ᠵᠢᠩ ᠲᠠᠢ ᠤ ᠲᠡᠷᠢᠬᠦᠨ ᠤᠨ ︵1450 ᠤᠨ︶ ᠴᠠᠭᠠᠨ ᠮᠤᠷᠢ ︵ᠴᠠᠭᠠᠨ ᠰᠠᠷ᠎ᠠ ᠶᠢᠨ ᠨᠢᠭᠡᠨ ᠤ ᠡᠳᠤᠷ︶ ᠰᠢᠨ᠎ᠡ | ᠬᠠᠭᠠᠨ ᠮᠢᠩ ᠳ᠋ᠢ ᠽᠦᠡᠭ ᠵᠤ᠋ ᠴᠢ ᠢᠤᠢ ᠵᠢᠩᠬᠢᠨᠢ ᠬᠠᠭᠠᠨ ᠪᠤᠯᠭᠠᠨ ᠤᠨ ᠤ ᠨᠡᠷ᠎ᠡ ᠪᠠᠨ ᠵᠢᠩ ᠲᠠᠢ ᠭᠡᠵᠤ ᠨᠡᠷᠡᠯᠡᠵᠤ | ᠂ ᠤᠯᠠᠨ ᠲᠦᠰᠢᠮᠡᠯ ᠤᠨ ᠪᠠᠶᠠᠷ ᠬᠦᠷᠭᠡᠬᠦ ᠶᠢ ᠬᠦᠯᠢᠶᠡᠪᠡ᠃ ᠵᠢᠩ ᠽᠦᠡᠭ ᠬᠠᠭᠠᠨ ᠢ ᠲᠠᠢ ᠱᠠᠩ ᠬᠤᠸᠠᠩ | ᠡᠷᠬᠦᠮᠵᠢᠯᠡᠪᠡ᠃ | 7 ᠤ ᠡᠳᠤᠷ ᠢᠡᠭ ᠽᠦᠡᠭ ᠲᠠᠢ ᠱᠠᠩ ᠬᠤᠸᠠᠩ ᠪᠢᠴᠢᠭ ᠢᠯᠭᠡᠵᠤ᠂ ︽ᠲᠦᠰᠢᠮᠡᠯ ᠲᠤᠮᠢᠯᠠᠨ ᠨᠠᠳᠠ ᠶᠢ ᠤᠯᠤᠰ | ᠵᠦᠭ ᠤᠭᠳᠤᠨ ᠪᠤᠴᠠᠭᠠᠬᠤ ᠪᠣᠯᠪᠠᠦ ︾ ᠭᠡᠰᠡᠨ ᠳᠤ ︽ᠲᠦᠰᠢᠮᠡᠯ ᠨᠠᠷ ᠴᠤᠭᠯᠠᠷᠠᠵᠤ ᠵᠦᠪᠳᠡᠭᠳᠦᠨ ︾ | ᠭᠡᠵᠤ ᠵᠠᠬᠢᠶ᠎ᠠ ᠪᠠᠭᠤᠯᠭᠠᠵᠤ ︽ ᠤᠯᠠᠨ ᠢᠶᠠᠷ ᠬᠠᠭᠤᠴᠢᠨ ᠲᠦᠰᠢᠮᠡᠯ ᠢ ᠲᠤᠮᠢᠯᠠᠨ︾ ᠭᠡᠵᠤ ᠰᠠᠨᠠᠯ ᠢᠶᠠᠨ ᠢᠯᠡᠳᠭᠡᠪᠡ | ᠃ | 10 ᠤ ᠡᠳᠤᠷ ᠨᠡᠶᠢᠰᠯᠡᠯ ᠬᠤᠳᠠ ᠶᠢᠨ ᠡᠮᠤᠨ᠎ᠡ ᠲᠡᠬᠦᠷᠭᠡ ᠳᠤ ᠲᠡᠭᠷᠢ ᠭᠠᠵᠠᠷ ᠲᠤ ᠲᠠᠬᠢᠨ ᠮᠦᠷᠬᠦᠵᠤ᠂ ᠶᠡᠭᠡ | ᠲᠠᠶᠢᠯᠠᠯᠭ᠎ᠠ ᠬᠢᠪᠡ᠃ | 18 ᠤ ᠡᠳᠤᠷ ᠳ᠋ᠦ᠋ ᠳ᠋ᠦ᠋ ᠹᠠᠨ ᠭᠤᠸᠠᠩ ᠨᠠᠷ ᠴᠡᠷᠢᠭ ᠲᠠᠶᠢᠴᠢᠯᠠᠵᠤ᠂ ᠵᠢᠤᠢ ᠶᠦᠡᠭ ᠭᠤᠸᠠᠨ ᠢ ᠪᠠᠶᠢᠴᠠᠭᠠᠪᠠ᠃ | ᠲᠡᠷᠡ ᠲᠤᠬᠠᠢ ᠮᠤᠩᠭᠤᠯ ᠯᠢᠶᠤᠤᠳᠦ᠋ᠩ᠂ ᠨᠢᠩ ᠰᠢᠶᠠ ᠶᠢ ᠲᠤᠪᠳᠤᠯᠠᠭᠰᠠᠨ ᠴᠢᠮᠡᠭᠡ ᠬᠤᠶᠢᠨ᠎ᠠ ᠡᠮᠤᠨ᠎ᠡ ᠬᠦᠷᠴᠤ | ᠢᠷᠡᠵᠡᠢ᠃ | 29 ᠤ ᠡᠳᠤᠷ ᠳ᠋ᠦ᠋ ᠳ᠋ᠦ᠋ ᠱᠢ ᠹᠦ᠋ ᠵᠡᠷᠭᠡ ᠪᠠᠷ ᠴᠡᠷᠢᠭ ᠤᠳᠤᠷᠢᠳᠴᠤ ᠬᠤᠸᠠᠢ ᠯᠠᠢ᠂ ᠰᠢᠤᠸᠠᠨ ᠹᠦ᠋ ᠵᠡᠷᠭᠡ ᠬᠤᠳᠠ ᠶᠢ | ᠪᠠᠶᠢᠴᠠᠭᠠᠪᠠ᠃ | ᠢᠯᠡᠬᠦᠤ ᠴᠠᠭᠠᠨ ᠰᠠᠷ᠎ᠠ ᠶᠢᠨ 10 ᠤ ᠡᠳᠤᠷ ᠮᠢᠩ ᠤᠨ ᠲᠠᠩᠨᠠᠭᠤᠯ ᠴᠢᠮᠡᠭᠡ ᠬᠦᠷᠭᠡᠵᠤ ᠮᠤᠩᠭᠤᠯ ᠴᠡᠷᠢᠭ ᠪᠠᠷᠠᠭᠤᠨ | ᠬᠢᠯᠢ ᠶᠢ ᠬᠠᠯᠳᠠᠵᠤ ᠴᠢᠩ ᠶᠠᠩ ᠹᠦ᠋ ᠤᠷᠤᠨ ᠤ ᠲᠡᠮᠡᠭᠡ᠂ ᠮᠤᠷᠢ᠂ ᠦᠰᠤ᠂ ᠬᠤᠨᠢ ᠶᠢ ᠲᠡᠭᠡᠷᠡᠮᠳᠡᠨ ᠶᠠᠪᠤᠪᠠ ᠭᠡᠵᠤ | ᠮᠡᠳᠡᠬᠦᠯᠪᠡ᠃ | 26 ᠤ ᠡᠳᠤᠷ ᠮᠤᠩᠭᠤᠯ ᠴᠡᠷᠢᠭ ᠲᠠᠬᠢᠨ ᠳ᠋ᠠ ᠲᠦᠡᠭ ᠬᠤᠳᠠ ᠶᠢ ᠲᠤᠪᠳᠤᠯᠵᠤ᠂ ᠶᠡᠷᠤᠩᠭᠡᠢ ᠨᠤᠶᠠᠨ ᠬᠦᠸᠧ ᠳ᠋ᠸᠡᠭ | ᠢᠯᠠᠭᠳᠠᠵᠤ᠂ ᠭᠡᠪᠡᠴᠤ ᠬᠦᠸᠧ ᠲᠢᠩ ᠰᠢᠶᠠᠩ ᠪᠦᠸᠧ ᠡᠷᠬᠦᠮᠵᠢᠯᠡᠭᠳᠡᠪᠡ᠃ | 2 ᠰᠠᠷ᠎ᠠ ᠶᠢᠨ 1 ᠤ ᠡᠳᠤᠷ ᠳ᠋ᠠ ᠲᠦᠡᠭ ᠤᠷᠤᠨ ᠮᠡᠳᠡᠬᠦᠯᠡᠷᠤᠨ᠄ ᠬᠤᠸᠠᠩ ᠲᠤ ᠯᠢᠩ ᠳᠤ ᠮᠤᠩᠭᠤᠯ ᠴᠡᠷᠢᠭ ᠢ | ᠢᠯᠠᠵᠤ᠂ 23 ᠬᠦᠮᠤᠨ ᠠᠯᠠᠵᠤ᠂ ᠮᠤᠷᠢ ᠡᠯᠵᠢᠭᠡ 123ᠤᠯᠵᠠᠯᠠᠭᠰᠠᠨ ᠮᠦᠷᠳᠡᠭᠡᠨ ᠤᠯᠵᠠᠯᠠᠭᠳᠠᠵᠤ᠂ ᠮᠤᠩᠭᠤᠯ | ᠳᠤ ᠪᠤᠯᠢᠶᠠᠭᠳᠠᠭᠰᠠᠨ 225 ᠬᠦᠮᠤᠨ ᠢ ᠠᠪᠤᠷᠠᠨ ᠭᠠᠷᠭᠠᠪᠠ᠃ ᠡᠨᠡᠬᠦ ᠢᠯᠠᠯᠳᠠ ᠠᠨᠤ ᠰᠢᠤᠢ ᠬᠦᠢ ᠶᠢᠨ ᠭᠠᠪᠢᠶ᠎ᠠ | ᠪᠤᠯᠤᠨ᠎ᠠ᠃ | 14 ᠤ ᠡᠳᠤᠷ ᠰᠢᠤᠸᠠᠨ ᠹᠦ᠋ ᠶᠢᠨ ᠵᠦᠪᠯᠡᠭᠴᠢ ᠵᠠᠩᠵᠤᠨ ᠶᠠᠩ ᠵᠢᠶᠦ᠋ᠨ ᠰᠢ ᠨᠢᠩ ᠢ ᠪᠠᠷᠢᠪᠴᠢᠯᠠᠪᠠ᠃ ᠤᠴᠢᠷ ᠨᠢ | ᠰᠢ ᠨᠢᠩ ᠭᠡᠳᠤᠨ ᠤᠳᠠᠭ᠎ᠠ ᠲᠠᠢ ᠱᠠᠩ ᠬᠤᠸᠠᠩ ᠤᠨ ᠲᠡᠷᠭᠡᠳᠡ ᠠᠴᠠ ᠮᠤᠩᠭᠤᠯ ᠴᠡᠷᠢᠭ ᠲᠤ ᠴᠢᠮᠡᠭᠡ ᠬᠦᠷᠭᠡᠵᠤ | ᠪᠤᠭᠤᠮᠳᠠ ᠶᠢ ᠲᠦᠢᠪᠡᠯᠭᠡᠵᠠᠢ ᠃ ᠡᠶᠢᠮᠤ ᠰᠢᠯᠳᠠᠭᠠᠨ ᠠᠴᠠ ᠪᠤᠯᠵᠤ ᠲᠠᠢ ᠱᠠᠩ ᠬᠤᠸᠠᠩ ᠵᠤᠪᠠᠨᠢᠵᠤ ᠮᠤᠩᠭᠤᠯ | ᠴᠡᠷᠢᠭ ᠤᠳᠠᠭ᠎ᠠ ᠲᠠᠷᠠᠭ᠎ᠠ ᠬᠢᠯᠢ ᠶᠢ ᠬᠠᠯᠳᠠᠵᠤ ᠤᠯᠤᠰ ᠵᠦᠭ ᠢᠶᠠᠷ ᠡᠷᠬᠢᠬᠦ ᠠᠨᠤ ᠲᠦᠪᠡᠭᠳᠡᠢ ᠪᠤᠯᠤᠨ᠎ᠠ ᠭᠡᠵᠤ | ᠵᠢᠭ᠍ᠰᠢᠵᠤ ᠪᠠᠶᠢᠪᠠ᠃ ᠰᠢ ᠨᠢᠩ ᠪᠠᠰᠠ ᠶᠤᠸᠠᠨ ᠪᠢᠨ ᠢ ᠦᠳᠤᠭᠡᠵᠤ ᠴᠡᠷᠢᠭ ᠭᠠᠷᠭᠠᠵᠤ ᠮᠤᠩᠭᠤᠯ ᠳᠤ | ᠠᠯᠠᠭᠳᠠᠭᠤᠯᠬᠤ ᠪᠠᠷ ᠪᠡᠯᠡᠳᠭᠡᠯ ᠬᠢᠭᠰᠡᠨ ᠨᠢ ᠲᠠᠢ ᠱᠠᠩ ᠬᠤᠸᠠᠩ ᠮᠡᠳᠡᠵᠤ ᠶᠤᠸᠠᠨ ᠪᠢᠨ ᠢ ᠲᠠᠭᠤᠳᠠᠨ ᠬᠤᠷᠢᠭᠯᠠᠵᠤ | ᠠᠯᠠᠭᠳᠠᠬᠤ ᠠᠴᠠ ᠭᠡᠯᠳᠡᠷᠢᠬᠦᠯᠪᠡ᠃ ᠲᠠᠷᠠᠭ᠎ᠠ ᠪᠠᠷ ᠶᠤᠸᠠᠨ ᠪᠢᠨ ᠲᠠᠢ ᠱᠠᠩ ᠬᠤᠸᠠᠩ ᠤᠨ ᠵᠠᠬᠢᠶ᠎ᠠ ᠪᠠᠷ ᠰᠢ ᠨᠢᠩ | ᠶᠢ ᠴᠡᠷᠢᠭ ᠡᠷᠬᠢᠯᠡᠬᠦ ᠭᠤᠤ ᠫᠠᠨ ᠲᠠᠢ ᠬᠠᠮᠳᠤ ᠬᠠᠪᠤᠷ ᠤᠨ ᠬᠤᠪᠴᠠᠰᠤ ᠠᠪᠬᠤ ᠭᠡᠵᠤ ᠰᠢᠯᠳᠠᠭᠯᠠᠵᠤ ᠶᠠᠩ ᠵᠢᠶᠦ᠋ᠨ | ᠰᠢ ᠨᠢᠩ ᠶᠢ ᠪᠠᠷᠢᠪᠴᠢᠯᠠᠵᠤ ᠨᠡᠶᠢᠰᠯᠡᠯ ᠬᠤᠳᠠ ᠳᠤ ᠬᠦᠷᠭᠡᠵᠤ ᠬᠢᠳᠤᠭᠠᠯᠠᠨ ᠠᠯᠠᠪᠠ᠃ ᠡᠬᠦᠨ ᠳᠤ ᠮᠤᠩᠭᠤᠯ ᠴᠡᠷᠢᠭ | ᠴᠢᠮᠡᠭᠡ ᠤᠯᠬᠤ ᠦᠭᠡᠢ ᠪᠤᠯᠬᠤᠷ ᠲᠦᠷ ᠴᠠᠭ ᠬᠢᠯᠢ ᠶᠢ ᠬᠠᠯᠳᠠᠬᠤ ᠦᠭᠡᠢ ᠠᠮᠤᠷ ᠲᠦᠪᠰᠢᠨ ᠪᠤᠯᠪᠠ᠃ | 16 ᠤ ᠡᠳᠤᠷ ᠱᠢ ᠡᠾᠸᠡᠭ ᠢ ᠮᠤᠩᠭᠤᠯ ᠢ ᠲᠠᠶᠢᠯᠠᠬᠤ ᠶᠡᠭᠡ ᠵᠠᠩᠵᠤᠨ ᠡᠷᠬᠦᠮᠵᠢᠯᠡᠵᠤ 3.5 ᠲᠦᠮᠡᠨ ᠴᠡᠷᠢᠭ | ᠲᠠᠶᠢᠴᠢᠯᠠᠵᠤ ᠽᠢ ᠵᠢᠩ ᠭᠤᠸᠠᠨ ᠢᠶᠠᠷ ᠭᠠᠷᠴᠤ ᠬᠤᠶᠢᠳᠤ ᠬᠢᠯᠢ ᠶᠢ ᠪᠠᠶᠢᠴᠠᠭᠠᠪᠠ᠃ ᠡᠬᠦᠨ ᠠᠴᠠ ᠬᠤᠶᠢᠰᠢ ᠬᠠᠪᠤᠷ | ᠵᠤᠨ ᠬᠤᠭᠤᠷᠤᠨᠳᠤ ᠮᠤᠩᠭᠤᠯ ᠴᠡᠷᠢᠭ ᠬᠢᠯᠢ ᠶᠢ ᠬᠠᠯᠳᠠᠭᠰᠠᠨ ᠦᠭᠡᠢ᠃ | 6 ᠰᠠᠷ᠎ᠠ ᠶᠢᠨ 26 ᠤ ᠡᠳᠤᠷ ᠡᠰᠡᠨ ᠬᠠᠭᠠᠨ ᠭᠡᠳᠤᠨ ᠤᠳᠠᠭ᠎ᠠ ᠡᠯᠴᠢ ᠶᠠᠪᠤᠭᠤᠯᠤᠨ ᠮᠢᠩ ᠤᠨ ᠲᠠᠯ᠎ᠠ ᠲᠠᠢ | ᠬᠡᠯᠡᠯᠴᠡᠨ ᠪᠦᠳᠦᠭᠰᠡᠨ ᠦᠭᠡᠢ ᠪᠤᠯᠬᠤᠷ ᠱᠤ᠋ ᠮᠢ ᠶᠤᠸᠠᠨ ᠤ ᠭᠡᠷᠡᠭ ᠮᠡᠳᠡᠭᠴᠢ ᠠᠯᠤᠬ᠎ᠠ ᠪᠠᠷ ᠪᠢᠴᠢᠭ ᠪᠢᠴᠢᠬᠦᠯᠵᠤ᠂ | ᠲᠦᠷᠤ ᠵᠦᠪᠯᠡᠭᠴᠢ ᠸᠠᠨᠵᠠᠲ᠋ᠤᠭᠤᠭᠠᠨ ᠢ ᠲᠤᠮᠢᠯᠠᠵᠤ ᠮᠢᠩ ᠤᠨ ᠲᠠᠯ᠎ᠠ ᠲᠠᠢ ᠬᠠᠷᠢᠴᠠᠭ᠎ᠠ ᠠᠪᠬᠤ ᠳᠤ ᠰᠢᠨ᠎ᠡ ᠬᠠᠭᠠᠨ | ᠤᠪ ᠮᠡᠭᠡ ᠪᠠᠶᠢᠬᠤ ᠮᠠᠭᠠᠳ ᠭᠡᠰᠡᠨ ᠪᠣᠯᠪᠠᠴᠦ ᠲᠦᠰᠢᠮᠡᠯ ᠨᠠᠷ ᠲᠠᠭᠠᠨ ︽ᠲᠠᠶᠢᠨ ᠪᠠᠶᠢᠯᠳᠤᠭᠠᠨ ᠤᠳᠠᠭᠠᠰᠢᠷᠠᠵᠤ᠂ | ᠴᠡᠷᠢᠭ ᠮᠤᠷᠢ ᠶᠠᠳᠠᠷᠠᠵᠤ᠂ ᠪᠠᠰᠠ ᠮᠢᠩ ᠤᠯᠤᠰ ᠲᠠᠢ ᠤᠳᠠᠭᠠᠨ ᠵᠢᠯ ᠡᠪᠳᠡᠯᠴᠡᠭᠰᠡᠨ ᠤᠴᠢᠷ ᠠᠴᠠ ᠮᠢᠩ ᠤᠯᠤᠰ | ᠲᠠᠢ ᠡᠪ ᠨᠠᠶᠢᠷᠠᠮᠳᠠᠯ ᠪᠤᠯᠤᠨ ᠭᠡᠰᠡᠨ ᠦᠨᠡᠨ᠂ ᠤᠳᠤ ᠲᠠᠢ ᠱᠠᠩ ᠬᠤᠸᠠᠩ ᠪᠠᠰᠠ ᠮᠤᠩᠭᠤᠯ ᠤᠨ ᠭᠠᠵᠠᠷ ᠲᠤ | ᠪᠠᠶᠢᠵᠤ᠂ ᠤᠭᠳᠤᠵᠤ ᠠᠪᠴᠢᠷᠠᠬᠤ ᠨᠢ ᠲᠤᠬᠢᠷᠠᠬᠤ ᠪᠤᠯᠠᠢ︾ ᠭᠡᠰᠡᠨ ᠳ᠋ᠠᠢ ᠽᠦᠡᠭ ᠬᠠᠭᠠᠨ ᠵᠦᠪᠰᠢᠶᠡᠷᠡᠪᠡ︾᠃ | ᠡᠬᠦᠨ ᠳᠤ ᠶᠤᠰᠤᠯᠠᠯ ᠤᠨ ᠱᠢ ᠯᠠᠩ ᠯᠢ ᠱᠢ᠂ ᠳ᠋ᠠ ᠯᠢ ᠱᠤᠤ ᠴᠢᠩ ᠯᠦᠸᠧ ᠴᠢ᠂ ᠵᠠᠬᠢᠷᠤᠭᠴᠢ ᠮᠠ ᠰᠢᠶᠠᠨ ᠵᠡᠷᠭᠡ | ᠲᠤᠭᠤᠭᠠᠨ ᠲᠠᠢ ᠬᠠᠮᠳᠤ 7 ᠰᠠᠷ᠎ᠠ ᠶᠢᠨ 1 ᠤ ᠡᠳᠤᠷ ᠮᠤᠩᠭᠤᠯ ᠵᠦᠭ ᠮᠤᠷᠢᠯᠠᠵᠤ᠂ 11 ᠤ ᠡᠳᠤᠷ ᠡᠰᠡᠨ ᠬᠠᠭᠠᠨ | ᠤ ᠰᠠᠭᠤᠭ᠎ᠠ ᠤᠷᠤᠨ ᠰᠢᠪᠠᠷᠳᠠᠢ ᠳᠤ ᠬᠦᠷᠴᠠᠢ᠃ ᠡᠰᠡᠨ ᠬᠠᠭᠠᠨ ᠬᠡᠯᠡᠷᠤᠨ ︽ᠴᠡᠷᠢᠭ ᠲᠠᠶᠢᠨ ᠭᠠᠷᠤᠭᠰᠠᠨ ᠪᠦᠷ | ᠲᠦᠡᠭ ᠰᠢ ︵ᠤᠷᠴᠢᠭᠤᠯᠤᠬᠴᠢ︶ ᠴᠧᠨ ᠶᠢᠤ ᠵᠡᠷᠭᠡ ᠦᠴᠤᠭᠡᠨ ᠬᠦᠮᠤᠨ ᠦᠳᠤᠭᠡᠭᠰᠡᠨ ᠭᠡᠷᠡᠭ ᠪᠤᠯᠤᠨ᠎ᠠ᠂ ᠡᠶᠢᠮᠤ | ᠠᠴᠠ ᠪᠠᠭ᠎ᠠ ᠤᠴᠢᠷ ᠶᠡᠭᠡ ᠤᠴᠢᠷ ᠪᠤᠯᠤᠨ ᠬᠤᠪᠢᠷᠠᠵᠠᠢ᠃ ᠪᠢᠳᠡ ᠲᠠᠢ ᠱᠠᠩ ᠬᠤᠸᠠᠩ ᠢ ᠨᠡᠶᠢᠰᠯᠡᠯ ᠬᠤᠳᠠ ᠳᠤ | ᠬᠦᠷᠭᠡᠬᠦ ᠭᠡᠰᠡᠨ ᠳᠤ ᠲᠠᠨᠠᠷ ᠲᠦᠰᠢᠮᠡᠯ ᠢᠯᠡᠭᠡᠵᠤ ᠵᠦᠪᠳᠡᠬᠦ ᠦᠭᠡᠢ ᠪᠦᠭᠡᠳ ᠮᠠᠨ ᠤ ᠡᠯᠴᠢ ᠵᠠᠩ ᠭᠤᠸᠠᠨ ᠪᠤᠤ ᠶᠢ | ᠠᠯᠠᠵᠤ᠂ ᠪᠢᠳᠡ ᠬᠤᠶᠢᠰᠢ ᠶᠠᠪᠤᠬᠤ ᠳᠤ ᠲᠤᠮᠢᠯᠠᠭᠰᠠᠨ ᠡᠯᠴᠢ ᠢᠩᠪᠤᠬᠠ ᠪᠠᠰᠠ ᠬᠠᠷᠢᠵᠤ ᠢᠷᠡᠭᠰᠡᠨ ᠦᠭᠡᠢ᠂ | ᠡᠳᠡᠭᠡᠷ ᠶᠠᠭᠤᠨ ᠤᠴᠢᠷ ᠪᠤᠯᠪᠠ︾ ᠭᠡᠵᠤ ᠠᠰᠠᠭᠤᠭᠰᠠᠨ ᠳᠤ ᠯᠢ ᠱᠢ ᠬᠠᠷᠢᠭᠤᠯᠠᠷᠤᠨ ︽ᠲᠠᠶᠢᠱᠢ ᠲᠠ ᠨᠠᠷ ᠲᠠᠬᠢᠨ | ᠲᠠᠢ ᠱᠠᠩ ᠬᠤᠸᠠᠩ ᠢ ᠬᠦᠷᠭᠡᠬᠦ ᠭᠡᠵᠤ ᠶᠡᠭᠡ ᠴᠡᠷᠢᠭ ᠲᠠᠢ ᠲᠦᠯᠬᠢᠨ ᠢᠷᠡᠵᠤ᠂ ᠤᠯᠠᠨ ᠭᠠᠵᠠᠷ ᠱᠦᠬᠦᠷᠳᠡᠵᠤ᠂ | ᠲᠦᠷᠤ ᠵᠠᠰᠠᠭ ᠠᠴᠠ ᠲᠠᠨᠠᠷ ᠢ ᠶᠠᠭᠠᠬᠢᠨ ᠢᠳᠡᠭᠡᠬᠦ ᠪᠤᠢ︖ ᠵᠠᠩ ᠭᠤᠸᠠᠨ ᠪᠤᠤ ᠶᠢᠨ ᠦᠬᠦᠭᠰᠡᠨ ᠢᠨᠤ ᠢᠩᠪᠤᠬᠠ | ᠨᠡᠶᠢᠰᠯᠡᠯ ᠳᠤ ᠬᠦᠷᠴᠤ ᠢᠷᠡᠭᠰᠡᠨ ᠠᠴᠠ ᠡᠮᠤᠨ᠎ᠡ ᠭᠡᠷᠡᠭ᠂ ᠬᠠᠷᠠᠭᠤᠯ ᠤᠨ ᠴᠡᠷᠢᠭ ᠨᠠᠶᠢᠷᠠᠮᠳᠠᠯ ᠪᠤᠯᠬᠤ ᠶᠢ ᠮᠡᠳᠡᠭᠡᠳᠤᠢ | ᠦᠶ᠎ᠡ᠂ ᠮᠠᠨ ᠢ ᠲᠤᠪᠳᠤᠯᠠᠬᠤ ᠪᠠᠷ ᠢᠷᠡᠯ᠎ᠡ ᠭᠡᠵᠤ ᠪᠤᠳᠤᠭᠰᠠᠨ ᠰᠢᠯᠳᠠᠭᠠᠨ ᠪᠤᠯᠤᠨ᠎ᠠ︾ ᠭᠡᠵᠤ ᠬᠠᠷᠢᠭᠤᠯᠪᠠ᠃ ᠡᠰᠡ | ᠬᠠᠭᠠᠨ ᠵᠠᠯᠭᠠᠨ ᠬᠡᠯᠡᠷᠤᠨ ︽ᠰᠢ ᠢᠡᠭ ᠪᠤᠯ ᠤᠷᠳᠤᠨ ᠤ ᠲᠤᠳᠤᠭᠠᠳᠤ ᠲᠦᠰᠢᠮᠡᠯ᠂ ᠪᠢ ᠲᠤᠮᠢᠯᠠᠭᠰᠠᠨ ᠳᠤ ᠶᠠᠭᠤᠨ | ᠳᠤ ᠠᠯᠠᠪᠠ︾ ᠭᠡᠬᠦ ᠳᠤ ᠯᠢ ᠱᠢ ᠬᠠᠷᠢᠭᠤᠯᠤᠨ ︽ᠰᠠᠢ ᠨᠢᠩ ᠲᠠᠢ ᠱᠠᠩ ᠬᠤᠸᠠᠩ ᠤᠨ ᠦᠷᠤᠰᠢᠶᠡᠯ ᠢ ᠬᠦᠨᠳᠤ | ᠤᠯᠤᠭᠰᠠᠨ ᠲᠦᠰᠢᠮᠡᠯ ᠪᠤᠯᠤᠨ᠎ᠠ᠂ ᠬᠠᠷᠢᠨ ᠲᠠᠶᠢᠱᠢ ᠶᠢᠨ ᠴᠡᠷᠢᠭ ᠢ ᠲᠠᠭᠠᠭᠤᠯᠤᠨ ᠢᠷᠡᠭᠰᠡᠨ ᠪᠤᠯᠬᠤᠷ ᠰᠠᠶ᠋ᠢ | ᠠᠯᠠᠭᠳᠠᠪᠠ︾ ᠭᠡᠪᠡ᠃ ᠡᠰᠡᠨ ᠬᠠᠭᠠᠨ ︽ ᠲᠠᠢ ᠱᠠᠩ ᠬᠤᠸᠠᠩ ᠡᠬᠦᠨ ᠳᠤ ᠪᠠᠶᠢᠮᠤᠢ᠂ ᠪᠢ ᠪᠠᠶᠠᠡᠲ᠋ᠡᠮᠦᠷ ᠢᠶᠠᠷ | ᠡᠷᠳᠡ ᠤᠷᠤᠢ ᠰᠠᠶᠢᠬᠠᠨ ᠬᠦᠨᠳᠤᠯᠡᠵᠤ ᠶᠤᠰᠤᠯᠠᠯ ᠢ ᠡᠪᠳᠡᠭᠰᠡᠨ ᠦᠭᠡᠢ︾ ᠭᠡᠵᠤ ᠶᠡᠭᠡ ᠲᠠᠶᠢᠯᠠᠯᠭ᠎ᠠ ᠭᠡᠵᠤ ᠯᠢ ᠱᠢ | ᠨᠠᠷ ᠢ ᠵᠤᠴᠢᠯᠠᠪᠠ᠃ | 12 ᠤ ᠡᠳᠤᠷ ᠬᠦᠮᠤᠨ ᠲᠤᠮᠢᠯᠠᠵᠤ ᠯᠢ ᠱᠢ ᠨᠠᠷ ᠢ ᠪᠠᠶᠠᠠᠲ᠋ᠡᠮᠦᠷ ᠤᠨ ᠰᠠᠭᠤᠭ᠎ᠠ ᠤᠷᠤᠨ ᠳᠤ ᠲᠠᠢ ᠱᠠᠩ ᠬᠤᠸᠠᠩ | ᠲᠠᠢ ᠠᠭᠤᠯᠵᠠᠯᠠᠯᠳᠠ ᠬᠢᠯᠭᠡᠵᠤ᠂ ᠯᠢ ᠰᠢ ᠨᠠᠷ ᠲᠠᠢ ᠱᠠᠩ ᠬᠤᠸᠠᠩ ᠳᠤ ᠶᠤᠰᠤ ᠬᠦᠢᠴᠡᠳᠭᠡᠵᠤ᠂ ᠲᠠᠢ ᠱᠠᠩ | ᠬᠤᠸᠠᠩ ᠬᠡᠯᠡᠷᠤᠨ ︽ᠮᠡᠬᠦᠰ ᠪᠢ ᠠᠪᠠᠨ ᠳᠤ ᠭᠠᠷᠬᠤ ᠭᠡᠵᠤ ᠪᠤᠭᠤᠮᠳᠠ ᠠᠴᠠ ᠭᠠᠷᠤᠭᠰᠠᠨ ᠪᠤᠰᠤ᠂ ᠠᠷᠠᠳ ᠤᠨ | ᠠᠮᠤᠷ ᠲᠦᠪᠰᠢᠨ ᠠᠮᠢᠳᠤᠷᠠᠬᠤ ᠶᠢᠨ ᠲᠦᠯᠤᠭᠡ ᠭᠠᠷᠤᠭᠰᠠᠨ ᠪᠢᠯᠡ᠂ ᠭᠡᠳᠡᠯ᠎ᠡ ᠡᠨᠡ ᠤᠷᠤᠨ ᠳᠤ ᠬᠤᠷᠢᠭᠳᠠᠪᠠ᠃ | ᠪᠦᠷ ᠸᠠᠩ ᠵᠧᠨ ᠤ ᠰᠢᠯᠳᠠᠭᠠᠨ ᠪᠤᠯᠤᠨ᠎ᠠ᠃ ᠡᠳᠤᠭᠡ ᠡᠰᠡᠨ ᠲᠠᠶᠢᠱᠢ ᠨᠠᠳᠠ ᠶᠢ ᠦᠨᠡᠨ ᠰᠡᠳᠬᠢᠯ ᠠᠴᠠ ᠤᠯᠤᠰ | ᠵᠦᠭ ᠬᠦᠷᠭᠡᠬᠦ ᠭᠡᠰᠡᠨ ᠳᠤ ᠰᠢ ᠨᠢᠩ ᠭᠡᠳᠤᠨ ᠤᠳᠠᠭ᠎ᠠ᠂ ᠴᠡᠷᠢᠭ ᠲᠠᠶᠢᠴᠢᠯᠠᠨ ᠬᠢᠵᠤ ᠦᠳᠤᠭᠡᠨ ᠬᠤᠷᠢᠭᠯᠠᠪᠠ᠃ | ᠡᠳᠤᠭᠡ ᠸᠠᠩ ᠵᠧᠨ᠂ ᠰᠢ ᠨᠢᠩ ᠪᠦᠷ ᠦᠬᠦᠪᠡ︾ ᠭᠡᠰᠡᠨ ᠤ ᠲᠠᠷᠠᠭ᠎ᠠ ᠪᠤᠭᠳᠠ ᠲᠠᠶᠢᠭᠡᠤ ᠶᠢᠨ ᠠᠮᠤᠷ ᠢ ᠠᠰᠠᠭᠤᠵᠤ | ᠤᠯᠠᠨ ᠲᠦᠰᠢᠮᠡᠯ ᠤᠨ ᠪᠠᠶᠢᠳᠠᠯ ᠢ ᠠᠰᠠᠭᠤᠭᠰᠠᠨ ᠰᠡᠬᠦᠯᠡᠷ ︽ᠦᠳᠤᠯᠭᠡ ᠨᠠᠰᠤᠨ ᠳᠠᠭᠠᠨ ᠡᠨᠡ ᠭᠠᠵᠠᠷ ᠯᠢ ᠱᠢ ᠲᠠᠨ | ᠲᠠᠢ ᠠᠭᠤᠯᠵᠠᠪᠠ᠃ ᠬᠤᠪᠴᠠᠰᠤ ᠮᠠᠯᠠᠭᠠᠢ᠂ ᠭᠤᠳᠤᠯ ᠠᠪᠴᠢᠷᠠᠭᠰᠠᠨ ᠤᠤ︖︾ ᠭᠡᠵᠤ ᠠᠰᠠᠭᠤᠭᠰᠠᠨ ᠳᠤ ᠯᠢ | ᠱᠢ ᠬᠡᠯᠡᠷᠤᠨ ︽ᠮᠤᠩᠭᠤᠯ ᠠᠴᠠ ᠡᠰᠢ ᠲᠡᠰᠢ ᠬᠦᠮᠤᠨ ᠶᠠᠪᠤᠯᠴᠠᠵᠤ᠂ ᠲᠡᠷᠭᠡ ᠬᠦᠯᠤᠰᠢᠨ ᠬᠠᠮᠢᠭ᠎ᠠ ᠪᠠᠶᠢᠬᠤ ᠶᠢ | ᠮᠡᠳᠡᠬᠦ ᠦᠭᠡᠢ ᠪᠦᠭᠡᠳ ᠤᠷᠳᠤᠨ ᠠᠴᠠ ᠨᠢᠭᠡᠴᠤ ᠬᠡᠯᠡᠭᠰᠡᠨ ᠦᠭᠡᠢ ᠪᠤᠯᠬᠤᠷ ᠲᠦᠰᠢᠮᠡᠯ ᠪᠢᠳᠡ ᠶᠠᠭᠤ ᠴᠤ | ᠠᠪᠴᠢᠷᠠᠭᠰᠠᠨ ᠦᠭᠡᠢ︾ ᠭᠡᠪᠡ᠃ ᠲᠠᠢ ᠱᠠᠩ ᠬᠤᠸᠠᠩ ᠳᠤ ᠭᠠᠭᠴᠠ ᠠᠯᠳᠠᠨ ᠯᠤᠤᠳᠤ ᠬᠠᠳᠬᠤᠮᠠᠯᠳᠤ ᠲᠡᠷᠡ | ᠪᠠᠶᠢᠬᠤ ᠠᠴᠠ ᠦᠭᠡᠷ᠎ᠡ ᠶᠠᠭᠤᠮ᠎ᠠ ᠦᠭᠡᠢ᠂ ᠯᠢ ᠱᠢ ᠨᠠᠷ ᠠᠪᠴᠢᠷᠠᠭᠰᠠᠨ ᠢᠳᠡᠭᠡᠨ ᠤ ᠰᠠᠪᠠ᠂ ᠠᠷᠢᠬᠢ᠂ | ᠪᠤᠯᠭᠤᠭᠰᠠᠨ ᠮᠢᠬ᠎ᠠ ᠪᠠᠨ ᠬᠠᠭᠠᠨ ᠳᠠᠭᠠᠨ ᠡᠷᠬᠦᠨ ᠪᠠᠷᠢᠪᠠ᠃ ᠲᠠᠷᠠᠭ᠎ᠠ ᠪᠠᠷ ᠠᠪᠴᠢᠷᠠᠭᠰᠠᠨ ᠠᠮᠤ ᠪᠤᠳᠠᠭ᠎ᠠ ᠪᠠᠨ | ᠡᠷᠬᠦᠨ ᠪᠠᠷᠢᠪᠠ᠃ ᠲᠠᠢ ᠱᠠᠩ ᠬᠤᠸᠠᠩ ︽ᠡᠳᠡᠭᠡᠷ ᠪᠦᠷ ᠪᠠᠭ᠎ᠠ ᠭᠡᠷᠡᠭ᠂ ᠲᠠ ᠨᠠᠳᠠ ᠶᠢ ᠤᠭᠳᠤᠬᠤ ᠨᠢ ᠶᠡᠭᠡ | ᠤᠴᠢᠷ︾ ᠭᠡᠪᠡ᠃ ᠯᠢ ᠱᠢ ᠨᠠᠷ ᠸᠠᠩ ᠵᠧᠨ ᠨᠠᠷ ᠤᠨ ᠶᠠᠯ᠎ᠠ ᠶᠢ ᠲᠤᠭᠠᠴᠢᠵᠤ᠂ ᠲᠠᠢ ᠱᠠᠩ ᠬᠤᠸᠠᠩ ︽ᠸᠠᠩ | ᠵᠧᠨ ᠭᠡᠷᠡᠭ ᠭᠠᠷᠬᠤ ᠠᠴᠠ ᠡᠮᠤᠨ᠎ᠡ ᠨᠢᠭᠡ ᠬᠦᠮᠤᠨ ᠨᠠᠳᠠᠳᠤ ᠶᠠᠯ᠎ᠠ ᠶᠢ ᠨᠢ ᠲᠤᠭᠠᠴᠢᠨ ᠬᠡᠯᠡᠭᠰᠡᠨ ᠦᠭᠡᠢ︖ ᠮᠡᠬᠦᠰ | ᠪᠢ ᠲᠡᠬᠦᠨ ᠤ ᠵᠠᠯᠢᠬᠠᠢ ᠶᠢ ᠮᠡᠳᠡᠷᠡᠭᠰᠡᠨ ᠦᠭᠡᠢ ᠪᠤᠯᠬᠤᠷ ᠡᠨᠡ ᠠᠨᠤ ᠮᠡᠬᠦᠰ ᠮᠢᠨᠢ ᠪᠤᠷᠤᠭᠤ ᠪᠤᠯᠤᠨ᠎ᠠ︾ ᠭᠡᠵᠤ | ᠬᠡᠯᠡᠪᠡ᠃ ᠤᠳᠠᠯ ᠦᠭᠡᠢ ᠪᠠᠶᠠᠠᠲ᠋ᠡᠮᠦᠷ ᠢᠷᠡᠵᠤ ᠲᠠᠢ ᠱᠠᠩ ᠭᠤᠸᠠᠩ ᠬᠠᠮᠳᠤ ᠪᠠᠷ ᠠᠷᠢᠬᠢ ᠤᠤᠭᠤᠵᠤ | ᠲᠠᠭᠤᠰᠤᠭᠰᠠᠨ ᠤ ᠰᠡᠬᠦᠯᠡᠷ ᠯᠢ ᠱᠢ ᠲᠠᠢ ᠱᠠᠩ ᠬᠤᠸᠠᠩ ᠤᠨ ᠲᠡᠷᠭᠡᠳᠡ ᠬᠠᠮᠳᠤ ᠬᠤᠨᠤᠬᠤ ᠭᠡᠰᠡᠨ ᠳᠤ ᠮᠤᠩᠭᠤᠯ | ᠤᠨ ᠲᠠᠯ᠎ᠠ ᠠᠴᠠ ᠯᠢ ᠱᠢ ᠶᠢ ᠡᠰᠡᠨ ᠬᠠᠭᠠᠨ ᠲᠠᠢ ᠬᠠᠮᠳᠤ ᠴᠡᠷᠢᠭ ᠤᠨ ᠬᠤᠷᠢᠶᠠᠨ ᠳᠤ ᠰᠦᠨᠢ ᠬᠤᠨᠤᠭᠤᠯᠪᠠ᠃ | 13 ᠤ ᠡᠳᠤᠷ ᠡᠰᠡᠨ ᠬᠠᠭᠠᠨ ᠯᠢ ᠱᠢ ᠶᠢ ᠠᠷᠢᠬᠢ ᠪᠠᠷ ᠵᠤᠴᠢᠯᠠᠵᠤ ᠬᠡᠯᠡᠷᠤᠨ ︽ᠲᠠ ᠦᠨᠡᠭᠡᠷ ᠲᠠᠢ ᠱᠠᠩ | ᠬᠤᠸᠠᠩ ᠶᠢᠨ ᠰᠠᠨᠠᠬᠤ ᠤᠤ︖︾ ᠭᠡᠰᠡᠨ ᠳᠤ ᠯᠢ ᠱᠢ ᠬᠡᠯᠡᠷᠤᠨ ︽ᠬᠠᠭᠠᠨ ᠡᠴᠢᠭᠡ ᠵᠤᠪᠠᠯᠠᠩ ᠲᠠᠢ ᠲᠤᠯᠠ | ᠲᠦᠰᠢᠮᠡᠯ ᠪᠢᠳᠡ ᠰᠠᠨᠠᠬᠤ ᠨᠢ ᠮᠡᠳᠡᠭᠡᠵᠢ ᠶᠢᠨ ᠭᠡᠷᠡᠭ︾᠂ ᠡᠰᠡᠨ ᠬᠡᠯᠡᠷᠤᠨ ︽ᠲᠠᠨᠠᠷ ᠬᠠᠭᠠᠨ ᠡᠵᠡᠨ ᠢᠶᠠᠷ ᠰᠠᠨᠠᠬᠤ | ᠪᠤᠯ ᠶᠠᠭᠤᠨ ᠳᠤ ᠤᠯᠤᠰ ᠲᠠᠭᠠᠨ ᠠᠪᠴᠤ ᠶᠠᠪᠤᠬᠤ ᠦᠭᠡᠢ ᠪᠤᠢ︖︾ ᠭᠡᠰᠡᠨ ᠳᠤ ᠯᠢ ᠱᠢ ᠤᠯᠤᠰ ᠲᠠᠭᠠᠨ | ᠤᠭᠳᠤᠨ ᠠᠪᠴᠢᠬᠤ ᠰᠠᠨᠠᠯ ᠢᠶᠠᠨ ᠬᠡᠯᠡᠨ ᠭᠠᠷᠭᠠᠭᠰᠠᠨ ᠳᠤ᠂ ᠡᠰᠡᠨ ᠵᠦᠪᠰᠢᠶᠡᠷᠡᠪᠡ᠃ ᠪᠠᠶᠠᠲ᠋ᠡᠮᠦᠷ ︽ᠪᠡᠯᠡᠭ | ᠪᠡᠯᠡᠳᠭᠡᠭᠰᠡᠨ ᠦᠭᠡᠢ︾ ᠭᠡᠰᠡᠨ ᠡᠰᠡᠨ ︽ᠪᠠᠶᠢᠭ᠎ᠠ︾ ᠭᠡᠪᠡ᠃ ᠯᠢ ᠱᠢ ᠡᠰᠡᠨ ᠪᠠᠶᠠᠠᠲ᠋ᠡᠮᠦᠷ ᠲᠠᠢ ᠬᠡᠯᠡᠯᠴᠡᠬᠦ ᠳᠤ | ᠪᠠᠶᠠᠠᠲ᠋ᠡᠮᠦᠷ ᠤᠨ ᠬᠠᠳᠤᠨ ᠰᠤᠪᠤᠳ ᠡᠷᠳᠡᠨᠢ ᠪᠠᠷ ᠲᠤᠯᠤᠭᠠᠢ ᠪᠠᠨ ᠴᠢᠮᠡᠭᠯᠡᠵᠤ ᠮᠢᠬ᠎ᠠ ᠴᠠᠭᠠᠨ ᠢᠳᠡᠭᠡᠨ ᠲᠠᠯᠪᠢᠵᠤ | ᠰᠢᠩᠯᠡᠬᠦᠷ ᠦᠯᠢᠶᠡᠵᠤ᠂ ᠬᠤᠭᠤᠷ ᠲᠠᠳᠠᠵᠤ ᠨᠠᠶᠢᠷᠠᠯᠳᠤᠪᠠ᠃ | 14 ᠤ ᠡᠳᠤᠷ ᠡᠰᠡᠨ ᠬᠠᠭᠠᠨ ᠪᠠᠷᠠᠭᠤᠨ ᠴᠧᠩᠰᠢᠶᠠᠩ ᠪᠠᠳᠤ ᠶᠢ ᠯᠢ ᠱᠢ ᠶᠢ ᠪᠤᠯᠠᠭ᠎ᠠ ᠶᠢᠨ ᠬᠠᠮᠳᠤ ᠠᠷᠠᠰᠤ ᠮᠤᠷᠢ | ᠵᠡᠷᠭᠡ ᠪᠡᠯᠡᠭ ᠪᠠᠷ ᠤᠯᠤᠰ ᠵᠦᠭ ᠨᠢ ᠬᠦᠷᠭᠡᠵᠤ᠂ ᠱᠠᠩ ᠱᠤ᠋ ᠲᠤᠷᠬᠠᠨ ᠲᠤᠮᠢᠯᠠᠵᠤ ᠯᠦᠸᠧ ᠴᠢ ᠲᠠᠢ ᠬᠠᠮᠳᠤ | ᠲᠤᠮᠢᠯᠠᠵᠤ ᠳ᠋ᠠ ᠲᠦᠡᠭ ᠠᠴᠠ ᠮᠤᠩᠭᠤᠯ ᠴᠡᠷᠢᠭ ᠪᠠᠨ ᠤᠬᠤᠷᠢᠭᠤᠯᠵᠤ ᠬᠢᠵᠠᠭᠠᠷ ᠢ ᠡᠪᠳᠡᠬᠦ ᠪᠠᠨ ᠲᠦᠷ | ᠵᠤᠭᠰᠤᠭᠠᠪᠠ᠃ ᠯᠢ ᠱᠢ ᠤᠯᠤᠰ ᠵᠦᠭ ᠢᠶᠠᠨ ᠡᠷᠬᠢᠬᠦ ᠳᠤ ᠲᠠᠢ ᠱᠠᠩ ᠬᠤᠸᠠᠩ ᠪᠢᠴᠢᠭ ᠭᠠᠷᠭᠠᠵᠤ ᠯᠢ ᠱᠢ ᠳᠤ | ᠲᠤᠰᠢᠶᠠᠵᠤ᠂ ᠨᠢᠭᠡ ᠨᠢ ᠪᠤᠭᠳᠠ ᠲᠠᠶᠢᠭᠡᠤ ᠶᠢᠨ ᠠᠮᠤᠷ ᠢ ᠠᠰᠠᠭᠤᠵᠤ᠂ ᠬᠤᠶᠠᠷ ᠨᠢ ᠰᠢᠨ᠎ᠡ ᠬᠠᠭᠠᠨ ᠳᠤ ᠦᠭᠴᠤ᠂ | ᠭᠤᠷᠪᠠ ᠨᠢ ᠤᠯᠠᠨ ᠲᠦᠰᠢᠮᠡᠯ ᠳᠤ ᠬᠦᠷᠭᠡᠪᠡ᠃ ᠪᠠᠶᠠᠠᠲ᠋ᠡᠮᠦᠷ ᠯᠢ ᠱᠢ ᠳᠤ ᠲᠦᠷᠭᠡᠨ ᠨᠠᠶᠢᠷᠠᠮᠳᠠᠬᠤ ᠶᠢ ᠬᠦᠰᠡᠵᠤ᠂ | ᠡᠰᠡᠨ ᠤ ᠬᠦᠤ ᠶᠢ ᠵᠢᠭᠠᠵᠤ ︽ᠡᠨᠡ ᠬᠦᠤ ᠲᠠᠨ ᠤ ᠲᠦᠷᠤ ᠲᠠᠢ ᠤᠷᠤᠭ ᠤᠨ ᠭᠤᠶᠤᠴᠢᠯᠠᠯ ᠲᠠᠢ︾ ᠭᠡᠰᠨ ᠯᠢ ᠰᠢ | ᠬᠠᠷᠢᠭᠤ ᠡᠮᠢᠶᠡᠵᠤ ᠬᠡᠯᠡᠭᠰᠡᠨ ᠦᠭᠡᠢ᠃ | 19 ᠤ ᠡᠳᠤᠷ ᠯᠢ ᠱᠢ ᠬᠤᠸᠠᠢ ᠯᠠᠢ ᠳᠤ ᠬᠦᠷᠴᠤ᠂ ᠪᠠᠷᠠᠭᠤᠨ ᠳᠤ ᠢᠤᠢ ᠰᠢ ᠲᠦᠰᠢᠮᠡᠯ ᠶᠠᠩ ᠱᠠᠨ᠂ ᠱᠢ ᠯᠠᠩ | ᠲᠦᠰᠢᠮᠡᠯ ᠵᠤᠤ ᠷᠦᠡᠭ᠂ ᠪᠤᠬ᠎ᠠ ᠶᠢᠨ ᠲᠤᠮᠢᠯᠠᠭᠰᠠᠨ ᠫᠠᠷᠮᠠ ᠲᠠᠢ ᠠᠭᠤᠯᠵᠠᠪᠠ᠃ ᠲᠤᠬᠠᠢ ᠶᠢᠨ ᠦᠶ᠎ᠡ ᠳᠤ᠂ | ᠦᠨᠡᠨ ᠳᠡᠭᠡᠨ ᠤᠶᠢᠷᠠᠳ ᠤᠨ ᠭᠡᠷᠡᠭ ᠪᠦᠷ ᠡᠰᠡᠨ ᠡᠷᠭᠡ ᠮᠡᠳᠡᠵᠤ᠂ ᠴᠡᠷᠢᠭ ᠤᠨ ᠬᠦᠴᠤᠨ ᠪᠤᠬ᠎ᠠ ᠠᠴᠠ ᠬᠤᠯᠠ | ᠬᠦᠴᠦᠷᠭᠡᠭ᠂ ᠡᠮᠤᠨᠡᠰᠢ ᠲᠤᠪᠳᠤᠯᠠᠬᠤ ᠳᠤ ᠠᠰᠢᠭ ᠶᠢ ᠪᠦᠷ ᠡᠰᠡᠨ ᠤᠯᠤᠭᠰᠠᠨ ᠪᠤᠯᠬᠤᠷ ᠪᠤᠬ᠎ᠠ ᠢᠴᠢᠬᠦᠷᠢᠳᠠᠢ | ᠭᠡᠵᠤ ᠬᠡᠯᠡᠨ᠎ᠡ᠃ ᠯᠢ ᠱᠢ ᠨᠡᠶᠢᠰᠯᠡᠯ ᠳᠡᠭᠡᠨ ᠢᠷᠡᠵᠤ᠂ ᠮᠤᠩᠭᠤᠯ ᠴᠡᠷᠢᠭ ᠪᠠᠰᠠ ᠬᠤᠶᠢᠰᠢ ᠤᠬᠤᠷᠢᠨ ᠶᠠᠪᠤᠵᠠᠢ᠃ | 29 ᠤ ᠡᠳᠤᠷ ᠶᠠᠩ ᠱᠠᠨ ᠡᠰᠡᠨ ᠤ ᠰᠠᠭᠤᠭ᠎ᠠ ᠤᠷᠤᠨ ᠳᠤ ᠬᠦᠷᠬᠦ ᠳᠤ ᠡᠰᠡᠨ ᠠᠪᠠᠯᠠᠬᠤ ᠪᠠᠷ ᠶᠠᠪᠤᠵᠤ᠂ 8 ᠰᠠᠷ᠎ᠠ | ᠶᠢᠨ 2 ᠤ ᠡᠳᠤᠷ ᠰᠠᠶ᠋ᠢ ᠬᠠᠷᠢᠵᠤ ᠢᠷᠡᠵᠤ ᠶᠠᠩ ᠱᠠᠨ ᠲᠠᠢ ᠠᠭᠤᠯᠵᠠᠯᠳᠠ ᠬᠢᠪᠡ᠃ ᠲᠠᠢ ᠱᠠᠩ ᠬᠤᠸᠠᠩ ᠶᠤᠸᠠᠨ | ᠪᠢᠨ ᠢ ᠲᠤᠮᠢᠯᠠᠵᠤ ᠤᠴᠠᠷᠠᠬᠤ ᠭᠡᠬᠦ ᠳᠤ ᠶᠤᠸᠠᠨ ᠪᠢᠨ ᠬᠠᠨᠵᠤ ᠲᠡᠭᠡᠷ᠎ᠡ ᠭᠡᠪᠳᠡᠵᠤ ᠪᠤᠰᠴᠤ ᠴᠢᠳᠠᠬᠤ ᠦᠭᠡᠢ ᠪᠢ | ᠲᠠᠭᠵᠢᠨ ᠴᠡᠴᠡᠷᠡᠭᠰᠡᠨ ᠳᠤ ᠲᠠᠢ ᠱᠠᠩ ᠬᠤᠸᠠᠩ ᠮᠦᠷᠤ ᠲᠠᠯ᠎ᠠ ᠶᠢ ᠨᠢ ᠬᠦᠳᠡᠯᠭᠡᠵᠤ ᠰᠢᠩᠭᠡᠨ ᠪᠤᠳᠠᠭ᠎ᠠ ᠢᠳᠡᠵᠤ | ᠬᠦᠯᠤᠰᠤ ᠭᠠᠷᠭᠠᠵᠤ ᠪᠡᠶ᠎ᠡ ᠶᠢ ᠨᠢ ᠰᠠᠶᠢᠵᠢᠷᠠᠭᠤᠯᠪᠠ᠃ ᠡᠰᠡᠨ ᠬᠠᠭᠠᠨ ᠶᠠᠩ ᠱᠠᠨ ᠳᠤ ︽ᠬᠠᠭᠠᠨ ᠡᠵᠡᠨ ᠢ ᠴᠢᠨᠢ | ᠪᠢᠳᠡ ᠤᠯᠤᠰ ᠲᠤᠨᠢ ᠬᠦᠷᠭᠡᠶ᠎ᠡ︾ ᠭᠡᠰᠡᠨ ᠳᠤ ᠫᠢᠡ ᠵᠠᠩ ᠠᠡᠭ ᠺᠧ ᠬᠡᠯᠡᠷᠤᠨ ︽ᠶᠠᠮᠪᠠᠷ ᠪᠡᠯᠡᠭ ᠬᠦᠷᠭᠡᠬᠦ ᠪᠤᠢ︾ | ᠭᠡᠰᠡᠨ ᠳᠤ ᠶᠠᠩ ᠱᠠᠨ ᠠᠴᠠ ︽ᠲᠠᠶᠢᠱᠢ ᠮᠠᠨ ᠤ ᠡᠵᠡᠨ ᠢ ᠬᠦᠨᠳᠤᠳᠭᠡᠨ ᠬᠦᠷᠭᠡᠬᠦ ᠨᠢ ᠪᠠᠰᠠ ᠶᠠᠮᠪᠠᠷ ᠪᠡᠯᠡᠭ ᠠᠪᠬᠤ | ᠪᠤᠢ︾᠂ ︽ᠲᠦᠷᠤ ᠵᠠᠰᠠᠭ᠂ ᠲᠦᠰᠢᠮᠡᠯ ᠦᠷ᠎ᠡ ᠬᠡᠤᠬᠡᠳ ᠪᠦᠷ ᠲᠠᠶᠢᠰᠢ ᠶᠢᠨ ᠡᠨᠡᠷᠢᠯ ᠬᠠᠶᠢᠷ᠎ᠠ ᠲᠠᠯᠠᠷᠬᠠᠵᠤ ᠶᠠᠭᠤᠨ | ᠤ ᠪᠡᠯᠡᠭ ᠠᠪᠬᠤ ᠪᠤᠢ︾᠂ ᠡᠰᠡᠨ ᠬᠡᠯᠡᠷᠤᠨ ︽ᠠᠡᠭ ᠺᠧ ᠲᠤᠬᠢᠷᠠᠬᠤ ᠦᠭᠡᠢ ᠭᠡᠰᠡᠨ ᠪᠤᠯᠪᠠᠴᠤ ᠪᠢ ᠬᠤᠵᠢᠮ ᠤᠨ | ᠨᠡᠷ᠎ᠡ ᠪᠠᠨ ᠪᠤᠳᠤᠵᠤ ᠪᠤᠢ︾ ᠭᠡᠬᠦ ᠳᠤ ᠶᠠᠩ ᠱᠠᠨ ᠵᠡᠷᠭᠡ ︽ᠰᠠᠶᠢᠨ ᠡᠷ᠎ᠡ᠂ ᠰᠠᠶᠢᠨ ᠡᠷ᠎ᠡ︾ ᠭᠡᠵᠤ ᠰᠠᠶᠢᠰᠢᠶᠠᠪᠠ᠃ | | 3 ᠰᠠᠷ᠎ᠠ ᠶᠢᠨ 3 ᠤ ᠡᠳᠤᠷ ᠶᠠᠩ ᠱᠠᠨ ᠵᠡᠷᠭᠡ ᠪᠠᠶᠠᠲ᠋ᠡᠮᠦᠷ ᠤᠨ ᠭᠡᠷ ᠲᠤ ᠲᠠᠢ ᠱᠠᠩ ᠬᠤᠸᠠᠩ ᠲᠠᠢ ᠠᠭᠤᠯᠵᠠᠯᠳᠠ | ᠬᠢᠪᠡ᠃ | 4 ᠤ ᠡᠳᠤᠷ ᠡᠰᠡᠨ ᠲᠠᠢ ᠱᠠᠩ ᠬᠤᠸᠠᠩ ᠢ ᠤᠷᠳᠤᠨ ᠳᠠᠭᠠᠨ ᠲᠠᠶᠢᠯᠠᠵᠤ ᠬᠦᠷᠬᠦ ᠶᠤᠰᠤᠯᠠᠯ ᠬᠢᠵᠤ᠂ ᠡᠰᠡᠨ ᠦᠪᠡᠷ | ᠢᠶᠠᠨ ᠫᠢᠪᠠ ᠪᠠᠷ ᠬᠦᠭᠵᠢᠮᠳᠡᠵᠤ᠂ ᠬᠠᠳᠤᠨ ᠨᠢ ᠠᠷᠢᠬᠢ ᠪᠠᠷᠢᠪᠠ᠃ ᠶᠠᠩ ᠱᠠᠨ ᠠᠷᠢᠬᠢ ᠤᠤᠭᠤᠵᠤ ᠲᠦᠰᠢᠮᠡᠯ ᠤᠨ | ᠶᠤᠰᠤᠯᠠᠯ ᠢ ᠬᠢᠭᠰᠡᠨ ᠳᠤ ᠡᠰᠡᠨ ︽ᠲᠤᠮᠳᠠᠳᠤ ᠤᠯᠤᠰ ᠶᠤᠰᠤᠯᠠᠯ ᠰᠠᠶᠢᠨ︾ ᠭᠡᠪᠡ᠃ ᠪᠤᠳᠠᠭᠠᠨ ᠤ ᠲᠠᠷᠠᠭ᠎ᠠ ᠡᠰᠡᠨ᠂ | ᠲᠠᠢ ᠱᠠᠩ ᠬᠤᠸᠠᠩ ᠢ ᠭᠡᠳᠤᠨ ᠠᠷᠪᠠᠨ ᠤᠯᠵᠠᠯᠠᠭᠳᠠᠭᠰᠠᠳ ᠲᠠᠢ ᠬᠠᠮᠳᠦ ᠬᠦᠷᠭᠡᠵᠤ᠂ ᠲᠠᠢ ᠱᠠᠩ ᠬᠤᠸᠠᠩ | ᠮᠤᠷᠢ ᠤᠨᠤᠵᠤ ᠤᠯᠤᠰ ᠵᠦᠭ ᠢᠶᠠᠨ ᠡᠷᠬᠢᠵᠤ ᠮᠤᠷᠢᠯᠠᠪᠠ᠃ | 8 ᠤ ᠡᠳᠤᠷ ᠪᠠᠶᠠᠠᠲ᠋ᠡᠮᠦᠷ ᠲᠤᠰᠬᠠᠢ ᠬᠠᠮᠠᠭᠠᠯᠠᠨ ᠬᠦᠷᠭᠡᠵᠤ᠂ ᠲᠠᠢ ᠱᠠᠩ ᠬᠤᠸᠠᠩ 11 ᠤ ᠡᠳᠤᠷ ᠦᠨᠡᠭᠡᠨ | ᠲᠠᠪᠠᠭ᠎ᠠ ᠳᠤ ᠬᠤᠨᠤᠭᠯᠠᠵᠤ᠂14 ᠤ ᠡᠳᠤᠷ ᠬᠤᠸᠠᠢ ᠯᠠᠢ ᠳᠤ ᠬᠤᠨᠤᠭᠯᠠᠵᠤ᠂ 15 ᠤ ᠡᠳᠤᠷ ᠲᠠᠩ ᠵᠢᠶᠠ ᠯᠢᠩ | ᠳᠤ ᠬᠤᠨᠤᠭᠯᠠᠵᠤ᠂ ᠲᠤᠳᠤᠭᠠᠳᠤ ᠲᠦᠰᠢᠮᠡᠯ ᠰᠢᠤᠢ ᠪᠢᠨ᠂ ᠱᠠᠩ ᠯᠦᠸᠧ ᠤᠭᠳᠤᠬᠤ ᠪᠠᠷ ᠢᠷᠡᠵᠤ᠂ 16 ᠤ | ᠡᠳᠤᠷ ᠳ᠋ᠦᠡᠭ ᠠᠨ ᠮᠧᠨ ᠬᠠᠭᠠᠯᠭ᠎ᠠ ᠪᠠᠷ ᠨᠡᠶᠢᠰᠯᠡᠯ ᠬᠤᠳᠠ ᠳᠤ ᠤᠷᠤᠵᠤ᠂ ᠳ᠋ᠠᠢ ᠽᠦᠡᠭ ᠬᠠᠭᠠᠨ ᠤᠭᠳᠤᠵᠤ᠂ | ᠲᠠᠢ ᠱᠠᠩ ᠬᠤᠸᠠᠩ ᠲᠠᠢ ᠶᠤᠰᠤᠯᠠᠯ ᠬᠢᠵᠤ ᠲᠡᠪᠡᠷᠢᠯᠴᠡᠵᠤ ᠤᠬᠢᠯᠠᠪᠠ᠃ | | | | |