ᠴᠡᠷᠢᠭ ᠠᠮᠢᠳᠣᠷᠠᠯ ᠦᠨᠢ ᠳᠣᠷᠠᠰᠣᠭᠳᠠᠨ᠎ᠠ
ᠨᠡᠶᠢᠲᠡᠯᠡᠭᠰᠡᠨ ᠴᠠᠭ᠄
2020/10/20
           ᠷᠢ᠊᠂  ᠠᠯᠲᠠᠨᠰᠦ᠋ᠬᠡ                    ᠨᠠᠶᠠᠭᠠᠳ ᠣᠨ ᠳᠤ ᠨᠠᠷᠬᠢᠮ᠎ᠠ ᠨᠠᠰᠣᠨ᠎ᠠ ᠪᠢ ᠴᠢᠨᠢ ᠴᠡᠷᠢᠭ ᠲᠤ ᠶᠠᠪᠣᠵᠣ᠂ ᠭᠤᠷᠪᠠᠨ ᠣᠯᠠᠭᠠᠨ ᠢ ᠵᠡᠬᠦᠵᠣ1984︔︔1989 ᠣᠨ ᠪᠣᠯᠳᠠᠯ᠎ᠠ ᠴᠡᠷᠢᠭ ᠤᠨ ᠠᠯᠪᠠᠨ᠎ᠠ ᠵᠢᠳᠬᠦᠵᠣ ᠬᠤᠯᠠ ᠶᠠᠪᠣᠵᠣ ᠶᠡᠭᠡ ᠶᠢ ᠦᠵᠡᠭᠰᠡᠨ᠂ ᠳᠠᠭᠤᠥ ᠳᠤ ᠭᠠᠷᠳᠠᠭ ᠲᠠᠯᠠᠨ ᠬᠠᠷ᠎ᠠ ᠠᠭᠤᠯᠠᠨ᠎ᠠ ᠬᠡᠳᠣᠨ ᠣᠨ ᠴᠡᠷᠢᠭ ᠠᠮᠢᠳᠣᠷᠠᠯ ᠢ ᠦᠩᠬᠡᠷᠡᠬᠦᠯᠦᠭᠰᠠᠨ ᠮᠢᠨᠢ ᠨᠠᠰᠣᠨ ᠤ ᠮᠢᠨᠢ ᠣᠮᠣᠭᠰᠢᠯ ᠳᠣᠷᠠᠳᠬᠠᠯ ᠪᠣᠯᠵᠣ ᠦᠨᠢ ᠮᠦᠩᠬᠡ ᠳᠣᠷᠠᠰᠣᠭᠳᠠᠨ᠎ᠠ᠃                   ᠴᠡᠷᠢᠭ ᠪᠣᠯᠬᠤ ᠨᠢ ᠬᠡᠳᠣᠨ ᠡᠳᠣᠷ ᠤᠨ ᠬᠠᠷᠠᠮᠰᠠᠯ᠂ ᠴᠡᠷᠢᠭ ᠪᠣᠯᠣᠭᠰᠠᠨ ᠦᠬᠡᠢ ᠨᠢ ᠨᠢᠬᠡ ᠨᠠᠰᠣᠨ ᠤ ᠬᠠᠷᠠᠮᠰᠠᠯ ᠬᠡᠳᠡᠭᠴᠢᠯᠡᠨ ᠴᠡᠷᠢᠭ ᠬᠦᠮᠦᠨ ᠤ ᠴᠡᠷᠢᠭ ᠵᠣᠭᠤᠭ ᠣᠷᠣᠰᠬᠠᠯ ᠣᠰᠦᠨ‌‍ᠰᠢᠭ ᠳᠠᠰᠣᠷᠠᠬᠤ ᠶᠣᠰᠣ ᠦᠬᠡᠢ᠃           ᠴᠡᠷᠢᠭ ᠭᠡᠭᠴᠢ ᠡᠬᠡ ᠣᠯᠣᠰ ᠤᠨ ᠳᠦᠷᠪᠡᠨ ᠵᠦᠭ ᠨᠢᠮᠠᠨ ᠵᠣᠪᠬᠢᠰ ᠠᠴᠠ ᠨᠢᠬᠡᠨ ᠬᠤᠸᠠᠷᠠᠨ ᠳᠤ ᠴᠣᠭᠯᠠᠷᠠᠨ ᠮᠣᠩᠭᠤᠯ᠂ ᠬᠢᠳᠠᠳ᠂ ᠬᠤᠳᠣᠩ᠂ ᠳᠠᠭᠤᠷ︔︔ ᠵᠢᠷᠬᠡ ᠦᠨᠳᠦᠰᠦᠲᠡᠨ ᠨᠢᠬᠡᠨ ᠬᠡᠷ ᠮᠡᠳᠣ ᠪᠠᠳᠣ ᠪᠦᠯᠬᠦᠮᠳᠡᠨ ᠲᠡᠮᠡᠴᠡᠵᠣ ᠡᠬᠡ ᠣᠯᠣᠰ ᠤᠨ ᠬᠢᠯᠢ ᠬᠢᠵᠠᠭᠠᠷ ᠢ ᠬᠠᠮᠠᠭᠠᠯᠠᠬᠤ ᠠᠷᠢᠭᠤᠨ ᠳᠠᠷᠬᠠᠨ ᠡᠬᠦᠷᠬᠡ ᠶᠢ ᠦᠩᠬᠡ ᠬᠡᠷᠡᠯᠲᠠᠢ ᠪᠡᠶᠡᠯᠡᠬᠦᠯᠦᠨ ᠣᠯᠣᠰ ᠤᠨ ᠴᠡᠷᠢᠭ ᠤᠨ ᠠᠯᠲᠠᠷ ᠢ ᠡᠷᠬᠦᠨ ᠣᠯᠣᠰ ᠦᠨᠳᠦᠰᠦᠲᠡᠨ ᠣᠷᠣᠨ ᠨᠣᠲᠤᠭ  ᠲᠠᠭᠠᠨ ᠪᠠᠭ᠎ᠠ ᠴᠦ ᠬᠡᠰᠡᠨ ᠬᠤᠪᠢ ᠨᠡᠮᠡᠬᠦᠷᠢ ᠦᠵᠡᠬᠦᠯᠦᠭᠰᠡᠨ ᠴᠡᠷᠢᠭ ᠡᠷᠡᠰ ᠪᠢᠯᠡ ᠪᠢᠳᠡ᠃                      ᠴᠡᠯ ᠨᠣᠭᠤᠭᠠᠨ ᠬᠤᠪᠴᠠᠰᠣ ᠡᠮᠣᠰᠴᠣ᠂ ᠴᠡᠴᠡᠭ ᠢᠨᠢᠶᠡᠮ᠎ᠡ ᠪᠠᠶᠠᠰᠳᠠᠭ ᠮᠢᠨᠣ ᠬᠤᠷᠢᠨ ᠨᠠᠰᠣ ᠴᠡᠷᠢᠭ ᠠᠮᠢᠳᠣᠷᠠᠯ ᠬᠡᠵᠣ ᠰᠠᠶᠢᠨ ᠰᠠᠶᠢᠬᠠᠨ ᠳᠣᠷᠠᠳᠬᠠᠯ ᠦᠯᠡᠳᠡᠬᠡᠨ ᠮᠠᠷᠳᠠᠭᠳᠠᠰᠢ ᠦᠬᠡᠢ ᠦᠨᠢ ᠮᠦᠩᠬᠡ ᠳᠣᠷᠠᠰᠣᠭᠳᠠᠨ᠎ᠠ᠃         ᠣᠯᠣᠰ ᠤᠨ ᠨᠡᠶᠢᠰᠯᠡᠯ ᠪᠡᠬᠡᠵᠢᠩ ᠠᠴᠠ᠂ ᠣᠷᠣᠨ ᠤ ᠲᠦᠪ ᠬᠦᠬᠡᠬᠤᠳᠠ ᠠᠴᠠ᠂ ᠣᠷᠳᠣᠰ ᠰᠠᠶᠢᠬᠠᠨ ᠨᠣᠲᠤᠭ ᠠᠴᠠ᠂ ᠦᠵᠡᠮᠵᠢᠲᠣ ᠨᠣᠲᠤᠭ ᠬᠦᠯᠦᠨ ᠪᠣᠶᠢᠷ᠂ ᠬᠢᠩᠭᠠᠨ ᠠᠯᠠᠭᠱᠠ ᠠᠴᠠ᠂ ᠾᠧ  ᠪᠧ᠂ ᠱᠠᠨᠰᠢ᠂ ᠱᠠᠨ ᠰᠢ ᠠᠴᠠ ᠬᠠᠮᠲᠣ ᠪᠠᠶᠢᠯᠳᠣᠭᠴᠢᠳ ᠤᠨ ᠬᠠᠯᠠᠭᠤᠨ ᠴᠢᠮᠡᠭᠡ ᠣᠬᠤᠷ ᠮᠡᠳᠡᠭᠡ᠂ ᠣᠳᠠᠰᠣ ᠶᠢ ᠦᠵᠡᠨ ᠦᠵᠡᠨ ᠪᠠᠶᠠᠷᠯᠠᠳᠠᠭ ᠳᠣᠭᠳᠣᠯᠠᠳᠠᠭ ᠨᠠᠮ᠎ᠠ ᠶᠢ ᠣᠬᠢᠯᠠᠭᠤᠯᠳᠠᠭ ᠴᠡᠷᠢᠭ ᠬᠦᠮᠦᠨ ᠳᠤ ᠯᠠ ᠪᠠᠶᠢᠳᠠᠭ ᠴᠢᠩ ᠦᠨᠡᠨᠴᠢ᠂ ᠴᠡᠪᠡᠷ ᠴᠠᠶᠢᠯᠭᠠᠨ ᠨᠦᠬᠦᠷᠯᠡᠯ ᠦᠨᠢ ᠳᠣᠷᠠᠰᠣᠭᠳᠠᠨ᠎ᠠ᠃                   ᠭᠤᠷᠪᠠᠨ ᠰᠠᠬᠢᠯᠭ᠎ᠠ ᠨᠠᠶᠢᠮᠠᠨ ᠠᠩᠬᠠᠷᠣᠯ ᠢ ᠭᠤᠷᠪᠠᠨ ᠡᠷᠡᠨ ᠳᠠᠭᠤᠯᠠᠳᠠᠭ᠂ ᠯᠧᠢ ᠹᠧᠩ ᠤᠨ ᠵᠣᠷᠢᠭ ᠰᠠᠨᠠᠭ᠎ᠠ ᠶᠢ ᠡᠳᠣᠷ ᠪᠣᠯᠭᠠᠨ ᠰᠣᠷᠣᠯᠴᠠᠨ᠂ ᠬᠤᠪᠢᠰᠬᠠᠯᠲᠣ ᠲᠠᠭᠤᠥ ᠪᠠᠷ ᠪᠠᠨ ᠬᠤᠷᠸ᠎ᠠ ᠣᠶᠠᠷᠠᠭᠤᠯᠳᠠᠭ᠂ ᠴᠡᠷᠢᠭ  ᠤᠨ ᠬᠤᠸᠠᠷᠠᠨ ᠴᠡᠪᠡᠷ ᠴᠡᠮᠴᠡᠬᠡᠷ᠂ ᠠᠷᠢᠭᠤᠨ ᠲᠠᠷᠬᠠᠨ ᠬᠬᠡᠷᠳᠣᠰᠢ ᠦᠬᠡᠢ ᠮᠦᠩᠬᠡ ᠨᠣᠭᠤᠭᠠᠨ ᠬᠤᠸᠠᠷᠠᠨ ᠡ︔︔ ︔               ᠭᠤᠴᠢᠨ ᠵᠢᠯ ᠢ ᠠᠷᠣ ᠳᠠᠭᠠᠨ ᠣᠷᠬᠢᠭᠰᠠᠨ ᠴᠦ ᠦᠴᠦᠬᠡᠳᠣᠷᠬᠡᠨ ᠮᠡᠳᠣ ᠰᠠᠨᠠᠭᠳᠠᠳᠠᠭ ᠴᠡᠷᠢᠭ ᠠᠮᠢᠳᠣᠷᠠᠯ ᠬᠡᠵᠣ ᠪᠦᠷᠢᠶᠡᠨ ᠳᠠᠭᠤ ᠪᠠᠷ ᠪᠣᠰᠴᠣ ᠪᠦᠷᠢᠶᠡᠨ ᠳᠠᠭᠤ ᠪᠠᠷ ᠣᠨᠳᠣᠳᠠᠭ᠂ ᠬᠤᠷᠣᠳ ᠰᠢᠭ ᠬᠤᠷᠢᠶᠠᠳᠠᠭ ᠣᠷᠣ ᠳᠡᠪᠢᠰᠬᠡᠷ᠂ ᠳᠡᠭᠰᠢ ᠰᠠᠶᠢᠬᠠᠨ ᠠᠯᠬᠤᠳᠠᠭ ᠴᠡᠷᠢᠭ ᠬᠦᠮᠦᠨ ᠤ1234᠂ ᠬᠡᠷ ᠬᠦᠷᠢᠶ᠎ᠡ ᠬᠡᠳᠡᠭ ᠢ ᠴᠢᠨᠢ ᠬᠢᠯᠠᠶᠢᠲᠠᠯ᠎ᠠ ᠱᠦᠬᠦᠷᠳᠡᠳᠡᠭ᠂ ᠬᠤᠪᠴᠠᠰᠣ ᠬᠡᠳᠡᠭ ᠢ ᠴᠢᠨᠢ ᠬᠬᠢᠷ ᠦᠬᠡᠢ ᠠᠳᠣᠷᠢᠶ᠎ᠠ ᠦᠬᠡᠢ ᠡᠮᠣᠰᠳᠡᠭ ᠴᠡᠷᠢᠭ ᠠᠮᠢᠳᠣᠷᠠᠯ ᠦᠨᠢ ᠰᠠᠨᠠᠭᠳᠠᠨ᠎ᠠ ᠬᠡᠵᠢᠶᠡᠳᠡ ᠪᠣᠳᠣᠭᠳᠠᠨ᠎ᠠ᠃          ᠨᠡᠩ ᠴᠦ ᠵᠢᠯ ᠪᠣᠯᠭᠠᠨ ᠡᠬᠡ ᠣᠯᠣᠰ ᠤᠨ ᠡᠯ᠎ᠡ ᠭᠠᠵᠡᠷ ᠠᠴᠠ ᠮᠣᠷᠢᠯᠠᠨ ᠰᠠᠭᠠᠳᠣᠳᠠᠭ ᠬᠠᠮᠳᠣ ᠪᠠᠶᠢᠯᠳᠣᠭᠴᠢᠳ ᠮᠢᠨᠢ ᠢᠷᠡᠨ ᠢᠷᠡᠨ ᠢᠳᠡ ᠨᠡᠮᠡᠳᠡᠭ᠂ ᠡᠷᠴᠢ ᠵᠣᠷᠢᠭ ᠣᠯᠭᠤᠳᠠᠭ ᠬᠦᠬᠡᠷᠦᠬᠦᠢ ᠮᠢᠨᠣ ᠬᠠᠮᠲᠣ ᠪᠠᠶᠢᠯᠳᠣᠭᠴᠢᠳ ᠮᠢᠨᠢ᠂ ᠴᠡᠷᠢᠭ ᠤᠨ ᠵᠣᠭᠤᠭ ᠶᠠᠷᠢᠨ ᠶᠠᠷᠢᠨ ᠳᠠᠭᠤᠰᠳᠠᠭ ᠦᠬᠡᠢ ᠣᠷᠳᠣ ᠠᠴᠠ ᠣᠷᠳᠣ ᠷᠣᠮᠠᠨ ᠴᠦ ᠶᠣᠮ ᠪᠠ︔︔︔︔      ᠭᠠᠵᠡᠷ ᠬᠦᠳᠡᠯᠦᠯᠳᠡ᠂ ᠭᠠᠯ ᠣᠰᠣᠨ ᠤ ᠭᠠᠨᠮᠰᠢᠭ ᠲᠠᠢ ᠡᠷᠡᠯᠬᠡᠯᠡᠨ ᠲᠡᠮᠡᠴᠡᠵᠣ ᠡᠬᠡ ᠣᠯᠣᠰ ᠦᠨᠳᠣᠰᠣᠲᠡᠨ  ᠳᠡᠭᠡᠨ ᠠᠮᠣᠷ ᠳᠠᠶᠢᠪᠣᠩ ᠵᠣᠯ ᠵᠢᠷᠭᠠᠯ ᠢ ᠡᠳᠡᠯᠡᠬᠦᠯᠦᠭᠰᠠᠨ ᠴᠡᠷᠢᠭ ᠡᠷᠡᠰ ᠪᠠᠨ ᠪᠢ ᠬᠦᠨᠳᠣᠳᠬᠡᠨ ᠪᠢᠰᠢᠷᠡᠵᠣ ᠬᠠᠶᠢᠷᠯᠠᠨ ᠪᠢᠰᠢᠷᠡᠵᠣ ᠶᠠᠪᠣᠳᠠᠭ ᠡ︔︔︔              ᠴᠡᠷᠢᠭ ᠠᠮᠢᠳᠣᠷᠠᠯ ᠨᠠᠳᠠ ᠦᠨᠢ ᠳᠣᠷᠠᠰᠣᠭᠳᠠᠨ᠎ᠠ︔︔︔︔    
 
ᠢᠷᠡᠯᠲᠡ᠄ ᠷᠢ᠊᠂ ᠠᠯᠲᠠᠨᠰᠦ᠋ᠬᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号