ᠬᠠᠰ ᠫᠠᠶᠢᠽᠢ ᠠᠷᠪᠠ᠂ 6᠂ 7 ᠲᠤᠬᠤᠢ ᠦᠨᠳᠦᠷ ᠱᠢᠷᠤ ᠶᠢᠨ ᠮᠤᠳᠤ 5 ᠂ 7 ᠰᠠᠭᠤᠷᠢ ᠂ ᠠᠯᠳᠠ ᠮᠦᠩᠬᠦ | ᠠᠷᠪᠠᠨ ᠬᠦᠮᠤᠷᠭᠡ︔ ᠮᠤᠷᠢ ᠲᠦᠮᠡ ᠢᠯᠡᠬᠦᠤ᠂ ᠪᠦᠷ ᠤᠯᠤᠰ ᠤᠨ ᠰᠠᠩ ᠳᠤ ᠲᠤᠰᠢᠶᠠᠪᠠ᠃ ᠸᠠᠩ ᠵᠧᠨ ᠤ ᠠᠴᠢ | ᠬᠦᠤ ᠸᠠᠩ ᠱᠠᠨ ᠵᠢᠴᠢ ᠤᠭᠰᠠᠭ᠎ᠠ ᠶᠢ ᠪᠦᠷ ᠴᠠᠪᠴᠢᠨ ᠠᠯᠠᠵᠤ᠂ ᠬᠡᠭᠦᠷ ᠢ ᠨᠢ ᠵᠡᠭᠡᠯᠢ ᠳᠤ ᠲᠡᠯᠭᠡᠨ ᠬᠦᠮᠤᠨ ᠳᠤ | ᠦᠵᠡᠬᠦᠯᠪᠡ᠃ ᠸᠠᠩ ᠱᠠᠨ ᠤ ᠲᠡᠬᠦᠤ ᠸᠠᠩ ᠯᠢᠨ ᠨᠢ ᠯᠠᠩᠱᠠᠨ ᠤ ᠭᠠᠵᠠᠷ ᠮᠤᠩᠭᠤᠯ ᠴᠡᠷᠢᠭ ᠲᠤ ᠠᠯᠠᠭᠳᠠᠵᠠᠢ᠃ | ᠲᠡᠷᠡ ᠨᠢᠭᠡ ᠬᠦᠮᠤᠨ ᠵᠠᠭᠤᠭᠠᠳ ᠡᠭᠡᠨᠡᠷ ᠡᠮ᠎ᠡ ᠲᠠᠢ ᠪᠠᠶᠢᠵᠤ ᠬᠠᠷᠬᠢᠰ ᠤᠨ ᠲᠤᠶᠢᠯ ᠳᠤ ᠬᠦᠷᠴᠠᠢ᠃ | 22 ᠤ ᠡᠳᠤᠷ ᠮᠤᠩᠭᠤᠯ ᠴᠡᠷᠢᠭ ᠮᠢᠩ ᠢᠡᠭ ᠽᠦᠡᠭ ᠬᠠᠭᠠᠨ ᠢ ᠳ᠋ᠠ ᠲᠦᠡᠭ ᠳᠤ ᠲᠠᠷᠤᠨ ᠠᠪᠴᠢᠷᠠᠬᠤ ᠳᠤ᠂ | ᠬᠤᠳᠠ ᠶᠢᠨ ᠡᠬᠦᠳᠡᠨ ᠨᠡᠭᠡᠭᠰᠡᠨ ᠦᠭᠡᠢ ᠪᠤᠯᠬᠤᠷ ᠮᠢᠩ ᠤᠨ ᠬᠠᠭᠠᠨ ᠢ ᠲᠠᠭᠠᠭᠴᠢ ᠲᠦᠰᠢᠮᠡᠯ ᠶᠤᠸᠠᠨ ᠪᠢᠨ | ᠦᠨᠳᠦᠷ ᠲᠠᠭᠤᠨ ᠢᠶᠠᠷ ᠬᠠᠰᠬᠢᠷᠴᠤ ᠲᠤᠯᠤᠭᠠᠢ ᠪᠠᠷ ᠡᠬᠦᠳᠡ ᠶᠢ ᠮᠦᠷᠬᠦᠭᠰᠡᠨ ᠳᠤ ᠰᠠᠶ᠋ᠢ ᠬᠤᠳᠠ ᠳᠤ | ᠤᠷᠤᠭᠤᠯᠵᠠᠢ᠃ ᠮᠢᠩ ᠤᠨ ᠬᠠᠭᠠᠨ ᠢ ᠲᠠᠭᠠᠨ ᠢᠷᠡᠭᠰᠡᠨ ᠭᠤᠸᠠᠩ ᠨᠢᠩ ᠪᠦᠸᠧ ᠯᠢᠤ ᠠᠨ᠂ ᠭᠡᠷᠡᠭ ᠮᠡᠳᠡᠭᠴᠢ | ᠰᠦᠨ ᠰᠢᠶᠠᠩ᠂ ᡁᠢ ᠹᠦ᠋ ᠡᠾᠸᠤᠸ᠋ ᠰᠢᠤᠸᠠᠨ ᠯᠤᠤ ᠬᠠᠳᠬᠤᠭᠰᠠᠨ ᠮᠠᠩᠨᠤᠭ ᠲᠡᠪᠡᠯ ᠢᠶᠠᠷ ᠠᠭᠤᠯᠵᠠᠯᠠᠯᠳᠠ ᠬᠢᠭᠰᠡᠨ | ᠳᠤ ᠢᠡᠭ ᠽᠦᠡᠭ ᠬᠠᠭᠠᠨ ︽ᠡᠳᠡᠭᠡᠷ ᠲᠡᠪᠡᠯ ᠢ ᠭᠡᠷᠡᠭ ᠮᠡᠳᠡᠭᠴᠢ ᠪᠠᠶᠠᠠᠲ᠋ᠡᠮᠦᠷ᠂ ᠡᠰᠡ ᠬᠠᠭᠠᠨ ᠲᠡᠬᠦᠤ ᠰᠠᠶᠢᠬᠠᠨ | ᠳᠤ ᠪᠡᠯᠡᠭ ᠪᠤᠯᠭᠠᠨ ᠬᠦᠷᠭᠡᠭᠳᠤᠨ︾᠂ ᠢᠡᠭ ᠽᠦᠡᠭ ᠬᠠᠭᠠᠨ ᠪᠠᠰᠠ ᠬᠡᠯᠡᠷᠤᠨ ︽ᠨᠠᠮᠤᠷ ᠤᠨ ᠬᠤᠷᠢᠶᠠᠯᠳᠠ ᠮᠠᠭᠤ᠂ | ᠴᠡᠷᠢᠭ ᠤᠳᠠᠭᠠᠨ ᠡᠳᠤᠷ ᠦᠯᠤᠰᠬᠦᠯᠡᠩ᠂ ᠬᠤᠳᠠ ᠳᠤ ᠤᠷᠤᠭᠤᠯᠤᠭᠳᠤᠨ︾᠂ ︽ᠲᠠ ᠨᠠᠳᠠ ᠶᠢ ᠤᠯᠤᠰ ᠲᠤ | ᠡᠷᠬᠢᠬᠦᠯᠪᠡᠰᠤ ᠶᠠᠮᠪᠠᠷ ᠠᠶᠤᠯ ᠭᠠᠷᠬᠤ ᠮᠠᠭᠠᠳ ᠪᠤᠯᠬᠤᠷ ᠨᠢᠬᠳᠠ ᠰᠡᠷᠭᠡᠶᠢᠯᠡᠯᠳᠡ ᠬᠢᠬᠦ ᠭᠡᠷᠡᠭᠳᠠᠢ︾ ᠭᠡᠪᠡ᠃ ᠯᠢᠤ | ᠠᠨ ᠨᠠᠷ ᠠᠷᠢᠬᠢ ᠪᠠᠷᠢᠭᠰᠠᠨ ᠳᠤ ᠢᠡᠭ ᠽᠦᠡᠭ ᠬᠦᠨᠳᠤᠷᠡᠨ ᠤᠤᠭᠤᠪᠠ᠃ ᠮᠤᠩᠭᠤᠯ ᠤᠨ ᠲᠠᠯ᠎ᠠ ᠬᠤᠳᠠ ᠳᠤ ᠶᠡᠭᠡ | ᠲᠠᠶᠢᠯᠠᠯᠭ᠎ᠠ ᠳᠤ ᠮᠢᠩ ᠤᠨ ᠲᠤᠳᠤᠭᠠᠳᠤ ᠬᠠᠮᠢᠶᠠᠷᠤᠭᠴᠢ ᠨᠤᠶᠠᠨ ᠬᠦᠸᠧ ᠵᠢᠩ ᠨᠠᠷ ᠢᠷᠡᠵᠤ ᠮᠤᠩᠭᠤᠯ 2 ᠲᠦᠮᠡᠨ | ᠯᠠᠩ ᠠᠯᠳᠠ ᠮᠦᠩᠬᠦᠨ ᠤ ᠪᠡᠯᠡᠭ ᠪᠠᠷᠢᠵᠤ ᠬᠠᠭᠠᠨ ᠡᠵᠡᠨ ᠢᠶᠠᠷ ᠭᠠᠷᠭᠠᠨ ᠤᠯᠤᠰ ᠵᠦᠭ ᠢᠶᠠᠷ ᠡᠷᠬᠢᠬᠦᠯᠬᠦ ᠶᠢ | ᠬᠦᠰᠡᠭᠰᠡᠨ ᠳᠤ ᠮᠤᠩᠭᠤᠯ ᠤᠨ ᠲᠠᠯ᠎ᠠ ᠢᠨᠢᠶᠡᠨ ᠵᠦᠪᠰᠢᠶᠡᠷᠡᠬᠦ ᠦᠭᠡᠢ᠃ | 23 ᠤ ᠡᠳᠤᠷ ᠢᠡᠭ ᠽᠦᠡᠭ ᠬᠠᠭᠠᠨ ᠲᠠᠷᠪᠤᠰ᠂ ᠠᠯᠢᠮ᠎ᠠ ᠢᠳᠡᠬᠦ ᠭᠡᠰᠡᠨ ᠳᠤ ᠬᠦᠰᠡᠯ ᠢ ᠬᠠᠩᠭᠠᠵᠤ᠂ ᠮᠤᠩᠭᠤᠯ | ᠲᠠᠢ ᠬᠠᠮᠳᠤ ᠢᠳᠡᠵᠤ ᠵᠠᠮᠨᠠᠵᠤ᠂ ᠵᠠᠮ ᠳᠠᠭᠠᠨ ᠮᠤ᠋ ᠡᠯ ᠵᠤᠸᠠᠩ ᠢᠶᠠᠷ ᠶᠡᠷᠢ ᠶᠢᠰᠤᠨ ᠨᠠᠭᠤᠷ ᠢᠶᠠᠷ ᠦᠩᠭᠡᠷᠡᠵᠤ ᠰᠤ᠋ | ᠡᠤ ᠶᠢᠨ ᠰᠦᠮ᠎ᠡ᠂ ᠯᠢ ᠯᠢᠩ ᠤᠨ ᠬᠦᠰᠢᠶ᠎ᠡ ᠶᠢ ᠦᠵᠡᠪᠡ᠃ | 28 ᠤ ᠡᠳᠤᠷ ᠬᠠᠷ᠎ᠠ ᠨᠠᠷᠠᠰᠤᠨ ᠤᠢ ᠳᠤ ᠬᠦᠷᠴᠦ ᠡᠰᠡᠨ ᠬᠠᠭᠠᠨ ᠤ ᠰᠠᠭᠤᠭ᠎ᠠ ᠭᠠᠵᠠᠷ ᠤᠷᠤᠭᠰᠠᠨ ᠳᠤ | ᠡᠰᠡᠨ ᠬᠠᠭᠠᠨ ᠳᠤ ᠠᠮᠤᠷ ᠡᠷᠢᠵᠤ ᠲᠤᠯᠤᠭᠠᠢ ᠲᠤᠬᠢᠨ ᠤᠷᠤ ᠲᠡᠭᠡᠷ᠎ᠡ ᠰᠠᠭᠤᠯᠭᠠᠵᠠᠢ᠃ ᠮᠤᠷᠢ ᠠᠯᠠᠵᠤ ᠲᠦᠷᠪᠡᠨ | ᠭᠤᠶᠤ ᠡᠮᠡᠭᠳᠠᠢ ᠪᠠᠷ ᠡᠭᠡᠯᠵᠢᠯᠡᠨ ᠵᠢᠩ ᠽᠦᠡᠭ ᠬᠠᠭᠠᠨ ᠳᠤ ᠠᠷᠢᠬᠢ ᠪᠠᠷᠢᠭᠤᠯᠵᠤ ᠲᠠᠭᠤᠤ ᠪᠦᠵᠢᠭ ᠤᠨ ᠨᠠᠶᠢᠷ | ᠬᠢᠵᠤ ᠵᠤᠴᠢᠯᠠᠵᠠᠢ᠃ ᠲᠠᠷᠠᠭ᠎ᠠ ᠪᠠᠷ ᠵᠢᠩ ᠽᠦᠡᠭ ᠬᠠᠭᠠᠨ ᠢ ᠪᠠᠶᠠᠠᠲ᠋ᠡᠮᠦᠷ ᠤᠨ ᠰᠠᠭᠤᠭ᠎ᠠ ᠭᠡᠷ ᠲᠤ ᠬᠦᠷᠭᠡᠬᠦ ᠳᠤ | ᠡᠰᠡᠨ ᠬᠠᠭᠠᠨ ᠰᠠᠭᠤᠭ᠎ᠠ ᠭᠠᠵᠠᠷ ᠠᠴᠠ 10 ᠭᠠᠵᠠᠷ ᠵᠠᠶᠢᠳᠠᠪᠠ ᠃ ᠪᠠᠶᠠᠲ᠋ᠡᠮᠦᠷ ᠬᠠᠳᠤᠨ ᠲᠠᠢ ᠪᠠᠨ ᠡᠰᠡ | ᠬᠠᠭᠠᠨ ᠠᠳᠠᠯᠢ ᠢᠡᠭ ᠽᠦᠡᠭ ᠬᠠᠭᠠᠨ ᠢ ᠵᠤᠴᠢᠯᠠᠵᠠᠢ᠃ ᠡᠬᠦᠨ ᠠᠴᠠ ᠬᠤᠶᠢᠰᠢ 2 ᠡᠳᠤᠷ ᠨᠢᠭᠡ ᠬᠤᠨᠢ ᠠᠯᠠᠵᠤ᠂ | 7 ᠡᠳᠤᠷ ᠨᠢᠭᠡ ᠦᠭᠡᠷ ᠠᠯᠠᠵᠤ ᠵᠤᠴᠢᠯᠠᠪᠠ᠃ ᠡᠰᠡ ᠬᠠᠭᠠᠨ ᠪᠠᠰᠠ7 ᠡᠳᠦᠷ ᠪᠦᠷᠢ ᠠᠯᠠᠵᠤ ᠢᠳᠡᠬᠦ ᠮᠤᠷᠢ | ᠬᠦᠷᠭᠡᠵᠤ ᠢᠷᠡᠨ᠎ᠡ ᠃ ᠡᠰᠡᠨ ᠬᠠᠭᠠᠨ ᠂ ᠪᠠᠶᠠᠠᠲ᠋ᠡᠮᠦᠷ ᠪᠠᠰᠠ ᠠᠪᠠᠨ ᠳᠤ ᠭᠠᠷᠴᠤ ᠤᠯᠵᠠᠯᠠᠭᠰᠠᠨ ᠵᠡᠷᠯᠢᠭ ᠮᠤᠷᠢ᠂ | ᠬᠠᠭᠠᠨ ᠬᠦᠷᠤᠭᠡᠰᠤ ᠪᠠᠷ ᠢᠡᠭ ᠽᠦᠡᠭ ᠬᠠᠭᠠᠨ ᠢ ᠵᠤᠴᠢᠯᠠᠪᠠ᠃ | 29 ᠤ ᠡᠳᠤᠷ ᠬᠤᠸᠠᠩᠳᠠᠶᠢᠭᠡᠤ ᠵᠠᠷᠯᠢᠭ ᠪᠠᠭᠤᠯᠭᠠᠨ ᠴᠸᠡᠭ ᠸᠠᠩ ᠢᠶᠠᠷ ᠬᠠᠭᠠᠨ ᠰᠠᠭᠤᠷᠢ ᠶᠢ ᠵᠠᠯᠭᠠᠮᠵᠢᠯᠠᠵᠤ | ᠤᠯᠤᠰ ᠠᠷᠠᠳ ᠢ ᠠᠮᠤᠷᠯᠢᠩᠭᠤᠢ ᠪᠤᠯᠭᠠᠵᠤ᠂ ᠰᠠᠶᠢᠨ ᠡᠳᠤᠷ ᠰᠤᠩᠭᠤᠵᠤ ᠤᠯᠠᠨ ᠲᠦᠰᠢᠮᠡᠯ ᠸᠧᠨ ᠬᠤᠸᠠ ᠲᠢᠶᠠᠨ | ᠤ ᠡᠬᠦᠳᠡᠨ ᠳᠤ ᠴᠤᠭᠯᠠᠷᠠᠵᠤ᠂ ᠬᠠᠭᠠᠨ ᠤ ᠰᠠᠭᠤᠷᠢᠨ ᠰᠠᠭᠤᠬᠤ ᠢ ᠪᠡᠯᠡᠭᠯᠡᠬᠦ ᠭᠡᠰᠡᠨ ᠳᠤ ᠴᠸᠡᠭ ᠸᠠᠩ | ᠵᠦᠪᠰᠢᠶᠡᠷᠡᠭᠰᠡᠨ ᠦᠭᠡᠢ ᠪᠤᠯᠬᠤᠷ ᠪᠦᠬᠦᠳᠡᠭᠡᠷ ︽ᠡᠪᠦᠭᠡ ᠲᠡᠭᠡᠳᠤᠰ ᠤᠨ ᠬᠤᠪᠢᠯᠭᠠᠨ ᠤᠳᠤ ᠬᠤᠭᠤᠰᠤᠷᠠᠵᠤ ᠪᠤᠯᠬᠤ | ᠦᠭᠡᠢ᠂ ᠪᠤᠭᠳᠠ ᠡᠵᠢ ᠶᠢᠨ ᠵᠠᠷᠯᠢᠭ ᠢ ᠵᠦᠷᠢᠴᠡᠵᠤ ᠪᠤᠯᠬᠤ ᠦᠭᠡᠢ︾ ᠭᠡᠵᠤ ᠪᠠᠷᠬᠢᠷᠠᠨ ᠬᠠᠰᠬᠢᠷᠤᠯᠳᠤᠪᠠ᠃ | 9 ᠰᠠᠷ᠎ᠠ ᠶᠢᠨ ᠡᠬᠢᠨ ᠳᠤ ᠡᠰᠡᠨ ᠬᠠᠭᠠᠨ ᠬᠦᠮᠤᠨ ᠲᠤᠮᠢᠯᠠᠵᠤ ᠢᠡᠭ ᠽᠦᠡᠭ ᠬᠠᠭᠠᠨ ᠢ ᠤᠯᠤᠰ ᠲᠤᠨᠢ ᠬᠦᠷᠭᠡᠬᠦ ᠶᠢ | ᠮᠢᠩ ᠤᠨ ᠲᠠᠯ᠎ᠠ ᠲᠠᠢ ᠵᠦᠪᠳᠡᠯᠴᠡᠭᠰᠡᠨ ᠳᠤ ᠮᠢᠩ ᠤᠨ ᠲᠠᠯ᠎ᠠ ᠠᠴᠠ ᠮᠤᠩᠭᠤᠯ ᠡᠯᠴᠢ ᠳᠤ ᠮᠠᠯᠠᠭᠠᠢ ᠪᠦᠰᠡ | ᠂ ᠦᠩᠭᠡᠳᠠᠢ ᠲᠤᠷᠭ᠎ᠠ ᠪᠠᠷ ᠬᠦᠷᠭᠡᠵᠠᠢ᠃ ᠪᠠᠰᠠ 100 ᠯᠠᠩ ᠠᠯᠳᠠ ᠂ 200 ᠯᠠᠩ ᠮᠦᠩᠬᠦ᠂ ᠦᠩᠭᠡ ᠲᠠᠢ | ᠲᠤᠷᠭ᠎ᠠ ᠵᠡᠷᠭᠡ ᠶᠢ ᠡᠰᠡᠨ ᠳᠤ ᠪᠡᠯᠡᠭ ᠪᠤᠯᠭᠠᠨᠡᠯᠴᠢ ᠪᠠᠷ ᠲᠠᠮᠵᠢᠭᠤᠯᠤᠨ ᠬᠦᠷᠭᠡᠵᠠᠢ ᠃ | 6 ᠤ ᠡᠳᠤᠷ ᠴᠸᠡᠭ ᠸᠠᠩ ᠬᠠᠭᠠᠨ ᠤ ᠤᠷᠤ ᠳᠤ ᠰᠠᠭᠤᠵᠤ ᠬᠤᠸᠠᠩᠳᠠᠶᠢᠭᠡᠤ ᠶᠢ ᠲᠠᠶᠢᠬᠤᠸᠠᠩᠳᠠᠶᠢᠭᠡᠤ ᠪᠤᠯᠭᠠᠨ | ᠡᠷᠬᠦᠮᠵᠢᠯᠡᠵᠤ ᠶᠠᠯᠠᠳᠠᠨ ᠢ ᠦᠷᠤᠯᠬᠢᠯᠡᠵᠤ ᠵᠠᠭᠤᠨ ᠲᠦᠰᠢᠮᠡᠳ 6 ᠵᠠᠮ ᠤᠨ ᠴᠡᠷᠢᠭ ᠲᠤ ᠱᠠᠩᠨᠠᠯ ᠬᠦᠷᠳᠡᠭᠡᠵᠤ | ᠬᠦᠬᠢᠬᠦᠯᠪᠡ᠃ ᠭᠡᠳᠤᠨ ᠡᠳᠤᠷ ᠤᠨ ᠲᠠᠷᠠᠭ᠎ᠠ ᠡᠰᠡᠨ ᠬᠠᠭᠠᠨ ᠬᠦᠮᠤᠨ ᠲᠤᠮᠢᠯᠠᠨ ᠪᠢᠴᠢᠭ ᠬᠦᠷᠭᠡᠵᠤ ᠤᠮᠤᠷᠬᠠᠭ | ᠪᠠᠷᠳᠠᠮ ᠦᠭᠡ ᠬᠡᠯᠡᠭᠰᠡᠨ ᠳᠤ ᠮᠢᠩ ᠤᠯᠤᠰ ᠠᠴᠠ ︽ᠡᠳᠤᠭᠡ ᠰᠢᠨ᠎ᠡ ᠬᠠᠭᠠᠨ ᠰᠠᠭᠤᠷᠢᠨ ᠳᠤ ᠰᠠᠭᠤᠵᠤ᠂ | ᠴᠡᠷᠢᠭ ᠮᠤᠷᠢ ᠪᠦᠷᠢᠨ ᠬᠦᠴᠦᠷᠭᠡᠭ᠂ ᠲᠠᠨ ᠢ ᠡᠰᠡᠷᠬᠦᠴᠡᠬᠦ ᠬᠦᠴᠤᠨ ᠪᠦᠷᠢᠳᠤᠵᠤ ᠯᠦᠸᠧ ᠲᠦᠡᠭ᠂ ᠰᠦᠨ | ᠰᠢᠶᠠᠩ ᠪᠠᠷ ᠵᠢᠤᠢ ᠶᠦᠡᠭ ᠭᠤᠸᠠᠨ ᠽᠢ ᠵᠢᠩ ᠭᠤᠸᠠᠨ ᠢ ᠰᠠᠬᠢᠭᠤᠯᠵᠤ ᠱᠢ ᠡᠾᠸᠡᠭ ᠨᠠᠷ ᠨᠡᠶᠢᠰᠯᠡᠯ ᠬᠤᠳᠠ ᠶᠢ | ᠬᠠᠮᠠᠭᠠᠯᠠᠬᠤ ᠪᠡᠯᠡᠳᠭᠡᠯ ᠬᠢᠯᠭᠡᠪᠡ ᠂ ᠤᠳᠤᠬᠠᠨ ᠳᠤ ᠪᠢᠳᠡ ᠠᠯᠢᠪᠠ ᠬᠦᠴᠦᠷᠭᠡᠭ ᠠᠴᠠ ᠠᠶᠤᠬᠤ ᠦᠭᠡᠢ︾ | ᠭᠡᠵᠤ ᠡᠰᠡᠨ ᠬᠠᠭᠠᠨ ᠳᠤ ᠬᠠᠷᠢᠭᠤ ᠵᠠᠬᠢᠳᠠᠯ ᠬᠦᠷᠭᠡᠪᠡ᠃ | 10 ᠰᠠᠷ᠎ᠠ ᠶᠢᠨ ᠡᠬᠢᠨ ᠳᠤ ᠡᠰᠡᠨ ᠬᠠᠭᠠᠨ ᠮᠤᠩᠭᠤᠯ ᠴᠡᠷᠢᠭ ᠢ ᠲᠠᠶᠢᠴᠢᠯᠠᠵᠤ ᠽᠢ ᠵᠢᠩ ᠭᠤᠸᠠᠨ ᠢ ᠲᠠᠭᠠᠷᠢᠨ ᠮᠢᠩ | ᠤᠨ ᠵᠠᠩᠵᠤᠨ ᠬᠠᠨ ᠴᠢᠩ ᠵᠡᠷᠭᠡ ᠶᠢ ᠠᠯᠠᠵᠤ᠂ ᠰᠦᠨ ᠰᠢᠶᠠᠩ ᠲᠤᠳᠠᠭᠠᠬᠤ ᠵᠠᠮ ᠳᠠᠭᠠᠨ ᠦᠬᠦᠪᠡ᠃ | 9 ᠤ ᠡᠳᠤᠷ ᠡᠰᠡᠨ ᠤ ᠮᠤᠩᠭᠤᠯ ᠴᠡᠷᠢᠭ ᠪᠡᠭᠡᠵᠢᠩ ᠬᠤᠳᠠ ᠶᠢᠨ ᠪᠠᠷᠠᠭᠤᠨᠳᠠᠢ ᠬᠦᠷᠬᠦ ᠳᠤ ᠮᠢᠩ ᠤᠨ ᠱᠢ ᠡᠾᠸᠡᠭ | ᠤᠨ ᠤᠳᠤᠷᠢᠳᠤᠭᠰᠠᠨ ᠴᠡᠷᠢᠭ ᠪᠡᠭᠡᠵᠢᠩ ᠤᠨ ᠬᠤᠶᠢᠳᠤ ᠶᠢ ᠰᠡᠷᠭᠡᠶᠢᠯᠡᠵᠤ᠂ ᠴᠡᠷᠢᠭ ᠤᠨ ᠱᠠᠩ ᠱᠤ᠋ ᠢᠤᠢ ᠴᠢᠶᠠᠨ | ᠪᠦᠬᠦᠳᠡ ᠶᠢ ᠵᠠᠬᠢᠷᠴᠤ᠂ ᠳ᠋ᠦ᠋ ᠳ᠋ᠦ᠋ ᠰᠦᠨ ᠲᠠᠩ ᠪᠡᠭᠡᠵᠢᠩ ᠬᠤᠳᠠ ᠶᠢᠨ ᠪᠠᠷᠠᠭᠤᠨᠳᠠᠢ ᠴᠡᠷᠢᠭ ᠢᠶᠠᠨ ᠨᠡᠬᠦᠯᠭᠡᠨ | ᠢᠷᠡᠵᠤ᠂ ᠬᠠᠤᠯᠢ ᠶᠢᠨ ᠱᠠᠩ ᠱᠤ᠋ ᠵᠢᠶᠠᠩ ᠶᠤᠸᠠᠨ ᠵᠠᠬᠢᠷᠴᠤ ᠬᠤᠳᠠ ᠶᠢ ᠬᠠᠮᠠᠭᠠᠯᠠᠵᠤ᠂ ᠮᠤᠩᠭᠤᠯ ᠴᠡᠷᠢᠭ | ᠪᠡᠭᠡᠵᠢᠩ ᠬᠤᠳᠠ ᠶᠢ ᠴᠤᠬᠢᠨ ᠡᠪᠳᠡᠬᠦ ᠭᠡᠵᠤ ᠮᠢᠩ ᠤᠨ ᠴᠡᠷᠢᠭ ᠲᠠᠢ ᠪᠠᠶᠢᠯᠳᠤᠵᠤ ᠬᠤᠶᠠᠷ ᠡᠳᠡᠭᠡᠳ ᠤᠨ ᠦᠬᠦᠵᠤ | ᠰᠢᠷᠬᠠᠳᠤᠭᠰᠠᠨ ᠠᠳᠠᠯᠢᠪᠳᠤᠷ᠂ ᠮᠤᠩᠭᠤᠯ ᠤᠨ ᠲᠡᠮᠦᠷ ᠶᠤᠸᠠᠨᠱᠤᠸᠠᠢ ᠰᠢᠷᠬᠠᠭᠳᠠᠨ ᠦᠬᠦᠪᠡ᠃ ᠪᠡᠭᠡᠵᠢᠩ ᠬᠤᠳᠠ | ᠳᠤ ᠰᠠᠭᠤᠭ᠎ᠠ ᠮᠤᠩᠭᠤᠯ ᠦᠨᠳᠤᠰᠤᠳᠡᠨ ᠡᠨᠡ ᠵᠠᠪᠰᠢᠶᠠᠨ ᠢ ᠠᠰᠢᠭᠯᠠᠵᠤ ᠲᠡᠭᠡᠷᠡᠮᠳᠡᠯᠭᠡ ᠬᠢᠭᠰᠡᠨ ᠤᠯᠤᠰ ᠠᠴᠠ | ᠪᠠᠷᠢᠪᠴᠢᠯᠠᠭᠰᠠᠨ ᠳᠤ ᠡᠰᠡᠨ ᠬᠠᠭᠠᠨ ᠬᠦᠮᠤᠨ ᠲᠤᠮᠢᠯᠠᠵᠤ ᠨᠠᠶᠢᠷᠠᠮᠳᠠᠯ ᠢᠶᠠᠷ ᠰᠢᠢᠳᠪᠤᠷᠢᠯᠡᠨ ᠤᠬᠤᠷᠢᠨ ᠶᠠᠪᠤᠪᠠ᠃ | 17 ᠤ ᠡᠳᠤᠷ ᠶᠡᠷᠤᠩᠭᠡᠢ ᠵᠦᠪᠯᠡᠭᠴᠢ ᠸᠠᠩ ᠹᠦ᠋ ᠶᠢ ᠶᠤᠰᠤᠯᠠᠯ ᠶᠢᠨ ᠱᠢ ᠯᠠᠩ ᠪᠤᠯᠭᠠᠵᠤ᠂ ᠵᠦᠡᠭ ᠱᠤ᠋ ᠵᠤᠤ ᠷᠤ᠋ ᠢ | ᠬᠤᠨᠭ᠌ ᠯᠤ᠋ ᠰᠧ ᠲᠦᠰᠢᠮᠡᠯ ᠪᠤᠯᠭᠠᠨ ᠬᠤᠨᠢ᠂ ᠠᠷᠢᠬᠢ ᠠᠪᠴᠤ ᠡᠰᠡᠨ ᠬᠠᠭᠠᠨ ᠤ ᠰᠠᠭᠤᠭ᠎ᠠ ᠭᠠᠵᠠᠷ ᠲᠤ | ᠬᠦᠷᠦᠭᠰᠡᠨ ᠳᠤ ᠂ ᠡᠰᠡᠨ ᠬᠠᠭᠠᠨ ᠵᠢᠴᠢ ᠲᠡᠬᠦᠨ ᠲᠡᠬᠦᠤ᠂ ᠪᠠᠶᠠᠲ᠋ᠡᠮᠦᠷ ᠭᠤᠷᠪᠠᠭᠤᠯᠠ ᠬᠤᠶᠠᠭ ᠲᠤᠭᠤᠯᠭ᠎ᠠ | ᠡᠮᠤᠰᠴᠤ ᠢᠯᠳᠤ ᠵᠢᠳᠠ ᠠᠳᠬᠤᠨ ︵ᠲᠤᠤᠷ᠎ᠠ ᠦᠰᠦᠭ ᠭᠡᠭᠡᠭᠳᠡᠴᠢ︶ ᠢᠡᠭ ᠽᠦᠡᠭ ᠬᠠᠭᠠᠨ ᠲᠠᠢ ᠬᠠᠮᠳᠤ ᠸᠠᠩ | ᠹᠦ᠋ ᠨᠠᠷ ᠢ ᠤᠭᠳᠤᠵᠤ᠂ ᠸᠠᠩ ᠹᠦ᠋ ᠨᠠᠷ ᠶᠤᠰᠤᠯᠠᠵᠤ ᠵᠣᠯᠭᠠᠵᠠᠢ᠃ ᠡᠰᠡᠨ ᠬᠠᠭᠠᠨ ᠬᠤᠨᠢ ᠠᠷᠢᠬᠢ ᠶᠢ | ᠤᠶᠢᠰᠢᠶᠠᠬᠤ ᠦᠭᠡᠢ ᠵᠦᠪᠬᠡᠨ ᠬᠢᠳᠠᠳ ᠦᠰᠦᠭ ᠢ ᠪᠠᠷᠠᠯᠠᠬᠤ ᠳᠤ ᠬᠦᠮᠦᠰ ᠢᠡᠭ ᠽᠦᠡᠭ ᠬᠠᠭᠠᠨ ᠤᠳᠬ᠎ᠠ ᠶᠢ | ᠨᠢ ᠲᠠᠶᠢᠯᠪᠤᠷᠢᠯᠠᠭᠰᠠᠨ ᠳᠤ ᠡᠰᠡᠨ ᠬᠠᠭᠠᠨ ︽ᠴᠢ ᠵᠢᠵᠢᠭ ᠨᠤᠶᠠᠨ᠂ ᠭᠡᠤ ᠢᠡᠭ᠂ ᠢᠤᠢ ᠴᠢᠶᠠᠨ᠂ ᠸᠠᠩ ᡁᠢ᠂ | ᠱᠢ ᠡᠾᠸᠡᠭ᠂ ᠶᠠᠩ ᠱᠠᠨ ᠵᠡᠷᠭᠡ ᠬᠦᠮᠤᠨ ᠢ ᠲᠤᠮᠢᠯᠠ︾ ᠭᠡᠰᠡᠨ ᠳᠤ ᠸᠠᠩ ᠹᠦ᠋ ᠨᠠᠷ ᠤᠯᠤᠰ ᠵᠦᠭ ᠢᠶᠠᠨ ᠡᠷᠬᠢᠪᠡ | ᠃ ᠰᠦᠨᠢ ᠶᠢᠨ ᠲᠦᠷᠪᠡᠨ ᠴᠠᠭ ᠲᠤ ᠡᠰᠡᠨ ᠬᠠᠭᠠᠨ ᠵᠢᠤᠢ ᠶᠦᠡᠭ ᠭᠤᠸᠠᠨ ᠢᠶᠠᠷ ᠦᠩᠭᠡᠷᠡᠵᠤ ᠪᠤᠭᠤᠮᠳᠠ ᠠᠴᠠ | ᠭᠠᠷᠴᠤ ᠤᠯᠵᠠᠯᠠᠭᠰᠠᠨ ᠦᠭᠡᠷ᠂ ᠬᠤᠨᠢ ᠵᠢᠴᠢ ᠬᠦᠮᠤᠨ ᠠᠮᠠ ᠶᠢ ᠵᠠᠮ ᠳᠠᠭᠠᠨ ᠤᠷᠬᠢᠨ ᠶᠠᠪᠤᠪᠠ᠃ ᠢᠡᠭ ᠽᠦᠡᠭ | ᠬᠠᠭᠠᠨ ᠽᠢ ᠵᠢᠩ ᠭᠤᠸᠠᠨ ᠬᠠᠭᠠᠯᠭ᠎ᠠ ᠪᠠᠷ ᠡᠰᠡᠨ ᠬᠠᠭᠠᠨ ᠲᠠᠢ ᠬᠠᠮᠳᠤ ᠴᠠᠰᠤᠨ ᠤ ᠲᠤᠮᠳᠠ ᠮᠤᠷᠢᠯᠠᠵᠤ ᠲᠠᠬᠢᠨ | ᠮᠤᠩᠭᠤᠯ ᠤᠷᠤᠨ ᠳᠤ ᠢᠷᠡᠵᠤ᠂ ᠡᠰᠡᠨ ᠬᠠᠭᠠᠨ ᠪᠠᠰᠠ ᠮᠤᠷᠢ ᠠᠯᠠᠵᠤ ᠢᠡᠭ ᠽᠦᠡᠭ ᠬᠠᠭᠠᠨ ᠢ ᠪᠤᠳᠠᠭᠠᠯᠠᠪᠠ᠃ | ᠪᠤᠳᠠᠭᠠᠨ ᠤ ᠲᠤᠮᠳᠠ ᠡᠰᠡᠨ ᠬᠠᠭᠠᠨ ᠬᠡᠯᠡᠷᠤᠨ ︽ᠪᠢᠳᠡᠬᠢ ᠵᠤᠪᠠᠭᠠᠷᠠᠢ᠂ ᠪᠢ ᠵᠠᠪᠠᠯ ᠴᠢᠮ᠎ᠠ ᠶᠢ ᠤᠯᠤᠰ ᠲᠤ ᠨᠢ | ᠴᠢᠨᠢ ᠬᠦᠷᠭᠡᠮᠤᠢ︾ ᠭᠡᠵᠤ ᠬᠡᠯᠡᠭᠡᠳ ᠦᠪᠡᠷ ᠤᠨ ᠤᠷᠳᠤᠨ ᠳᠠᠭᠠᠨ ᠶᠠᠪᠤᠪᠠ᠃ | 19 ᠤ ᠡᠳᠤᠷ ᠤᠶᠢᠷᠠᠳ ᠤᠨ ᠬᠠᠭᠠᠨ ᠪᠤᠬ᠎ᠠ ᠶᠢᠨ ᠡᠯᠴᠢ ᠮᠢᠩ ᠤᠯᠤᠰ ᠲᠤ ᠮᠤᠷᠢ ᠬᠦᠷᠭᠡᠬᠦ ᠪᠠᠷ ᠢᠷᠡᠪᠡ᠃ | ᠪᠤᠬ᠎ᠠ ᠤᠷᠢᠳᠠᠪᠠᠷ ᠪᠤᠭᠤᠮᠳᠠ ᠶᠢᠨ ᠭᠠᠳᠠᠨ᠎ᠠ ᠴᠡᠷᠢᠭ ᠰᠠᠭᠤᠯᠭᠠᠵᠤ ᠪᠤᠭᠤᠮᠳᠠ ᠳᠤ ᠤᠷᠤᠭᠰᠠᠨ ᠦᠭᠡᠢ᠂ ᠡᠨᠡ | ᠤᠳᠠᠭ᠎ᠠ ᠪᠤᠯ ᠨᠠᠶᠢᠷᠠᠮᠳᠠᠬᠤ ᠭᠡᠵᠤ ᠢᠷᠡᠭᠰᠡᠨ ᠭᠡᠰᠡᠨ ᠢ ᠨᠢ ᠮᠢᠩ ᠤᠨ ᠲᠠᠯ᠎ᠠ ᠢᠳᠡᠭᠡᠬᠦ ᠦᠭᠡᠢ ᠮᠤᠷᠢ ᠶᠢ ᠨᠢ | ᠦᠯᠡᠳᠡᠭᠡᠨ ᠠᠪᠤᠭᠰᠠᠨ ᠦᠭᠡᠢ᠃ ᠭᠡᠤ ᠢᠡᠭ᠂ ᠸᠠᠩ ᡁᠢ ᠶᠢᠨ ᠬᠡᠯᠡᠬᠦ ᠨᠢ ᠪᠤᠬ᠎ᠠ᠂ ᠡᠰᠡᠨ ᠬᠤᠶᠠᠷ ᠲᠠᠭᠠᠷᠠᠯᠴᠠᠬᠤ | ᠦᠭᠡᠢ᠂ ᠬᠦᠷᠭᠡᠭᠰᠡᠨ ᠮᠤᠷᠢ ᠶᠢ ᠨᠢ ᠠᠪᠬᠤ ᠠᠨᠤ ᠲᠠᠭᠠᠷᠠᠨ᠎ᠠ ᠭᠡᠵᠤ ᠨᠠᠢᠮᠠᠨ ᠮᠤᠷᠢ ᠦᠯᠡᠳᠡᠭᠡᠨ ᠠᠪᠴᠤ᠂ ᠬᠠᠷᠢᠭᠤ | ᠳᠤᠨᠢ ᠬᠤᠪᠴᠠᠰᠤ᠂ ᠮᠠᠯᠠᠭᠠᠢ᠂ ᠪᠦᠰᠡᠯᠡᠬᠦᠷ᠂ ᠠᠷᠢᠬᠢ᠂ ᠠᠯᠳᠠ᠂ ᠲᠤᠷᠭ᠎ᠠ ᠶᠢᠨ ᠪᠡᠯᠡᠭ ᠦᠭᠪᠡ᠃ | 22 ᠤ ᠡᠳᠤᠷ ᠶᠠᠩ ᠬᠤᠨᠭ᠌᠂ ᠰᠦᠨ ᠲᠠᠩ᠂ ᠹᠠᠨ ᠭᠤᠸᠠᠩ ᠨᠠᠷ 2 ᠲᠦᠮᠡᠨ ᠴᠡᠷᠢᠭ ᠤᠳᠤᠷᠢᠳᠴᠤ ᠪᠤᠭᠤᠮᠳᠠ | ᠠᠴᠠ ᠭᠠᠷᠤᠭᠰᠠᠨ ᠦᠭᠡᠢ ᠮᠤᠩᠭᠤᠯ ᠴᠡᠷᠢᠭ ᠢ ᠴᠤᠬᠢᠵᠤ ᠭᠠᠷᠭᠠᠪᠠ᠃ | 25 ᠤ ᠡᠳᠤᠷ ᠮᠤᠩᠭᠤᠯ ᠴᠡᠷᠢᠭ ᠢ ᠭᠧᠤ ᠠᠨ ᠳᠤ ᠡᠪᠳᠡᠵᠤ᠂ ᠦᠭᠡᠷ᠂ ᠮᠤᠷᠢ᠂ ᠡᠯᠵᠢᠭᠡ ᠵᠠᠭᠤ ᠢᠯᠡᠬᠦᠤ | ᠤᠯᠵᠠᠯᠠᠵᠤ ᠠᠷᠠᠳ ᠲᠤ ᠬᠠᠷᠢᠭᠤᠯᠤᠨ ᠦᠭᠪᠡ᠃ | 11 ᠰᠠᠷ᠎ᠠ ᠶᠢᠨ 8 ᠤ ᠡᠳᠤᠷ ᠮᠤᠩᠭᠤᠯ ᠴᠡᠷᠢᠭ ᠤᠬᠤᠷᠢᠨ ᠭᠠᠷᠤᠭᠰᠠᠨ ᠪᠤᠯᠬᠤᠷ ᠨᠡᠶᠢᠰᠯᠡᠯ ᠬᠤᠳᠠ ᠶᠢᠨ | ᠬᠠᠮᠠᠭᠠᠯᠠᠯᠳᠠ ᠶᠢ ᠬᠦᠴᠤᠨ ᠦᠭᠡᠢ ᠪᠤᠯᠭᠠᠵᠤ ᠤᠯᠤᠰ ᠡᠩᠭᠡ ᠲᠦᠪᠰᠢᠨ ᠪᠤᠯᠪᠠ ᠭᠡᠵᠤ ᠲᠤᠩᠬᠠᠭᠯᠠᠪᠠ᠃ | 11 ᠤ ᠡᠳᠤᠷ ᠰᠢᠨ᠎ᠡ ᠬᠠᠭᠠᠨ ᠲᠦᠷᠤ ᠶᠢᠨ ᠭᠡᠷᠡᠭ ᠢᠶᠠᠨ ᠵᠦᠪᠳᠡᠭᠰᠡᠨ ᠦᠭᠡᠢ᠂ ᠵᠠᠭᠤᠨ ᠲᠦᠰᠢᠮᠡᠯ ᠬᠤᠯᠠ ᠠᠴᠠ | ᠢᠡᠭ ᠽᠦᠡᠭ ᠬᠠᠭᠠᠨ ᠳᠤ ᠶᠤᠰᠤᠯᠠᠯ ᠬᠢᠵᠤ ᠡᠷᠳᠡ ᠬᠠᠷᠢᠵᠤ ᠢᠷᠡᠬᠦ ᠶᠢ ᠵᠦᠩᠨᠡᠪᠡ᠃ | 13 ᠤ ᠡᠳᠤᠷ ᠶᠠᠩ ᠬᠤᠨᠭ᠌ ᠵᠡᠷᠭᠡ ᠴᠡᠷᠢᠭ ᠡᠷᠬᠢᠵᠤ ᠰᠢᠨ᠎ᠡ ᠬᠠᠭᠠᠨ ᠲᠠᠢ ᠠᠭᠤᠯᠵᠠᠯᠳᠠ ᠬᠢᠵᠤ ᠮᠤᠩᠭᠤᠯ ᠴᠡᠷᠢᠭ | ᠪᠦᠷ ᠪᠤᠭᠤᠮᠳᠠ ᠠᠴᠠ ᠭᠠᠷᠪᠠ ᠭᠡᠵᠤ ᠮᠡᠳᠡᠬᠦᠯᠵᠡᠢ᠃ ᠦᠨᠡᠨ ᠳᠡᠭᠡᠨ ᠮᠤᠩᠭᠤᠯ ᠰᠠᠶ᠋ᠢ ᠵᠠᠭᠤ ᠢᠯᠡᠬᠦᠤ ᠪᠠᠶᠢᠵᠤ ᠡᠯ᠎ᠡ | ᠭᠠᠵᠠᠷ ᠰᠠᠷᠨᠢᠨ ᠳᠡᠭᠡᠷᠡᠮᠳᠡᠨ ᠬᠦᠮᠤᠨ ᠮᠠᠯ ᠢ ᠪᠠᠷᠢᠪᠴᠢᠯᠠᠭᠰᠠᠨ ᠳᠤ ᠦᠵᠡᠬᠦ ᠳᠤ ᠳᠤ ᠭᠡᠳᠤᠨ ᠲᠦᠮᠡᠨ ᠴᠡᠷᠢᠭ | ᠰᠢᠭ᠋᠂ ᠤᠯᠤᠰ ᠤᠨ ᠴᠡᠷᠢᠭ ᠠᠶᠤᠨ ᠤᠶᠢᠷᠠᠳᠤᠬᠤ ᠦᠭᠡᠢ᠃ ᠡᠮᠤᠨᠡᠰᠢ ᠰᠢᠯᠵᠢᠭᠰᠡᠨ ᠮᠤᠩᠭᠤᠯ ᠴᠡᠷᠢᠭ ᠬᠢᠳᠠᠳ | ᠴᠡᠷᠢᠭ ᠲᠤ ᠪᠠᠷᠢᠭᠳᠠᠭᠰᠠᠨ ᠪᠠᠶᠢᠬᠤ ᠪᠦᠭᠡᠳ ᠬᠤᠶᠢᠰᠢ ᠮᠤᠷᠳᠠᠭᠰᠠᠨ ᠮᠤᠩᠭᠤᠯ ᠴᠡᠷᠢᠭ ᠪᠤᠭᠤᠮᠳᠠ ᠪᠠᠷ ᠭᠠᠷᠬᠤ ᠳᠤ | ᠪᠠᠰᠠ ᠠᠯᠠᠭᠳᠠᠭᠰᠠᠨ ᠪᠠᠶᠢᠮᠤᠢ᠃ ᠮᠤᠩᠭᠤᠯ ᠴᠡᠷᠢᠭ ᠪᠠᠰᠠ ᠬᠢᠳᠠᠳ ᠴᠡᠷᠢᠭ ᠢ ᠨᠡᠯᠢᠶᠡᠳ ᠠᠯᠠᠵᠤ᠂ ᠶᠠᠩ ᠬᠤᠨᠭ᠌ | ᠤᠨ ᠬᠦᠤ ᠡᠰᠡᠯ᠎ᠡ ᠠᠯᠠᠭᠳᠠᠬᠤ ᠳᠤ ᠬᠦᠷᠴᠠᠢ᠃ ᠮᠢᠩ ᠤᠯᠤᠰ ᠠᠴᠠ ᠢᠯᠠᠯᠳᠠ ᠤᠯᠵᠠᠢ ᠭᠡᠵᠤ ᠶᠠᠩ ᠬᠤᠨᠭ᠌ ᠢ | ᠴᠠᠩ ᠫᠢᠡᠭ ᠭᠡᠵᠤ ᠡᠷᠬᠦᠮᠵᠢᠯᠡᠵᠤ᠂ ᠲᠡᠳ᠋ ᠳᠤ ᠢᠤᠢ ᠱᠢ ᠯᠦᠸᠧ ᠲᠦᠡᠭ ᠲᠠᠢ ᠬᠠᠮᠳᠤ ᠵᠡᠬᠦᠨ ᠲᠠᠯᠠᠪᠠᠢ ᠲᠠᠢ | ᠴᠡᠷᠢᠭ ᠤᠨ ᠪᠤᠯᠪᠠᠰᠤᠷᠠᠯ ᠬᠢᠵᠤ᠂ ᠱᠢ ᠡᠾᠸᠡᠭ ᠢ ᠪᠠᠷᠠᠭᠤᠨ ᠲᠠᠯᠠᠪᠠᠢ ᠳᠤ ᠴᠡᠷᠢᠭ ᠪᠤᠯᠪᠠᠰᠤᠷᠠᠭᠤᠯᠬᠤ ᠨᠤᠶᠠᠨ ᠢᠶᠠᠷ | ᠲᠤᠮᠢᠯᠠᠵᠠᠢ᠃ | 23 ᠤ ᠡᠳᠤᠷ ᠡᠰᠡᠨ ᠬᠠᠭᠠᠨ ᠡᠯᠴᠢ ᠲᠤᠮᠢᠯᠠᠵᠤ ᠲᠠᠷᠠᠭ᠎ᠠ ᠰᠠᠷ᠎ᠠ ᠶᠢᠨ 3 ᠤ ᠡᠳᠤᠷ ᠢᠶᠠᠷ ᠢᠡᠭ ᠽᠦᠡᠭ ᠬᠠᠭᠠᠨ | ᠢᠶᠠᠨ ᠤᠭᠳᠤᠬᠤ ᠪᠠᠷ ᠪᠡᠯᠡᠳᠭᠡᠭ ᠭᠡᠵᠤ᠂ ᠭᠡᠷᠪᠡ ᠤᠭᠳᠤᠬᠤ ᠦᠭᠡᠢ ᠪᠤᠯ ᠴᠡᠷᠢᠭ ᠲᠠᠶᠢᠴᠢᠯᠠᠨ ᠲᠤᠪᠳᠤᠯᠠᠨᠠ ᠭᠡᠰᠡᠨ | ᠬᠦᠴᠦᠷᠭᠡᠭ ᠦᠭᠡ ᠬᠡᠯᠡᠭᠰᠡᠨ ᠢ ᠮᠢᠩ ᠤᠨ ᠲᠠᠯ᠎ᠠ ᠠᠴᠠ ᠤᠶᠢᠰᠢᠶᠠᠭᠰᠠᠨ ᠦᠭᠡᠢ ᠃ | 29 ᠤ ᠡᠳᠤᠷ ᠡᠪᠤᠯ ᠤᠨ ᠲᠤᠶᠢᠯ ᠭᠡᠵᠤ ᠮᠢᠩ ᠤᠨ ᠤᠷᠳᠤᠨ ᠨᠢᠭᠡ ᠡᠳᠤᠷ ᠠᠮᠠᠷᠠᠯᠳᠠ ᠬᠢᠵᠤ᠂ ᠬᠦᠮᠤᠨ ᠲᠤᠮᠢᠯᠠᠵᠤ | ᠰᠢᠶᠤᠤ ᠯᠢᠩ᠂ ᠴᠠᠩ ᠯᠢᠩ ᠵᠡᠷᠭᠡ ᠭᠡᠭᠡᠨ ᠤᠩᠭᠤᠨ ᠳᠤ ᠲᠠᠬᠢᠯ ᠲᠠᠯᠪᠢᠵᠤ ᠲᠤᠷᠠᠰᠬᠠᠯ ᠬᠢᠬᠦ ᠳᠤ᠂ ᠮᠤᠩᠭᠤᠯ | ᠴᠡᠷᠢᠭ ᠤᠨ ᠡᠪᠳᠡᠯᠭᠡ ᠪᠠᠷ ᠭᠡᠭᠡᠨ ᠢᠵᠠᠭᠤᠷ ᠰᠦᠮ᠎ᠡ ᠪᠦᠷ ᠡᠪᠳᠡᠭᠳᠡᠵᠤ᠂ ᠤᠩᠭᠤᠨ ᠬᠠᠷᠠᠭᠰᠠᠳ ᠪᠦᠷ ᠦᠬᠦᠬᠦ ᠨᠢ | ᠦᠬᠦᠵᠤ᠂ ᠲᠤᠳᠠᠭᠠᠬᠤ ᠨᠢ ᠲᠤᠳᠠᠭᠠᠵᠤ᠂ ᠰᠠᠬᠢᠵᠤ ᠬᠠᠷᠠᠬᠤ ᠬᠦᠮᠤᠨ ᠠᠯᠠᠭ᠎ᠠ ᠪᠤᠯᠵᠠᠢ᠃ | 12 ᠰᠠᠷ᠎ᠠ ᠶᠢᠨ 2 ᠤ ᠡᠳᠤᠷ ᠲᠠᠶᠢᠱᠢ ᠢᠡᠭ ᠬᠦᠸᠧ ᠬᠦᠡᠭ ᠵᠠᠩ ᠹᠦ᠋ ᠶᠢ ᠳ᠋ᠢᠩ ᠰᠢᠩ ᠸᠠᠩ ᠡᠷᠬᠦᠮᠵᠢᠯᠡᠵᠤ᠂ | ᠱᠢᠤᠸᠠᠢ ᠰᠢ ᠼᠤᠤ ᠨᠠᠢ ᠶᠢ ᠱᠤᠤ ᠹᠦ᠋ ᠨᠤᠶᠠᠳ ᠤᠨ ᠶᠠᠮᠤᠨ ᠤ ᠱᠠᠩᠰᠤ᠂ ᠸᠧᠨ ᠶᠤᠸᠠᠨ ᠭᠡ ᠳ᠋ᠠ ᠰᠢᠤᠸᠠᠢ ᠱᠢ | ᠡᠷᠬᠦᠮᠵᠢᠯᠡᠵᠤ᠂ ᠭᠡᠳᠡᠯ᠎ᠡ ᠡᠨᠡ ᠬᠤᠶᠠᠷ ᠬᠦᠮᠤᠨ ᠪᠦᠷᠢ ᠳᠤ ᠮᠤ᠋ ᠶᠢᠨ ᠬᠤᠪᠢᠰᠤᠯ ᠳᠤ ᠠᠯᠠᠭᠳᠠᠵᠠᠢ᠃ | 4 ᠡᠳᠤᠷ ᠬᠤᠸᠠᠩᠳᠠᠶᠢᠭᠡᠤ ᠶᠢ ᠪᠤᠭᠳᠠ ᠦᠨᠳᠦᠷ ᠬᠤᠸᠠᠩᠳᠠᠶᠢᠭᠡᠤ ᠭᠡᠵᠤ ᠡᠷᠬᠦᠮᠵᠢᠯᠡᠪᠡ᠃ | 7 ᠤ ᠡᠳᠤᠷ ᠰᠢᠨ᠎ᠡ ᠬᠠᠭᠠᠨ ᠦᠪᠡᠷ ᠡᠭᠡ ᠡᠤ ᠤᠪᠤᠭᠳᠤ ᠶᠢ ᠪᠠᠨ ᠬᠤᠸᠠᠩᠳᠠᠶᠢᠭᠡᠤ ᠭᠡᠵᠤ ᠡᠷᠬᠦᠮᠵᠢᠯᠡᠨ | ᠲᠤᠭᠳᠠᠭᠠᠪᠠ᠃ | 8 ᠤ ᠡᠳᠤᠷ ᠹᠸᠢ ᠸᠠᠩ ᠤᠪᠤᠭᠳᠤ ᠶᠢ ᠬᠤᠸᠠᠩᠭᠡᠤ ᠡᠷᠬᠦᠮᠵᠢᠯᠡᠵᠤ᠂ ᠵᠤ᠋ ᠤᠪᠤᠭᠳᠤ ᠶᠢ ᠬᠦᠢ ᠹᠸᠢ ᠡᠷᠭᠦᠮᠵᠢᠯᠡᠪᠡ ᠂ | ᠲᠡᠷᠡ ᠪᠤᠯᠪᠠᠯ ᠬᠤᠸᠠᠩᠳᠠᠶᠢᠽᠢ ᠶᠢᠨ ᠲᠦᠷᠦᠭᠰᠡᠨ ᠡᠭᠡ ᠪᠤᠯᠤᠨ᠎ᠠ᠃ | 10 ᠤ ᠡᠳᠤᠷ ᠤᠯᠤᠰ ᠲᠤ ᠲᠣᠩᠬᠠᠭ ᠭᠠᠷᠭᠠᠨ ᠨᠡᠶᠢᠰᠯᠡᠯ ᠬᠤᠳᠠᠨ ᠤ ᠶᠠᠯᠠᠳᠠᠨ ᠢ ᠶᠠᠯ᠎ᠠ ᠶᠢ ᠨᠢ ᠬᠦᠩᠭᠡᠯᠡᠪᠡ᠃ | | |