ᠡᠪᠦᠭᠡ ᠶᠢᠨ ᠴᠡᠩᠭᠡᠷ ᠲᠠᠯ᠎ᠠ ᠮᠢᠨᠢ
ᠨᠡᠶᠢᠲᠡᠯᠡᠭᠰᠡᠨ ᠴᠠᠭ᠄
2020/10/20
ᠭᠤᠳᠣᠯ ᠡᠯᠡᠭᠡᠭᠰᠡᠨ ᠬᠠᠳᠠᠭᠤ ᠭᠤᠨᠢᠭ ᠲᠠᠶᠢᠯᠣᠮ᠎ᠠ ᠳᠡᠨᠢᠭᠦᠨ ᠠᠭᠢ ᠰᠥ ᠴᠤᠭ   ᠲᠤ ᠪᠠᠨ ᠥᠨᠥᠷᠳᠥᠳᠡᠭ ᠡᠪᠦᠭᠡ ᠠᠪᠤ ᠠᠴᠠ ᠥᠪᠯᠡᠵᠥ ᠠᠮᠢᠳᠣᠷᠠᠳᠠᠭ ᠡᠯᠪᠡᠭ ᠶᠡᠭᠡ ᠳᠡᠪᠡᠯ ᠤᠨ ᠡᠩᠭᠡᠷ ᠨᠢ ᠳᠡᠯᠡᠭᠰᠡᠨ  ᠥᠷᠭᠦᠯᠵᠢᠯᠡᠯ ᠰᠥᠰᠥᠭᠯᠡᠵᠥ ᠰᠥᠭᠦᠳᠥᠨ ᠮᠥᠷᠬᠦᠬᠦ ᠳᠤ ᠡᠪᠥᠳᠡᠭ ᠡᠷᠭᠦᠭᠰᠡᠨ ᠠᠮᠢᠵᠢᠷᠠᠯ ᠡᠪᠦᠭᠡ ᠶᠢᠨ ᠴᠡᠩᠭᠡᠷ ᠲᠠᠯ᠎ᠠ ᠮᠢᠨᠢ᠃ ᠢᠳᠡᠭᠡᠯ ᠬᠥᠰᠡᠯ ᠮᠢᠨᠢ ᠰᠢᠩᠭᠡᠵᠥ ᠠᠭᠤᠰᠳᠠᠭ ᠵᠢᠳᠭᠦᠯ ᠵᠢᠷᠭᠠᠯ ᠮᠢᠨᠢ ᠢᠬᠡᠷᠯᠡᠵᠥ ᠣᠷᠣᠰᠢᠳᠠᠭ ᠵᠢᠭᠠᠯ ᠨᠠᠰᠣ ᠶᠢ ᠰᠥ ᠲᠠᠢ ᠴᠢᠯᠠᠭᠤ ᠨᠢ ᠪᠥᠳᠥᠷᠢᠭᠡᠵᠥ ᠡᠪᠡᠰᠥᠨ ᠳᠣᠯᠣᠭᠠᠢ ᠬᠥᠳᠡᠯᠭᠡᠵᠥ  ᠰᠠᠯᠬᠢ‌ᠨᠢ ᠳᠡᠷᠭᠡᠳᠡ ᠬᠤᠨᠣᠳᠠᠭ ᠳᠣᠭᠯᠠᠵᠣ ᠳᠣᠷᠨᠢᠵᠣ ᠶᠠᠪᠣᠬᠤ ᠳᠤ ᠳᠣᠭᠤᠰᠣ ᠳᠠᠭᠠᠮ᠎ᠠ ᠦᠭᠡᠢ ᠴᠡᠪᠡᠷ ᠣᠳᠣᠨ ᠠᠴᠠ ᠬᠠᠷᠠᠬᠤ ᠳᠤ ᠣᠷᠣᠢ ᠨᠢ ᠬᠠᠷᠠᠭᠳᠠᠳᠠᠭ ᠲᠠᠯ᠎ᠠ ᠮᠢᠨᠢ ᠣᠷᠳᠣ ᠶᠢᠨ ᠳᠠᠭᠤᠨ ᠤ  ᠡᠭᠡᠰᠢᠭ ᠨᠢ ᠴᠣᠣᠷᠢᠶ᠎ᠠ   ᠲᠠᠢ ᠪᠠᠨ ᠮᠥᠩᠬᠡᠷᠡᠳᠡᠭ  ᠂ ᠠᠮᠢᠳᠣᠷᠠᠯ  ᠳᠣᠭᠠᠯᠠᠨ ᠳᠠᠭᠠᠵᠣ ᠠᠮᠢᠳᠣ ᠪᠣᠭᠤᠷᠣᠯᠳᠠᠭᠰᠠᠨ ᠲᠡᠥᠬᠡ ᠮᠥᠩᠬᠡ ᠬᠥᠬᠡ ᠲᠡᠭᠷᠢ   ᠪᠠᠨ ᠮᠠᠨᠠᠵᠣ ᠬᠤᠨᠣᠳᠠᠭ ᠪᠠᠭᠤᠴᠠ ᠥᠯᠥᠭᠡᠢ   ᠳᠡᠪᠡᠯ ᠪᠣᠯᠣᠭᠰᠠᠨ ᠡᠪᠦᠭᠡ ᠶᠢᠨ ᠴᠡᠩᠬᠡᠷ ᠲᠠᠯ᠎ᠠ ᠮᠢᠨᠢ᠃ ᠬᠠᠶ᠋ᠢᠭ᠄ ᠪᠠᠭᠠᠷᠢᠨ ᠵᠡᠭᠦᠨ ᠬᠤᠰᠢᠭᠤ         ᠨᠡᠷ᠎ᠡ᠄ ᠪᠣᠶᠠᠨᠳᠠᠯᠠᠢ ᠣᠳᠠᠰᠣ︔13298003138
 
ᠢᠷᠡᠯᠲᠡ᠄ ᠪᠤᠶᠠᠨᠳᠠᠯᠠᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号