3᠂ ᠦᠨᠳᠤᠰᠤ ᠤᠭᠰᠠᠭ᠎ᠠ | ᠴᠠᠭ ᠬᠤᠭᠤᠴᠠᠭ᠎ᠠ᠂ ᠤᠷᠤᠨ ᠂ ᠠᠵᠤ ᠠᠬᠤᠢ ᠶᠢᠨ ᠬᠡᠯᠪᠡᠷᠢ ᠵᠡᠷᠭᠡ ᠲᠠᠯ᠎ᠠ ᠠᠴᠠ ᠨᠢ ᠦᠵᠡᠪᠡᠯ ᠵᠢᠩ | ᠭᠧᠦ ᠽᠢ ᠶᠢᠨ ᠲᠦᠷᠦᠯ ᠵᠦᠢᠯ ᠬᠡᠯᠪᠡᠷᠢ ᠨᠢ ᠰᠤᠷᠪᠤᠯᠵᠢ ᠪᠢᠴᠢᠭ ᠲᠤ ᠲᠡᠮᠳᠡᠭᠯᠡᠭᠳᠡᠭᠰᠡᠨ ᠡᠷᠳᠡᠨ ᠤ | ᠦᠨᠳᠤᠰᠤᠳᠡᠨ ᠳ᠋ᠦᠩᠬᠤ ᠲᠠᠢ ᠨᠢᠭᠳᠠ ᠬᠠᠷᠢᠴᠠᠭ᠎ᠠ ᠲᠠᠢ᠃ | ᠬᠡᠳᠦᠶᠢᠪᠡᠷ ᠵᠢᠩ ᠭᠸᠦ ᠽᠢ ᠶᠢᠨ ᠲᠦᠷᠦᠯ ᠬᠡᠯᠪᠡᠷᠢ ᠶᠢᠨ ᠲᠠᠷᠬᠠᠯᠳᠠ ᠶᠢᠨ ᠬᠦᠷᠢᠶ᠎ᠡ ᠬᠡᠪᠴᠢᠶ᠎ᠡ ᠨᠢ ᠬᠤᠵᠢᠮ | ᠤᠨ ᠨᠡᠯᠢᠶ᠋ᠶᠡᠳ ᠤᠷᠳᠤ ᠬᠤᠭᠤᠴᠠᠭᠠᠨ ᠤ ᠴᠠᠭ ᠬᠡᠷᠡᠭᠰᠡᠨ ᠠᠵᠢᠯ ᠢ ᠬᠡᠷᠡᠭᠰᠡ ᠲᠤᠭᠳᠠᠭᠠᠬᠤ ᠪᠤᠯᠪᠠᠴᠦ ᠂ | ᠲᠡᠭᠦᠨ ᠤ ᠤᠷᠤᠰᠢᠭᠰᠡᠨ ᠪᠠᠶᠢᠷᠢ ᠨᠢ ᠤᠯᠠᠭᠠᠨᠬᠠᠳᠠ ᠬᠤᠳᠠ ᠶᠢᠨ ᠳ᠋ᠦᠩᠬᠤ ᠦᠨᠳᠤᠰᠤᠳᠡᠨ ᠤ ᠬᠦᠳᠡᠯᠭᠡᠭᠡᠨ | ᠬᠢᠭᠰᠡᠨ ᠬᠦᠷᠢᠶ᠎ᠡ ᠬᠡᠪᠴᠢᠶ᠎ᠡ ᠳᠤ ᠪᠠᠭᠳᠠᠬᠤ ᠨᠢ ᠰᠡᠵᠢᠭᠯᠡᠳᠡᠰᠢ ᠦᠭᠡᠢ ᠶᠤᠮ᠃ ᠡᠨᠡᠬᠦ ᠲᠠᠯ᠎ᠠ ᠪᠠᠷ ᠬᠢ ᠦᠵᠡᠯᠳᠡ | ᠦᠬᠦᠯᠡᠯ ᠨᠢ ᠳ᠋ᠦᠩᠬᠤ ᠶᠢᠨ ᠡᠷᠳᠡᠮᠳᠡᠨ ᠨᠠᠷ ᠨᠡᠶᠢᠳᠡᠮ ᠳᠡᠭᠡᠨ ᠵᠦᠪᠰᠢᠶᠡᠷᠡᠵᠦ ᠪᠠᠶᠢᠳᠠᠭ᠃ | ᠤᠯᠠᠭᠠᠨᠬᠠᠳᠠ ᠤᠷᠤᠨ ᠤ ᠠᠯᠢ ᠲᠦᠷᠦᠯ ᠤᠨ ᠦᠯᠡᠳᠡᠭᠳᠡᠯ ᠨᠢ ᠳ᠋ᠦᠩᠬᠤ ᠶᠢᠨ ᠪᠤᠯᠬᠤ ᠶᠢ ᠨᠤᠳᠠᠯᠠᠬᠤ ᠳᠤ | ᠤᠷᠢᠳᠠᠪᠡᠷ ᠲᠡᠭᠦᠨ ᠤ ᠤᠷᠤᠰᠢᠵᠤ ᠪᠠᠶᠢᠭᠰᠠᠨ ᠴᠠᠭ ᠬᠤᠭᠤᠴᠠᠭ᠎ᠠ ᠨᠢ ᠳ᠋ᠦᠩᠬᠤ ᠶᠢᠨ ᠬᠦᠳᠡᠯᠭᠡᠭᠡᠨ ᠬᠢᠵᠤ | ᠪᠠᠶᠢᠭᠰᠠᠨ ᠴᠠᠭ ᠬᠤᠭᠤᠴᠠᠭ᠎ᠠ ᠲᠠᠢ ᠠᠪᠤᠴᠠᠯᠳᠤᠬᠤ ᠡᠰᠡᠬᠦ ᠶᠢ ᠦᠵᠡᠬᠦ ᠬᠡᠷᠡᠭᠳᠠᠢ᠃ ᠡᠮᠦᠨ᠎ᠡ ᠶᠢᠨ ᠰᠢᠶᠠ | ᠵᠢᠶᠠ ᠳ᠋ᠢᠶᠠᠨ ᠤ ᠰᠤᠶᠤᠯ ᠨᠢ ᠳ᠋ᠦᠩᠬᠤ ᠶᠢᠨ ᠰᠤᠶᠤᠯ ᠲᠤ ᠪᠠᠭᠳᠠᠨ᠎ᠠ ᠭᠡᠵᠦ ᠦᠵᠡᠳᠡᠭ ᠳ᠋ᠦᠩᠬᠤ ᠶᠢᠨ | ᠰᠤᠳᠤᠯᠭᠠᠳᠠᠨ ᠨᠠᠷ ᠤᠯᠠᠩᠬᠢ ᠨᠢ ᠪᠠᠶᠢᠯᠳᠤᠭᠠᠨᠳᠤ ᠤᠯᠤᠰ ᠤᠨ ᠦᠶ᠎ᠡ ᠶᠢᠨ ᠶᠠᠨ ᠤᠯᠤᠰ ᠤᠨ ᠰᠤᠶᠤᠯ ᠤᠨ | ᠬᠤᠷᠠᠮᠠᠯ ᠤᠨ ᠲᠤᠤᠷ᠎ᠠ ᠲᠠᠯ᠎ᠠ ᠨᠢ ᠰᠢᠭᠤᠳ ᠰᠢᠶᠠ ᠵᠢᠶᠠ ᠳ᠋ᠢᠶᠠᠨ ᠤ ᠰᠤᠶᠤᠯ ᠤᠨ ᠲᠡᠭᠡᠷ᠎ᠡ ᠲᠠᠪᠬᠤᠷᠭ᠎ᠠ | ᠲᠡᠭᠡᠷ᠎ᠡ ᠤᠪᠤᠭᠠᠯᠠᠭᠳᠠᠨ ᠪᠠᠶᠢᠭᠰᠠᠨ ᠰᠤᠶᠤᠯ ᠤᠨ ᠤᠪᠤᠭᠠᠷᠠᠯ ᠤᠨ ᠦᠵᠡᠭᠳᠡᠯ ᠢ ᠦᠨᠳᠤᠰᠤᠯᠡᠵᠤ ᠂ ᠬᠠᠷᠢᠨ | ᠲᠤᠰ ᠰᠤᠶᠤᠯ ᠤᠨ ᠴᠠᠭ ᠬᠤᠭᠤᠴᠠᠭ᠎ᠠ ᠶᠢᠨ ᠲᠤᠤᠷ᠎ᠠ ᠪᠠᠷᠢᠮᠵᠢᠶ᠎ᠠ ᠨᠢ ᠶᠠᠨ ᠬᠢᠭᠡᠳ ᠴᠢᠨ ᠤ ᠡᠬᠢᠯᠡᠯᠳᠡ ᠂ | ᠤᠮᠠᠷᠠᠳᠤ ᠶᠢᠨ ᠳ᠋ᠦᠩᠬᠤ ᠶᠢᠨ ᠬᠤᠭᠤᠷᠤᠨᠳᠤ ︵ᠡᠩ ᠤᠨ ᠪᠠᠶᠢᠳᠠᠯ ᠳᠤ ᠨᠡᠶᠢᠳᠡ ᠶᠢᠨ ᠤᠨ ᠲᠤᠭᠠᠯᠠᠯ ᠤᠨ | ᠡᠮᠦᠨ᠎ᠡ 4 ᠳ᠋ᠤᠭᠡᠷ ᠵᠠᠭᠤᠨ ᠤ ᠰᠡᠭᠦᠯᠴᠢ ᠠᠴᠠ ᠡᠮᠦᠨ᠎ᠡ ᠭᠤᠷᠪᠠᠳᠤᠭᠠᠷ ᠵᠠᠭᠤᠨ ᠤ ᠡᠬᠢᠨ ᠤ ᠬᠤᠭᠤᠷᠤᠨᠳᠤ ᠃ | ᠦᠨᠡᠨ ᠲᠡᠭᠡᠨ ᠄ ︽ᠰᠢᠶᠠ ᠵᠢᠶᠠ ᠳ᠋ᠢᠶᠠᠨ ᠤ ᠲᠡᠭᠡᠳᠦ ᠲᠠᠪᠬᠤᠷᠠᠭᠠ ᠶᠢᠨ ᠰᠤᠶᠤᠯ ᠬᠠᠮᠤᠭ ᠨᠠᠭᠠᠳᠤ ᠵᠠᠬ᠎ᠠ | ᠳᠠᠭᠠᠨ ︽ᠴᠦᠨ ᠴᠢᠦ ᠶᠢᠨ ᠦᠶ᠎ᠡ ᠠᠴᠠ ᠤᠷᠦᠢ ᠪᠠᠶᠢᠬᠤ ᠦᠭᠡᠢ︾ ᠭᠡᠵᠦ ᠵᠠᠷᠢᠮ ᠡᠷᠳᠡᠮᠳᠡᠨ ᠠᠯᠢ ᠡᠷᠳᠡ | ᠵᠢᠠᠭᠠᠵᠤ ᠭᠠᠷᠭᠠᠭᠰᠠᠨ ᠪᠠᠶᠢᠨ᠎ᠠ᠃ ᠤᠳᠤᠬᠠᠨ ᠤ ᠢᠯᠡᠷᠡᠭᠦᠯᠦᠯᠳᠡ ᠪᠠ ᠰᠤᠳᠤᠯᠤᠯᠳᠠ ᠠᠴᠠ ᠦᠵᠡᠪᠡᠯ ᠂ ᠠᠤᠬᠠᠨ | ᠤ ᠵᠧᠦ ᠵᠢᠶᠠ ᠳ᠋ᠢᠶᠠᠨ ᠤ ᠰᠤᠶᠤᠯ ᠢ ᠭᠠᠷᠭᠠᠵᠤ ᠦᠯᠦ ᠬᠡᠯᠡᠯᠴᠡᠪᠡᠯ ᠂ ᠨᠢᠭᠡᠨᠳᠡ ᠡᠵᠡᠮᠰᠢᠭᠰᠡᠨ ᠡᠯ᠎ᠡ ᠭᠠᠵᠠᠷ | ᠤᠨ ᠰᠢᠶᠠ ᠵᠢᠶᠠ ᠳ᠋ᠢᠶᠠᠨ ᠤ ᠲᠡᠭᠡᠳᠤ ᠲᠠᠪᠬᠤᠷᠠᠭᠠ ᠶᠢᠨ ᠰᠤᠶᠤᠯ ᠤᠨ ᠦᠯᠡᠳᠡᠭᠳᠡᠯ ᠤᠨ ᠤᠨ | ᠬᠤᠭᠤᠴᠠᠭ᠎ᠠ ᠨᠢ ᠴᠦᠨ ᠴᠢᠦ ᠶᠢᠨ ᠴᠠᠭ ᠬᠤᠭᠤᠴᠠᠭ᠎ᠠ ᠠᠴᠠ ᠡᠷᠳᠡ ᠪᠠᠶᠢᠬᠤ ᠤᠴᠢᠷᠳᠠᠢ᠃ ᠡᠨᠡᠬᠦ ᠴᠠᠭ | ᠬᠤᠭᠤᠴᠠᠭ᠎ᠠ ᠨᠢ ᠴᠢ ᠬᠤᠸᠠᠨ ᠬᠦᠩ ᠤᠮᠠᠷᠠᠰᠢ ᠱᠠᠨ ᠿᠦᠩ ᠢ ᠲᠠᠶᠢᠯᠠᠭᠰᠠᠨ ᠴᠠᠭ ᠬᠤᠭᠤᠴᠠᠭ᠎ᠠ ᠲᠠᠢ | ᠠᠪᠤᠴᠠᠯᠳᠤᠵᠤ ᠂ ᠴᠢᠨ ᠤᠯᠤᠰ ᠤᠮᠠᠷᠠᠰᠢ ᠬᠦᠭᠵᠢᠨ ᠵᠡᠭᠦᠨᠰᠢ ᠳ᠋ᠦᠩᠬᠤ ᠶᠢ ᠡᠵᠡᠯᠡᠭᠰᠡᠨ ᠴᠠᠭ ᠠᠴᠠ ᠬᠤᠯᠠ | ᠡᠷᠳᠡ᠃ ᠡᠶᠢᠮᠦ ᠠᠴᠠ ᠶᠡᠷᠡᠭᠡᠳ ᠤᠨ ᠤ ᠦᠶᠡᠰ ᠢᠶᠠᠷ ᠲᠡᠶᠧ ᠵᠢᠶᠠᠩ ᠭᠧᠦ ᠶᠢᠨ ᠰᠤᠶᠤᠯ ᠤᠨ | ᠦᠯᠡᠳᠡᠭᠳᠡᠯ ᠬᠢᠭᠡᠳ ᠱᠦᠢ ᠴᠢᠤᠸᠠᠨ ᠭᠧᠦ ᠶᠢᠨ ᠰᠤᠶᠤᠯ ᠵᠠᠯᠭᠠᠪᠠᠷ ᠢᠯᠡᠷᠡᠭᠰᠡᠨ ᠤ ᠰᠡᠭᠦᠯᠡᠷ ᠂ ᠵᠠᠷᠢᠮ | ᠡᠷᠳᠡᠮᠳᠡᠳ ᠨᠢᠭᠡᠨᠳᠡ ᠰᠢᠶᠠ ᠵᠢᠶᠠ ᠳ᠋ᠢᠶᠠᠨ ᠤ ᠲᠡᠭᠡᠳᠦ ᠲᠠᠪᠬᠤᠷᠠᠭᠠ ᠶᠢᠨ ᠰᠤᠶᠤᠯ ᠪᠤᠯᠪᠠᠯ ᠱᠠᠨ ᠿᠦᠩ ᠤᠨ | ᠬᠢ ᠪᠤᠯᠬᠤ ᠠᠴᠠ ᠪᠢᠰᠢ ᠬᠠᠷᠢᠨ ᠳ᠋ᠦᠩᠬᠤ ᠶᠢᠨ ᠰᠤᠶᠤᠯ ᠪᠤᠰᠤ ᠭᠡᠵᠦ ᠦᠵᠡᠬᠦ ᠪᠤᠯᠤᠭᠰᠠᠨ᠃ ᠤᠳᠤᠬᠠᠨ | ᠳᠤ ᠵᠢᠩ ᠭᠧᠤ ᠽᠢ ᠶᠢᠨ ᠪᠠᠷᠠᠭᠤᠨ ᠲᠤᠭᠤᠷᠢᠭ ᠤᠨ ᠢᠵᠠᠭᠤᠷ ᠤᠩᠭᠤᠨ ᠤ ᠢᠯᠠᠷᠡᠭᠰᠡᠨ ᠨᠢ ᠯᠢᠶᠤᠤ ᠰᠢ | ᠤᠷᠤᠨ ᠤ ᠰᠢᠶᠠ ᠵᠢᠶᠠ ᠳ᠋ᠢᠶᠠᠨ ᠤ ᠲᠡᠭᠡᠳᠤ ᠲᠠᠪᠬᠤᠷᠠᠭᠠ ᠶᠢᠨ ᠰᠤᠶᠤᠯ ᠳᠤ ᠰᠢᠨ᠎ᠡ ᠮᠠᠲ᠋ᠧᠷᠢᠶᠠᠯ ᠬᠠᠩᠭᠠᠵᠤ | ᠦᠭᠴᠠᠢ ᠃ ᠲᠡᠭᠦᠨ ᠤᠨ ᠬᠤᠭᠤᠴᠠᠭ᠎ᠠ ᠨᠢ ᠳ᠋ᠦᠩᠬᠤ ᠶᠢᠨ ᠬᠦᠳᠡᠯᠭᠡᠭᠡᠨ ᠬᠢᠵᠤ ᠪᠠᠶᠢᠭᠰᠠᠨ ᠴᠠᠭ | ᠬᠤᠭᠤᠴᠠᠭ᠎ᠠ ᠲᠠᠢ ᠲᠤᠬᠢᠷᠠᠯᠴᠠᠨ᠎ᠠ᠃ | ᠰᠤᠷᠪᠤᠯᠵᠢ ᠪᠢᠴᠢᠭ ᠲᠤ ᠳ᠋ᠦᠩᠬᠤ ᠶᠢᠨ ᠠᠮᠢᠳᠦᠷᠠᠯ ᠲᠠᠳᠬᠠᠯ ᠤᠨ ᠲᠤᠬᠠᠢ ᠲᠡᠮᠳᠡᠭᠯᠡᠯ ᠬᠤᠮᠠᠰ ᠪᠠᠶᠢᠳᠠᠭ᠃ | ᠭᠡᠳᠡᠯ᠎ᠡ ᠳ᠋ᠦᠩᠬᠤ ᠨᠢ ᠵᠦᠩᠶᠤᠸᠠᠨ ᠤ ᠰᠤᠷᠪᠤᠯᠵᠢ ᠪᠢᠴᠢᠭ ᠲᠤ ︽ᠬᠤ᠋ ︾ ᠭᠡᠵᠦ ᠲᠡᠮᠳᠡᠭᠯᠡᠭᠳᠡᠭᠰᠡᠨ ᠨᠢ | ᠵᠦᠪᠭᠡᠨ ᠲᠡᠳᠡᠨᠡᠷ ︽ ᠾᠦᠩᠨᠤ ᠶᠢᠨ ᠵᠡᠭᠦᠨ ᠲᠠᠯ᠎ᠠ ᠳᠤ ᠨᠤᠳᠤᠭᠰᠢᠭᠰᠠᠨ ︾ ︵︽ᠰᠤᠳᠤᠷ ᠲᠡᠮᠳᠡᠭᠯᠡᠯ ᠂ | ᠾᠦᠩᠨᠤ ᠶᠢᠨ ᠱᠠᠰᠢᠳᠢᠷ ︾ ᠪᠢᠰᠢ᠂ ᠨᠡᠩ ᠴᠢᠬᠤᠯᠠ ᠨᠢ ᠲᠡᠷᠡᠪᠡᠷ ᠾᠦᠩᠨᠤ ᠲᠠᠢ ᠠᠳᠠᠯᠢᠪᠳᠤᠷ ᠠᠵᠤ | ᠠᠬᠤᠢ ᠶᠢᠨ ᠬᠡᠯᠪᠡᠷᠢ —— ︽ᠲᠡᠭᠦᠨ ᠤ ᠲᠡᠵᠢᠭᠡᠪᠦᠷᠢ ᠠᠨᠤ ᠤᠯᠠᠨ ᠠᠵᠤ ᠂ ᠮᠤᠷᠢ᠂ ᠦᠭᠡᠷ᠂ ᠬᠤᠨᠢ | ᠪᠠᠷ ᠭᠤᠤᠯᠯᠠᠮᠦᠢ ︾᠂ ︽ᠲᠡᠭᠦᠨ ᠤ ᠵᠠᠩᠰᠢᠯ ᠠᠨᠤ ᠮᠠᠯ ᠰᠦᠷᠦᠭ ᠢᠶᠠᠨ ᠲᠠᠭᠠᠵᠤ᠂ ᠬᠠᠷᠪᠤᠵᠤ ᠨᠠᠮᠨᠠᠨ ᠠᠩ | ᠠᠩᠨᠠᠬᠤ ᠪᠠᠷ ᠠᠵᠤ ᠪᠤᠯᠭᠠᠮᠦᠢ ︾ ︵ᠰᠤᠳᠤᠷ ᠲᠡᠮᠳᠡᠭᠯᠡᠯ ᠂ ᠾᠦᠩᠨᠤ ᠶᠢᠨ ᠱᠠᠰᠢᠳᠢᠷ ︶᠃ ᠡᠨᠡᠬᠦ ᠰᠤᠷᠪᠤᠯᠵᠢ | ᠪᠢᠴᠢᠭ ᠲᠤ ᠲᠡᠮᠳᠡᠭᠯᠡᠭᠳᠡᠭᠰᠡᠨ ᠾᠦᠩᠨᠤ ᠶᠢᠨ ᠬᠤᠶᠢᠴᠢᠰ ᠦᠬᠤᠸᠠᠨ᠂ ᠰᠢᠶᠠᠨᠪᠢ ᠵᠡᠷᠭᠡ ᠶᠢᠨ ᠵᠠᠩ ᠵᠠᠩᠰᠢᠯ | ᠵᠡᠷᠭᠡ ᠪᠠᠷ ᠨᠤᠳᠠᠯᠠᠵᠤ ᠪᠤᠯᠤᠮᠦᠢ᠃ ᠡᠨᠡ ᠲᠠᠯ᠎ᠠ ᠪᠠᠷ᠂ ᠳ᠋ᠦᠩᠬᠤ ᠶᠢᠨ ᠰᠤᠳᠤᠯᠭᠠᠳᠠᠨ ᠨᠠᠷ ᠪᠠᠷᠤᠭ ᠪᠦᠭᠦᠳᠡᠭᠡᠷ | ᠦᠭᠡᠶᠢᠰᠬᠡᠬᠦ ᠦᠭᠡᠢ ᠪᠠᠶᠢᠭ᠎ᠠ ᠃ ᠵᠢᠩ ᠭᠧᠦ ᠽᠢ ᠶᠢᠨ ᠲᠦᠷᠦᠯ ᠵᠦᠢᠯ ᠨᠢ ᠤᠯᠠᠭᠠᠨᠬᠠᠳᠠ ᠤᠷᠤᠨ ᠳᠤ | ᠤᠳᠤᠬᠠᠨ ᠳᠤ ᠴᠠᠭ ᠬᠤᠭᠤᠴᠠᠭ᠎ᠠ ᠶᠢ ᠨᠢ ᠲᠤᠳᠤᠯᠠᠵᠤ ᠪᠤᠯᠬᠤ ᠬᠠᠮᠤᠭ ᠡᠷᠳᠡᠨ ᠤ ᠬᠦᠭᠵᠢᠭᠰᠡᠨ ᠮᠠᠯ ᠠᠵᠤ | ᠠᠬᠤᠢ ᠶᠢᠨ ᠲᠦᠷᠦᠯ ᠬᠡᠯᠪᠡᠷᠢ ᠶᠢᠨ ᠤᠩᠭᠤᠨ ᠦᠯᠡᠳᠡᠭᠳᠡᠯ ᠮᠦᠨ ᠂ ᠠᠵᠤ ᠠᠬᠤᠢ ᠶᠢᠨ ᠬᠡᠯᠪᠡᠷᠢ ᠶᠢᠨ | ᠲᠠᠯ᠎ᠠ ᠠᠴᠠ ᠨᠢ ᠦᠵᠡᠪᠡᠯ ᠲᠡᠭᠦᠨ ᠢ ᠳ᠋ᠦᠩᠬᠤ ᠬᠡᠮᠡᠬᠦ ᠦᠵᠡᠯᠳᠡ ᠨᠢ ᠬᠠᠮᠤᠭ ᠤᠨ ᠲᠤᠬᠢᠷᠠᠮᠵᠢᠳᠢ᠃ | ᠡᠭᠦᠨ ᠠᠴᠠ ᠭᠠᠳᠠᠨ᠎ᠠ ᠡᠮᠦᠨ᠎ᠡ ᠬᠦᠮᠦᠨᠰ ᠤᠨ ᠦᠵᠡᠬᠦ ᠪᠠᠷ ᠰᠢᠶᠠ ᠵᠢᠶᠠ ᠳ᠋ᠢᠶᠠᠨ ᠤ ᠲᠡᠭᠡᠳᠦ ᠲᠠᠪᠬᠤᠷᠠᠭᠠ | ᠶᠢᠨ ᠰᠤᠶᠤᠯ ᠨᠢ ᠬᠠᠭᠤᠴᠢᠳ ᠲᠠᠭᠠᠨ ᠨᠤᠬᠠᠢ ᠲᠠᠭᠠᠭᠤᠯᠵᠤ ᠤᠷᠤᠰᠢᠭᠤᠯᠤᠨ ᠭᠡᠵᠢᠭᠡ ᠨᠢ ᠪᠤᠭᠤᠬᠤ᠂ ᠨᠢᠭᠤᠷ | ᠢ ᠨᠢ ᠪᠦᠳᠡᠭᠡᠬᠦ ᠵᠡᠷᠭᠡ ᠵᠢᠱᠢᠶ᠎ᠡ ᠨᠢ ᠰᠤᠷᠪᠤᠯᠵᠢ ᠪᠢᠴᠢᠭ ᠲᠤ ᠲᠡᠮᠳᠡᠭᠡᠯᠡᠭᠳᠡᠭᠰᠡᠨ ᠳ᠋ᠦᠩᠬᠤ ᠶᠢᠨ ᠬᠤᠶᠢᠴᠢᠰ | ᠤᠨ ᠵᠠᠩ ᠵᠠᠩᠰᠢᠯ ᠲᠠᠢ ᠲᠤᠬᠢᠷᠠᠯᠴᠠᠨ᠎ᠠ᠃ ᠡᠳᠡᠭᠡᠷ ᠨᠢ ᠪᠦᠬᠦᠨ ᠢᠶᠠᠷ ᠢᠶᠠᠨ ᠲᠤᠰ ᠰᠤᠶᠤᠯ ᠤᠨ ᠤᠭᠰᠠᠭ᠎ᠠ | ᠲᠦᠷᠦᠯ ᠨᠢ ᠳ᠋ᠦᠩᠬᠤ ᠳᠤ ᠬᠠᠷᠢᠶᠠᠯᠠᠭᠳᠠᠬᠤ ᠴᠢᠬᠤᠯᠠ ᠪᠠᠷᠢᠮᠳᠠ ᠮᠦᠨ᠃ ᠦᠨᠡᠨ ᠲᠡᠭᠡᠨ ᠡᠨᠡᠬᠦ ᠦᠵᠡᠯᠳᠡ | ᠶᠢᠨ ᠢᠷᠡᠯᠳᠡ ᠪᠤᠯᠤᠭᠰᠠᠨ ᠵᠠᠩᠬᠢᠯᠭ᠎ᠠ ᠶᠢᠨ ᠴᠢᠨᠠᠷᠳᠠᠢ ᠵᠧᠦ ᠵᠢᠶᠠ ᠳ᠋ᠢᠶᠠᠨ ᠤ ᠤᠩᠭᠤᠨ ᠨᠢ ᠲᠤᠰ | ᠵᠤᠬᠢᠶᠠᠯ ᠤᠨ ᠡᠮᠦᠨ᠎ᠡ ᠭᠡᠰᠡᠭ ᠲᠤ ᠬᠦᠦᠷᠨᠢᠭᠰᠡᠨ ᠰᠢᠭ ᠰᠢᠶᠠ ᠵᠢᠶᠠ ᠳ᠋ᠢᠶᠠᠨ ᠤ ᠲᠡᠭᠡᠳᠦ ᠲᠠᠪᠬᠤᠷᠠᠭᠠ ᠶᠢᠨ | ᠰᠤᠶᠤᠯ ᠳᠤ ᠪᠠᠭᠳᠠᠭᠠᠬᠤ ᠨᠢ ᠵᠤᠬᠢᠰ ᠦᠭᠡᠢ ᠶᠤᠮ᠃ ᠵᠢᠩ ᠭᠧᠦ ᠽᠢ ᠪᠠᠷᠠᠭᠤᠨ ᠲᠤᠭᠤᠷᠢᠭ ᠤᠨ ᠤᠩᠭᠤᠨ | ᠳᠤ ᠪᠠᠰᠠ ᠨᠤᠬᠠᠢ ᠰᠠᠳᠠᠭᠠᠯᠠᠭᠰᠠᠨ ᠪᠠ ᠨᠢᠭᠤᠷ ᠪᠦᠳᠡᠭᠡᠭᠰᠡᠨ ᠦᠵᠡᠭᠳᠡᠯ ᠪᠤᠢ ᠂ ᠭᠡᠳᠡᠯ᠎ᠡ ᠲᠡᠷᠡ ᠪᠤᠯ ᠰᠢᠶᠠ | ᠵᠢᠶᠠ ᠳ᠋ᠢᠶᠠᠨ ᠤ ᠲᠡᠭᠡᠳᠤ ᠲᠠᠪᠬᠤᠷᠠᠭᠠ ᠶᠢᠨ ᠰᠤᠶᠤᠯ ᠤᠨ ᠰᠡᠭᠦᠯᠴᠢ ᠶᠢᠨ ᠨᠢᠭᠡ ᠲᠦᠷᠦᠯ ᠤᠨ ᠰᠢᠨ᠎ᠡ | ᠰᠤᠶᠤᠯ ᠤᠨ ᠲᠦᠷᠦᠯ ᠵᠦᠢᠯ ᠪᠤᠯᠤᠨ᠎ᠠ᠃ | ᠵᠢᠩ ᠭᠧᠦ ᠽᠢ ᠶᠢᠨ ᠲᠦᠷᠦᠯ ᠬᠡᠯᠪᠡᠷᠢ ᠨᠢ ᠴᠠᠭ ᠬᠤᠭᠤᠴᠠᠭ᠎ᠠ ᠂ ᠭᠠᠵᠠᠷ ᠤᠷᠤᠨ ᠤ ᠲᠠᠯ᠎ᠠ ᠪᠠᠷ | ᠰᠤᠷᠪᠤᠯᠵᠢ ᠪᠢᠴᠢᠭ ᠲᠤ ᠲᠡᠮᠳᠡᠭᠯᠡᠭᠳᠡᠭᠰᠡᠨ ᠳ᠋ᠦᠩᠬᠤ ᠶᠢᠨ ᠤᠷᠤᠰᠢᠵᠤ ᠪᠠᠶᠢᠭᠰᠠᠨ ᠴᠠᠭ ᠬᠤᠭᠤᠴᠠᠭ᠎ᠠ ᠲᠠᠢ | ᠵᠤᠬᠢᠷᠠᠯᠴᠠᠬᠤ ᠮᠦᠷᠳᠡᠭᠡᠨ ᠭᠠᠵᠠᠷ ᠤᠷᠤᠨ ᠨᠢ ᠴᠦ ᠠᠪᠤᠴᠠᠯᠳᠤᠬᠤ ᠮᠦᠷᠳᠡᠭᠡᠨ ᠠᠵᠤ ᠠᠬᠤᠢ ᠶᠢᠨ ᠬᠡᠯᠪᠡᠷᠢ ᠨᠢ | ᠰᠤᠷᠪᠤᠯᠵᠢ ᠪᠢᠴᠢᠭ ᠲᠤ ᠲᠡᠮᠳᠡᠭᠯᠡᠭᠳᠡᠭᠰᠡᠨ ᠬᠤ᠋ ᠶᠢᠨ ᠬᠦᠮᠦᠨ ᠤ ᠠᠮᠢᠳᠦᠷᠠᠯ ᠵᠠᠩᠰᠢᠯ ᠲᠠᠢ ᠪᠦᠷᠢᠮᠦᠰᠤᠨ | ᠲᠤᠬᠢᠷᠠᠯᠴᠠᠨ᠎ᠠ᠃ ᠡᠶᠢᠮᠦ ᠠᠴᠠ ᠲᠡᠷᠡ ᠪᠤᠯᠪᠠᠯ ᠰᠤᠳᠤᠯᠭᠠᠨ ᠤ ᠡᠳᠡᠭᠡᠳ ᠤᠨ ᠤᠯᠠᠨ ᠵᠢᠯ ᠤᠨ ᠲᠤᠷᠰᠢ | ᠬᠠᠶᠢᠭᠰᠠᠭᠠᠷ ᠢᠷᠡᠭᠰᠡᠨ ᠡᠷᠳᠡᠨ ᠤ ᠦᠨᠳᠤᠰᠤᠳᠡᠨ ᠪᠤᠯᠬᠤ ᠬᠤ᠋ ᠦᠨᠳᠤᠰᠤᠳᠡᠨ ᠤ ᠦᠯᠡᠳᠡᠭᠳᠡᠯ ᠪᠤᠯᠬᠤ ᠨᠢ | ᠵᠦᠢᠳᠠᠢ᠃ ᠤᠷᠴᠢᠮ ᠠᠴᠠ ᠵᠢᠩ ᠭᠧᠦ ᠽᠢ ᠤᠩᠭᠤᠨ ᠠᠴᠠ ᠭᠠᠷᠤᠭᠰᠠᠨ ᠬᠦᠮᠦᠨ ᠤ ᠶᠠᠰᠤᠨ ᠳᠤ ᠬᠢᠭᠰᠡᠨ | ᠬᠦᠮᠦᠨ ᠵᠦᠢ ᠶᠢᠨ ᠰᠤᠳᠤᠯᠤᠯ ᠬᠢᠭᠡᠳ DNA ᠶᠢᠨ ᠰᠤᠳᠤᠯᠤᠯᠭ᠎ᠠ ᠨᠢ ᠵᠢᠩ ᠭᠧᠦ ᠽᠢ ᠶᠢᠨ ᠲᠦᠷᠦᠯ | ᠬᠡᠯᠪᠡᠷᠢ ᠪᠤᠯᠬᠤ ᠳᠤ ᠴᠢᠬᠤᠯᠠ ᠭᠡᠷᠡᠴᠢ ᠪᠠᠷᠢᠮᠳᠠ ᠬᠠᠩᠭᠠᠵᠤ ᠦᠭᠴᠠᠢ᠃ ᠰᠤᠳᠤᠯᠤᠯᠳᠠ ᠪᠠᠷ | ᠢᠯᠡᠷᠡᠭᠡᠶᠢᠯᠡᠭᠰᠡᠨ ᠨᠢ ᠵᠢᠩ ᠭᠧᠦ ᠽᠢ ᠲᠤᠭᠤᠶᠢᠯᠠᠩ ᠤᠨ ᠬᠦᠮᠦᠨ ᠤ ᠲᠤᠯᠤᠭᠠᠢ ᠶᠢᠨ ᠶᠠᠰᠤ ᠶᠢᠨ ᠤᠨᠴᠠᠯᠢᠭ | ᠨᠢ ᠲᠦᠭᠦᠷᠢᠭ ᠬᠡᠯᠪᠡᠷᠢ᠂ ᠵᠢᠭᠠᠬᠠᠨ ᠲᠤᠷᠤᠭᠰᠢ ᠬᠡᠯᠪᠡᠶᠢᠭᠰᠡᠨ ᠲᠦᠪ ᠲᠤᠯᠤᠭᠠᠢ ᠶᠢᠨ ᠬᠡᠯᠪᠡᠷᠢ ᠪᠠ ᠦᠷᠭᠡᠨ | ᠲᠤᠯᠤᠭᠠᠢ ᠶᠢᠨ ᠬᠡᠯᠪᠡᠷᠢ ᠲᠠᠢ᠂ ᠨᠢᠭᠤᠷ ᠨᠢ ᠭᠦᠳᠦᠶᠢᠭᠰᠡᠨ ᠮᠦᠷᠳᠡᠭᠡᠨ ᠦᠷᠭᠡᠨ ᠂ ᠨᠢᠭᠤᠷ ᠤᠨ ᠲᠤᠮᠤ | ᠮᠦᠷᠳᠡᠭᠡᠨ ᠵᠢᠭᠠᠬᠠᠨ ᠲᠡᠭᠰᠢ ᠪᠠᠶᠢᠭᠰᠠᠨ᠃ ᠲᠡᠭᠦᠨ ᠤ ᠦᠨᠳᠤᠰᠤᠨ ᠤᠨᠴᠠᠯᠢᠭ ᠨᠢ ᠠᠽᠢᠶ᠎ᠠ ᠲᠢᠪ ᠤᠨ | ᠮᠤᠩᠭᠤᠯ ᠲᠦᠷᠦᠯ ᠤᠨ ᠬᠦᠮᠦᠨ ᠤ ᠬᠤᠶᠢᠳᠤ ᠠᠽᠢᠶ᠎ᠠ ᠶᠢᠨ ᠲᠦᠷᠦᠯ ᠬᠡᠯᠪᠡᠷᠢ ᠲᠠᠢ ᠬᠠᠮᠤᠭ ᠠᠴᠠ ᠤᠶᠢᠷᠳᠤᠨᠠ | ᠂ ᠡᠭᠦᠨ ᠠᠴᠠ ᠡᠮᠦᠨ᠎ᠡ ᠤᠯᠠᠭᠠᠨᠬᠳᠠ ᠬᠤᠳᠠ ᠠᠴᠠ ᠤᠷᠤᠰᠢᠵᠤ ᠪᠠᠶᠢᠭᠰᠠᠨ ᠦᠨᠳᠤᠷ ᠲᠤᠯᠤᠭᠠᠢ ᠬᠡᠯᠪᠡᠷᠢ ᠲᠠᠢ | ︽ᠡᠷᠳᠡᠨ ᠤ ᠵᠡᠭᠦᠨ ᠬᠤᠶᠢᠳᠤ ᠶᠢᠨ ᠬᠡᠯᠪᠡᠷᠢ︾ ᠪᠠ ︽ᠡᠷᠳᠡᠨ ᠬᠤᠸᠠᠪᠧᠢ ᠲᠦᠷᠦᠯ ᠬᠡᠯᠪᠡᠷᠢ︾ ᠶᠢᠨ ᠬᠦᠮᠦᠨ | ᠤ ᠤᠨᠴᠠᠯᠢᠭ ᠲᠠᠢ ᠲᠤᠬᠢᠷᠠᠯᠴᠠᠨ᠎ᠠ᠃ ᠡᠨᠡᠬᠦ ᠤᠨᠴᠠᠯᠢᠭ ᠶᠢᠨ ᠪᠦᠷᠢᠯᠳᠤᠭᠦᠯᠦᠭᠰᠡᠨ ᠡᠷᠳᠡᠨ ᠤ ᠤᠤᠭᠠᠯ | ᠢᠷᠭᠡᠨ ᠨᠢ ︽ᠭᠤᠤᠯᠳᠠᠭᠤ ᠮᠤᠩᠭᠤᠯ ᠤᠯᠤᠰ ᠪᠠ ᠮᠠᠨ ᠤ ᠤᠯᠤᠰ ᠤᠨ ᠦᠪᠦᠷ ᠮᠤᠩᠭᠤᠯ ᠤᠷᠤᠨ ᠳᠤ ᠲᠠᠷᠬᠠᠨ | ᠂ ᠦᠷᠭᠡᠨ ᠤᠤᠬ᠎ᠠ ᠠᠴᠠ ᠨᠢ ᠭᠠᠵᠠᠷ ᠵᠦᠢ ᠶᠢᠨ ᠨᠢᠭᠡᠴᠨ ᠪᠠᠷ ᠦᠵᠡᠪᠡᠯ ᠮᠤᠩᠭᠤᠯ ᠦᠨᠳᠦᠷᠯᠢᠭ ᠤᠷᠤᠨ ᠳᠤ | ᠪᠠᠭᠳᠠᠨ᠎ᠠ᠂ ᠡᠶᠢᠮᠦ ᠠᠴᠠ ︽ᠡᠷᠳᠡᠨ ᠤ ᠮᠤᠩᠭᠤᠯ ᠤᠨ ᠦᠨᠳᠦᠷᠯᠢᠭ ᠤᠨ ᠬᠡᠯᠪᠡᠷᠢ︾ ᠭᠡᠵᠦ ᠨᠡᠷᠡᠶᠢᠳᠴᠦ | ᠪᠤᠯᠤᠨ᠎ᠠ᠃ ᠵᠤ᠋ ᠾᠦᠩ ᠠᠪᠤᠭᠠᠢ ᠶᠢᠨ ᠰᠤᠳᠤᠯᠤᠯᠳᠠ ᠪᠠᠷ ᠢᠯᠡᠷᠭᠡᠶᠢᠯᠡᠭᠰᠡᠨ ᠨᠢ ᠵᠢᠩ ᠭᠧᠦ ᠽᠢ ᠶᠢᠨ | ᠰᠠᠭᠤᠭᠠᠯᠢ ᠢᠷᠭᠡᠨ ᠪᠠ ᠬᠤᠵᠢᠮ ᠤᠨ ᠰᠢᠶᠠᠨᠪᠢ᠂ ᠭᠢᠳᠠᠨ ᠵᠡᠷᠭᠡ ᠬᠦᠮᠦᠨ ᠲᠦᠷᠦᠯ ᠤᠨ ᠤᠨᠴᠠᠯᠢᠭ ᠲᠠᠢ | ᠲᠤᠩ ᠲᠤᠬᠢᠷᠠᠯᠴᠠᠨ᠎ᠠ᠂ ᠤᠳᠤᠬᠠᠨ ᠳᠤ ᠤᠯᠳᠠᠭᠠᠳ ᠪᠠᠶᠢᠭ᠎ᠠ ᠵᠡᠭᠦᠨ ᠬᠤᠶᠢᠳᠤ ᠤᠷᠤᠨ ᠤ ᠬᠠᠮᠤᠭ ᠡᠷᠳᠡᠨ ᠤ | ᠠᠽᠢᠶ᠎ᠠ ᠶᠢᠨ ᠠᠷᠤ ᠶᠢᠨ ᠮᠤᠩᠭᠤᠯ ᠲᠦᠷᠦᠯ ᠤᠨ ᠬᠦᠮᠦᠨ ᠤ ᠤᠨᠴᠠᠯᠢᠭ ᠤᠨ ᠮᠠᠲ᠋ᠧᠷᠢᠶᠠᠯ ᠪᠤᠯᠤᠨ᠎ᠠ᠃ | ᠬᠦᠮᠦᠨ ᠤ ᠶᠠᠰᠤᠨ ᠳᠤ ᠬᠢᠭᠰᠡᠨ ᠤᠳᠠᠰᠤᠯᠢᠭ ᠮᠦᠭᠦᠯᠢᠭ ᠴᠤᠭᠴᠠᠳᠤDNA ᠶᠢᠨ ᠵᠠᠳᠠᠯᠤᠯᠳᠠ ᠨᠢ ᠠᠳᠠᠯᠢᠬᠠᠨ | ᠦᠷ᠎ᠡ ᠳ᠋ᠦᠩ ᠶᠢ ᠢᠯᠡᠷᠡᠭᠦᠯᠵᠠᠢ᠃ ᠵᠢᠩ ᠭᠧᠦ ᠽᠢ ᠪᠠᠷᠠᠭᠤᠨ ᠲᠤᠭᠤᠷᠢᠭ ᠤᠨ ᠤᠩᠭᠤᠨ ᠤ ᠡᠷᠳᠡᠨ ᠤ | ᠰᠠᠭᠤᠭᠠᠯᠢ ᠢᠷᠭᠡᠨ ᠤ ᠦᠯᠡᠳᠡᠭᠳᠡᠯ ᠤᠨ ᠴᠠᠭ ᠬᠤᠭᠤᠴᠠᠭ᠎ᠠ ᠨᠢ ᠬᠠᠨ ᠤᠯᠤᠰ ᠤᠨ ᠰᠢᠶᠠᠨᠪᠢ ᠶᠢᠨ ᠰᠠᠭᠤᠭᠠᠯᠢ | ᠢᠷᠭᠡᠨ ᠲᠠᠢ ᠬᠠᠮᠤᠭ ᠤᠶᠢᠷᠳᠤᠨᠠ᠃ ᠲᠡᠦᠭᠡᠨ ᠮᠠᠲ᠋ᠧᠷᠢᠶᠠᠯ ᠳᠤ ᠲᠡᠮᠳᠡᠭᠯᠡᠭᠰᠡᠨ ᠨᠢ ᠳ᠋ᠦᠩᠬᠤ ᠬᠢᠭᠡᠳ ᠰᠢᠶᠠᠨᠪᠢ | ᠂ ᠬᠢᠳᠠᠨ ᠨᠢᠭᠡᠨ ᠤᠭᠰᠠᠭ᠎ᠠ ᠳᠤ ᠪᠠᠭᠳᠠᠨ᠎ᠠ᠃ ᠡᠶᠢᠮᠦ ᠠᠴᠠ ᠂ ᠰᠤᠷᠪᠤᠯᠵᠢ ᠪᠢᠴᠢᠭ ᠤᠨ ᠲᠡᠮᠳᠡᠭᠯᠡᠯ ᠬᠢᠭᠡᠳ | ᠬᠦᠮᠦᠨ ᠤ ᠶᠠᠰᠤᠨ ᠤ ᠰᠤᠳᠤᠯᠤᠯᠳᠠ ᠬᠠᠷᠢᠯᠴᠠᠨ ᠭᠡᠷᠡᠴᠢᠯᠡᠵᠠᠢ᠃ | ᠡᠯ᠎ᠡ ᠲᠠᠯ᠎ᠠ ᠶᠢᠨ ᠨᠤᠳᠠᠯᠠᠯᠳᠠ ᠠᠴᠠ ᠦᠵᠡᠪᠡᠯ ᠵᠢᠩ ᠭᠧᠦ ᠽᠢ ᠲᠦᠷᠦᠯ ᠬᠡᠯᠪᠡᠷᠢ ᠶᠢᠨ ᠤᠭᠰᠠᠭ᠎ᠠ ᠶᠢ | ᠳ᠋ᠦᠩᠬᠤ ᠳᠤ ᠬᠠᠷᠢᠶᠠᠯᠠᠭᠳᠠᠵᠤ᠂ ᠰᠢᠶᠠ ᠵᠢᠶᠠ ᠳ᠋ᠢᠶᠠᠨ ᠤ ᠲᠡᠭᠡᠳᠦ ᠲᠠᠪᠬᠤᠷᠠᠭᠠ ᠶᠢᠨ ᠰᠤᠶᠤᠯ ᠤᠨ | ᠤᠭᠰᠠᠭ᠎ᠠ ᠶᠢ ᠳ᠋ᠦᠩᠬᠤ ᠳᠤ ᠬᠠᠷᠢᠶ᠋ᠶᠠᠯᠠᠳᠠᠨᠠ ᠭᠡᠪᠡᠯ ᠨᠡᠯᠢᠶᠡᠳ ᠲᠤᠬᠢᠷᠠᠮᠵᠢᠳᠠᠢ᠃ | |