ᠴᠦᠨ ᠴᠢᠦ ᠶᠢᠨ  ᠰᠡᠭᠦᠯᠴᠢ ᠶᠢᠨ  ᠦᠶ᠎ᠡ᠂  ᠪᠠᠶᠢᠯᠳᠤᠭᠠᠳᠤ ᠤᠯᠤᠰ ᠤᠨ  ᠡᠬᠢᠨ  ᠤ ᠦᠶ᠎ᠡ ᠶᠢᠨ  ᠰᠢᠷ᠎ᠠ ᠦᠨᠳᠤᠷ ᠤᠨ  ᠡᠷᠳᠡᠨ  ᠬᠦᠮᠦᠨ  ᠰᠦᠷᠦᠭ  ︵    ᠲᠥᠷᠪᠡ ︶
ᠨᠡᠶᠢᠲᠡᠯᠡᠭᠰᠡᠨ ᠴᠠᠭ᠄
2020/8/11
ᠲᠥᠷᠪᠡ  ᠂ ᠤᠩᠭᠤᠨ ᠢ  ᠲᠦᠢᠪᠡᠭᠡᠭᠰᠡᠨ  ᠪᠠᠶᠢᠳᠠᠯ ᠤᠨ  ᠲᠤᠬᠠᠢ ᠡᠮᠦᠨ᠎ᠡ ᠶᠠᠷᠢᠭᠰᠨ ᠰᠢᠭ᠋ ᠪᠠᠷ  ᠵᠢᠩ ᠭᠧᠦ  ᠽᠢ ᠶᠢᠨ  ᠪᠠᠷᠠᠭᠤᠨ ᠲᠤᠭᠤᠷᠢᠭ ᠤᠨ  ᠤᠩᠭᠤᠨ ᠤ  ᠤᠯᠠᠩᠬᠢ ᠨᠢ  ᠬᠦᠮᠦᠨ ᠳᠤ ᠬᠦᠳᠡᠯᠭᠡᠭᠳᠡᠵᠦ ᠦᠩᠭᠡᠷᠡᠭᠰᠡᠨ  ᠢᠮ ᠤᠷᠤᠮ ᠲᠠᠢ᠃  ᠲᠡᠭᠦᠨ ᠳᠤ ᠪᠠᠰᠠ  ᠪᠦᠷᠢᠮᠦᠰᠤᠨ ᠡᠪᠳᠡᠭᠳᠡᠭᠰᠡᠨ  ᠂ ᠬᠡᠰᠡᠭ ᠪᠦᠯᠦᠭ  ᠲᠦᠢᠪᠡᠭᠡᠭᠳᠡᠭᠰᠡᠨ  ᠪᠠᠶᠢᠳᠠᠯ ᠲᠠᠢ᠃  ᠤᠨᠴᠠᠭᠠᠶᠢᠯᠠᠨ  ᠬᠡᠭᠦᠷ   ᠤᠨ ᠲᠡᠭᠡᠷ᠎ᠡ ᠬᠠᠭᠠᠰ ᠪᠡᠶ᠎ᠡ   ᠲᠠᠢ ᠨᠢ ᠤᠷᠤᠯᠳᠤᠭᠰᠠᠨ ᠪᠠᠶᠢᠳᠠᠯ ᠨᠢ ᠲᠤᠤᠷ᠎ᠠ ᠬᠠᠭᠠᠰ ᠪᠡᠶ᠎ᠡ   ᠶᠢ ᠨᠢ ᠬᠦᠳᠡᠯᠭᠡᠭᠰᠡᠨ ᠪᠠᠶᠢᠳᠠᠯ  ᠠᠴᠠ  ᠢᠯᠡᠷᠡᠭᠡᠢ ᠤᠯᠠᠨ᠃  ᠪᠠᠰᠠ ᠲᠤᠯᠤᠭᠠᠢ   ᠶᠢᠨ ᠶᠠᠰᠤ ᠶᠢ  ᠰᠢᠯᠵᠢᠭᠦᠯᠵᠤ  ᠰᠢᠷᠦᠢ ᠲᠤᠮᠳᠠ ᠬᠠᠶᠠᠭᠰᠠᠨ ᠪᠠᠶᠢᠳᠠᠯ ᠴᠦ ᠪᠤᠢ  ᠃ ᠭᠡᠰᠡᠭ ᠪᠦᠯᠦᠭ  ᠲᠦᠢᠪᠡᠭᠡᠭᠰᠡᠨ ᠪᠠᠶᠢᠳᠠᠯ ᠨᠢ  ᠵᠠᠷᠢᠮ ᠤᠩᠭᠤᠨ ᠤ ᠠᠮᠰᠠᠷ   ᠤᠨ  ᠰᠢᠷᠦᠢ ᠬᠢᠭᠡᠳ  ᠤᠤᠯ ᠤᠨ  ᠪᠤᠯᠠᠭᠰᠠᠨ ᠰᠢᠷᠦᠢ ᠲᠠᠢ ᠨᠢ ᠢᠯᠭᠠᠭᠳᠠᠨ᠎ᠠ᠃  ᠲᠦᠢᠪᠡᠭᠡᠭᠳᠡᠭᠰᠡᠨ ᠤᠩᠭᠤᠨ ᠤ  ᠠᠮᠰᠠᠷ  ᠂  ᠬᠠᠨ᠎ᠠ᠂  ᠬᠠᠩᠵᠤ  ᠵᠡᠷᠭᠡ ᠨᠢ ᠨᠢᠭᠡᠨᠳᠡ  ᠡᠷᠦᠢ ᠬᠤᠷᠦᠢ ᠦᠭᠡᠢ  ᠪᠤᠯᠵᠤ  ᠂ ᠬᠦᠳᠡᠯᠭᠡᠵᠦ ᠦᠩᠭᠡᠷᠡᠭᠰᠡᠨ ᠰᠢᠷᠦᠢ ᠲᠤᠮᠳᠠ  ᠶᠠᠰᠤᠨ ᠬᠡᠯᠳᠡᠷᠭᠡᠢ   ᠪᠠ  ᠰᠠᠳᠠᠭᠠᠯᠠᠭᠰᠠᠨ ᠪᠤᠳᠠᠰ  ᠰᠠᠴᠤᠭᠳᠠᠵᠤ  ᠂ ᠤᠯᠠᠩᠬᠢ ᠶᠢᠨ ᠬᠢᠨᠢ  ᠲᠤᠯᠤᠭᠠᠢ  ᠶᠢᠨ  ᠶᠠᠰᠤ ᠪᠡ ᠡᠷᠡᠦ ᠨᠢ ᠰᠠᠯᠤᠩᠬᠢᠷᠠᠵᠠᠢ᠃  ᠵᠠᠷᠢᠮ  ᠤᠩᠭᠤᠨ ᠤ  ᠭᠡᠭᠦᠷ ᠶᠠᠰᠤ ᠨᠢ ᠲᠤᠳᠠᠭᠤ᠂  ᠵᠠᠷᠢᠮ ᠤᠩᠭᠤᠨ   ᠨᠢ  ᠪᠤᠰᠤᠳ ᠬᠦᠮᠦᠨ ᠶᠠᠰᠤ ᠤᠷᠤᠵᠤ ᠢᠷᠡᠭᠰᠡᠨ  ᠪᠠᠶᠢᠳᠠᠯ ᠤᠯᠠᠨ᠃  ᠪᠠᠰᠠ ᠵᠠᠷᠢᠮ ᠲᠦᠢᠪᠡᠭᠡᠭᠳᠡᠵᠦ ᠦᠩᠭᠡᠷᠡᠭᠰᠡᠨ ᠬᠤᠶᠠᠷ ᠠᠳᠠᠯᠢ ᠪᠤᠰᠤ ᠤᠩᠭᠤᠨ ᠠᠴᠠ ᠢᠯᠡᠷᠡᠭᠰᠡᠨ  ᠱᠠᠭᠠᠵᠠᠩ ᠤᠨ    ᠭᠡᠯᠳᠡᠷᠭᠡᠢ ᠨᠢ  ᠬᠠᠷᠢᠨ ᠨᠢᠭᠡᠨ ᠪᠦᠷᠢᠨ ᠪᠦᠳᠦᠨ ᠱᠠᠭᠠᠵᠠᠩ ᠰᠠᠪᠠ   ᠶᠢ  ᠵᠦᠢᠵᠤ ᠪᠤᠯᠭᠠᠵᠤ ᠪᠤᠯᠳᠠᠭ᠃  ᠵᠠᠷᠢᠮ ᠤᠩᠭᠤᠨ   ᠤ ᠭᠡᠭᠦᠷ  ᠶᠠᠰᠤᠨ   ᠮᠦᠴᠨ ᠦᠶ᠎ᠡ ᠳᠤ ᠭᠦᠨ ᠭᠡᠭᠴᠢ  ᠬᠦᠷᠡᠯ ᠤᠨ  ᠵᠢᠪᠡ   ᠶᠢᠨ ᠤᠷᠤᠮ ᠲᠠᠢ  ᠂ ᠭᠡᠳᠡᠯ᠎ᠡ ᠴᠡᠪᠡᠷᠡᠯᠡᠵᠦ ᠪᠠᠷᠠᠭᠰᠠᠨ ᠤ ᠲᠠᠷᠠᠭ᠎ᠠ  ᠬᠠᠷᠢᠯᠴᠠᠨ ᠲᠤᠬᠢᠷᠠᠬᠤ  ᠬᠦᠷᠡᠯ  ᠪᠠᠭᠠᠵᠢ  ᠬᠠᠷᠠᠭᠳᠠᠭᠰᠠᠨ ᠦᠭᠡᠢ  ᠃ ᠨᠢᠭᠡᠨᠳᠡ  ᠢᠯᠡᠷᠡᠭᠰᠡᠨ  ᠬᠦᠷᠡᠯ  ᠰᠡᠯᠡᠮ᠎ᠡ   ᠨᠢ ᠨᠡᠯᠢᠶᠡᠳ ᠤᠷᠳᠤ  ᠬᠦᠷᠡᠯ ᠪᠠᠭᠠᠵᠢ ᠮᠦᠨ  ᠃ ᠨᠢᠭᠡ ᠨᠢ ᠬᠠᠨ᠎ᠠ  ᠲᠦᠰᠢᠭᠦᠯᠦᠨ ᠲᠠᠯᠪᠢᠭᠰᠠᠨ ᠭᠡᠭᠦᠷ ᠤᠨ  ᠨᠢᠷᠤᠭᠤᠨ   ᠳᠤ  ᠲᠠᠯᠪᠢᠵᠤ ᠪᠠᠶᠢᠵᠠᠢ᠃  ᠨᠦᠭᠦᠭᠡ ᠨᠢ  ᠪᠠᠰᠠ  ᠬᠠᠨ᠎ᠠ  ᠲᠠᠢ  ᠢᠪ ᠨᠠᠭᠠᠯᠳᠤᠵᠤ  ᠪᠠᠶᠢᠵᠠᠢ᠃  ᠲᠡᠳᠡᠨᠡᠷ ᠤᠨ  ᠦᠯᠡᠳᠡᠭᠳᠡᠭᠰᠡᠨ   ᠨᠢ ᠭᠡᠨᠡᠳᠳᠡ ᠶᠢᠨ  ᠪᠠᠶᠢᠳᠠᠯ ᠲᠠᠢ  ᠃ ᠭᠡᠳᠡᠯ᠎ᠡ  ᠵᠦᠢᠯ ᠵᠦᠢᠯ   ᠤᠨ  ᠢᠮ ᠤᠷᠤᠮ ᠤᠨ  ᠬᠡᠷᠡᠴᠢᠯᠡᠭᠰᠡᠨ ᠢᠶᠠᠷ  ᠡᠨᠡᠬᠦ  ᠤᠩᠭᠤᠨ   ᠤ ᠲᠦᠢᠪᠡᠭᠡᠭᠳᠡᠭᠰᠡᠨ  ᠦᠵᠡᠭᠳᠡᠯ ᠨᠢ  ᠬᠤᠵᠢᠮ ᠤᠨ  ᠶᠠᠪᠤᠳᠠᠯ  ᠪᠢᠰᠢ  ᠂ ᠪᠠᠷᠤᠭ   ᠲᠠᠭᠠᠨ  ᠭᠠᠵᠠᠷ ᠤᠨ  ᠨᠢᠭᠤᠷ ᠲᠡᠭᠡᠷ᠎ᠡ ᠠᠴᠠ  ᠤᠩᠭᠤᠨ   ᠤ  ᠤᠷᠤ ᠪᠠᠶᠢᠷᠢ ᠶᠢ ᠤᠨᠤᠪᠴᠢᠳᠠᠢ  ᠨᠤᠳᠠᠯᠠᠵᠤ ᠴᠢᠳᠠᠬᠤ ᠴᠠᠭ ᠬᠤᠭᠤᠴᠠᠭᠠᠨ ᠳᠤ ᠲᠦᠢᠪᠡᠭᠡᠭᠳᠡᠭᠰᠡᠨ ᠲᠦᠯᠦᠪᠳᠠᠢ᠃  ᠤᠷᠤᠰᠢᠭᠤᠯᠤᠭᠰᠠᠨ  ᠴᠠᠭ ᠬᠤᠭᠤᠴᠠᠭ᠎ᠠ ᠠᠴᠠ  ᠨᠡᠯᠢᠶᠡᠳ ᠤᠶᠢᠷ᠎ᠠ  ᠃  ᠤᠯᠠᠨ ᠤᠩᠭᠤᠨ  ᠠᠳᠠᠯᠢ ᠬᠤᠭᠤᠴᠠᠭᠠᠨ ᠳᠤ ᠵᠡᠷᠭᠡᠪᠡᠷ ᠲᠦᠢᠪᠡᠭᠡᠭᠳᠡᠵᠠᠢ  ᠃  ᠡᠶᠢᠮᠦ ᠪᠠᠶᠢᠳᠠᠯ ᠤᠨ  ᠤᠩᠭᠤᠨ ᠲᠠᠢ ᠤᠷᠤᠯᠳᠤᠬᠤ ᠪᠠᠶᠢᠳᠠᠯ ᠨᠢ ᠭᠠᠨᠰᠤ᠂ ᠬᠦᠭᠡᠨᠠᠭᠤᠷ ᠤᠷᠤᠨ ᠤ ᠬᠦᠷᠡᠯ ᠰᠤᠶᠤᠯ  ᠂ ᠤᠨᠴᠠᠭᠠᠶᠢᠯᠠᠨ  ᠬᠦᠭᠡᠨᠠᠭᠤᠷ ᠤᠨ  ᠺᠠᠶᠤᠸᠠᠢ   ᠰᠤᠶᠤᠯ   ᠳᠤ ᠦᠷᠭᠦᠯᠵᠢ ᠲᠤᠬᠢᠶᠠᠯᠳᠤᠳᠠᠭ᠃  ᠰᠤᠨᠤᠰᠤᠬᠤᠯᠠᠷ  ᠺᠠᠶᠤᠸᠠᠢ ᠰᠤᠶᠤᠯ ᠤᠨ   ᠤᠩᠭᠤᠨ ᠤ ᠡᠪᠳᠡᠭᠳᠡᠯ   ᠳᠤ  ︽ᠰᠠᠳᠠᠭᠠᠯᠠᠭᠰᠠᠨ ᠪᠤᠳᠠᠰ   ᠢ ᠨᠢ  ᠪᠠᠷᠤᠭ  ᠬᠦᠳᠡᠯᠭᠡᠵᠦ  ᠡᠪᠳᠡᠳᠡᠭ  ᠦᠭᠡᠢ︾ ᠭᠡᠳᠡᠯ᠎ᠡ    ︽ᠲᠦᠢᠪᠡᠭᠡᠭᠳᠡᠭᠰᠡᠨ ᠤᠩᠭᠤᠨ ᠤ ᠤᠯᠠᠩᠬᠢ ᠨᠢ  ᠭᠡᠭᠦᠷ ᠶᠠᠰᠤ ᠨᠢ ᠡᠷᠦᠢ ᠬᠤᠷᠤᠢ ᠦᠭᠡᠢ ᠪᠤᠯᠵᠤ  ᠂ ᠤᠯᠠᠨ ᠲᠤᠭᠠᠨ  ᠤ  ᠲᠡᠷᠢᠭᠦᠨ ᠤ ᠶᠠᠰᠤ ᠶᠢ ᠬᠡᠮᠭᠡᠯᠡᠵᠦ ᠤᠷᠬᠢᠳᠠᠭ  ︾᠃ ᠡᠨᠡᠬᠦ ᠪᠠᠶᠢᠳᠠᠯ ᠳᠤ ᠴᠢᠭᠯᠡᠭᠦᠯᠦᠨ  ᠬᠦᠭᠡᠨᠠᠭᠤᠷ ᠤᠨ  ᠰᠢᠨᠵᠢᠯᠡᠬᠦ ᠤᠬᠠᠭᠠᠨᠳᠠᠨ ᠨᠠᠷ ᠨᠡᠶᠢᠳᠡᠮ   ᠲᠡᠭᠡᠨ  ︽ᠡᠨᠡ ᠪᠤᠯᠪᠠᠯ ᠡᠷᠳᠡᠨ ᠤ ᠬᠦᠮᠦᠨ ᠤ  ᠪᠠᠯᠠᠷ ᠡᠷᠳᠡᠨ ᠤ ᠱᠠᠰᠢᠨ ᠰᠢᠳᠦᠯᠭᠡ ᠶᠢᠨ  ᠶᠠᠮᠠᠷ ᠨᠢᠭᠡ ᠵᠤᠷᠢᠯᠭ᠎ᠠ ᠠᠴᠠ  ᠡᠭᠦᠰᠴᠦ  ᠠᠪᠤᠭᠰᠠᠨ ᠨᠢᠭᠡ ᠵᠦᠢᠯ ᠤᠨ  ᠤᠷᠤᠰᠢᠭᠤᠯᠭ᠎ᠠ ᠠᠴᠠ  ᠪᠤᠢ ᠪᠤᠯᠵᠠᠢ  ︾ ᠭᠡᠵᠦ ᠦᠵᠡᠵᠦ  ︽ᠬᠤᠶᠠᠳᠤᠭᠠᠷ ᠤᠳᠠᠭᠠᠨ ᠤ  ᠲᠦᠢᠪᠡᠭᠡᠯᠭᠡ  ︾ ᠭᠡᠵᠦ  ᠨᠡᠷᠡᠯᠡᠵᠠᠢ᠃  ᠦᠨᠡᠨ  ᠲᠡᠭᠡᠨ  ᠵᠡᠭᠦᠨ ᠬᠤᠶᠢᠳᠤ ᠶᠢᠨ  ᠡᠯ᠎ᠡ ᠭᠠᠵᠠᠷ᠂  ᠬᠠᠷᠠᠮᠦ᠋ᠷᠡᠨ ᠤ ᠵᠢᠶᠠᠩ ᠲᠠᠢ ᠫᠢᠩ ᠶᠠᠩ  ᠂ ᠨᠧ ᠺᠧ  ᠡᠯ ᠺᠧ ᠴᠢᠶᠠᠨ᠂  ᠦᠪᠦᠷ ᠮᠤᠩᠭᠤᠯ ᠤᠨ  ᠠᠤᠬᠠᠨ   ᠤ  ᠵᠧᠦ ᠵᠢᠶᠠ ᠳ᠋ᠢ ᠵᠡᠷᠭᠡ ᠭᠠᠵᠠᠷ ᠤᠨ  ᠤᠩᠭᠤᠨ ᠳᠤ ᠴᠦ  ᠡᠶᠢᠮᠦ ᠪᠠᠶᠢᠳᠠᠯᠳᠠᠢ   ᠲᠦᠢᠪᠡᠭᠡᠭᠳᠡᠭᠰᠡᠨ  ᠤᠩᠭᠤᠨ ᠢᠯᠡᠷᠡᠭᠰᠡᠨ᠂  ᠭᠡᠳᠡᠯ᠎ᠡ  ᠠᠭᠤᠳᠠᠯᠯᠠᠭᠴᠢ ᠨᠠᠷ  ᠤᠯᠠᠩᠬᠢ ᠳᠠᠭᠠᠨ  ᠡᠨᠡ ᠪᠤᠯᠪᠠᠯ ᠬᠤᠶᠠᠳᠤᠭᠠᠷ ᠤᠳᠠᠭᠠᠨ ᠤ ᠤᠷᠤᠰᠢᠭᠤᠯᠭ᠎ᠠ ᠪᠤᠶᠤ ᠬᠤᠯᠤᠭᠠᠨ᠎ᠠ ᠵᠤᠷᠮ᠎ᠠ  ᠬᠦᠳᠡᠯᠭᠡᠭᠰᠡᠨ ᠠᠴᠠ  ᠪᠤᠯᠵᠠᠢ ᠭᠡᠵᠦ ᠦᠵᠡᠳᠡᠭ᠃  ᠵᠢᠩ ᠭᠧᠦ ᠽᠢ ᠶᠢᠨ ᠠᠭᠤᠳᠠᠯᠠᠨ ᠢᠯᠡᠷᠡᠭᠦᠯᠦᠯᠳᠡ ᠠᠴᠠ  ᠦᠵᠡᠪᠡᠯ  ᠡᠨᠡᠬᠦ ᠤᠩᠭᠤᠨ  ᠢ  ᠡᠪᠳᠡᠬᠦ  ᠪᠠᠶᠢᠳᠠᠯ ᠨᠢ  ᠭᠡᠪ ᠤᠨ  ᠪᠤᠰᠤ ᠪᠠᠶᠢᠳᠠᠯ   ᠤᠨ ᠤᠷᠤᠰᠢᠭᠤᠯᠭ᠎ᠠ ᠠᠴᠠ  ᠪᠤᠢ ᠪᠤᠯᠤᠭᠰᠠᠨ  ᠪᠢᠰᠢ᠂  ᠨᠡᠩ ᠴᠦ ᠬᠤᠯᠤᠭᠠᠨ᠎ᠠ ᠵᠤᠷᠮ᠎ᠠ   ᠤᠨ  ᠬᠦᠳᠡᠯᠭᠡᠭᠰᠡᠨ ᠵᠦᠢᠯ ᠪᠢᠰᠢ  ᠃ ᠴᠢᠨᠠᠭᠰᠢᠯᠡᠪᠠᠯ ᠵᠠᠷᠢᠮ ᠬᠦᠮᠦᠨ  ᠡᠨᠡ ᠪᠤᠯᠪᠠᠯ ᠨᠢᠭᠡ ᠵᠦᠢᠯ ᠤᠨ  ︽ᠤᠨᠴᠠᠭᠠᠢ ᠤᠷᠤᠰᠢᠭᠤᠯᠠᠭ᠎ᠠ   ᠶᠢᠨ ᠶᠤᠰᠤ  ︾  ᠂ ᠡᠰᠡᠭᠦᠯ᠎ᠡ ᠬᠡᠷᠬᠢᠨ  ᠨᠢᠭᠡᠯᠭᠡᠨ  ᠪᠦᠯᠦᠭ ᠤᠩᠭᠤᠨ ᠤ ᠲᠤᠳᠤᠷ᠎ᠠ  ᠪᠠᠰᠠ 4 ᠤᠩᠭᠤᠨ ᠨᠢ  ᠶᠠᠭᠠᠬᠢᠭᠠᠳ ᠡᠶᠢᠮᠦ  ︽ᠤᠷᠤᠰᠢᠭᠤᠯᠠᠭ᠎ᠠ  ︾ ᠶᠢᠨ ᠶᠤᠰᠤ   ᠪᠠᠷ ᠶᠠᠪᠤᠭᠳᠠᠭᠰᠠᠨ ᠦᠭᠡᠢ ᠪᠤᠢ  ︖ ᠤᠳᠤᠬᠠᠨ ᠤ  ᠠᠵᠢᠭᠯᠠᠵᠤ ᠤᠯᠤᠭᠰᠠᠨ ᠠᠯᠢᠪᠠ  ᠢᠮ ᠵᠢᠷᠤᠭ  ᠠᠴᠠ  ᠦᠵᠡᠪᠡᠯ  ᠂ ᠡᠨᠡᠬᠦ  ᠤᠩᠭᠤᠨ ᠲᠦᠢᠪᠡᠭᠡᠬᠦ ᠬᠡᠯᠪᠡᠷᠢ ᠨᠢ ᠡᠷᠳᠡᠨ   ᠤ  ᠤᠩᠭᠤᠨ  ᠬᠤᠯᠠᠭᠠᠶᠢᠯᠠᠭᠴᠢ  ᠨᠠᠷ  ᠪᠤᠢ ᠪᠤᠯᠭᠠᠵᠠᠢ  ᠃  ᠤᠯᠠᠩᠬᠢ ᠤᠩᠭᠤᠨ ᠤ  ᠲᠡᠭᠡᠷ᠎ᠡ ᠬᠠᠭᠠᠰ ᠪᠡᠶ᠎ᠡ ᠨᠢ  ᠲᠦᠢᠪᠡᠭᠡᠭᠳᠡᠵᠦ  ᠡᠪᠳᠡᠭᠳᠡᠰᠡᠨ  ᠭᠤᠤᠯ ᠰᠢᠯᠳᠠᠭᠠᠨ ᠨᠢ ᠰᠠᠳᠠᠭᠠᠯᠠᠨ ᠤᠷᠤᠰᠢᠭᠤᠯᠤᠭᠰᠠᠨ  ᠪᠤᠳᠠᠰ ᠤᠨ   ᠤᠯᠠᠩᠬᠢ ᠨᠢ ᠲᠡᠭᠡᠷ᠎ᠡ ᠬᠠᠭᠠᠰ ᠪᠡᠶ᠎ᠡ ᠳᠤ ᠨᠢ  ᠲᠠᠷᠦᠢ  ᠲᠤᠯᠤᠭᠠᠢ᠂  ᠨᠢᠷᠤᠭᠤ   ᠶᠢᠨ  ᠬᠡᠰᠡᠭ ᠲᠤ ᠨᠢ ᠲᠦᠪᠯᠡᠷᠡᠵᠦ  ᠪᠠᠶᠢᠳᠠᠭ ᠲᠠᠢ ᠬᠤᠯᠪᠤᠭ᠎ᠠ ᠲᠠᠢ᠃  ᠡᠭᠦᠨ  ᠢᠶᠠᠷ ᠪᠠᠷᠠᠬᠤ ᠦᠭᠡᠢ ᠡᠶᠢᠮᠦᠷᠭᠦᠨ ᠤᠩᠭᠤᠨ ᠲᠦᠢᠪᠡᠭᠡᠬᠦ ᠪᠠᠶᠢᠳᠠᠯ  ᠵᠦᠪᠭᠡᠨ ᠲᠤᠮᠳᠠᠳᠤ  ᠤᠯᠤᠰ ᠤᠨ  ᠤᠮᠠᠷᠠᠳᠤ ᠬᠢᠵᠠᠭᠠᠷ ᠤᠨ  ᠦᠷᠭᠡᠨ ᠠᠭᠤᠳᠠᠮ ᠨᠤᠳᠤᠭ ᠲᠡᠪᠢᠰᠭᠡᠷ  ᠯᠡ ᠭᠠᠷᠤᠭᠰᠠᠨ ᠪᠢᠰᠢ  ᠂ ᠬᠠᠷᠢᠨ  ᠧᠦ᠋ᠷᠦᠫᠡ  ᠂ ᠠᠽᠢᠶ᠎ᠠ ᠶᠢᠨ  ᠦᠷᠭᠡᠨ ᠠᠭᠤᠳᠠᠮ  ᠲᠠᠯ᠎ᠠ ᠨᠤᠳᠤᠭ ᠤᠨ ᠵᠡᠭᠦᠨ ᠬᠡᠰᠡᠭ ᠤᠨ  ᠭᠤᠤᠯ  ᠭᠡᠰᠡᠭ ᠢᠶᠠᠷ ᠦᠷᠭᠡᠨ ᠢᠶᠠᠷ  ᠲᠠᠯᠭᠡᠷᠡᠵᠦ  ᠂  ᠴᠠᠭ ᠬᠤᠭᠤᠴᠠᠭ᠎ᠠ ᠨᠢ ᠶᠡᠭᠡ ᠲᠦᠯᠦᠪ  ᠤᠩᠭᠤᠨ ᠲᠤᠳᠤᠷ᠎ᠠ ᠶᠡᠭᠡ  ᠭᠡᠮᠵᠢᠶ᠎ᠡ ᠪᠠᠷ  ᠲᠡᠮᠦᠷᠯᠢᠭ  ᠪᠤᠳᠠᠰ ᠲᠠᠭᠠᠭᠤᠯᠤᠨ ᠤᠷᠤᠰᠢᠭᠤᠯᠵᠤ ᠪᠠᠶᠢᠭᠰᠠᠨ ᠬᠦᠷᠡᠯ ᠵᠡᠪᠰᠡᠭ ᠤᠨ ᠰᠡᠭᠦᠯᠴᠢ ᠶᠢᠨ  ᠬᠤᠭᠤᠴᠠᠭ᠎ᠠ ᠪᠤᠶᠤ ᠲᠡᠮᠦᠷ ᠵᠡᠪᠰᠡᠭ ᠤᠨ  ᠠᠩᠬᠠᠨ ᠤ ᠬᠤᠭᠤᠴᠠᠭ᠎ᠠ  ᠪᠠᠶᠢᠵᠤ  ᠂ ᠲᠦᠢᠪᠡᠭᠡᠭᠳᠡᠭᠰᠡᠨ ᠬᠡᠭᠦᠷ ᠢᠵᠠᠭᠤᠷ   ᠨᠢ  ᠮᠠᠯ ᠮᠠᠯᠵᠢᠬᠤ  ᠪᠤᠶᠤ ᠵᠢᠭᠠᠰᠤ ᠠᠩᠨᠠᠵᠤ  ᠠᠵᠤ ᠠᠬᠤᠢ ᠪᠡ ᠭᠤᠤᠯ   ᠪᠠᠷ ᠭᠤᠤᠯ ᠦᠢᠯᠡᠳᠪᠤᠷᠢᠯᠡᠯ ᠪᠤᠯᠭᠠᠵᠤ ᠪᠠᠶᠢᠭᠰᠠᠨ  ᠬᠦᠮᠦᠰ ᠪᠠᠶᠢᠵᠤ  ᠂ ᠬᠦᠮᠦᠰ ᠤᠨ  ᠭᠤᠤᠯ ᠬᠦᠳᠡᠯᠮᠦᠷᠢ ᠶᠢᠨ  ᠪᠠᠭᠠᠵᠢ ᠨᠢ  ᠨᠡᠯᠢᠶᠡᠳ ᠶᠡᠭᠡ ᠬᠦᠳᠡᠯᠭᠡᠨᠳᠤ  ᠴᠢᠨᠠᠷᠳᠠᠢ  ᠃ ᠡᠨᠡ  ᠪᠤᠯᠪᠠᠯ  ᠦᠨᠡᠩᠬᠦ    ᠠᠩᠬᠠᠷᠤᠪᠠᠰᠤ  ᠵᠤᠬᠢᠬᠤ   ᠦᠵᠡᠭᠳᠡᠯ ᠮᠦᠨ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号