠵᠠᠰᠠᠭᠳᠤᠨ | ᠡᠨᠡ ᠲᠦᠷᠪᠡᠨ ᠪᠠᠳᠠᠭ ᠲᠠᠭᠤᠤ ᠪᠤᠯ ᠴᠢᠩᠬᠢᠰ ᠬᠠᠭᠠᠨ ᠵᠢᠴᠢ ᠲᠡᠬᠦᠨ ᠤ ᠬᠦᠤ ᠤᠴᠢ ᠨᠠᠷ ᠲᠡᠯᠡᠭᠡᠢ ᠶᠢ ᠲᠠᠶᠢᠴᠢᠯᠠᠨ | ᠬᠤᠷᠢᠶᠠᠨ ᠲᠤᠭᠳᠠᠭᠠᠬᠤ ᠶᠢᠨ ᠶᠠᠪᠤᠴᠠ ᠳᠤ ᠮᠤᠩᠭᠤᠯ ᠮᠤᠷᠢᠳᠤ ᠴᠡᠷᠢᠭ ᠤᠨ ᠪᠠᠶᠢᠯᠳᠤᠭᠠᠨ ᠤ ᠲᠤᠮᠳᠠ | ᠤᠷᠤᠭᠰᠢᠯᠠᠬᠤ ᠰᠦᠷ ᠭᠠᠶᠢᠬᠠᠮᠰᠢᠭᠳᠤ ᠲᠠᠭᠤᠯᠠᠬᠤ ᠲᠠᠭᠤᠤ ᠪᠤᠯᠤᠨ᠎ᠠ᠃ ᠡᠨᠡ ᠲᠠᠭᠤᠤ ᠡᠳᠤᠭᠡ ᠪᠤᠯᠳᠠᠯ᠎ᠠ ᠵᠤᠤ | ᠤᠳᠠ ᠶᠢᠨ ᠮᠤᠩᠭᠤᠯ ᠦᠨᠳᠤᠰᠤᠳᠡᠨᠤ ᠲᠤᠮᠳᠠ ᠲᠠᠭᠤᠯᠠᠭᠳᠠᠭᠰᠠᠭᠠᠷ᠃ | ᠮᠤᠩᠭᠤᠯ ᠤᠨ ᠲᠡᠷᠡ ᠦᠶ᠎ᠡ ᠲᠡᠯᠡᠭᠡᠢ ᠶᠢ ᠡᠵᠡᠮᠰᠢᠬᠦ ᠲᠠᠶᠢᠨ ᠢ ᠤᠷᠤᠰ ᠤᠨ ᠲᠤᠷᠤᠨ᠎ᠠ ᠲᠠᠬᠢᠨ ᠤ ᠲᠡᠭᠡᠳᠤ | ᠰᠤᠷᠭᠠᠭᠤᠯᠢ ᠶᠢᠨ ᠡᠷᠳᠡᠮᠳᠡᠨ ᠸᠠᠰᠢᠯᠢ᠂ ᠫᠠᠲᠷᠸᠧ ︽ᠮᠤᠩᠭᠤᠯ ᠬᠠᠭᠠᠨᠳᠤ ᠤᠯᠤᠰ ᠠᠯᠤᠰ ᠲᠤᠷᠤᠨ᠎ᠠ ᠤᠶᠢᠷ᠎ᠠ | ᠲᠤᠷᠤᠨ᠎ᠠ ᠪᠤᠯᠪᠠᠰᠤᠨ ᠤᠯᠤᠰ ᠢ ᠨᠢᠭᠡᠨ ᠦᠨᠳᠤᠰᠤᠳᠡᠨ ᠢᠶᠠᠷ ᠬᠠᠮᠢᠶᠠᠷᠠᠭᠤᠯᠬᠤ᠂ ᠨᠢᠭᠡᠨ ᠸᠠᠩᠳᠤ ᠤᠯᠤᠰ ᠤᠨ | ᠨᠤᠶᠠᠷᠬᠠᠬᠤ ᠶᠢᠨ ᠲᠤᠤᠷ᠎ᠠ ᠠᠷᠠᠯᠵᠢᠶ᠎ᠠ ᠮᠠᠶᠢᠮᠠᠢ ᠶᠢ ᠠᠬᠢᠭᠤᠯᠵᠤ᠂ ᠤᠳᠬ᠎ᠠ ᠰᠤᠶᠤᠯ ᠤᠨ ᠬᠤᠪᠤᠷ ᠡᠳ᠋ ᠢ | ᠰᠤᠯᠢᠯᠴᠠᠵᠤ᠂ ᠲᠤᠮᠳᠠᠳᠤ ᠠᠽᠢᠶ᠎ᠠ᠂ ᠲᠤᠮᠳᠠᠳᠤ ᠤᠯᠤᠰ ᠤᠨ ᠬᠤᠭᠤᠷᠤᠨᠳᠤ ᠶᠢᠨ ᠠᠷᠠᠯᠵᠢᠶ᠎ᠠ ᠮᠠᠶᠢᠮᠠᠢ ᠶᠢ ᠬᠠᠮᠤᠭ | ᠢᠳᠡᠪᠬᠢᠳᠠᠢ ᠬᠦᠭᠵᠢᠭᠡᠪᠡ︾ ᠭᠡᠪᠡ᠃ | 1. ᠠᠷᠠᠯᠵᠢᠶᠠᠨ ᠤ ᠵᠢᠭᠤᠷᠠᠯᠳᠤᠭᠠᠨ ᠠᠴᠠ ᠪᠤᠯᠵᠤ ᠮᠤᠩᠭᠤᠯ ᠪᠠᠷᠠᠭᠤᠨᠰᠢ ᠲᠠᠶᠢᠴᠢᠯᠠᠭᠰᠠᠨ | ᠨᠡᠶᠢᠳᠡ ᠶᠢᠨ ᠤᠨ ᠲᠤᠭᠠᠯᠠᠯ ᠤᠨ 1206 ᠤᠨ ᠤ ᠬᠠᠪᠤᠷ ᠭᠤᠪᠢ ᠮᠠᠩᠬ᠎ᠠ ᠶᠢᠨ ᠠᠷᠤ ᠶᠢᠨ ᠲᠠᠯ᠎ᠠ ᠨᠤᠳᠤᠭ | ᠤᠨᠤᠨ ᠭᠤᠤᠯ ᠶᠢᠨ ᠡᠬᠢ ᠳᠤ ᠶᠡᠭᠡ ᠮᠤᠩᠭᠤᠯ ᠭᠡᠷ ᠪᠤᠰᠬᠠᠵᠤ᠂ ᠶᠢᠰᠤᠨ ᠰᠡᠬᠦᠯᠳᠤ ᠴᠠᠭᠠᠨ ᠲᠠᠯᠪᠠᠭ᠎ᠠ ᠰᠠᠯᠬᠢ ᠶᠢᠨ | ᠠᠶ᠎ᠠ ᠪᠠᠷ ᠨᠠᠮᠠᠯᠵᠢᠵᠤ᠂ ᠲᠠᠯ᠎ᠠ ᠨᠤᠳᠤᠭ ᠤᠨ ᠡᠯ᠎ᠡ ᠠᠶᠢᠮᠠᠭ ᠤᠨ ᠲᠦᠷᠤᠬᠦᠤ ᠴᠢᠭᠤᠯᠭᠠᠨ ᠬᠢᠵᠤ ᠲᠡᠤᠭᠡᠨ ᠲᠡᠭᠡᠷ᠎ᠡ | ᠬᠠᠮᠤᠭ ᠤᠳᠬ᠎ᠠ ᠠᠭᠤᠯᠭ᠎ᠠ ᠲᠠᠢ ᠬᠤᠷᠠᠯ ᠬᠤᠷᠠᠯᠳᠤᠵᠤ᠂ ᠪᠦᠬᠦᠳᠡᠭᠡᠷ ᠨᠢᠭᠡᠨ ᠰᠡᠳᠬᠢᠯ ᠢᠶᠠᠷ ᠲᠠᠮᠵᠢᠨ ᠮᠤᠩᠭᠤᠯ | ᠤᠨ ᠶᠡᠭᠡ ᠬᠠᠭᠠᠨ ᠡᠷᠬᠦᠮᠵᠢᠯᠡᠵᠤ ︽ᠴᠢᠩᠬᠢᠰ ᠬᠠᠭᠠᠨ︾ ᠭᠡᠵᠤ ᠨᠡᠷᠡᠯᠡᠪᠡ᠃ ᠡᠨᠡ ︽ᠴᠢᠩᠬᠢᠰ︾ ᠭᠡᠰᠡᠨ ᠦᠭᠡ | ᠶᠢᠨ ᠤᠳᠬ᠎ᠠ ᠶᠢ ᠡᠳᠤᠭᠡ ᠶᠢᠨ ᠡᠷᠳᠡᠮᠳᠡᠨ ᠡᠯᠳᠡᠪ ᠵᠤᠶᠢᠯ ᠢᠶᠠᠷ ᠲᠠᠶᠢᠯᠠᠵᠤ ᠪᠠᠶᠢᠨ᠎ᠠ᠃ ᠮᠠᠨ ᠤ ᠦᠵᠡᠬᠦ ᠪᠠᠷ ᠡᠨᠡ | ︽ᠴᠢᠩᠬᠢᠰ︾ ᠠᠨᠤ ᠡᠾᠦ᠋ᠩᠨᠤ ᠦᠨᠳᠤᠰᠤᠳᠡᠨ ᠤ ︽ᠴᠠᠨ ᠢᠤᠢ︾ ᠦᠭᠡ ᠶᠢᠨ ᠢᠷᠡᠯ ᠲᠠᠢ᠂ ᠲᠠᠷᠤᠢ ︽ᠲᠡᠭᠷᠢ | ᠬᠠᠭᠠᠨ︾ ᠭᠡᠰᠡᠨ ᠦᠭᠡ ᠪᠤᠯᠤᠨ᠎ᠠ᠃ ᠤᠴᠢᠷ ᠨᠢ 800 ᠤᠨ ᠤ ᠲᠡᠷᠡ ᠦᠶ᠎ᠡ ᠳᠤ ᠲᠡᠭᠷᠢ ᠶᠢ ︽ᠴᠡᠩᠭᠡᠷ︾ | ᠭᠡᠵᠤ ᠲᠠᠭᠤᠳᠠᠨ ᠤᠩᠰᠢᠨ᠎ᠠ᠃ | ᠶᠡᠭᠡ ᠮᠤᠩᠭᠤᠯ ᠤᠯᠤᠰ ᠤᠨ ᠪᠠᠶᠢᠭᠤᠯᠤᠭᠳᠠᠭᠰᠠᠨ ᠤ ᠰᠢᠯᠳᠠᠭᠠᠨ ᠢᠶᠠᠷ ᠤᠮᠠᠷᠠᠳᠤ ᠶᠢᠨ ᠲᠠᠯ᠎ᠠ ᠨᠤᠳᠤᠭ ᠤᠨ ᠪᠤᠳᠠᠷᠠᠯ | ᠰᠠᠷᠨᠢᠯ ᠲᠠᠶᠢᠨ ᠲᠠᠵᠢᠨ ᠦᠷᠬᠦᠯᠵᠢᠯᠡᠬᠦ ᠰᠠᠮᠠᠭᠤᠷᠠᠯ ᠢ ᠦᠭᠡᠶᠢᠰᠭᠡᠵᠤ᠂ ᠵᠡᠬᠦᠨ ᠬᠢᠩᠭᠠᠨ ᠲᠠᠪᠠᠭ᠎ᠠ ᠠᠴᠠ ᠡᠬᠢᠯᠡᠨ | ᠪᠠᠷᠠᠭᠤᠨ ᠠᠯᠳᠠᠷ ᠠᠭᠤᠯᠠ ᠬᠦᠷᠴᠤ᠂ ᠡᠮᠤᠨ᠎ᠡ ᠲᠠᠯᠠᠨ ᠬᠠᠷ᠎ᠠ ᠠᠭᠤᠯᠠ ᠠᠴᠠ ᠤᠢ ᠶᠢᠨ ᠢᠷᠭᠡᠨ ᠪᠠᠶᠢᠭᠠᠯᠢ ᠨᠠᠭᠤᠷ | ᠬᠦᠷᠳᠡᠯ᠎ᠡ ᠦᠷᠭᠡᠨ ᠠᠭᠤᠳᠠᠮ ᠨᠤᠳᠤᠭ ᠲᠡᠪᠢᠰᠭᠡᠷ ᠪᠦᠷ ᠴᠢᠩᠬᠢᠰ ᠬᠠᠭᠠᠨ ᠤ ᠡᠷᠭᠡ ᠳᠤ ᠤᠷᠤᠵᠤ᠂ ᠴᠢᠩᠬᠢᠰ | ᠬᠠᠭᠠᠨ ᠤ ᠭᠠᠶᠢᠬᠠᠮᠰᠢᠭᠳᠤ ᠴᠡᠷᠢᠭ ᠵᠢᠯᠤᠭᠤᠳᠬᠤ ᠴᠢᠳᠠᠪᠤᠷᠢ ᠪᠡ ᠲᠠᠯ᠎ᠠ ᠨᠤᠳᠤᠭ ᠤᠨ ᠮᠤᠩᠭᠤᠯ ᠮᠠᠯᠴᠢᠨ ᠤ | ᠬᠤᠷᠴᠠ ᠰᠢᠷᠤᠬᠦᠨ ᠲᠡᠮᠡᠴᠡᠯᠳᠤᠬᠦ ᠰᠦᠷ ᠵᠤᠷᠢᠭ ᠤᠶᠢᠷᠠᠯᠴᠠᠭ᠎ᠠ ᠡᠯ᠎ᠡ ᠤᠯᠤᠰ ᠪᠦᠬᠦᠨ ᠢᠶᠠᠷ ᠲᠤᠷᠤᠢ ᠪᠠᠭᠤᠷᠠᠢ | ᠪᠤᠯᠬᠤᠷ ᠪᠦᠷ ᠰᠢᠨ᠎ᠡ ᠮᠠᠨᠳᠤᠭᠰᠠᠨ ᠶᠡᠭᠡ ᠮᠤᠩᠭᠤᠯ ᠤᠯᠤᠰ ᠲᠤ ᠴᠤᠬᠢᠭᠳᠠᠨ ᠡᠵᠡᠯᠡᠭᠳᠡᠪᠡ᠃ ᠴᠢᠩᠬᠢᠰ ᠬᠠᠭᠠᠨ | ᠵᠢᠴᠢ ᠲᠡᠬᠦᠨ ᠤ ᠠᠯᠳᠠᠨ ᠭᠡᠷ ᠪᠦᠯᠢ ᠶᠡᠭᠡ ᠭᠡᠪᠴᠢᠶᠡᠨ ᠤ ᠲᠠᠶᠢᠨ ᠢ ᠲᠦᠷᠪᠡᠨ ᠵᠦᠭ ᠤᠨ ᠤᠶᠢᠷᠠᠯᠴᠠᠭ᠎ᠠ ᠤᠯᠤᠰ | ᠲᠤ ᠲᠦᠯᠬᠢᠨ ᠤᠷᠤᠵᠤ ᠨᠢᠭᠡ ᠨᠢᠭᠡ ᠪᠤᠯᠪᠠᠰᠤᠨ ᠨᠡᠶᠢᠭᠡᠮ ᠪᠦᠷ ᠮᠤᠩᠭᠤᠯ ᠤᠨ ᠬᠦᠴᠤᠨ ᠳᠤ ᠠᠪᠳᠠᠭᠳᠠᠵᠤ᠂ ᠡᠨᠡᠬᠦ | ᠬᠠᠮᠤᠭ ᠰᠦᠷ ᠠᠶᠤᠮᠰᠢᠭᠳᠠᠢ ᠨᠡᠬᠦᠳᠡᠯ ᠮᠠᠯᠴᠢᠨ ᠤ ᠲᠠᠭᠠᠷᠢᠯᠳᠠ ᠳᠤ ᠨᠤᠭᠤᠷᠠᠨ ᠰᠦᠬᠦᠳᠪᠡ᠃ | ᠡᠬᠦᠨ ᠠᠴᠠ ᠡᠮᠤᠨ᠎ᠡ ᠠᠯᠳᠠᠨ ᠤᠯᠤᠰ ᠤᠨ ᠬᠠᠭᠠᠨ ᠬᠠᠷᠢᠶᠠᠳᠤ ᠤᠯᠤᠰ ᠪᠡ ᠪᠤᠭᠤᠯ ᠮᠤᠩᠭᠤᠯ ᠬᠦᠮᠤᠨ ᠤ | ᠬᠦᠷᠭᠡᠭᠰᠡᠨ ᠭᠤᠶᠤ ᠡᠮᠡᠭᠳᠠᠢ ᠪᠡ ᠠᠮᠳᠠᠳᠤᠢᠳᠡᠭᠡᠨ ᠢ ᠬᠦᠷᠳᠡᠵᠤ ᠪᠠᠶᠢᠭᠰᠠᠨ ᠨᠢ ᠡᠳᠤᠭᠡ ᠲᠡᠳᠡᠨ ᠦᠭᠬᠦ ᠶᠠᠭᠤᠮ᠎ᠠ | ᠠᠨᠤ ᠬᠢᠳᠤᠭ᠎ᠠ ᠵᠢᠳᠠ ᠪᠡ ᠠᠯᠠᠯᠳᠠ ᠪᠤᠯᠵᠠᠢ᠃ 1212 ᠤᠨ ᠳᠤ ᠮᠤᠩᠭᠤᠯ ᠤᠨ ᠮᠤᠷᠢᠳᠤ ᠴᠡᠷᠢᠭ ᠡᠮᠤᠨᠡᠰᠢ | ᠵᠦᠡᠭ ᠶᠤᠸᠠᠨ ᠵᠦᠭ ᠬᠠᠨᠳᠤᠭᠰᠠᠨ ᠳᠤ ᠠᠨᠤ ᠡᠮᠤᠨ᠎ᠡ ᠰᠦᠡᠭ ᠤᠯᠤᠰ ᠢ ᠡᠪᠳᠡᠭᠰᠡᠨ ᠨᠢᠭᠡᠨ ᠦᠶ᠎ᠡ ᠶᠢᠨ | ᠬᠦᠴᠦᠷᠭᠡᠭ ᠲᠦᠷᠤ ᠵᠠᠰᠠᠭ ᠭᠠᠳᠠᠨ᠎ᠠ ᠬᠦᠴᠦᠷᠭᠡᠭ ᠲᠤᠳᠤᠷ᠎ᠠ ᠬᠦᠨᠳᠠᠢ ᠨᠢ ᠨᠢᠭᠡᠨᠳᠡ ᠢᠯᠡᠷᠡᠵᠤ᠂ ᠮᠤᠩᠭᠤᠯ ᠤᠨ | ᠶᠡᠭᠡ ᠴᠡᠷᠢᠭ ᠬᠠᠨᠳᠤᠨ ᠭᠤᠤᠯ ᠤᠨ ᠬᠤᠶᠢᠳᠤ ᠤᠷᠤᠨ ᠢ ᠱᠦᠬᠦᠷᠳᠡᠵᠤ᠂ ᠠᠯᠳᠠᠨ ᠤᠯᠤᠰ ᠭᠠᠭᠴᠠ 11 ᠬᠤᠳᠠ | ᠦᠯᠡᠳᠡᠵᠤ᠂ 1215 ᠤᠨ ᠳᠤ ᠠᠯᠳᠠᠨ ᠤᠯᠤᠰ ᠤᠨ ᠨᠡᠶᠢᠰᠯᠡᠯ ᠬᠤᠳᠠ ᠡᠳᠤᠭᠡ ᠶᠢᠨ ᠪᠡᠭᠡᠵᠢᠩ ᠮᠤᠩᠭᠤᠯ ᠴᠡᠷᠢᠭ | ᠲᠤ ᠡᠵᠡᠯᠡᠭᠳᠡᠵᠤ᠂ ᠲᠠᠷᠠᠭ᠎ᠠ ᠤᠨ ᠤ ᠬᠠᠪᠤᠷ ᠴᠢᠩᠬᠢᠰ ᠬᠠᠭᠠᠨ ᠲᠠᠶᠢᠨ ᠤ ᠡᠯᠪᠡᠭ ᠠᠮᠵᠢᠯᠳᠠ ᠤᠯᠵᠤ᠂ ᠤᠯᠠᠨ | ᠮᠡᠷᠭᠡᠵᠢᠯᠳᠡᠨ ᠢ ᠤᠯᠵᠠᠯᠠᠵᠤ ᠮᠤᠩᠭᠤᠯ ᠤᠨ ᠲᠠᠯ᠎ᠠ ᠨᠤᠳᠤᠭ ᠳᠠᠭᠠᠨ ᠬᠠᠷᠢᠵᠤ᠂ ᠬᠠᠷᠠᠴᠠ ᠶᠢ ᠪᠠᠷᠠᠭᠤᠨᠰᠢ ᠴᠢᠭᠯᠡᠪᠡ᠃ | | ᠠᠷᠠᠯᠵᠢᠶ᠎ᠠ ᠶᠢ ᠲᠠᠷᠤᠯᠠᠬᠤ ᠲᠦᠷᠤ ᠶᠢᠨ ᠪᠤᠳᠤᠯᠭ᠎ᠠ ᠬᠡᠷᠡᠭᠵᠢᠭᠦᠯᠵᠦ ᠠᠷᠠᠯᠵᠢᠶᠠᠴᠢᠨ ᠢ ᠬᠠᠮᠤᠭ ᠤᠨ ᠲᠤᠤᠷᠠᠳᠤ | ᠭᠡᠵᠤ ᠦᠵᠡᠬᠦ ᠵᠦᠡᠭ ᠶᠤᠸᠠᠨ ᠤᠷᠤᠨ ᠲᠠᠢ ᠠᠳᠠᠯᠢ ᠪᠤᠰᠤ᠂ ᠴᠢᠩᠬᠢᠰ ᠬᠠᠭᠠᠨ ᠠᠷᠠᠯᠵᠢᠶ᠎ᠠ ᠶᠢ ᠬᠦᠨᠳᠤ ᠦᠵᠡᠵᠡᠢ᠃ | ᠤᠴᠢᠷ ᠨᠢ ᠮᠤᠩᠭᠤᠯ ᠬᠦᠮᠤᠨ ᠲᠠᠯ᠎ᠠ ᠨᠤᠳᠤᠭ ᠲᠤ ᠨᠡᠬᠦᠳᠡᠯ ᠮᠠᠯᠵᠢᠯ ᠢᠶᠠᠨ ᠠᠵᠤ ᠠᠬᠤᠢ ᠪᠠᠶᠢᠵᠤ᠂ ᠲᠤᠭᠳᠠᠪᠤᠷᠢ | ᠲᠠᠢ ᠬᠤᠳᠠ ᠪᠠᠯᠭᠠᠰᠤ ᠦᠭᠡᠢ᠂ ᠠᠷᠠᠯᠵᠢᠶᠠᠴᠢᠨ ᠪᠠᠰᠠ ᠮᠤᠩᠭᠤᠯ ᠤᠷᠤᠨ ᠳᠤ ᠲᠦᠪᠯᠡᠷᠡᠭᠰᠡᠨ ᠦᠭᠡᠢ᠂ ᠤᠯᠤᠰ ᠲᠤ | ᠬᠤᠪᠴᠠᠰᠤ ᠢᠳᠡᠭᠡᠨ ᠲᠤᠳᠠᠭᠳᠠᠬᠤ ᠪᠤᠯᠬᠤᠷ ᠠᠷᠠᠯᠵᠢᠶ᠎ᠠ ᠶᠢ ᠶᠡᠭᠡ ᠪᠠᠷ ᠬᠦᠨᠳᠤᠳᠭᠡᠨᠡ᠃ ᠴᠢᠩᠬᠢᠰ ᠬᠠᠭᠠᠨ ᠵᠠᠰᠠᠭ | ᠨᠡᠶᠢᠳᠡᠯᠡᠵᠤ ︽ᠠᠯᠢᠪᠠ ᠤᠯᠤᠰ ᠤᠨ ᠠᠷᠠᠯᠵᠢᠶᠠᠴᠢᠨ ᠢᠷᠡᠪᠡᠰᠤ ᠪᠦᠷ ᠲᠡᠮᠳᠡᠭ ᠦᠨᠡᠮᠯᠡᠯ ᠦᠭᠴᠤ᠂ ᠭᠡᠷᠪᠡ ᠬᠠᠭᠠᠨ | ᠡᠵᠡᠨ ᠤ ᠠᠪᠬᠤ ᠶᠠᠭᠤᠮ᠎ᠠ ᠪᠤᠯ ᠡᠳ᠋ ᠬᠦᠷᠤᠩᠭᠡ ᠪᠡ ᠠᠷᠠᠯᠵᠢᠶᠠᠴᠢᠨ ᠲᠠᠢ ᠬᠠᠮᠳᠤ ᠬᠠᠭᠠᠨ ᠳᠤ ᠬᠦᠷᠭᠡᠨ | ᠠᠪᠴᠢᠷᠠᠬᠤ ᠭᠡᠷᠡᠭᠳᠠᠢ︾ ᠭᠡᠪᠡ᠃ ᠡᠬᠦᠨ ᠤ ᠵᠡᠷᠭᠡ ᠪᠠᠷ ᠮᠤᠩᠭᠤᠯ ᠤᠨ ᠲᠠᠯ᠎ᠠ ᠠᠴᠠ ᠭᠡᠳᠤ ᠤᠳᠠᠭ᠎ᠠ ᠦᠪᠡᠷ ᠤᠨ | ᠠᠷᠠᠯᠵᠢᠶᠠᠨ ᠤ ᠳ᠋ᠠᠶᠢᠽᠢ ᠶᠢ ᠪᠠᠷᠠᠭᠤᠨ ᠬᠢᠵᠠᠭᠠᠷ ᠤᠷᠤᠨ ᠲᠤᠮᠢᠯᠠᠵᠤ ᠠᠷᠯᠠᠵᠢᠶᠠ ᠬᠢᠨ᠎ᠡ᠃ 1210 ᠤᠨ ᠳᠤ | 450 ᠬᠦᠮᠤᠨ ᠠᠴᠠ ᠪᠦᠷᠢᠯᠳᠦᠭᠰᠡᠨ ᠮᠤᠩᠭᠤᠯ ᠤᠨ ᠠᠷᠠᠯᠵᠢᠶᠠᠨ ᠤ ᠳ᠋ᠠᠶᠢᠽᠢ ᠶᠢᠨ ᠢᠰᠯᠠᠮ ᠤᠨ ᠠᠷᠠᠯᠵᠢᠶᠠᠴᠢᠨ | ᠬᠤᠸᠠᠷᠰᠸᠠᠮ ᠤᠨ ᠴᠡᠷᠢᠭ ᠲᠤ ᠠᠯᠠᠭᠳᠠᠵᠤ᠂ ᠡᠳ᠋ ᠪᠤᠳᠠᠰ ᠢ ᠨᠢ ᠪᠦᠷ ᠪᠤᠯᠢᠶᠠᠨ ᠲᠡᠭᠡᠷᠡᠮᠳᠡᠨ ᠠᠪᠤᠪᠠ᠃ ᠡᠶᠢᠮᠤ | ᠰᠢᠯᠳᠠᠭᠠᠨ ᠠᠴᠠ ᠪᠤᠯᠵᠤ ᠴᠢᠩᠬᠢᠰ ᠬᠠᠭᠠᠨ ᠬᠤᠸᠠᠷᠰᠧᠮ ᠶᠢ ᠲᠠᠶᠢᠯᠠᠬᠤ ᠭᠡᠵᠤ ᠪᠡᠯᠡᠳᠭᠡᠯ ᠬᠢᠪᠡ᠃ ᠡᠨᠡ ᠤᠳᠠᠭᠠᠨ | ᠤ ᠲᠠᠶᠢᠨ 1219 ᠤᠨ ᠳᠤ ᠶᠠᠪᠤᠭᠳᠠᠭᠤᠯᠵᠤ᠂ ᠲᠠᠶᠢᠯᠠᠬᠤ ᠵᠠᠮ ᠶᠠᠭ ᠡᠷᠳᠡᠨ ᠤ ᠲᠤᠷᠭ᠎ᠠ ᠲᠤᠷᠳᠤᠩ ᠤᠨ | ᠠᠷᠠᠯᠵᠢᠶ᠎ᠠ ᠵᠠᠮ ᠪᠤᠯᠤᠨ᠎ᠠ᠃ ᠴᠡᠷᠢᠭ ᠤᠨ ᠴᠢᠭᠯᠡᠯᠳᠡ ᠠᠨᠤ ᠠᠷᠠᠯᠵᠢᠶ᠎ᠠ ᠵᠠᠮ ᠤᠨ ᠪᠠᠶᠠᠯᠢᠭ ᠬᠤᠳᠠ ᠪᠠᠯᠭᠠᠰᠤ᠂ | ᠡᠶᠢᠮᠤ ᠴᠡᠷᠢᠭ ᠤᠷᠤᠭᠤᠯᠬᠤ ᠨᠢᠭᠡ ᠲᠠᠯ᠎ᠠ ᠪᠠᠷ ᠬᠤᠸᠠᠷᠰᠧᠮ ᠤ ᠴᠡᠷᠢᠭ ᠤᠨ ᠬᠦᠴᠤᠨ ᠪᠡ ᠵᠠᠰᠠᠭ ᠲᠦᠷᠤ ᠶᠢᠨ | ᠲᠦᠪ ᠱᠦᠬᠦᠷᠳᠡᠨ ᠠᠷᠢᠯᠭᠠᠵᠤ᠂ ᠶᠡᠭᠡ ᠭᠡᠪᠴᠢᠶ᠎ᠡ ᠢᠶᠠᠷ ᠡᠳ᠋ ᠬᠦᠷᠤᠩᠭᠡ ᠵᠢᠴᠢ ᠡᠳᠤᠷ ᠤᠨ ᠠᠮᠢᠳᠤᠷᠠᠯ ᠤᠨ | ᠭᠡᠷᠡᠭᠰᠡᠯ ᠤᠯᠵᠠᠯᠠᠬᠤ ᠪᠤᠯᠤᠨ᠎ᠠ᠃ ᠠᠷᠠᠯᠵᠢᠶᠠᠨ ᠤ ᠵᠠᠮ ᠪᠤᠯᠪᠠᠰᠤ ᠡᠯ᠎ᠡ ᠲᠠᠯ᠎ᠠ ᠶᠢᠨ ᠨᠦᠬᠦᠴᠡᠯ ᠲᠤᠩ ᠰᠠᠶᠢᠨ᠂ | ᠵᠠᠮᠨᠠᠬᠤ ᠵᠠᠭᠤᠷ᠎ᠠ ᠲᠠᠷᠢᠶᠠᠯᠠᠩ ᠤᠨ ᠤᠷᠤᠨ ᠪᠦᠭᠡᠳ ᠦᠷᠬᠦᠯᠵᠢᠯᠡᠭᠰᠡᠨ ᠠᠷᠠᠯᠵᠢᠶᠠᠨ ᠤ ᠪᠠᠯᠭᠠᠰᠤ ᠪᠤᠯᠬᠤᠷ | ᠠᠷᠠᠯᠵᠢᠶᠠᠨ ᠤ ᠳ᠋ᠠᠶᠢᠽᠢ ᠠᠮᠤ ᠪᠤᠳᠠᠭ᠎ᠠ᠂ ᠡᠪᠡᠰᠤ᠂ ᠤᠰᠤ ᠵᠡᠷᠭᠡ ᠨᠦᠬᠦᠪᠤᠷᠢᠯᠡᠬᠦ ᠳᠤ ᠲᠦᠬᠦᠮ᠂ ᠮᠤᠩᠭᠤᠯ ᠴᠡᠷᠢᠭ | ᠶᠠᠭ ᠡᠶᠢᠮᠤ ᠨᠦᠬᠦᠴᠡᠯ ᠢ ᠭᠡᠷᠡᠭᠯᠡᠵᠤ᠂ ᠬᠤᠸᠠᠷᠰᠸᠠᠮ ᠤ ᠬᠤᠳᠠ ᠶᠢ ᠡᠪᠳᠡᠵᠤ᠂ ᠢᠰᠯᠠᠮ ᠤᠨ ᠴᠡᠷᠢᠭ ᠤᠨ ᠬᠦᠴᠤᠨ | ᠢ ᠤᠰᠠᠳᠬᠠᠪᠠ᠃ ᠡᠨᠡᠬᠦ ᠲᠠᠶᠢᠨ 7 ᠵᠢᠯ ᠦᠷᠬᠦᠯᠵᠢᠯᠡᠵᠤ ᠲᠡᠷᠢᠬᠦᠨ ᠤᠳᠠᠭᠠᠨ ᠤ ᠪᠠᠷᠠᠭᠤᠨ ᠬᠢᠵᠠᠭᠠᠷ ᠢ | ᠲᠠᠶᠢᠯᠠᠭᠰᠠᠨ ᠲᠠᠶᠢᠨ ᠪᠤᠯᠵᠤ᠂ ᠰᠠᠶ᠋ᠢ ᠬᠦᠴᠦᠷᠭᠡᠭᠵᠢᠵᠤ ᠪᠠᠶᠢᠭᠰᠠᠨ ᠲᠤᠮᠳᠠᠳᠤ ᠠᠽᠢᠶ᠎ᠠ ᠶᠢᠨ ᠬᠦᠴᠦᠷᠭᠡᠭ ᠤᠯᠠᠨ ᠢ | ᠪᠦᠷᠢᠮᠤᠰᠤᠨ ᠤᠰᠠᠳᠬᠠᠪᠠ᠃ | ᠨᠡᠶᠢᠳᠡ ᠶᠢᠨ ᠤᠨ ᠲᠤᠭᠠᠯᠠᠯ ᠤᠨ 1227 ᠤᠨ ᠳᠤ ᠴᠢᠩᠬᠢᠰ ᠬᠠᠭᠠᠨ ᠪᠡᠶ᠎ᠡ ᠬᠠᠯᠢᠭᠰᠠᠨ ᠴᠤ ᠮᠤᠩᠭᠤᠯ ᠤᠨ | ᠬᠤᠯᠪᠤᠭᠠᠳᠤ ᠴᠡᠷᠢᠭ ᠠᠯᠳᠠᠨ ᠣᠷᠣᠭᠳᠠᠨ ᠲᠠᠶᠢᠯᠠᠨ ᠲᠠᠭᠠᠭᠤᠯᠬᠤ ᠶᠠᠪᠤᠴᠠ ᠪᠠᠨ ᠵᠤᠭᠰᠤᠭᠰᠠᠨ ᠦᠭᠡᠢ᠂ 1235 | ᠤᠨ ᠤ ᠬᠠᠪᠤᠷ ᠬᠤᠶᠢᠳᠤ ᠰᠦᠡᠭ ᠤᠯᠤᠰ ᠠᠯᠳᠠᠨ ᠤᠯᠤᠰ ᠢ ᠤᠰᠠᠳᠬᠠᠭᠰᠠᠨ ᠤ ᠬᠤᠶᠢᠨ᠎ᠠ ᠦᠭᠡᠳᠠᠢ ᠬᠠᠭᠠᠨ | ᠬᠤᠶᠠᠳᠤᠭᠠᠷ ᠤᠳᠠᠭ᠎ᠠ ᠶᠡᠭᠡ ᠭᠡᠪᠴᠢᠶ᠎ᠡ ᠪᠠᠷ ᠪᠠᠷᠠᠭᠤᠨ ᠵᠦᠭ ᠲᠠᠶᠢᠯᠠᠪᠠ᠃ ᠡᠨᠡᠬᠦ ᠴᠡᠷᠢᠭᠯᠡᠯ ᠪᠦᠷ ᠮᠤᠩᠭᠤᠯ ᠤᠨ | ᠡᠯ᠎ᠡ ᠸᠠᠩ ᠤᠨ ᠤᠤᠭᠠᠨ ᠬᠦᠪᠡᠬᠦᠨ ᠴᠡᠷᠢᠭ ᠲᠠᠭᠠᠭᠤᠯᠵᠤ᠂ ᠡᠶᠢᠮᠤ ᠠᠴᠠ ︽ᠠᠬᠠᠮᠠᠳ ᠬᠦᠪᠡᠬᠦᠳ ᠤᠨ | ᠪᠠᠷᠠᠭᠤᠨᠰᠢ ᠲᠠᠶᠢᠯᠠᠬᠤ ᠲᠠᠶᠢᠨ︾ ᠭᠡᠵᠤ᠂ ᠪᠦᠬᠦ ᠴᠡᠷᠢᠭ ᠶᠡᠷᠤᠩᠭᠡᠶᠢᠯᠡᠭᠴᠢ ᠪᠤᠯ ᠵᠦᠴᠢ ᠶᠢᠨ ᠬᠤᠶᠠᠳᠤᠭᠠᠷ ᠬᠦᠤ | ᠪᠠᠳᠤ ᠬᠠᠭᠠᠨ ᠪᠤᠯᠤᠨ᠎ᠠ᠃ ᠮᠤᠩᠭᠤᠯ ᠡᠨᠡ ᠤᠳᠠᠭ᠎ᠠ ᠪᠠᠷᠠᠭᠤᠨᠰᠢ ᠲᠠᠶᠢᠯᠠᠬᠤ ᠴᠡᠷᠢᠭ ᠲᠤᠭᠰᠢᠨ ᠰᠢᠭᠤᠷᠭ᠎ᠠ ᠮᠡᠳᠤ | ᠵᠡᠬᠦᠨ ᠡᠸ᠋ᠷᠦ᠋ᠫᠠ ᠶᠢᠨ ᠡᠯ᠎ᠡ ᠤᠯᠤᠰ ᠢ ᠬᠦᠨᠳᠡᠯᠡᠨ ᠢᠶᠠᠷ ᠱᠦᠬᠦᠷᠳᠡᠵᠤ᠂ ᠠᠤᠰᠲ᠋ᠧᠷᠢᠶᠠ ᠶᠢᠨ ᠸᠢᠶᠧᠨᠠ ᠬᠤᠳᠠ | ᠤᠷᠴᠢᠮ ᠬᠦᠷᠴᠤ᠂ 1241 ᠤᠨ ᠦᠭᠡᠳᠠᠢ ᠬᠠᠭᠠᠨ ᠬᠠᠯᠢᠭᠰᠠᠨ ᠳᠤ ᠮᠤᠩᠭᠤᠯ ᠴᠡᠷᠢᠭ ᠰᠠᠶ᠋ᠢ ᠪᠠᠷᠠᠭᠤᠨᠰᠢ | ᠤᠷᠤᠭᠰᠢᠯᠠᠬᠤ ᠪᠠᠨ ᠵᠤᠭᠰᠤᠭᠠᠪᠠ᠃ | 1251 ᠤᠨ ᠳᠤ ᠲᠤᠳᠤᠭᠠᠳᠤ ᠶᠢᠨ ᠰᠢᠷᠤᠬᠦᠨ ᠲᠡᠮᠡᠴᠡᠯᠳᠤᠭᠡᠨ ᠢ ᠦᠩᠭᠡᠷᠡᠭᠡᠵᠤ᠂ ᠮᠤᠩᠭᠤᠯ ᠤᠨ ᠬᠠᠭᠠᠨᠳᠤ | ᠲᠦᠷᠤ ᠦᠭᠡᠳᠠᠢ ᠶᠢᠨ ᠰᠢᠰᠲ᠋ᠧᠮ ᠠᠴᠠ ᠲᠤᠯᠢ ᠶᠢᠨ ᠰᠢᠰᠲ᠋ᠧᠮ ᠤᠨ ᠮᠦᠩᠭᠡ ᠶᠢᠨ ᠭᠠᠷ ᠲᠤ ᠤᠷᠤᠵᠠᠢ᠃ ᠡᠨᠡ | ᠴᠢᠩᠬᠢᠰ ᠬᠠᠭᠠᠨ ᠤ ᠤᠴᠢ ᠲᠡᠭᠡᠷ᠎ᠡ ᠭᠡᠳᠤᠨ ᠬᠠᠭᠠᠨ ᠠᠳᠠᠯᠢ ᠦᠪᠡᠷ ᠤᠨ ᠠᠬ᠎ᠠ ᠲᠡᠬᠦᠤ ᠨᠠᠷ ᠪᠠᠨ ᠬᠢᠵᠠᠭᠠᠷ ᠢ | ᠦᠷᠭᠡᠳᠭᠡᠬᠦ ᠠᠭᠤᠤ ᠪᠤᠳᠤᠯᠭ᠎ᠠ ᠭᠡᠷᠡᠭᠵᠢᠬᠦᠯᠵᠤ᠂ ᠴᠢᠩᠬᠢᠰ ᠬᠠᠭᠠᠨ ᠤ ᠰᠢᠰᠲ᠋ᠧᠮ ᠤᠨ ᠡᠯ᠎ᠡ ᠸᠠᠩ ᠤᠨ ᠴᠡᠷᠢᠭ | ᠲᠤᠳᠤᠷ᠎ᠠ ᠠᠴᠠ 10 ᠬᠦᠮᠤᠨ ᠤ ᠲᠤᠳᠤᠷ᠎ᠠ ᠠᠴᠠ 2 ᠭᠠᠷᠭᠠᠵᠤ ᠨᠡᠶᠢᠳᠡ 10 ᠲᠦᠮᠡᠨ ᠶᠡᠭᠡ ᠴᠡᠷᠢᠭ ᠪᠦᠷᠢᠳᠭᠡᠵᠤ | ᠂ ᠴᠢᠩᠬᠢᠰ ᠬᠠᠭᠠᠨ ᠤ ᠨᠦᠬᠦᠭᠡ ᠤᠴᠢ ᠬᠤᠯᠭᠤ ᠪᠠᠷ ᠶᠡᠷᠤᠩᠭᠡᠶᠢᠯᠡᠭᠴᠢ ᠪᠤᠯᠭᠠᠵᠤ ᠭᠤᠷᠪᠠᠳᠤᠭᠠᠷ ᠤᠳᠠᠭ᠎ᠠ | ᠪᠠᠷᠠᠭᠤᠨᠰᠢ ᠲᠠᠶᠢᠴᠢᠯᠠᠵᠤ᠂ ᠬᠠᠮᠤᠭ ᠢᠶᠠᠷ ᠬᠡᠯᠡᠬᠦ ᠪᠤᠯ ᠡᠨᠡ ᠤᠳᠠᠭᠠᠨ ᠤ ᠪᠠᠷᠠᠭᠤᠨᠰᠢ ᠲᠠᠶᠢᠨ ᠳᠤ 2000 ᠤᠨ | ᠭᠠᠯᠵᠠᠭᠤᠷᠠᠨ ᠰᠠᠮᠠᠭᠤᠷᠠᠯᠤᠨ ᠪᠦᠯᠬᠦᠮ — ᠨᠢᠭᠤᠴᠠ ᠪᠠᠷ ᠠᠯᠠᠬᠤ ᠦᠢᠯᠡᠰ ᠬᠢᠬᠦ ︽ᠠᠭᠤᠯᠠᠨ ᠡᠪᠤᠭᠡᠨ︾ ︵ | ᠢᠰᠯᠠᠮ ᠤᠨ ᠱᠠᠰᠢᠨ ᠤ ᠱᠢ ᠴᠧ ᠫᠠᠢ ᠶᠢᠨ ᠢᠰᠯᠠᠮ ᠤ ᠪᠦᠯᠬᠦᠮ ᠤᠨ ᠰᠠᠯᠪᠤᠷᠢ ᠢᠵᠢᠯᠳᠠᠢ ᠪᠦᠯᠬᠦᠮ ᠤᠰᠠᠳᠬᠠᠵᠤ | ᠠᠷᠠᠳ ᠤᠨ ᠬᠦᠷᠢᠶᠡᠯᠡᠯ ᠢ ᠤᠯᠪᠠ᠃ ᠭᠡᠳᠡᠯ᠎ᠡ ᠮᠦᠩᠭᠡ ᠬᠠᠭᠠᠨ ᠡᠾᠧ ᠵᠸᠤ ᠶᠢᠨ ᠲᠠᠶᠢᠨ ᠳᠤ ᠰᠢᠷᠬ᠎ᠠ ᠤᠯᠤᠭᠰᠠᠨ | ᠤᠳᠠᠭ᠎ᠠ ᠦᠭᠡᠢ ᠪᠡᠶ᠎ᠡ ᠬᠠᠯᠢᠭᠰᠠᠨ ᠴᠢᠮᠡᠭᠡ ᠶᠢ ᠰᠤᠨᠤᠰᠴᠤ᠂ ᠬᠤᠯᠠᠭᠤ ᠴᠡᠷᠢᠭ ᠵᠤᠭᠰᠤᠪᠠ᠃ ᠭᠡᠷᠪᠡ 1241 ᠤᠨ | ᠳᠤ ᠦᠭᠡᠳᠠᠢ ᠶᠡᠭᠡ ᠬᠠᠭᠠᠨ ᠬᠠᠯᠢᠭᠰᠠᠨ ᠠᠨᠤ ᠡᠸᠦ᠋ᠷᠤᠫᠠ ᠶᠢᠨ ᠡᠾᠠᠰᠲ᠋ᠤᠰ ᠤᠨ ᠱᠠᠰᠢᠨᠳᠠᠨ ᠢ ᠠᠪᠤᠷᠠᠭᠰᠠᠨ ᠭᠡᠵᠤ | ᠦᠵᠡᠬᠦ ᠳᠤ᠂ 1259 ᠤᠨ ᠮᠦᠩᠭᠡ ᠶᠡᠭᠡ ᠬᠠᠭᠠᠨ ᠬᠠᠯᠢᠭᠰᠠᠨ ᠠᠨᠤ ᠠᠽᠢᠶ᠎ᠠ ᠲᠢᠪ ᠤᠨ ᠢᠰᠯᠠᠮ ᠤᠨ ᠱᠠᠰᠢᠨᠳᠠᠨ | ᠢ ᠠᠪᠤᠷᠠᠭᠰᠠᠨ ᠪᠤᠯᠤᠯᠳᠠᠢ᠂ ᠡᠨᠡ ᠦᠶ᠎ᠡ ᠶᠢᠨ ᠬᠤᠯᠭᠤ ᠨᠢᠭᠡᠨᠳᠡ ᠰᠢᠷᠢᠶ᠎ᠡ ᠤᠯᠤᠰ ᠪᠦᠬᠦᠨ ᠢᠶᠠᠷ ᠡᠵᠡᠯᠡᠨ ᠠᠪᠴᠤ᠂ | ᠮᠤᠩᠭᠤᠯ ᠴᠡᠷᠢᠭ ᠭᠤᠷᠪᠠᠳᠤᠭᠠᠷ ᠤᠳᠠᠭᠠᠨ ᠤ ᠪᠠᠷᠠᠭᠤᠨᠰᠢ ᠲᠠᠶᠢᠯᠠᠭᠰᠠᠨ ᠠᠨᠤ ᠶᠡᠭᠡ ᠮᠤᠩᠭᠤᠯ ᠤᠯᠤᠰ ᠨᠢᠭᠡᠨᠳᠡ | ᠲᠤᠮᠳᠠᠳᠤ ᠤᠯᠤᠰ ᠠᠴᠠ ᠪᠠᠷᠠᠭᠤᠨ ᠠᠽᠢᠶ᠎ᠠ᠂ ᠡᠨᠡᠳᠭᠡᠭ ᠤᠯᠤᠰ ᠠᠴᠠ ᠭᠠᠵᠠᠷ ᠤᠨ ᠲᠤᠮᠳᠠ ᠲᠠᠩᠬᠢᠰ ᠤᠨ | ᠠᠷᠠᠯᠵᠢᠶᠠᠨ ᠤ ᠵᠠᠮ ᠪᠦᠷ ᠶᠡᠭᠡ ᠮᠤᠩᠭᠤᠯ ᠡᠷᠬᠢᠯᠡᠪᠡ᠃ | 2. ᠬᠢᠵᠠᠭᠠᠯᠠᠰᠢ ᠦᠭᠡᠢ ᠶᠡᠭᠡ ᠬᠠᠭᠠᠨᠳᠤ ᠤᠯᠤᠰ | ᠲᠠᠶᠢᠴᠢᠯᠠᠨ ᠠᠪᠬᠤ ᠪᠠᠶᠢᠯᠳᠤᠭᠠᠨ ᠬᠠᠮᠤᠭ ᠰᠢᠷᠤᠬᠦᠨ ᠬᠠᠶᠢᠷ᠎ᠠ ᠨᠠᠶᠢᠷ ᠦᠭᠡᠢ᠂ ᠮᠤᠩᠭᠤᠯ ᠴᠡᠷᠢᠭ ᠪᠠᠷᠠᠭᠤᠨᠰᠢ | ᠲᠠᠶᠢᠴᠢᠯᠠᠭᠰᠠᠨ ᠲᠠᠶᠢᠨ ᠳᠤ ᠭᠠᠳᠠᠭᠠᠳᠤ ᠤᠯᠤᠰ ᠤᠨ ᠠᠯᠳᠠ ᠮᠦᠩᠬᠦ᠂ ᠡᠳ᠋ ᠡᠷᠳᠡᠨᠢ᠂ ᠬᠤᠪᠴᠠᠰᠤ ᠬᠤᠨᠠᠷ᠂ | ᠲᠤᠷᠭ᠎ᠠ ᠲᠤᠷᠳᠤᠩ᠂ ᠠᠮᠤ ᠪᠤᠳᠠᠭ᠎ᠠ ᠵᠢᠴᠢ ᠦᠭᠡᠷ ᠬᠤᠨᠢ ᠮᠤᠷᠢ ᠲᠡᠮᠡᠭᠡ ᠵᠡᠷᠭᠡ ᠠᠵᠤ ᠠᠬᠤᠢ ᠶᠢᠨ ᠭᠡᠷᠡᠭᠰᠡᠯ ᠢ | ᠤᠯᠬᠤ ᠶᠢᠨ ᠲᠦᠯᠤᠭᠡ ᠪᠤᠯᠠᠢ᠃ ᠬᠦᠴᠦᠷᠭᠡᠭ ᠴᠡᠷᠢᠭ ᠬᠦᠷᠦᠭᠰᠡᠨ ᠭᠠᠵᠠᠷ ᠪᠦᠷ ᠡᠳ᠋ ᠬᠦᠷᠤᠩᠭᠡ ᠪᠤᠯᠢᠶᠠᠬᠤ ᠴᠢᠨᠠᠷ | ᠲᠠᠢ ᠪᠤᠯᠤᠨ᠎ᠠ᠃ ᠢᠯᠭᠠᠭ᠎ᠠ ᠲᠠᠢ ᠨᠢ ᠡᠰᠡᠷᠬᠦᠴᠡᠬᠦ ᠭᠠᠵᠠᠷ ᠳᠤ ᠠᠯᠠᠨ ᠤᠷᠤᠵᠤ ᠪᠤᠯᠢᠶᠠᠨ᠂ ᠡᠰᠡᠷᠬᠦᠴᠡᠬᠦ ᠦᠭᠡᠢ | ᠭᠠᠵᠠᠷ ᠢ ᠠᠯᠠᠬᠤ ᠦᠭᠡᠢ᠂ ᠭᠡᠳᠡᠯ᠎ᠡ ᠡᠳ᠋ ᠬᠦᠷᠤᠩᠭᠡ ᠶᠢ ᠨᠢ ᠠᠳᠠᠯᠢᠬᠠᠨ ᠪᠤᠯᠢᠶᠠᠨ᠎ᠠ᠃ ᠪᠦᠰᠳ᠋ ᠶᠢᠨ ᠵᠤᠬᠢᠶᠠᠯᠴᠢ | ᠡᠳᠡᠹᠠᠨᠢ ︽ᠲᠡᠯᠡᠭᠡᠢ ᠶᠢ ᠲᠠᠶᠢᠯᠠᠨ ᠲᠠᠭᠠᠭᠤᠯᠤᠬᠴᠢ︾ ᠭᠡᠬᠦ ᠵᠤᠬᠢᠶᠠᠯ ᠳᠠᠭᠠᠨ ︽ᠵᠡᠬᠦᠨ ᠠᠽᠢᠶ᠎ᠠ ᠶᠢᠨ ᠬᠠᠮᠤᠭ | ᠡᠷᠳᠡᠨ ᠤ ᠬᠤᠳᠠ ᠶᠢᠨ ᠨᠢᠭᠡ ᠪᠤᠬᠠᠷ ︵ᠡᠳᠤᠭᠡ ᠶᠢᠨ ᠦᠽᠹᠧᠺᠰᠲ᠋ᠠᠨ ᠪᠤᠯᠤᠨ᠎ᠠ︶ ᠶᠢ ᠡᠪᠳᠡᠵᠤ ᠡᠵᠡᠯᠡᠭᠰᠡᠨ ᠳᠤ | ᠨᠢᠭᠡ ᠲᠤᠳᠠᠭᠠᠨ ᠭᠠᠷᠤᠭᠰᠠᠨ ᠬᠦᠮᠤᠨ ᠨᠢᠳᠤ ᠪᠠᠷ ᠦᠵᠡᠭᠰᠡᠨ ᠢᠶᠠᠨ ᠬᠡᠯᠡᠵᠤ ︽ᠮᠤᠩᠭᠤᠯ ᠴᠡᠷᠢᠭ ᠲᠡᠳᠡ ᠨᠠᠷ | ᠡᠪᠳᠡᠨ ᠪᠠᠯᠪᠠᠴᠢᠵᠤ᠂ ᠭᠠᠯ ᠢᠶᠠᠷ ᠰᠢᠳᠠᠭᠠᠵᠤ᠂ ᠡᠳ᠋ ᠪᠠᠷᠠᠭ᠎ᠠ ᠶᠢ ᠪᠤᠯᠢᠶᠠᠭᠰᠠᠨ ᠤ ᠰᠡᠬᠦᠯᠡᠷ ᠬᠤᠳᠠ ᠠᠴᠠ ᠭᠠᠷᠴᠤ | ᠶᠠᠪᠤᠪᠠ︾ ᠭᠡᠪᠡ᠃ 240 ᠤᠨ ︵1240—1480 ᠤᠨ︶ ᠤ ᠮᠤᠩᠭᠤᠯ ᠤᠨ ᠲᠦᠷᠢᠮᠡᠭᠡᠶᠢᠯᠡᠯ ᠤᠨ ᠲᠤᠤᠷ᠎ᠠ | ᠶᠡᠭᠡ ᠬᠤᠷᠤᠰᠤᠯ ᠲᠠᠢ ᠤᠷᠤᠰ ᠤᠨ ᠡᠷᠳᠡᠮᠳᠡᠨ ᠪᠤᠷᠤᠭᠤᠰᠢᠶᠠᠨ ᠵᠢᠮᠡᠯᠡᠵᠤ ︽ᠴᠢᠩᠬᠢᠰ ᠬᠠᠭᠠᠨ ᠵᠢᠴᠢ ᠲᠡᠬᠦᠨ ᠤ | ᠦᠷ᠎ᠡ ᠤᠴᠢ ᠨᠠᠷ ᠢᠶᠠᠷ ᠲᠦᠯᠤᠭᠡᠯᠡᠭᠰᠡᠨ ᠮᠤᠩᠭᠤᠯ ᠤᠨ ᠹᠸᠤᠳᠠᠯ ᠤᠨ ᠡᠵᠡᠨ 70 ᠢᠯᠡᠬᠦᠤ ᠤᠨ ᠤ ᠲᠤᠳᠤᠷ᠎ᠠ | ᠠᠽᠢᠶ᠎ᠠ᠂ ᠡᠸᠦ᠋ᠷᠤᠫᠠ ᠶᠢ ᠴᠢᠰᠤ ᠪᠠᠷ ᠤᠬᠢᠶᠠᠵᠤ᠂ ᠡᠷᠳᠡᠨ ᠡᠳᠤᠭᠡ ᠭᠠᠷᠤᠭ᠎ᠠ ᠦᠭᠡᠢ ᠭᠠᠴᠢᠭ ᠵᠤᠪᠠᠯᠠᠩ | ᠡᠵᠡᠯᠡᠭᠳᠡᠭᠰᠡᠨ ᠤᠯᠤᠰ ᠠᠷᠠᠳ ᠲᠦᠮᠡᠨ ᠲᠡᠭᠡᠷ᠎ᠡ ᠲᠤᠯᠭᠠᠨ ᠭᠠᠷᠭᠠᠵᠤ᠂ ᠬᠤᠳᠠ ᠪᠠᠯᠭᠠᠰᠤ ᠶᠢ ᠡᠪᠳᠡᠵᠤ᠂ ᠲᠠᠷᠢᠶᠠᠨ | ᠭᠠᠵᠠᠷ ᠢ ᠭᠡᠰᠡᠭᠯᠡᠨ ᠲᠤᠶᠢᠪᠡᠭᠡᠵᠤ᠂ ᠮᠠᠨ ᠤ ᠦᠢᠯᠡᠳᠪᠤᠷᠢᠯᠡᠯ ᠤᠨ ᠬᠦᠴᠤ ᠪᠡ ᠤᠳᠬ᠎ᠠ ᠰᠤᠶᠤᠯ ᠢ ᠡᠪᠳᠡᠨ | ᠤᠰᠠᠳᠬᠠᠪᠠ︾ ᠭᠡᠵᠤ ᠬᠡᠯᠡᠪᠡ᠃ | ᠭᠡᠳᠡᠯ᠎ᠡ ᠨᠦᠬᠦᠭᠡ ᠲᠠᠯ᠎ᠠ ᠪᠠᠷ ᠮᠤᠩᠭᠤᠯ ᠤᠨ ᠪᠠᠷᠠᠭᠤᠨᠰᠢ ᠲᠠᠶᠢᠯᠠᠭᠰᠠᠨ ᠦᠷ᠎ᠡ ᠳ᠋ᠦᠡᠭ ᠢᠶᠠᠷ ︽ᠲᠤᠷᠭᠠᠨ ᠵᠠᠮ︾ | ᠲᠠᠭᠠᠤ ᠤᠷᠤᠰᠢᠵᠤ ᠪᠠᠶᠢᠭᠰᠠᠨ ᠦᠪᠡᠷ ᠦᠪᠡᠷ ᠢᠶᠠᠨ ᠡᠷᠭᠡ ᠮᠡᠳᠡᠵᠤ ᠪᠠᠶᠢᠭ᠎ᠠ ᠲᠦᠷᠤ ᠮᠡᠳᠡᠭᠴᠢ ᠶᠢ ᠨᠤᠷᠠᠭᠠᠨ | ᠤᠨᠠᠭᠠᠵᠤ ᠡᠪᠳᠡᠷᠡᠭᠡᠢ ᠪᠠᠯᠪᠠᠷᠬᠠᠢ ᠤᠯᠤᠰ ᠲᠦᠷᠤ ᠶᠢᠨ ᠭᠠᠵᠠᠷ ᠤᠨ ᠵᠢᠷᠤᠭ ᠢ ᠲᠠᠬᠢᠨ ᠬᠤᠮᠢᠨ ᠨᠢᠭᠡᠳᠭᠡᠵᠤ᠂ | ᠬᠢᠵᠠᠭᠠᠷᠯᠠᠰᠢ ᠦᠭᠡᠢ ᠲᠤᠮᠤ ᠶᠡᠭᠡ ᠮᠤᠩᠭᠤᠯ ᠬᠠᠭᠠᠨᠳᠤ ᠤᠯᠤᠰ ᠢ ᠪᠦᠳᠤᠭᠡᠵᠤ᠂ ᠲᠡᠬᠦᠨ ᠤ ᠭᠠᠵᠠᠷ ᠤᠨ ᠵᠢᠷᠤᠭ | ᠪᠠᠷᠠᠭᠤᠨ ᠰᠢᠪᠧᠷᠢᠶ᠎ᠠ ᠶᠢᠨ ᠤᠮᠠᠷᠠᠳᠤ ᠲᠤᠶᠢᠯ ᠤᠨ ᠴᠠᠭᠠᠷᠢᠭ ᠠᠴᠠ ᠡᠮᠤᠨ᠎ᠡ ᠪᠦᠰᠧ ᠤᠯᠤᠰ ᠲᠤ ᠬᠦᠷᠴᠤ᠂ ᠵᠡᠬᠦᠨ | ᠠᠴᠠ ᠨᠤᠮᠤᠬᠠᠨ ᠲᠠᠯᠠᠢ ᠠᠴᠠ ᠤᠷᠤᠭ ᠤᠨ ᠵᠤᠤ ᠲᠠᠯ᠎ᠠ ᠳᠤ ᠬᠦᠷᠴᠤ᠂ ᠡᠷᠳᠡᠨ ᠡᠳᠤᠭᠡ ᠬᠦᠷᠳᠡᠯ᠎ᠡ ᠲᠡᠤᠭᠡᠨ ᠲᠡᠭᠡᠷ᠎ᠡ | ᠭᠠᠵᠠᠷ ᠰᠢᠷᠤᠢ ᠬᠢᠯᠢ ᠬᠢᠵᠠᠭᠠᠷ ᠬᠠᠮᠤᠭ ᠲᠡᠨᠢᠭᠡᠷ ᠠᠭᠤᠳᠠᠮ ᠶᠡᠭᠡ ᠬᠠᠭᠠᠨᠳᠤ ᠤᠯᠤᠰ ᠪᠤᠯᠪᠠ᠃ ᠡᠨᠡ ᠦᠶ᠎ᠡ ᠳᠤ | ᠮᠤᠩᠭᠤᠯ ᠨᠤᠶᠠᠷᠬᠠᠭᠴᠢ ᠡᠷᠭᠡᠪᠰᠢ ᠲᠤᠰᠠᠭᠠᠷ ᠰᠤᠷᠠᠭ ᠴᠢᠮᠡᠭᠡ ᠶᠢ ᠲᠠᠮᠵᠢᠭᠤᠯᠬᠤ ᠠᠯᠪᠠᠨ ᠢ ᠪᠠᠶᠢᠷᠢᠰᠢᠭᠤᠯᠵᠤ᠂ | ᠰᠤᠷᠠᠭ ᠮᠡᠳᠡᠭᠡ ᠶᠢ ᠬᠠᠷᠰᠢ ᠦᠭᠡᠢ ᠲᠦᠷᠭᠡᠨ ᠪᠠᠷ ᠦᠪᠡᠷ ᠤᠨ ᠦᠷᠭᠡᠨ ᠠᠭᠤᠳᠠᠮ ᠨᠤᠳᠤᠭ ᠲᠡᠪᠢᠰᠭᠡᠷ ᠲᠡᠭᠡᠷ᠎ᠡ | ᠲᠠᠮᠵᠢᠭᠤᠯᠤᠨ ᠬᠦᠷᠭᠡᠵᠤ᠂ ᠨᠤᠳᠤᠭ ᠲᠡᠪᠢᠰᠭᠡᠷ ᠤᠯᠠᠮ ᠢᠶᠠᠷ ᠦᠷᠭᠡᠳᠴᠤ ᠴᠢᠬᠤᠯᠠ ᠭᠡᠷᠡᠭ ᠭᠠᠷᠪᠠᠰᠤ ᠵᠢᠱᠢᠶᠡᠯᠡᠪᠡᠯ᠂ | ᠲᠠᠶᠢᠰᠤᠨ ᠤ ᠬᠦᠳᠡᠯᠭᠡᠭᠡᠨ᠂ ᠡᠳ᠋ ᠪᠠᠷᠠᠭ᠎ᠠ ᠶᠢ ᠤᠮᠠᠷ᠎ᠠ ᠵᠦᠭ ᠠᠴᠠ ᠲᠤᠷᠤᠨ᠎ᠠ ᠵᠦᠭ ᠲᠡᠭᠡᠭᠡᠪᠤᠷᠢᠯᠡᠬᠦ᠂ ᠲᠤᠷᠤᠨ᠎ᠠ | ᠶᠢᠨ ᠡᠳ᠋ ᠪᠠᠷᠠᠭ᠎ᠠ ᠶᠢ ᠪᠠᠷᠠᠭᠤᠨᠰᠢ ᠲᠡᠭᠡᠭᠡᠪᠤᠷᠢᠯᠡᠬᠦ ᠠᠨᠤ ᠪᠦᠷ ᠰᠤᠷᠠᠭ ᠴᠢᠮᠡᠭᠡ ᠪᠦᠷᠢᠳᠤᠬᠦ ᠭᠡᠷᠡᠭᠳᠠᠢ ᠶᠢ ᠤᠬᠠᠭᠠᠷᠠᠨ | ᠮᠡᠳᠡᠵᠡᠢ᠃ ᠡᠶᠢᠮᠤ ᠤᠴᠢᠷ ᠠᠴᠠ ᠮᠤᠩᠭᠤᠯ ᠤᠨ ᠡᠵᠡᠯᠡᠭᠰᠡᠨ ᠨᠤᠳᠤᠭ ᠲᠡᠪᠢᠰᠭᠡᠷ ᠲᠡᠭᠡᠷ᠎ᠡ ᠤᠯᠠᠨ ᠤᠯᠠᠭ᠎ᠠ | ᠪᠠᠶᠢᠭᠤᠯᠵᠤ᠂ ᠡᠯ᠎ᠡ ᠤᠯᠠᠭ᠎ᠠ ᠳᠤ ᠭᠡᠷᠡᠭᠰᠡᠯ ᠬᠠᠩᠭᠠᠬᠤ ᠶᠢ ᠰᠠᠶᠢᠨ ᠪᠠᠶᠢᠷᠢᠯᠠᠭᠤᠯᠵᠤ᠂ ᠨᠡᠯᠢᠶᠡᠳ ᠲᠤᠭᠠᠨ ᠤ ᠬᠦᠮᠤᠨ | ᠮᠠᠯ ᠦᠭᠴᠤ᠂ ᠡᠳ᠋ ᠭᠡᠷᠡᠭᠰᠡᠯ᠂ ᠢᠳᠡᠭᠡᠨ ᠤᠮᠳᠠᠭᠠᠨ ᠵᠡᠷᠭᠡ ᠶᠢ ᠪᠦᠷᠢᠳᠭᠡᠨ ᠬᠠᠩᠭᠠᠨ᠎ᠠ᠃ | ᠤᠯᠠᠭ᠎ᠠ ᠶᠢ ᠪᠠᠶᠢᠭᠤᠯᠤᠨ ᠲᠤᠷᠭ᠎ᠠ ᠶᠢᠨ ᠵᠠᠮ ᠢ ᠨᠡᠭᠡᠭᠡᠭᠰᠡᠨ ᠪᠤᠯ ᠪᠠᠷᠠᠭᠤᠨᠰᠢ ᠴᠡᠷᠢᠭ ᠤᠷᠤᠭᠤᠯᠤᠭᠰᠠᠨ ᠤ ᠰᠡᠬᠦᠯᠡᠷ | ᠪᠤᠯᠤᠨ᠎ᠠ᠃ ᠪᠠᠷᠠᠭᠤᠨᠰᠢ ᠴᠡᠷᠢᠭ ᠤᠷᠤᠭᠤᠯᠤᠭᠰᠠᠨ ᠮᠤᠩᠭᠤᠯ ᠬᠦᠮᠤᠨ ᠲᠦᠷᠭᠡᠨ ᠢᠶᠠᠷ ᠤᠯᠠᠨ ᠤᠯᠤᠰ ᠢ ᠬᠤᠷᠢᠶᠠᠨ | ᠲᠤᠭᠳᠠᠭᠠᠵᠤ ᠲᠡᠳᠡᠨ ᠤ ᠲᠠᠷᠤᠭᠠᠴᠢ ᠨᠤᠶᠠᠨ ᠪᠡ ᠪᠠᠰᠠᠬᠠ ᠦᠯᠡᠳᠡᠭᠡᠵᠤ ᠵᠠᠮ ᠲᠠᠭᠠᠤ ᠤᠯᠠᠭ᠎ᠠ ᠪᠤᠰᠬᠠᠨ ᠪᠠᠶᠢᠭᠤᠯᠵᠤ | ᠂ ᠡᠯ᠎ᠡ ᠭᠠᠵᠠᠷ ᠠᠴᠠ ᠤᠯᠤᠭᠰᠠᠨ ᠡᠯᠳᠡᠪ ᠡᠳ᠋ ᠪᠠᠷᠠᠭ᠎ᠠ᠂ ᠪᠡᠯᠡᠭᠡ ᠶᠢᠨ ᠭᠠᠶᠢᠯᠢ ᠪᠡ ᠠᠷᠠᠯᠵᠢᠶᠠᠨ ᠤ ᠬᠦᠮᠤᠨ ᠤ | ᠤᠯᠠᠭ᠎ᠠ ᠶᠢᠨ ᠵᠠᠮ ᠢᠶᠠᠷ ᠲᠠᠰᠤᠷᠠᠯᠳᠠ ᠦᠭᠡᠢ ᠬᠠᠷᠠᠬᠤᠷᠠᠮ᠂ ᠳ᠋ᠠᠳᠦ᠋ ᠨᠡᠶᠢᠰᠯᠡᠯ ᠳᠤ ᠲᠡᠭᠡᠭᠡᠪᠤᠷᠢᠯᠡᠨ ᠠᠪᠴᠢᠷᠠᠵᠤ᠂ | ᠤᠯᠠᠭ᠎ᠠ ᠤᠯᠠᠭ᠎ᠠ ᠶᠢᠨ ᠬᠤᠷᠤᠭᠤᠨᠳᠤ ᠶᠢᠨ ᠵᠠᠢ ᠨᠢᠭᠡ ᠡᠳᠤᠷ ᠵᠠᠮ ᠵᠠᠶᠢᠳᠠᠢ᠂ ᠲᠠᠷᠤᠢ 30—50 ᠺᠢᠯᠦᠮᠧᠲᠷ᠂ | ᠤᠯᠠᠭ᠎ᠠ ᠶᠢᠨ ᠵᠠᠮᠨᠠᠬᠤ ᠪᠠᠭᠠᠵᠢ ᠮᠤᠷᠢ᠂ ᠦᠭᠡᠷ ᠲᠡᠷᠭᠡ᠂ ᠡᠯᠵᠢᠭᠡᠨ ᠲᠡᠷᠭᠡ᠂ ᠲᠡᠮᠡᠭᠡ ᠶᠢᠨ ᠲᠡᠷᠭᠡ᠂ ᠤᠩᠭᠤᠴᠠ᠂ | ᠨᠤᠬᠠᠢ ᠪᠠᠷ ᠴᠢᠷᠬᠦ ᠴᠠᠷᠭ᠎ᠠ ᠪᠤᠯᠤᠨ᠎ᠠ᠃ ᠮᠤᠩᠭᠤᠯ ᠬᠠᠭᠠᠨᠳᠤ ᠤᠯᠤᠰ ᠤᠨ ᠤᠯᠠᠭ᠎ᠠ ᠶᠢᠨ ᠭᠡᠷᠡᠭᠰᠡᠯ ᠬᠠᠭᠠᠰ ᠨᠢ | ᠭᠠᠶᠢᠯᠢ ᠲᠠᠳᠠᠪᠤᠷᠢ ᠠᠴᠠ ᠬᠠᠩᠭᠠᠵᠤ᠂ ᠡᠬᠦᠨ ᠤ ᠲᠤᠳᠤᠷ᠎ᠠ ᠤᠯᠠᠭ᠎ᠠ ᠶᠢᠨ ᠦᠪᠡᠷ ᠤᠨ ᠭᠡᠷᠡᠭᠰᠡᠯ ᠵᠢᠱᠢᠶᠡᠯᠡᠪᠡᠯ ᠠᠮᠤ | ᠪᠤᠳᠠᠭ᠎ᠠ᠂ ᠵᠠᠮᠨᠠᠬᠤ ᠪᠠᠭᠠᠵᠢ᠂ ᠦᠭᠡᠷ ᠮᠤᠷᠢ ᠵᠡᠷᠭᠡ᠂ ᠤᠯᠠᠭ᠎ᠠ ᠪᠠᠷ ᠦᠩᠭᠡᠷᠡᠬᠦ ᠤᠭᠰᠠᠭᠠᠨ ᠤ ᠸᠠᠩ᠂ ᠡᠯᠴᠢ | ᠲᠦᠰᠢᠮᠡᠯ᠂ ᠨᠤᠶᠠᠳ᠂ ᠠᠷᠠᠯᠵᠢᠶᠠᠴᠢᠨ ᠤ ᠢᠳᠡᠵᠤ ᠬᠤᠨᠤᠬᠤ ᠶᠢ ᠬᠠᠩᠭᠠᠨ᠎ᠠ᠃ ᠮᠤᠩᠭᠤᠯ ᠬᠠᠭᠠᠨᠳᠤ ᠤᠯᠤᠰ | ᠤᠯᠠᠭ᠎ᠠ ᠶᠢ ᠪᠠᠶᠢᠭᠤᠯᠤᠨ ᠭᠡᠷᠡᠭᠯᠡᠬᠦ ᠴᠢᠬᠤᠯᠠ ᠡᠬᠦᠷᠭᠡ ᠪᠤᠯ ᠬᠢᠯᠢ ᠶᠢᠨ ᠪᠠᠶᠢᠳᠠᠯ ᠢ ᠲᠦᠷᠭᠡᠨ ᠮᠡᠳᠡᠵᠤ᠂ ᠵᠠᠷᠯᠢᠭ | ᠲᠤᠩᠬᠠᠭᠯᠠᠬᠤ ᠶᠢᠨ ᠲᠦᠯᠤᠭᠡ ᠪᠤᠯᠤᠨ᠎ᠠ᠃ ᠭᠡᠪᠡᠴᠤ ᠠᠷᠠᠯᠵᠢᠶᠠᠨ ᠤ ᠬᠦᠮᠤᠨ ᠳᠤ ᠠᠷᠠᠯᠵᠢᠶ᠎ᠠ ᠮᠠᠶᠢᠮᠠᠢ ᠬᠢᠬᠦ ᠳᠤ | ᠲᠦᠬᠦᠮ ᠪᠤᠯᠭᠠᠵᠤ᠂ ᠡᠯ᠎ᠡ ᠤᠯᠠᠭ᠎ᠠ ᠶᠢ ᠬᠠᠮᠠᠭᠠᠯᠠᠬᠤ ᠶᠢᠨ ᠲᠦᠯᠤᠭᠡ ᠮᠤᠩᠭᠤᠯ ᠬᠠᠭᠠᠨᠳᠤ ᠤᠯᠤᠰ ᠠᠴᠠ ᠬᠦᠮᠤᠨ | ᠢᠯᠡᠭᠡᠨ ᠡᠳ᠋ ᠪᠠᠷᠠᠭ᠎ᠠ ᠶᠢ ᠲᠡᠭᠡᠷᠡᠮᠳᠡᠬᠦ ᠵᠠᠮ ᠲᠤᠨᠤᠬᠤ ᠲᠡᠭᠡᠷᠡᠮ ᠬᠤᠯᠠᠭᠠᠢ ᠶᠢ ᠬᠠᠶᠢᠷᠠᠯᠠᠯ ᠦᠭᠡᠢ ᠲᠠᠷᠤᠩᠭᠤᠶᠢᠯᠠᠵᠤ᠂ | ᠭᠠᠭᠴᠠ ᠢᠯᠢ ᠬᠠᠭᠠᠨᠳᠤ ᠤᠯᠤᠰ ᠲᠤ ᠲᠦᠮᠡᠨ ᠴᠡᠷᠢᠭ ᠰᠠᠭᠤᠵᠤ ᠤᠯᠠᠭ᠎ᠠ ᠶᠢ ᠬᠠᠮᠠᠭᠠᠯᠠᠨ᠎ᠠ᠃ 14 ᠳ᠋ᠤᠭᠡᠷ | ᠵᠠᠭᠤᠨ ᠤ ᠦᠶ᠎ᠡ ᠭᠡᠪᠯᠡᠭᠳᠡᠭᠰᠡᠨ ᠠᠷᠠᠯᠵᠢᠶᠠᠨ ᠤ ᠭᠠᠷ ᠲᠡᠪᠳᠡᠷ ︽ᠠᠷᠠᠯᠵᠢᠶ᠎ᠠ ᠨᠡᠪᠳᠡᠷᠡᠯᠭᠡ ᠶᠢᠨ ᠵᠦᠭᠯᠡᠬᠦᠷ︾ ᠳᠤ | ᠹᠠᠯᠦ᠋ᠯᠦ᠋ᠰᠠ ᠤ ᠠᠷᠠᠯᠵᠢᠶᠠᠴᠢᠨ ᠪᠡᠭᠯᠢᠲ᠂ ︽ᠲᠤᠮᠳᠠᠳᠤ ᠤᠯᠤᠰ ᠵᠦᠭ ᠨᠡᠪᠳᠡᠷᠡᠬᠦ ᠵᠠᠮ ᠢᠶᠠᠷ ᠡᠳᠤᠷ ᠰᠦᠨᠢ ᠦᠭᠡᠢ | ᠶᠠᠪᠤᠬᠤ ᠳᠤ ᠦᠨᠡᠭᠡᠷ ᠠᠶᠤᠯ ᠦᠭᠡᠢ ᠠᠮᠤᠷ ᠲᠦᠪᠰᠢᠨ᠂ ᠵᠠᠷᠢᠮ ᠪᠠᠷᠳᠠᠭ᠎ᠠ ᠲᠠᠢ ᠵᠠᠮ ᠳᠤ 60 ᠢᠯᠡᠬᠦᠤ ᠳ᠋ᠤᠶᠢᠽᠢ | ᠴᠤᠭᠭᠠᠷ ᠶᠠᠪᠤᠵᠤ ᠪᠠᠷᠳᠠᠭᠠᠨ ᠵᠠᠮ ᠢ ᠦᠩᠭᠡᠷᠡᠭᠡᠨ᠎ᠡ︾ ᠭᠡᠪᠡ᠃ ᠮᠤᠩᠭᠤᠯ ᠤᠨ ᠲᠠᠯ᠎ᠠ ᠪᠠᠰᠠ ᠵᠠᠮ ᠤᠨ ᠭᠡᠷᠡᠴᠢ ᠪᠡ | ᠢᠳᠡᠭᠡᠮᠵᠢ ᠶᠢᠨ ᠺᠠᠷᠲ ᠤᠯᠭᠤᠵᠤ ᠬᠦᠵᠤᠬᠦᠨ ᠲᠡᠭᠡᠷ᠎ᠡ ᠪᠠᠨ ᠵᠡᠬᠦᠵᠤ ᠬᠠᠭᠠᠨᠳᠤ ᠤᠯᠤᠰ ᠤᠨ ᠬᠢᠯᠢ ᠲᠤᠳᠤᠷ᠎ᠠ ᠠᠮᠤᠷ | ᠲᠠᠶᠢᠪᠤᠡᠭ ᠶᠠᠪᠤᠯᠴᠠᠵᠤ᠂ ᠮᠢᠩᠭᠠᠨ ᠭᠠᠵᠠᠷ ᠶᠠᠪᠤᠪᠠᠰᠤ ᠭᠡᠷ ᠵᠠᠭᠤᠷ᠎ᠠ ᠪᠠᠨ ᠶᠠᠪᠤᠯᠴᠠᠬᠤ ᠮᠡᠳᠤ᠂ ᠲᠦᠮᠡᠨ ᠭᠠᠵᠠᠷ | ᠶᠠᠪᠤᠪᠠᠰᠤ ᠵᠡᠷᠭᠡᠯᠡᠳᠡᠭᠡ ᠠᠶᠢᠯ ᠳᠤ ᠤᠴᠢᠬᠤ ᠮᠡᠳᠤ ᠲᠦᠭᠦᠮ ᠃ | | |