ᠮᠤᠩᠭᠤᠯ ᠪᠤᠰᠤᠭ᠎ᠠ ᠦᠰᠥᠭ ᠮᠢᠨᠢ  ᠪᠤᠰᠤᠭ᠎ᠠ ᠪᠠᠷ ᠢᠶᠠᠨ ᠪᠠᠶᠢᠭᠠᠰᠠᠢ︕
ᠨᠡᠶᠢᠲᠡᠯᠡᠭᠰᠡᠨ ᠴᠠᠭ᠄
2020/10/20
ᠪᠠ᠊  ·  ᠤᠳᠽᠠᠷᠬᠠᠨ  ᠲᠡᠭᠷᠢ ᠠᠴᠠ  ᠬᠠᠶᠢᠷᠠᠯᠠᠭᠰᠠᠨ ᠮᠤᠩᠭᠤᠯ ᠪᠤᠰᠤᠭ᠎ᠠ ᠦᠰᠥᠭ ᠮᠢᠨᠢᠬᠠᠨᠠᠭᠠᠷ ᠲᠡᠯᠡᠭᠡᠢ ᠳᠤ  ᠲᠠᠨᠢᠭᠳᠠᠭᠰᠠᠨ ᠮᠤᠩᠭᠤᠯ ᠬᠦᠰᠢᠶ᠎ᠠ ᠦᠰᠥᠭ ᠮᠢᠨᠢ ᠬᠠᠶᠢᠷᠠᠬᠠᠨ ᠠᠭᠤᠯᠠ  ᠰᠢᠭ᠋  ᠲᠦᠩᠭᠡᠶᠢᠭᠰᠡᠨ ᠮᠤᠩᠭᠤᠯ ᠰᠦᠷᠯᠢᠭ ᠦᠰᠥᠭ ᠮᠢᠨᠢ ᠬᠠᠷᠭᠠᠢ ᠤᠢ ᠰᠢᠭ᠋ ᠶᠠᠷᠠᠶᠢᠯᠳᠤᠭᠰᠠᠨ ᠮᠤᠩᠭᠤᠯ ᠭᠤᠶᠤᠯᠢᠭ ᠦᠰᠥᠭ ᠮᠢᠨᠢ ᠠᠪᠢᠶ᠎ᠠ ᠪᠦᠬᠦᠨ ᠢ  ᠲᠡᠮᠳᠡᠭᠯᠡᠳᠡᠭ ᠮᠤᠩᠭᠤᠯ ᠭᠠᠯᠢᠭ ᠦᠰᠥᠭ ᠠᠰ ᠪᠤᠰᠤᠭ᠎ᠠ ᠪᠢᠴᠢᠭᠳᠡᠭ ᠮᠤᠩᠭᠤᠯ ᠲᠦᠪ ᠦᠰᠥᠭ ᠠᠮᠠᠷᠬᠠᠨ ᠴᠡᠭᠡᠵᠢᠨ ᠳᠤ  ᠬᠤᠨᠤᠭᠰᠢᠳᠠᠭ ᠮᠤᠩᠭᠤᠯ ᠴᠠᠭᠠᠨ ᠲᠤᠯᠤᠭᠠᠢ ᠠᠷᠠᠤᠨ ᠲᠦᠮᠡᠨ ᠳᠤ  ᠮᠠᠭᠳᠠᠳᠠᠭ  ᠠᠬᠢᠭᠠᠤᠨ ᠰᠠᠶᠢᠬᠠᠨ ᠦᠰᠥᠭ ᠡᠷᠳᠠᠮ ᠨᠤᠮ ᠢ  ᠰᠤᠷᠬᠤ ᠳᠤ ᠨᠢᠳᠤ ᠶᠢ ᠮᠢᠨᠢ ᠨᠡᠭᠡᠭᠡᠭᠰᠡᠨ ᠦᠰᠥᠭ ᠡᠯᠪᠡᠭ ᠮᠡᠳᠡᠯᠭᠡ  ᠡᠵᠡᠮᠰᠢᠬᠦ ᠳᠤ ᠲᠠᠷᠢᠬᠢ ᠶᠢ ᠮᠢᠨᠢ ᠪᠠᠶᠠᠵᠢᠭᠤᠯᠤᠭᠰᠠᠨ ᠦᠰᠥᠭ ᠡᠭᠡ ᠲᠡᠯᠡᠭᠡᠢ ᠶᠢ ᠲᠠᠨᠢᠬᠤ   ᠳᠤ ᠤᠬᠠᠭ᠎ᠠ ᠶᠢ ᠮᠢᠨᠢ ᠰᠡᠭᠡᠭᠡᠷᠡᠬᠦᠯᠥᠭᠰᠡᠨ ᠦᠰᠥᠭ ᠡᠷᠬᠢᠮ ᠦᠢᠯᠡᠰ ᠢ   ᠪᠦᠳᠤᠭᠡᠬᠦ ᠳᠤ ᠡᠷᠴᠢᠮ ᠢ  ᠮᠢᠨᠢ ᠴᠢᠩᠭᠠᠯᠠᠭᠰᠠᠨ ᠦᠰᠥᠭ ᠤᠳᠬ᠎ᠠ ᠵᠤᠬᠢᠶᠠᠯ ᠤᠩᠰᠢᠬᠤ   ᠳᠤ ᠤᠶᠤᠨ ᠢ  ᠮᠢᠨᠢ ᠬᠦᠳᠤᠯᠥᠭᠰᠡᠨ ᠦᠰᠥᠭ ᠤᠷᠠᠨ ᠵᠤᠬᠢᠶᠠᠯ ᠤᠷᠤᠯᠳᠤᠬᠤ   ᠳᠤ ᠤᠷᠮ᠎ᠠ ᠪᠠᠬ᠎ᠠ ᠶᠢ ᠮᠢᠨᠢ  ᠬᠦᠨᠳᠡᠭᠡᠭᠰᠠᠨ ᠦᠰᠥᠭ ᠤᠶᠠᠩᠭ᠎ᠠ ᠨᠠᠶᠢᠷᠠᠭ ᠰᠢᠬᠦᠮᠵᠢ ᠦᠬᠦᠯᠠᠯ ᠢᠶᠠᠨ ᠪᠢ  ᠤᠯᠠᠨ ᠠᠷᠪᠢᠨ ᠪᠢᠴᠢᠭᠰᠡᠨ ᠦᠰᠥᠭ ᠤᠷᠤᠰᠤᠮ᠎ᠠ ᠭᠡᠯᠡᠯᠭᠡ ᠲᠠᠢ ᠵᠤᠬᠢᠶᠠᠯ ᠢᠶᠠᠨ ᠪᠢ ᠤᠯᠠᠨ ᠰᠡᠳᠬᠦᠯ ᠳᠤ  ᠨᠠᠶᠢᠳᠡᠯᠡᠬᠦᠯᠥᠭᠰᠡᠨ ᠦᠰᠥᠭ ᠡ᠃ ᠰᠢᠯᠢᠳᠡᠭ ᠰᠤᠶᠤᠯ ᠤᠨ ᠬᠦᠭᠵᠢᠯ ᠳᠤ ᠭᠠᠷᠮᠠᠭᠠᠢ ᠦᠢᠯᠡᠳᠤᠯ ᠦᠵᠡᠬᠦᠯᠥᠭᠰᠡᠨ ᠦᠰᠥᠭ ᠰᠢᠯᠭᠠᠯᠳᠠ ᠪᠦᠳᠤᠭᠡᠯ ᠤᠨ  ᠡᠬᠦᠳᠤᠯ ᠳᠤ ᠭᠠᠪᠰᠢᠭᠠᠢ ᠵᠢᠳᠬᠦᠯ ᠲᠠᠢ ᠦᠰᠥᠭ ᠰᠢᠨ᠎ᠠ ᠦᠶ᠎ᠠ ᠶᠢᠨ ᠲᠤᠨᠤᠬᠯᠠᠯ ᠳᠤ ᠭᠠᠶᠢᠬᠠᠮᠰᠢᠭ ᠲᠤᠬᠢᠷᠠᠮᠵᠢᠳᠠᠢ ᠦᠰᠥᠭ ᠰᠢᠨᠵᠢᠯᠠᠬᠦ ᠤᠠᠬᠭᠠᠨ ᠤ  ᠬᠦᠭᠵᠢᠯᠳᠠ ᠳᠤ ᠭᠠᠪᠢᠶ᠎ᠠ ᠦᠢᠯᠡᠰ ᠲᠠᠢ ᠦᠰᠥᠭ ᠠᠷᠠᠤᠨ ᠤᠨ ᠠᠮᠠᠨ ᠵᠤᠬᠢᠶᠠᠯ ᠢ ᠠᠪᠤᠷᠠᠵᠤ ᠬᠠᠳᠠᠭᠠᠯᠠᠭᠰᠠᠨ ᠦᠰᠥᠭ ᠠᠷᠠᠤᠨ ᠤᠨ  ᠲᠠᠭᠤᠤ ᠮᠢᠩᠭᠠᠨ ᠪᠠᠳᠠᠭ ᠢ ᠠᠮᠢᠯᠠᠭᠤᠯᠵᠤ ᠬᠦᠭᠵᠢᠬᠦᠯᠥᠭᠰᠡᠨ ᠦᠰᠥᠭ ᠠᠯᠢᠪᠠ  ᠦᠨᠳᠤᠰᠤᠳᠠᠨ ᠤ  ᠰᠤᠶᠤᠯ ᠢ ᠤᠷᠴᠢᠭᠤᠯᠵᠤ ᠲᠠᠨᠢᠭᠤᠯᠤᠭᠰᠠᠨ ᠦᠰᠥᠭ ᠠᠯᠳᠠᠷᠳᠤ ᠵᠤᠬᠢᠶᠠᠯ ᠪᠦᠳᠤᠭᠡᠯ ᠢ ᠤᠬᠠᠭᠠᠷᠠᠭᠤᠯᠵᠤ ᠲᠡᠯᠭᠡᠷᠡᠬᠦᠯᠥᠭᠰᠡᠨ ᠦᠰᠥᠭ ᠬᠤᠷᠳᠤᠨ ᠪᠢᠴᠢᠭ ᠤᠨ  ᠤᠷᠤᠯᠳᠤᠭᠠᠨ ᠳᠤ ᠲᠠᠷᠢᠬᠦᠯᠠᠵᠤ ᠪᠠᠶᠢᠭᠰᠠᠨ ᠦᠰᠥᠭ ᠬᠤᠷᠢᠶᠠᠩᠭᠤᠶᠢᠯᠠᠨ ᠲᠡᠮᠳᠡᠭᠯᠡᠬᠦ ᠮᠠᠷᠭᠤᠭᠠᠨ ᠳᠤ ᠲᠦᠷᠤᠬᠦᠯᠵᠤ ᠶᠠᠪᠤᠭᠰᠠᠨ ᠦᠰᠥᠭ ᠬᠤᠷᠸ᠎ᠠ ᠶᠢᠨ ᠰᠤᠶᠤᠯ ᠤᠨ  ᠡᠩᠨᠡᠭᠡ   ᠳᠤ ᠮᠠᠭᠳᠠᠭᠳᠠᠵᠤ ᠢᠷᠡᠭᠰᠡᠨ ᠦᠰᠥᠭ ᠬᠤᠳᠠᠯᠠ  ᠤᠯᠠᠨ ᠤ  ᠰᠡᠳᠬᠢᠯ ᠳᠤ ᠮᠠᠨᠳᠤᠭᠤᠯᠵᠤ ᠬᠠᠶᠢᠷᠠᠯᠠᠭᠳᠠᠭᠰᠠᠨ ᠦᠰᠥᠭ ᠡ︕ ᠮᠦᠩᠬᠦᠨ ᠴᠠᠭᠠᠨ ᠬᠠᠭᠤᠳᠠᠰᠤᠨ ᠳᠤ ᠮᠦᠷᠯᠠᠨ ᠵᠢᠭᠳᠡᠷᠡᠭᠰᠡᠨ ᠪᠢᠴᠢᠮᠠᠯ ᠨᠢ ᠮᠤᠷᠳᠠᠬᠤ ᠪᠠᠷ  ᠪᠠᠯᠡᠭᠡᠨ ᠪᠤᠯᠤᠭᠰᠠᠨ ᠮᠤᠷᠢᠳᠤ ᠴᠡᠷᠢᠭ ᠰᠢᠭ ᠬᠠᠷᠠᠭᠳᠠᠨ᠎ᠠ ᠮᠦᠷ ᠪᠦᠷᠢ ᠶᠢᠨ ᠦᠬᠦᠯᠠᠪᠤᠷᠢ ᠶᠢ ᠨᠢ ᠠᠵᠢᠭᠯᠠᠨ ᠰᠢᠨᠵᠢᠨ ᠦᠵᠡᠪᠠᠯ ᠮᠤᠩᠭᠤᠯ ᠪᠠᠭᠠᠳᠤᠷ ᠤᠨ  ᠭᠠᠷ ᠲᠠᠬᠢ ᠬᠤᠷᠴᠠ ᠰᠠᠯᠠᠮ᠎ᠠ ᠰᠢᠭ ᠦᠵᠡᠭᠳᠡᠨ᠎ᠠ ᠠᠰᠠᠷ ᠪᠠᠷᠢᠯᠭ᠎ᠠ ᠶᠢᠨ ᠤᠷᠤᠢ ᠳᠠᠬᠢ ᠠᠰ ᠪᠤᠰᠤᠭ᠎ᠠ ᠰᠠᠶᠢᠯᠤᠮᠠᠯ ᠨᠢ ᠠᠪᠤᠷᠭᠤ ᠰᠢᠨᠵᠢᠯᠠᠬᠦ ᠤᠬᠠᠭᠠᠨ ᠤ ᠠᠯᠳᠠᠨ ᠲᠦᠯᠬᠢᠬᠦᠷ ᠰᠢᠭ ᠰᠠᠨᠠᠭᠳᠠᠨ᠎ᠠ ᠠᠭᠠᠷ  ᠲᠤᠮᠳᠠ ᠠᠴᠠ  ᠲᠡᠬᠦᠵᠢᠯᠡᠭᠰᠡᠨ ᠤᠷᠢᠶ᠎ᠠ ᠯᠤᠽᠦ᠋ᠡᠭ ᠡᠯᠬᠦᠮᠠᠯ ᠨᠢ  ᠠᠪᠤᠷᠠᠯᠳᠤ ᠲᠡᠭᠡᠳᠤ ᠠᠴᠠ  ᠢᠯᠡᠭᠡᠭᠡᠭᠰᠡᠨ ᠠᠷᠢᠭᠤᠨ ᠬᠠᠳᠠᠭ ᠰᠢᠭ᠋ ᠪᠤᠳᠤᠭᠳᠠᠨ᠎ᠠ ᠳ᠋ᠠ᠂ ᠠᠭᠤᠤ ᠦᠨᠳᠤᠰᠤᠳᠠᠨ ᠤ  ᠮᠢᠨᠢ ᠠᠶᠠᠯᠠᠯ ᠰᠤᠳᠤᠷ ᠨᠤᠮ ᠠᠴᠠ   ᠨᠢ ᠲᠤᠭᠠᠴᠢᠭᠳᠠᠨ᠎ᠠ ᠠᠷᠠᠤᠨ ᠲᠦᠮᠡᠨ ᠤ  ᠮᠢᠨᠢ ᠮᠦᠷᠤᠭᠡᠳᠤᠯ ᠰᠤᠷᠭᠠᠯ ᠦᠭᠡ ᠠᠴᠠ   ᠨᠢ ᠰᠤᠨᠤᠰᠤᠭᠳᠠᠨ᠎ᠠ ︽ᠮᠤᠩᠭᠤᠯ ᠤᠨ  ᠨᠢᠭᠤᠴᠠ ᠲᠤᠪᠴᠢᠶ᠎ᠠ︾ ᠠᠮᠢᠯᠠᠯ ᠬᠦᠭᠵᠢᠯ ᠠᠴᠠ   ᠨᠢ ᠭᠡᠷᠡᠯᠳᠤᠨ᠎ᠠ ᠮᠦᠩᠭᠡ ᠶᠢᠨ ᠪᠠᠭᠠᠳᠤᠷ ︽ᠵᠠᠩᠭᠠᠷ︾ ᠠᠮᠢᠳᠤᠷᠠᠯ ᠲᠠᠭᠤᠯᠠᠯ ᠠᠴᠠ   ᠨᠢ ᠲᠤᠳᠤᠷᠠᠨ᠎ᠠ ᠳ᠋ᠠ ᠡᠪ ᠬᠠᠮᠳᠤ ᠨᠠᠮ ᠢᠶᠠᠨ ᠮᠠᠬᠳᠠᠭᠰᠠᠨ   ᠡᠭᠡᠰᠢᠭ ᠲᠠᠭᠤᠯᠠᠯ ᠴᠤᠤᠷᠢᠶᠠᠳᠤᠨ᠎ᠠ ᠡᠭᠡ ᠤᠷᠤᠨ ᠢᠶᠠᠨ ᠮᠠᠨᠳᠤᠭᠤᠯᠤᠭᠰᠠᠨ ᠡᠯᠪᠡᠭ ᠠᠮᠵᠢᠯᠳᠠ ᠤᠶᠠᠩᠭᠠᠷᠠᠨ᠎ᠠ ᠡᠰᠠᠨᠢᠯ  ᠮᠠᠨᠳᠤᠯ ᠢ  ᠬᠦᠯᠥᠭᠡᠯᠡᠭᠰᠡᠨ ᠡᠷᠳᠠᠮ ᠤᠨ  ᠭᠡᠷᠡᠯ ᠰᠠᠴᠤᠷᠠᠨ᠎ᠠ ᠳ᠋ᠠ ᠪᠤᠭᠤᠷᠤᠯ ᠲᠡᠯᠡᠭᠡᠢ ᠳᠤ  ᠰᠦᠨᠳᠠᠷᠯᠡᠭᠰᠡᠨ ᠮᠤᠩᠭᠤᠯ ᠪᠤᠰᠤᠭ᠎ᠠ ᠦᠰᠥᠭ ᠮᠢᠨᠢ  ᠪᠤᠰᠤᠭ᠎ᠠ ᠪᠠᠷ ᠢᠶᠠᠨ ᠪᠠᠶᠢᠭᠠᠰᠠᠢ︕ ᠪᠤᠮᠪᠠ ᠶᠢᠨ ᠤᠷᠤᠨ ᠳᠤ  ᠪᠤᠰᠬᠠᠭᠰᠠᠨ ᠮᠤᠩᠭᠤᠯ ᠬᠦᠰᠢᠶ᠎ᠠ ᠦᠰᠥᠭ ᠮᠦᠩᠭᠡ   ᠢᠶᠠᠨ ᠪᠦᠬᠦᠳᠠ ᠤᠯᠠᠨ ᠢᠶᠠᠷ ᠢᠶᠠᠨ ᠬᠠᠶᠢᠷᠠᠯᠠᠶ᠎ᠠ ᠪᠤᠯᠪᠠᠰᠤᠨ ᠰᠤᠶᠤᠯ   ᠢ  ᠴᠤᠭᠴᠠᠯᠠᠭᠰᠠᠨ ᠪᠤᠶᠠᠨ ᠭᠡᠰᠢᠭ ᠲᠠᠢ ᠦᠰᠥᠭ ᠢᠶᠠᠨ       ᠪᠤᠳᠤᠯ   ᠤᠨ  ᠬᠦᠨ ᠳᠡᠭᠡᠨ ᠰᠢᠳᠤᠵᠤ ᠶᠠᠪᠤᠶ᠎ᠠ᠃     ᠲᠦᠩᠯᠢᠶᠤᠤ ᠮᠤᠩᠭᠤᠯ ᠦᠨᠳᠤᠰᠤᠳᠠᠨ ᠤ  ᠲᠤᠮᠳᠠᠳᠤ ᠰᠤᠷᠭᠠᠭᠤᠯᠢ     ᠶᠢᠨ  ᠮᠤᠩᠭᠤᠯ  ᠭᠡᠯᠡᠨ   ᠤ  ᠵᠢᠭᠠᠨ  ᠰᠤᠳᠤᠯᠬᠤ  ᠲᠤᠭᠤᠶᠢᠯᠡᠩ    姓名: 敖斯尔  电话: 15950560906
 
ᠢᠷᠡᠯᠲᠡ᠄ ᠪᠠ᠊ · ᠤᠳᠽᠠᠷ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号