ᠲᠤ ᠮᠤ᠋ ᠶᠢᠨ ᠬᠤᠪᠢᠰᠤᠯ | ᠲᠤᠪᠴᠢ ᠠᠭᠤᠯᠭ᠎ᠠ᠄ ᠤᠶᠢᠷᠠᠳ ᠮᠤᠩᠭᠤᠯ ᠤᠨ ᠲᠦᠷᠤᠬᠦᠤ ᠡᠰᠡᠨ ᠬᠠᠭᠠᠨ ᠵᠸᠡᠭ ᠲᠦᠡᠭ ᠤᠨ 14 ᠤᠨ ︵ | 1449 ᠤᠨ︶ ᠤ ᠨᠠᠮᠤᠷ ᠲᠦᠷᠪᠡᠨ ᠵᠠᠮ ᠢᠶᠠᠷ ᠴᠡᠷᠢᠭ ᠭᠠᠷᠭᠠᠵᠤ᠂ ᠮᠢᠩ ᠤᠨ ᠳ᠋ᠠ ᠲᠦᠡᠭ ᠬᠤᠳᠠ ᠶᠢ ᠴᠤᠬᠢᠨ | ᠡᠵᠡᠯᠡᠵᠤ᠂ ᠯᠠᠨᠱᠠᠨ ᠤ ᠲᠤ ᠮᠤ᠋ ᠪᠤᠤ ᠳᠤ ᠮᠢᠩ ᠢᠡᠭ ᠽᠦᠡᠭ ᠵᠤ᠋ ᠴᠢ ᠵᠧᠨ ︵明英宗朱祁镇︶ ᠢ | ᠪᠠᠷᠢᠪᠴᠢᠯᠠᠭᠰᠠᠨ ᠢ ᠲᠡᠤᠭᠡᠨ ᠳᠤ ︽ ᠲᠤ ᠮᠤ᠋ ᠶᠢᠨ ᠬᠤᠪᠢᠰᠤᠯ︾ ᠭᠡᠵᠤ᠂ ᠲᠡᠯᠡᠭᠡᠢ ᠳ᠋ᠡᠬᠢᠨ ᠢ ᠴᠤᠴᠢᠭᠠᠭᠰᠠᠨ᠃ | ᠮᠢᠩ ᠤᠯᠤᠰ ᠤᠨ ᠶᠤᠰᠤᠯᠠᠯ ᠤᠨ ᠵᠡᠬᠦᠨ ᠰᠠᠶᠢᠳ ᠯᠢᠤ ᠲᠢᠩ ᡁᠢ ︽ᠡᠰᠡ ᠲᠠᠪᠰᠢᠨ ᠲᠡᠮᠳᠡᠭᠯᠡᠯ︾ ᠳᠤ ᠡᠨᠡ | ᠬᠤᠪᠢᠰᠤᠯ ᠵᠢᠴᠢ ᠢᠡᠭ ᠽᠦᠡᠭ ᠬᠠᠭᠠᠨ ᠤᠯᠤᠰ ᠲᠠᠭᠠᠨ ᠪᠤᠴᠠᠵᠤ ᠢᠷᠡᠭᠰᠡᠨ ᠦᠩᠭᠡᠷᠡᠯᠳᠡ ᠶᠢ ᠲᠡᠮᠳᠡᠭᠡᠯᠡᠵᠠᠢ᠃ | ᠵᠠᠩᠬᠢᠯᠠᠭ᠎ᠠ ᠶᠢᠨ ᠦᠭᠡ᠄ ᠡᠰᠡᠨ ᠂ ᠲᠤ ᠮᠤ᠋ ᠶᠢᠨ ᠬᠤᠪᠢᠰᠤᠯ᠂ ᠮᠢᠩ ᠢᠡᠭ ᠽᠦᠡᠭ | ᠵᠤᠬᠢᠶᠠᠯ ᠤᠨ ᠪᠦᠬᠦ ᠠᠭᠤᠯᠭ᠎ᠠ᠄ | ᠡᠷᠳᠡᠳᠡ ᠲᠠᠶᠢᠽᠤ ᠭᠤᠤ ᠬᠤᠸᠠᠩᠳᠢ ᠲᠡᠭᠷᠢ ᠶᠢᠨ ᠵᠠᠷᠯᠢᠭ ᠢᠶᠠᠷ ᠮᠤᠩᠭᠤᠯ ᠢ ᠭᠤᠪᠢ ᠶᠢᠨ ᠠᠷᠤ ᠳᠤ ᠬᠦᠭᠡᠭᠡᠨ | ᠶᠠᠪᠤᠭᠤᠯᠵᠤ᠂ ᠶᠤᠸᠠᠨ ᠤ ᠲᠤᠭᠤᠭᠠᠠᠲ᠋ᠡᠮᠦᠷ ᠬᠠᠭᠠᠨ ᠪᠠᠷᠰ ᠬᠤᠳᠠ ᠳᠤ ᠬᠠᠯᠢᠭᠰᠠᠨ ᠤ ᠰᠡᠬᠦᠯᠡᠷ᠂ ᠲᠠᠶᠢᠽᠤ ᠭᠤᠤ | ᠬᠠᠭᠠᠨ ᠲᠡᠬᠦᠨ ᠢ ᠬᠤᠸᠠᠰᠢᠶᠠ ᠤᠷᠤᠨ ᠤ ᠬᠠᠭᠠᠨ ᠡᠵᠡᠨ ᠭᠡᠮᠡᠨ ᠱᠦᠨᠳᠢ ᠬᠠᠭᠠᠨ ᠭᠡᠵᠤ ᠨᠡᠭᠡᠵᠤ ᠡᠷᠬᠦᠮᠵᠢᠯᠡᠭᠰᠡᠨ | ᠠᠨᠤ ᠡᠷᠭᠡᠮ ᠲᠡᠭᠡᠳᠤ ᠵᠢᠷᠤᠮᠳᠤ ᠪᠤᠳᠤᠯᠭ᠎ᠠ ᠪᠣᠯᠬᠤ ᠪᠣᠶᠣ ᠃ | ᠱᠦᠨᠳᠢ ᠬᠠᠭᠠᠨ ᠤ ᠬᠤᠶᠢᠴᠢ ᠦᠶ᠎ᠡ ᠶᠢᠨ ᠵᠠᠯᠭᠠᠮᠵᠢᠯᠠᠭᠴᠢ ᠬᠤᠶᠢᠳᠤ ᠬᠢᠵᠠᠭᠠᠷ ᠲᠠᠭᠠᠨ ᠦᠶ᠎ᠡ ᠶᠢᠨ ᠦᠶ᠎ᠡ ᠡᠵᠡᠨ | ᠪᠤᠯᠤᠨ ᠰᠠᠭᠤᠷᠢᠰᠢᠵᠤ ᠬᠡᠳᠦᠨ ᠦᠶ᠎ᠡ ᠵᠠᠯᠭᠠᠮᠵᠢᠯᠠᠭᠰᠠᠨ ᠢ ᠮᠡᠳᠡᠬᠦ ᠦᠭᠡᠢ ᠪᠤᠯᠪᠠᠴᠤ᠂ ᠬᠠᠷᠢᠨ ᠤᠶᠢᠷᠠᠳ | ᠮᠤᠩᠭᠤᠯ ᠤᠷᠤᠰᠢᠬᠤ ᠶᠢ ᠲᠤᠳᠤ ᠮᠡᠳᠡᠨ᠎ᠡ᠃ ᠲᠡᠬᠦᠨ ᠤ ᠡᠵᠡᠨ ᠪᠤᠬ᠎ᠠ ᠰᠢᠤᠸᠠᠨ ᠽᠦᠡᠭ ᠬᠠᠭᠠᠨ ᠤ ᠦᠶ᠎ᠡ | ᠳᠤ ᠦᠪᠡᠷ ᠢ ᠪᠠᠨ ᠬᠠᠭᠠᠨ ᠭᠡᠰᠡᠨ ᠨᠢ ᠲᠡᠭᠡᠷ᠎ᠡ ᠦᠶ᠎ᠡ ᠶᠢᠨ ᠬᠠᠭᠠᠳ ᠤᠨ ᠭᠡᠭᠡᠨ ᠢ ᠡᠷᠬᠦᠨ ᠠᠪᠤᠭᠰᠠᠨ ᠪᠤᠯᠤᠯᠳᠠᠢ᠃ | ᠭᠡᠳᠡᠯ᠎ᠡ ᠲᠡᠬᠦᠨ ᠤ ᠲᠤᠤᠷᠠᠬᠢ ᠬᠦᠮᠤᠨ ᠲᠡᠷᠡ ᠶᠢ ᠵᠠᠶᠢᠰᠠᠩ ᠭᠡᠵᠤ ᠲᠠᠭᠤᠳᠠᠬᠤ ᠨᠢ ᠶᠠᠭ ᠬᠤᠨᠢ ᠪᠠᠷᠰ ᠤᠨ | ᠠᠷᠠᠰᠤ ᠨᠦᠮᠤᠷᠡᠭᠰᠡᠨ ᠯᠤᠭ᠎ᠠ ᠠᠳᠠᠯᠢ᠃ ᠲᠡᠷᠡ ᠦᠶ᠎ᠡ ᠳᠤ ᠵᠠᠶᠢᠰᠠᠩ ᠬᠡᠮᠡᠭᠳᠡᠬᠦ ᠬᠦᠮᠤᠨ ᠬᠤᠶᠠᠷ ᠪᠠᠶᠢᠨ᠎ᠠ᠂ | ᠨᠢᠭᠡ ᠨᠢ ᠨᠢᠩ ᠸᠠᠩ ᠠᠷᠤᠭᠳᠠᠢ᠂ ᠨᠢᠭᠡ ᠨᠢ ᠰᠢᠤᠸᠠᠨ ᠨᠢᠩ ᠸᠠᠩ ᠲᠤᠭᠤᠭᠠᠨ ᠪᠤᠯᠤᠨ᠎ᠠ᠃ ᠡᠨᠡ ᠬᠤᠶᠠᠭᠤᠯᠠ | ᠪᠠᠶᠢᠨ ᠪᠠᠶᠢᠨ ᠮᠢᠩ ᠤᠯᠤᠰ ᠲᠤ ᠠᠯᠪᠠ ᠬᠦᠷᠭᠡᠨ᠎ᠡ᠃ ᠮᠢᠩ ᠤᠨ ᠵᠠᠰᠠᠭ ᠠᠴᠠ ᠵᠠᠷᠯᠢᠭ ᠪᠠᠭᠤᠯᠭᠠᠵᠤ ᠬᠤᠶᠠᠭᠤᠯᠠ | ᠶᠢ ᠪᠦᠷ ᠸᠠᠩ ᠡᠷᠬᠦᠮᠵᠢᠯᠡᠪᠡ᠃ ᠰᠡᠬᠦᠯᠡᠷ ᠬᠤᠶᠠᠭᠤᠯᠠ ᠪᠦᠷ ᠬᠠᠯᠢᠵᠤ᠂ ᠲᠤᠭᠤᠭᠠᠨ ᠤ ᠬᠦᠤ ᠡᠰᠡᠨ ᠲᠡᠭᠡᠷ᠎ᠡ | ᠬᠤᠶᠠᠷ ᠬᠦᠮᠤᠨ ᠤ ᠬᠠᠷᠢᠶᠠᠳᠤ ᠶᠢ ᠡᠵᠡᠯᠡᠵᠤ᠂ ᠪᠡᠶ᠎ᠡ ᠪᠠᠨ ︽ᠲᠠᠶᠢᠱᠢ︾ ᠭᠡᠵᠤ᠂ ᠬᠡᠤᠬᠡᠨ ᠲᠡᠬᠦᠤ ᠪᠠᠨ ᠪᠤᠬᠠᠵᠢᠨ | ᠭᠡᠷᠭᠡᠢ ᠪᠤᠯᠭᠠᠵᠤ᠂ ᠬᠠᠷᠢᠯᠴᠠᠨ ᠲᠦᠰᠢᠯᠴᠡᠵᠡᠢ᠃ | ᠢᠡᠭ ᠽᠦᠡᠭ ᠬᠭᠠᠨ ᠤ ᠤᠷᠤ ᠶᠢ ᠵᠠᠯᠭᠠᠮᠵᠢᠯᠠᠭᠰᠠᠨ ᠲᠡᠷᠡ ᠦᠶ᠎ᠡ ᠳᠤ ᠡᠰᠡᠨ ᠲᠠᠬᠢᠨ ᠲᠠᠪᠳᠠᠨ ᠠᠯᠪᠠ ᠪᠠᠷᠢᠵᠤ᠂ | ᠮᠢᠩ ᠤᠨ ᠤᠷᠳᠤᠨ ᠠᠴᠠ ᠠᠯᠳᠠ ᠲᠤᠷᠭ᠎ᠠ ᠵᠡᠷᠭᠡ ᠱᠠᠩᠨᠠᠭᠰᠠᠨ ᠤ ᠲᠠᠷᠠᠭ᠎ᠠ ᠰᠠᠶ᠋ᠢ ᠨᠤᠳᠤᠭ ᠵᠦᠭ ᠢᠶᠠᠨ ᠶᠠᠪᠤᠳᠠᠭ | ᠪᠠᠶᠢᠭᠰᠠᠨ ᠢᠶᠠᠨ ᠠᠭᠠᠵᠢᠮ ᠢᠶᠠᠷ ᠲᠤᠭᠰᠢᠨ ᠵᠦᠷᠢᠬᠦᠤ ᠪᠤᠯᠵᠤ᠂ ᠢᠷᠡᠵᠤ ᠶᠠᠪᠤᠬᠤ ᠡᠯᠴᠢ ᠨᠢ ᠤᠷᠪᠠᠭᠠᠨ | ᠬᠦᠷᠪᠡᠭᠡ ᠲᠠᠢ ᠮᠦᠷᠳᠡᠭᠡᠨ ᠲᠤᠮᠳᠠᠳᠤ ᠤᠯᠤᠰ ᠤᠨ ᠦᠨᠡᠨ ᠬᠠᠭᠤᠷᠮᠠᠭ ᠢ ᠲᠠᠩᠨᠠᠳᠠᠭ ᠂᠂ ᠡᠰᠡᠨ ᠬᠦᠤ ᠳᠡᠭᠡᠨ | ᠮᠢᠩ ᠤᠨ ᠬᠦᠩᠵᠤ ᠶᠢ ᠪᠠᠭᠤᠯᠭᠠᠬᠤ ᠭᠡᠰᠡᠨ ᠢ ᠡᠯᠴᠢ ᠨᠠᠷ ᠲᠠᠯᠳᠠᠭᠤᠷ ᠵᠦᠪᠰᠢᠶᠡᠷᠡᠵᠤ᠂ ᠡᠰᠡᠨ ᠮᠤᠷᠢᠨ ᠤ ᠪᠡᠯᠡᠭ | ᠢᠶᠠᠷ ᠬᠤᠷᠢᠮ ᠤᠨ ᠤᠴᠢᠷ ᠢ ᠲᠤᠭᠳᠠᠭᠠᠬᠤ ᠭᠡᠰᠡᠨ ᠳᠤ ᠮᠢᠩ ᠤᠨ ᠲᠠᠯ᠎ᠠ ᠠᠴᠠ ᠰᠠᠶ᠋ᠢ ᠮᠡᠳᠡᠵᠦ ᠤᠷᠤᠭ ᠤᠨ | ᠬᠡᠷᠡᠭ ᠦᠭᠡᠢ ᠭᠡᠰᠡᠨ ᠳᠤ᠂ ᠡᠰᠡᠨ ᠠᠭᠤᠷᠯᠠᠵᠤ ᠵᠸᠡᠭ ᠲᠦᠡᠭ ᠤᠨ 14 ᠤᠨ ᠤ 7 ᠰᠠᠷ᠎ᠠ ᠶᠢᠨ 8 ᠤ ᠡᠳᠤᠷ | ᠴᠡᠷᠢᠭ ᠬᠦᠳᠡᠯᠭᠡᠵᠤ᠂ ᠪᠤᠭᠤᠮᠳᠠ ᠶᠢᠨ ᠭᠠᠳᠠᠨᠠᠬᠢ ᠤᠯᠠᠨ ᠭᠠᠵᠠᠷ ᠢ ᠡᠵᠡᠯᠡᠨ ᠠᠪᠤᠭᠰᠠᠨ ᠳᠤ᠂ ᠮᠢᠩ ᠤᠨ ᠲᠦᠷᠤ | ᠳᠤ ᠬᠢᠯᠢ ᠶᠢᠨ ᠮᠡᠳᠡᠬᠦᠯᠤᠯᠳᠡ ᠵᠠᠯᠭᠠᠨ ᠢᠷᠡᠭᠰᠡᠨ ᠳᠤ ᠂ ᠬᠠᠭᠠᠨ ᠲᠦᠷᠣ ᠠᠴᠠ ᠲᠠᠪᠤᠨᠠᠩ ᠵᠢᠩ ᠶᠤᠸᠠᠨ ᠢᠶᠠᠷ | ᠲᠦᠷᠪᠡᠨ ᠵᠠᠩᠵᠤᠨ᠂ ᠲᠦᠮᠡᠨ ᠴᠡᠷᠢᠭ ᠲᠠᠶᠢᠴᠢᠯᠠᠭᠤᠯᠤᠨ ᠰᠡᠷᠭᠡᠶᠢᠯᠡᠯᠳᠡ ᠬᠢᠯᠭᠡᠵᠠᠢ᠃ ᠭᠡᠳᠡᠯ᠎ᠡ ᠶᠤᠰᠤᠯᠠᠯ | ᠤᠨ ᠲᠠᠶᠢᠭᠠᠨ ᠸᠠᠩ ᠵᠧᠨ ᠬᠠᠭᠠᠨ ᠡᠵᠡᠨ ᠦᠪᠡᠷᠳᠡᠭᠡᠨ ᠴᠡᠷᠢᠭ ᠢ ᠲᠠᠶᠢᠴᠢᠯᠠᠨ ᠲᠠᠭᠠᠭᠤᠯᠵᠤ᠂ ᠲᠠᠶᠢᠱᠢ ᠢᠡᠭ | ᠬᠦᠸᠧ ᠬᠦᠡᠭ ᠵᠠᠩ ᠹᠦ᠋᠂ ᠲᠠᠶᠢᠪᠤᠤ ᠴᠸᠡᠭ ᠬᠦᠸᠧ ᠬᠦᠡᠭ ᠵᠤ᠋ ᠶᠦᠡᠭ ᠵᠡᠷᠭᠡ ᠪᠠᠷ ᠴᠡᠷᠢᠭ ᠵᠠᠰᠠᠵᠤ ᠲᠠᠶᠢᠰᠤᠨ ᠢ | ᠴᠤᠬᠢᠬᠤ ᠪᠤᠯᠪᠠᠦ ᠭᠡᠵᠦ ᠠᠶᠢᠯᠠᠳᠬᠠᠭᠰᠠᠨ ᠳᠤ ᠲᠦᠷᠤ ᠶᠢᠨ ᠲᠦᠰᠢᠮᠡᠳ ᠪᠦᠷ ᠵᠦᠪᠰᠢᠶᠡᠷᠡᠬᠦ ᠦᠭᠡᠢ᠃ | 17 ᠤ ᠡᠳᠤᠷ ᠢᠡᠭ ᠽᠦᠡᠭ ᠬᠠᠭᠠᠨ ᠲᠠᠶᠢᠭᠠᠨ ᠸᠠᠩ ᠵᠸᠡᠭ ᠤᠨ ᠱᠠᠭᠠᠷᠳᠠᠯᠭ᠎ᠠ ᠪᠠᠷ ᠲᠠᠶᠢᠨ ᠳᠤ ᠮᠤᠷᠢᠯᠠᠵᠤ᠂ | ᠴᠸᠡᠭ ᠸᠠᠩ ᠢᠶᠠᠷ ᠨᠡᠶᠢᠰᠯᠡᠯ ᠬᠤᠳᠠ ᠶᠢ ᠬᠠᠮᠢᠶᠠᠷᠠᠭᠤᠯᠬᠤ ᠪᠠᠷ ᠵᠠᠬᠢᠶ᠎ᠠ ᠪᠠᠭᠤᠯᠭᠠᠵᠤ᠂ ᠤᠷᠳᠤᠨ ᠤ ᠵᠡᠬᠦᠨ ᠡᠬᠦᠳᠡ | ᠶᠢᠨ ᠪᠠᠷᠠᠭᠤᠨ ᠲᠠᠯ᠎ᠠ ᠳᠤ ᠤᠯᠠᠨ ᠲᠦᠰᠢᠮᠡᠳ ᠤᠨ ᠬᠦᠷᠭᠡᠬᠦ ᠶᠢ ᠬᠦᠯᠢᠶᠡᠵᠤ᠂ ᠲᠦᠷᠤ ᠶᠢᠨ ᠤᠴᠢᠷ ᠢ ᠲᠠᠶᠢᠭᠠᠨ | ᠶᠢᠨ ᠢᠡᠭ᠂ ᠲᠦᠰᠢᠮᠡᠳ ᠤᠨ ᠶᠠᠮᠤᠨ ᠤ ᠱᠠᠩ ᠱᠤ᠋ ᠸᠠᠩ ᡁᠢ᠂ ᠪᠢᠴᠢᠭ ᠤᠨ ᠲᠡᠳ᠋ ᠰᠠᠶᠢᠳ ᠭᠤᠤ ᠬᠦ᠋᠂ | ᠲᠠᠪᠤᠨᠠᠩ ᠵᠢᠶᠤᠤ ᠵᠢᠩ ᠵᠡᠷᠭᠡ ᠨᠡᠶᠢᠳᠡ ᠪᠠᠷ ᠵᠦᠪᠳᠡᠭᠳᠤᠨ ᠭᠡᠵᠤ ᠵᠠᠷᠯᠢᠭᠳᠠᠪᠠ᠃ ᠬᠠᠭᠠᠨ ᠡᠵᠡᠨ ᠲᠠᠢ ᠬᠠᠮᠳᠤ | ᠲᠠᠶᠢᠨ ᠳᠤ ᠤᠷᠤᠯᠴᠠᠬᠤ ᠬᠦᠮᠤᠰ ᠠᠨᠤ ᠱᠠᠩ ᠱᠤ᠋ ᠸᠠᠩ ᠽᠦᠸᠧ᠂ ᠭᠤᠸᠠᠩ ᠶᠧ᠂ ᠪᠢᠴᠢᠭ ᠤᠨ ᠲᠡᠳ᠋ ᠰᠠᠶᠢᠳ | ᠼᠤᠤ ᠨᠠᠢ ᠵᠡᠷᠭᠡ ᠬᠦᠮᠤᠰ ᠪᠤᠯᠤᠨ᠎ᠠ᠃ ᠨᠡᠶᠢᠳᠡ 50 ᠲᠦᠮᠡᠨ ᠴᠡᠷᠢᠭ ᠲᠠᠶᠢᠴᠢᠯᠠᠵᠤ ᠵᠢᠤᠢ ᠶᠦᠡᠭ ᠭᠤᠸᠠᠨ ᠢᠶᠠᠷ | ᠦᠩᠭᠡᠷᠡᠵᠤ᠂ ᠰᠢᠤᠸᠠᠨ ᠹᠦ᠋ ᠬᠤᠳᠠ ᠳᠤ ᠬᠦᠷᠬᠦ ᠳᠤ ᠮᠢᠩ ᠤᠨ ᠡᠮᠤᠨ᠎ᠡ ᠴᠡᠷᠢᠭ ᠮᠤᠩᠭᠤᠯ ᠴᠡᠷᠢᠭ ᠲᠤ | ᠲᠡᠶᠢᠯᠦᠭᠳᠡᠭᠰᠡᠨ ᠴᠢᠮᠡᠭᠡ ᠢᠷᠡᠵᠤ᠂ ᠬᠠᠭᠠᠨ ᠡᠵᠡᠨ ᠳ᠋ᠠ ᠲᠦᠡᠭ ᠳᠤ ᠬᠦᠷᠬᠦ ᠭᠡᠰᠡᠨ ᠳᠤ ᠡᠳᠤᠷ ᠨᠢᠭᠡᠨᠳᠡ | ᠬᠠᠷᠠᠩᠭᠤᠢ ᠪᠤᠯᠵᠤ᠂ ᠡᠬᠦᠯᠡ ᠪᠦᠷᠬᠦᠵᠤ ᠠᠶᠣᠩᠭ᠎ᠠ ᠶᠢᠨ ᠲᠠᠭᠤᠨ ᠲᠠᠰᠤᠷᠠᠬᠤ ᠦᠭᠡᠢ ᠪᠤᠷᠤᠭᠠᠯᠠᠵᠠᠢ᠃ ᠡᠭᠦᠨ | ᠳᠤ ᠡᠷᠭᠡ ᠠᠳᠬᠤᠭᠴᠢ ᠲᠠᠶᠢᠭᠠᠨ ᠸᠠᠩ ᠵᠸᠡᠭ ᠠᠶᠤᠨ ᠲᠠᠭᠵᠢᠵᠤ᠂ ᠴᠡᠷᠢᠭ ᠡᠷᠬᠢᠬᠦ ᠵᠠᠬᠢᠶ᠎ᠠ ᠪᠠᠭᠤᠯᠭᠠᠪᠠ᠃ | 8 ᠰᠠᠷ᠎ᠠ ᠶᠢᠨ 13 ᠤ ᠡᠳᠤᠷ᠂ ᠮᠢᠩ ᠤᠨ ᠴᠡᠷᠢᠭ ᠯᠠᠩᠱᠠᠨ ᠳᠤ ᠬᠦᠷᠬᠦ ᠳᠤ ᠮᠤᠩᠭᠤᠯ ᠴᠡᠷᠢᠭ ᠨᠡᠭᠡᠮᠵᠢᠯᠡᠨ ᠢᠷᠡᠪᠡ | ᠃ ᠮᠢᠩ ᠤᠨ ᠵᠠᠩᠵᠤᠨ ᠵᠤ᠋ ᠶᠦᠡᠭ 3 ᠲᠦᠮᠡᠨ ᠮᠤᠷᠢᠳᠤ ᠴᠡᠷᠢᠭ ᠢᠶᠠᠷ ᠮᠤᠩᠭᠤᠯ ᠴᠡᠷᠢᠭ ᠢ ᠡᠰᠡᠷᠬᠦᠴᠡᠵᠤ | ᠲᠡᠶᠢᠯᠦᠭᠳᠡᠨ ᠨᠢᠭᠡ ᠴᠡᠷᠢᠭ ᠦᠯᠡᠳᠡᠭᠰᠡᠨ ᠦᠭᠡᠢ ᠦᠬᠦᠵᠡᠢ᠃ ᠮᠦᠨ ᠡᠳᠤᠷ ᠬᠠᠭᠠᠨ ᠡᠵᠡᠨ ᠲᠤ ᠮᠤ᠋ ᠳᠤ ᠬᠦᠷᠴᠤ᠂ | ᠬᠤᠸᠠᠢ ᠯᠠᠢ ᠬᠤᠳᠠ ᠠᠴᠠ 20 ᠭᠠᠵᠠᠷ ᠵᠠᠶᠢᠳᠠᠢ ᠪᠤᠯᠬᠤᠷ ᠬᠤᠸᠠᠢ ᠯᠠᠢ ᠵᠦᠭ ᠪᠤᠷᠤᠭᠤᠯᠠᠬᠤ ᠭᠡᠰᠡᠨ ᠪᠤᠯᠪᠠᠴᠤ | ᠮᠢᠩᠭᠠᠳ ᠬᠦᠨᠳᠤ ᠠᠴᠢᠶᠠᠨ ᠤ ᠲᠡᠷᠭᠡ ᠬᠤᠯᠠ ᠪᠠᠶᠢᠬᠤ ᠲᠤᠯᠠ ᠬᠦᠯᠢᠶᠡᠵᠤ᠂ ᠲᠠᠷᠤᠢ ᠲᠤ ᠮᠤ᠋ ᠳᠤ ᠬᠤᠨᠤᠭᠯᠠᠪᠠ᠃ | ᠲᠤ ᠮᠦ ᠤᠷᠤᠨ ᠳᠤ ᠪᠤᠯᠠᠭ ᠤᠨ ᠤᠰᠤ ᠦᠭᠡᠢ᠃ ᠮᠤᠩᠭᠤᠯ ᠴᠡᠷᠢᠭ ᠨᠢᠭᠡᠨᠳᠡ ᠲᠦᠯᠬᠢᠨ ᠢᠷᠡᠵᠤ ᠶᠡᠭᠡ | ᠪᠠᠴᠢᠮ ᠪᠤᠯᠪᠠ᠃ | 14 ᠤ ᠡᠳᠤᠷ᠂ ᠮᠤᠩᠭᠤᠯ ᠲᠤ ᠮᠤ᠋ ᠭᠠᠵᠠᠷ ᠤᠨ ᠴᠡᠷᠢᠭ ᠲᠤ ᠨᠢᠭᠡᠨᠳᠡ ᠤᠶᠢᠷᠠᠳᠤᠵᠤ᠂ ᠬᠦᠳᠡᠯᠬᠦ ᠠᠴᠠ ᠠᠶᠤᠵᠤ | ᠤᠬᠤᠷᠢᠵᠤ ᠴᠢᠳᠠᠬᠤ ᠦᠭᠡᠢ ᠪᠤᠯᠵᠤ᠂ ᠴᠡᠷᠢᠭ ᠨᠠᠷ ᠠᠷᠭ᠎ᠠ ᠪᠤᠰᠤ ᠦᠯᠤᠰᠴᠤ ᠤᠮᠳᠠᠭᠠᠰᠬᠤ ᠶᠢ ᠦᠢᠯᠡ ᠶᠢ | ᠠᠮᠰᠠᠵᠠᠢ ᠃ | 15 ᠤ ᠡᠳᠤᠷ᠂ ᠮᠤᠩᠭᠤᠯ ᠠᠴᠠ ᠬᠦᠮᠤᠨ ᠲᠤᠮᠢᠯᠠᠵᠤ ᠪᠢᠴᠢᠭ ᠬᠦᠷᠭᠡᠵᠤ ᠨᠠᠶᠢᠷᠠᠮᠳᠠᠨ ᠰᠢᠢᠳᠪᠤᠷᠢᠯᠡᠬᠦ ᠭᠡᠰᠡᠨ ᠳᠤ | ᠤᠷᠳᠤᠨ ᠠᠴᠠ ᠼᠤᠤ ᠨᠠᠢ ᠢᠶᠠᠷ ᠨᠠᠶᠢᠷᠠᠮᠳᠠᠯ ᠤᠨ ᠬᠡᠯᠡᠯᠴᠡᠭᠡᠷ ᠬᠢᠯᠭᠡᠬᠦ ᠭᠡᠰᠡᠨ ᠳᠤ ᠬᠤᠶᠠᠷ ᠮᠤᠩᠭᠤᠯ ᠡᠯᠴᠢ | ᠨᠢᠭᠡᠨᠳᠡ ᠭᠠᠷᠴᠤ ᠶᠠᠪᠤᠪᠠ᠃ ᠡᠨᠡ ᠦᠶ᠎ᠡ ᠳᠤ ᠮᠢᠩ ᠤᠨ ᠴᠡᠷᠢᠭ ᠤᠷᠤᠨ ᠠᠴᠠ ᠰᠢᠯᠵᠢᠵᠤ ᠶᠠᠪᠤᠬᠤ ᠳᠤ ᠵᠢᠬᠰᠠᠭᠠᠯ | ᠡᠷᠤᠢ ᠬᠤᠷᠤᠢ ᠦᠭᠡᠢ ᠪᠤᠯᠤᠨ ᠬᠠᠷᠢᠯᠴᠠᠨ ᠲᠡᠮᠡᠴᠡᠯᠳᠤᠨ ᠲᠤᠳᠠᠭᠠᠵᠤ ᠬᠤᠷᠢᠭᠯᠠᠬᠤ ᠶᠢᠨ ᠠᠷᠭ᠎ᠠ ᠦᠭᠡᠢ ᠪᠤᠯᠤᠭᠰᠠᠨ | ᠳᠤ ᠮᠤᠩᠭᠤᠯ ᠴᠡᠷᠢᠭ ᠲᠠᠭᠠᠷᠢᠯᠬᠢᠯᠠᠨ ᠨᠦᠷᠢᠨ ᠢᠷᠡᠵᠤ᠂ ᠤᠷᠳᠤ ᠵᠢᠳᠠ ᠪᠠᠷ ᠮᠢᠩ ᠤᠨ ᠴᠡᠷᠢᠭ ᠢ ᠵᠢᠳᠠᠯᠠᠨ ᠂ | ᠦᠨᠳᠦᠷ ᠲᠠᠭᠤᠨ ᠢᠶᠠᠷ ︽ᠵᠡᠪᠰᠡᠭ ᠢᠶᠠᠨ ᠬᠠᠶᠠᠪᠠᠰᠤ ᠠᠯᠠᠬᠤ ᠦᠭᠡᠢ︾ ᠭᠡᠵᠤ ᠬᠠᠰᠬᠢᠷᠴᠤ ᠲᠠᠭᠠᠷᠢᠭᠰᠠᠨ ᠳᠤ | ᠮᠢᠩ ᠤᠨ ᠴᠡᠷᠢᠭ ᠤᠨ ᠦᠬᠦᠳᠡᠯ ᠲᠠᠯ᠎ᠠ ᠲᠦᠭᠦᠷᠴᠠᠢ᠃ ᠮᠤᠩᠭᠤᠯ ᠴᠡᠷᠢᠭ ᠪᠠᠰᠠ ᠮᠢᠩ ᠤᠨ ᠲᠤᠮᠳᠠ ᠵᠠᠮ ᠤᠨ | ᠴᠡᠷᠢᠭ ᠢ ᠲᠠᠭᠠᠷᠢᠬᠤ ᠳᠤ ᠢᠡᠭ ᠽᠦᠡᠭ ᠬᠠᠭᠠᠨ ᠮᠤᠷᠢ ᠤᠨᠤᠵᠤ ᠲᠤᠳᠠᠭᠠᠨ ᠬᠠᠷᠢᠬᠤ ᠭᠡᠰᠡᠨ ᠪᠤᠯᠪᠠᠴᠤ ᠭᠠᠷᠴᠤ | ᠴᠢᠳᠠᠭᠰᠠᠨ ᠦᠭᠡᠢ ᠮᠤᠩᠭᠤᠯ ᠴᠡᠷᠢᠭ ᠲᠤ ᠪᠠᠷᠢᠪᠴᠢᠯᠠᠭᠳᠠᠪᠠ ︵ᠢᠡᠭ ᠽᠦᠡᠭ ᠬᠠᠭᠠᠨ ᠨᠢᠭᠡ ᠰᠢᠷᠤᠢ ᠶᠢᠨ | ᠲᠤᠪᠤᠷᠴᠠᠭ ᠲᠡᠭᠡᠷ᠎ᠡ ᠰᠠᠭᠤᠵᠤ ᠪᠠᠶᠢᠬᠤ ᠶᠢ ᠨᠢᠭᠡ ᠮᠤᠩᠭᠤᠯ ᠴᠡᠷᠢᠭ ᠤᠶᠢᠷᠠᠳᠤᠨ ᠢᠷᠡᠵᠤ ᠴᠠᠪᠴᠢᠨ ᠠᠯᠠᠬᠤ ᠭᠡᠰᠡᠨ | ᠳᠤ ᠨᠦᠬᠦᠭᠡ ᠨᠢᠭᠡ ᠮᠤᠩᠭᠤᠯ ᠴᠡᠷᠢᠭ ᠬᠡᠯᠡᠷᠤᠨ ᠡᠨᠡ ᠬᠦᠮᠤᠨ ᠶᠡᠷᠤ ᠶᠢᠨ ᠬᠦᠮᠤᠨ ᠪᠤᠰᠤ᠂ ᠲᠡᠭᠡᠭᠰᠢ ᠮᠡᠳᠡᠬᠦᠯᠵᠤ | ᠵᠤᠬᠢᠮᠤᠢ ᠭᠡᠰᠡᠨ ᠲᠦᠷᠭᠡᠨ ᠮᠡᠳᠡᠬᠦᠯᠬᠦ ᠳᠤ ᠡᠰᠡᠨ ᠬᠠᠭᠠᠨ ᠲᠡᠬᠦᠤ ᠰᠠᠶᠢᠬᠠᠨ ᠢ ᠲᠤᠮᠢᠯᠠᠵᠤ ᠦᠵᠡᠬᠦᠯᠦᠭᠰᠡᠨ ᠳᠤ | ᠰᠠᠶᠢᠬᠠᠨ ᠮᠢᠩ ᠢᠡᠭ ᠽᠦᠡᠭ ᠢ ᠲᠠᠨᠢᠵᠤ ᠠᠯᠠᠬᠤ ᠭᠡᠰᠡᠨ ᠳᠤ ᠪᠠᠶᠠᠠᠲ᠋ᠡᠮᠦᠷ ᠬᠤᠷᠢᠭᠯᠠᠪᠠ︶᠃ ᠡᠨᠡ ᠦᠶ᠎ᠡ ᠳᠤ | ᠮᠢᠩ ᠤᠨ ᠴᠡᠷᠢᠭ ᠤᠨ ᠨᠤᠶᠠᠨ ᠵᠢᠴᠢ ᠲᠠᠭᠠᠭᠰᠠᠨ ᠲᠦᠰᠢᠮᠡᠳ ᠨᠠᠷ ᠭᠡᠵᠢᠭᠡ ᠦᠰᠤ ᠪᠠᠨ ᠦᠷᠪᠡᠶᠢᠯᠭᠡᠵᠤ ᠨᠢᠴᠤᠬᠦᠨ | ᠢᠶᠠᠷ ᠠᠭᠤᠯᠠ ᠶᠢᠨ ᠬᠠᠪᠴᠠᠯ ᠢᠶᠠᠷ ᠪᠤᠷᠤᠭᠤᠯᠠᠵᠠᠢ᠃ ᠮᠤᠩᠭᠤᠯ ᠴᠡᠷᠢᠭ ᠮᠢᠩ ᠤᠨ ᠬᠦᠨᠳᠤ ᠲᠡᠷᠭᠡ ᠶᠢ | ᠤᠯᠵᠠᠯᠠᠵᠤ᠂ ᠡᠳ᠋ ᠪᠠᠷᠠᠭ᠎ᠠ᠂ ᠠᠯᠳᠠ ᠮᠦᠩᠬᠦ᠂ ᠰᠤᠪᠤᠳ ᠡᠷᠳᠡᠨᠢ ᠪᠦᠷ ᠲᠤᠨᠤᠨ ᠠᠪᠤᠪᠠ᠃ ᠦᠨᠡᠨ ᠳᠡᠭᠡᠨ | ᠮᠤᠩᠭᠤᠯ ᠴᠡᠷᠢᠭ ᠰᠠᠶ᠋ᠢ 2 ᠲᠦᠮᠡ ᠢᠯᠡᠬᠦᠤ ᠪᠠᠶᠢᠵᠠᠢ᠃ ᠭᠡᠳᠡᠯ᠎ᠡ ᠮᠢᠩ ᠤᠨ ᠴᠡᠷᠢᠭ ᠢ ᠬᠠᠭᠠᠰ ᠢᠯᠡᠬᠦᠤ ᠶᠢ | ᠠᠯᠠᠨ ᠰᠢᠷᠬᠠᠳᠠᠭᠤᠯᠪᠠ᠃ | 16 ᠤ ᠡᠳᠤᠷ ᠢᠡᠭ ᠽᠦᠡᠭ ᠬᠠᠭᠠᠨ ᠢ ᠮᠤᠩᠭᠤᠯ ᠤᠨ ᠰᠠᠭᠤᠭ᠎ᠠ ᠳ᠋ᠠ ᠲᠦᠡᠭ ᠳᠤ ᠰᠢᠯᠵᠢᠬᠦᠯᠤᠨ ᠠᠪᠴᠢᠷᠠᠵᠤ᠂ | ᠬᠠᠭᠠᠨ ᠡᠵᠡᠨ ᠦᠪᠡᠷ ᠢᠶᠠᠨ ᠪᠢᠴᠢᠭ ᠪᠢᠴᠢᠵᠤ᠂ ᠬᠦᠮᠤᠨ ᠲᠤᠮᠢᠯᠠᠨ ᠬᠤᠸᠠᠢ ᠯᠠᠢ ᠳᠤ ᠰᠠᠭᠤᠭ᠎ᠠ ᠮᠢᠩ ᠤᠨ ᠴᠡᠷᠢᠭ | ᠤᠨ ᠨᠤᠶᠠᠨ ᠢᠶᠠᠷ ᠠᠯᠳᠠ ᠮᠦᠩᠬᠦ ᠲᠤᠷᠭ᠎ᠠ ᠬᠦᠷᠭᠡᠬᠦ ᠶᠢ ᠬᠦᠰᠡᠭᠰᠡᠨ ᠪᠤᠯᠪᠠᠴᠤ ᠬᠤᠸᠠᠢ ᠯᠠᠢ ᠬᠤᠳᠠ ᠡᠬᠦᠳᠡ ᠪᠠᠨ | ᠬᠠᠭᠠᠵᠤ ᠤᠷᠤᠭᠤᠯᠬᠤ ᠦᠭᠡᠢ ᠪᠤᠯᠬᠤᠷ ᠲᠠᠬᠢᠨ ᠨᠡᠶᠢᠰᠯᠡᠯ ᠬᠤᠳᠠ ᠳᠤ ᠴᠢᠮᠡᠭᠡ ᠬᠦᠷᠭᠡᠵᠤ᠂ ᠰᠦᠨᠢ ᠶᠢᠨ ᠭᠤᠷᠪᠠᠨ | ᠴᠠᠭ ᠲᠤ ᠪᠠᠷᠠᠭᠤᠨ ᠴᠠᠩ ᠠᠨ ᠤ ᠵᠡᠭᠡᠯᠢ ᠪᠠᠷ ᠬᠤᠳᠠ ᠳᠤ ᠤᠷᠤᠵᠤ ᠮᠡᠳᠡᠬᠦᠯᠪᠡ᠃ | 17 ᠤ ᠡᠳᠤᠷ ᠤᠯᠠᠨ ᠲᠦᠰᠢᠮᠡᠯ ᠴᠤᠭᠯᠠᠷᠠᠵᠤ᠂ ᠮᠢᠩ ᠤᠨ ᠴᠡᠷᠢᠭ ᠲᠡᠶᠢᠯᠦᠭᠳᠡᠭᠰᠡᠨ ᠢ ᠮᠡᠳᠡᠵᠤ ᠬᠠᠷᠢᠯᠴᠠᠨ | ᠭᠡᠯᠡᠯᠴᠡᠵᠤ ᠰᠠᠨᠠᠭ᠎ᠠ ᠠᠯᠳᠠᠵᠤ ᠠᠶᠤᠨ ᠲᠠᠭᠵᠢᠨᠠ᠃ ᠪᠠᠰᠠ ᠴᠡᠷᠢᠭ ᠨᠠᠷ ᠲᠤᠳᠠᠭᠠᠨ ᠢᠷᠡᠭᠰᠡᠨ ᠬᠦᠮᠦᠰ ᠂ ᠪᠡᠶ᠎ᠡ | ᠳᠤ ᠨᠢ ᠴᠢᠰᠤ ᠨᠠᠭᠠᠯᠳᠤᠵᠦ ᠦᠵᠡᠬᠦ ᠶᠢᠨ ᠠᠷᠭ᠎ᠠ ᠦᠭᠡᠢ ᠵᠢᠭ᠌ᠰᠢᠭᠦᠷᠢᠳᠠᠢ ᠃᠂ ᠭᠠᠭᠴᠠ ᠬᠦ ᠬᠠᠭᠠᠨ ᠡᠵᠡᠨ | ᠶᠠᠮᠪᠠᠷ ᠪᠠᠶᠢᠬᠤ ᠶᠢ ᠮᠡᠳᠡᠬᠦ ᠦᠭᠡᠢ᠃ ᠦᠳᠡ ᠳᠤ ᠮᠢᠩ ᠤᠯᠤᠰ ᠠᠴᠠ ᠬᠦᠮᠤᠨ ᠲᠤᠮᠢᠯᠠᠨ ᠠᠯᠳᠠ ᠮᠦᠩᠬᠦ ᠰᠤᠪᠤᠳ | ᠬᠠᠰ ᠯᠤᠤ ᠲᠠᠢ ᠲᠤᠷᠭ᠎ᠠ ᠵᠡᠷᠭᠡ ᠶᠢ 8 ᠮᠤᠷᠢ ᠳᠤ ᠠᠴᠢᠵᠤ ᠮᠤᠩᠭᠤᠯ ᠤᠨ ᠡᠰᠡᠨ ᠬᠠᠭᠠᠨ ᠳᠤ ᠬᠦᠷᠭᠡᠵᠤ᠂ | ᠬᠠᠭᠠᠨ ᠡᠵᠡᠨ ᠢᠶᠠᠨ ᠠᠪᠤᠷᠠᠨ ᠭᠠᠷᠭᠠᠬᠤ ᠭᠡᠵᠤ ᠰᠠᠨᠠᠯ ᠢᠶᠠᠨ ᠢᠯᠡᠳᠭᠡᠪᠡ᠃ | 18 ᠤ ᠡᠳᠤᠷ ᠬᠤᠸ᠋ᠩᠳᠠᠶᠢᠭᠡᠤ ᠲᠦᠰᠢᠮᠡᠳ ᠢᠶᠠᠷ ᠴᠤᠭᠯᠠᠭᠤᠯᠵᠤ ᠢᠡᠭ ᠽᠦᠡᠭ ᠬᠠᠭᠠᠨ ᠤ ᠲᠡᠬᠦᠤ ᠴᠸᠡᠭ ᠸᠠᠩ | ᠢᠶᠠᠷ ᠲᠦᠷᠤ ᠶᠢᠨ ᠡᠷᠭᠡ ᠶᠢ ᠡᠷᠬᠢᠯᠡᠬᠦᠯᠬᠦ ᠭᠡᠵᠤ ᠲᠤᠩᠬᠠᠭᠯᠠᠵᠤ᠂ ᠡᠤ ᠮᠧᠨ ᠬᠠᠭᠠᠯᠭ᠎ᠠ ᠳᠤ ᠤᠯᠠᠨ ᠲᠦᠰᠢᠮᠡᠳ | ᠲᠠᠢ ᠠᠭᠤᠯᠵᠠᠯᠳᠠ ᠬᠢᠵᠤ᠂ ᠲᠦᠷᠤ ᠶᠢᠨ ᠡᠷᠭᠡ ᠶᠢ ᠡᠷᠬᠢᠯᠡᠬᠦᠯᠬᠦ ᠶᠢ ᠤᠯᠠᠨ ᠳᠤ ᠮᠡᠳᠡᠬᠦᠯᠪᠡ᠃ ᠲᠤᠳᠤᠭᠠᠳᠤ | ᠭᠠᠳᠠᠭᠠᠳᠤ ᠪᠠᠶᠢᠳᠠᠯ ᠤᠯᠠᠮ ᠲᠦᠭᠰᠢᠬᠦᠷᠢᠳᠠᠢ ᠪᠤᠯᠬᠤᠷ ᠬᠤᠸᠠᠩᠳᠠᠶᠢᠭᠡᠤ ᠲᠠᠬᠢᠨ ᠲᠤᠩᠬᠠᠭᠯᠠᠵᠤ ᠢᠡᠭ ᠽᠦᠡᠭ | ᠬᠠᠭᠠᠨ ᠤ ᠬᠦᠪᠡᠬᠦᠨ ᠵᠢᠶᠠᠨ ᠱᠧᠨ ᠢ ᠲᠠᠶᠢᠽᠢ ᠡᠷᠬᠦᠮᠵᠢᠯᠡᠭᠰᠡᠨ ᠠᠴᠠ ᠬᠦᠮᠤᠰ ᠤᠨ ᠰᠡᠳᠬᠢᠯ ᠪᠠᠭ᠋ᠠᠨ ᠠᠮᠤᠷᠵᠢᠵᠠᠢ᠃ | ᠭᠡᠳᠤᠨ ᠡᠳᠤᠷ ᠤᠨ ᠲᠠᠷᠠᠭ᠎ᠠ ᠱᠠᠩ ᠱᠤ᠋ ᠢᠤᠢ ᠴᠢᠶᠠᠨ ᠵᠠᠯᠢᠬᠠᠢ ᠲᠦᠰᠢᠮᠡᠯ ᠸᠠᠩ ᠵᠧᠨ ᠢᠨᠤ ᠤᠯᠤᠰ ᠨᠡᠶᠢᠭᠡᠮ ᠢ | ᠲᠦᠭᠰᠢᠬᠦᠷᠢᠳᠠᠢ ᠪᠤᠯᠭᠠᠭᠰᠠᠨ ᠶᠠᠯ᠎ᠠ ᠶᠢ ᠢᠯᠡᠴᠢᠯᠡᠨ ᠵᠠᠭᠠᠯᠳᠤᠬᠤ ᠳᠤ ᠵᠠᠷᠢᠮ ᠬᠦᠮᠤᠨ ᠸᠠᠩ ᠵᠧᠨ ᠤ ᠶᠠᠯ᠎ᠠ ᠶᠢ ᠲᠦᠷ | ᠴᠠᠭ ᠲᠠᠯᠪᠢᠬᠤ ᠭᠡᠰᠨᠨ ᠳᠤ ᠢᠤᠢ ᠴᠢᠶᠠᠨ ᠸᠠᠩ ᠵᠧᠨ ᠤ ᠤᠯᠠᠨ ᠵᠤᠶᠢᠯ ᠤᠨ ᠲᠡᠭᠷᠢ ᠲᠤᠯᠤᠮ᠎ᠠ ᠶᠠᠯ᠎ᠠ ᠶᠢ | ᠲᠤᠭᠠᠴᠢᠵᠤ᠂ ᠡᠷᠭᠡᠪᠰᠢ ᠠᠯᠠᠬᠤ ᠶᠠᠯ᠎ᠠ ᠪᠠᠷ ᠰᠢᠢᠳᠪᠤᠷᠢᠯᠡᠬᠦ ᠭᠡᠷᠡᠭᠳᠠᠢ ᠪᠦᠭᠡᠳ ᠤᠭᠰᠠᠭ᠎ᠠ ᠠᠶᠢᠮᠠᠭ ᠲᠠᠢ ᠨᠢ ᠬᠠᠮᠳᠤ | ᠠᠯᠠᠨ ᠠᠷᠢᠯᠭᠠᠬᠤ ᠭᠡᠷᠡᠭᠳᠠᠢ ᠭᠡᠪᠡ᠃ ᠡᠨᠡ ᠦᠶ᠎ᠡ ᠳᠤ ᠸᠠᠩ ᠵᠧᠨ ᠤᠷᠳᠤᠨ ᠳᠤ ᠢᠷᠡᠬᠦ ᠳᠤ ᠪᠦᠬᠦᠳᠡᠭᠡᠷ ᠲᠦᠯᠬᠢᠨ | ᠢᠷᠡᠬᠦ ᠳᠤ ᠲᠠᠶᠢᠭᠠᠨ ᠶᠢᠨ ᠢᠡᠭ ᠤᠷᠳᠤᠨ ᠢ ᠬᠠᠰᠢᠵᠤ ᠤᠷᠤᠭᠤᠯᠬᠤ ᠦᠭᠡᠢ ᠪᠤᠯᠬᠤᠷ ᠪᠦᠬᠦᠳᠡᠭᠡᠷ ᠢᠤᠢ ᠴᠢᠶᠠᠨ ᠢ | ᠬᠦᠯᠢᠶᠡᠵᠤ᠂ ᠤᠷᠳᠤᠨ ᠳᠤ ᠲᠦᠯᠬᠢᠨ ᠤᠷᠤᠭᠰᠠᠨ ᠳᠤ ᠶᠢᠨ ᠢᠡᠭ ᠲᠤᠳᠠᠭᠠᠨ ᠭᠠᠷᠴᠤ᠂ ᠭᠡᠷᠡᠭ ᠡᠷᠬᠢᠯᠡᠭᠴᠢ | ᠲᠦᠰᠢᠮᠡᠯ ᠸᠠᠩ ᠬᠤᠨᠭ᠌ ᠸᠠᠩ ᠵᠧᠨ ᠢ ᠰᠢᠬᠦᠷᠡᠨ ᠠᠪᠴᠤ᠂ ᠤᠯᠠᠨ ᠬᠦᠮᠤᠨ ᠬᠠᠮᠳᠤ ᠪᠠᠷ ᠲᠠᠶᠠᠭᠳᠠᠵᠤ᠂ ᠪᠡᠶ᠎ᠡ ᠶᠢ | ᠨᠢ ᠭᠡᠳᠤᠨ ᠵᠦᠭ ᠲᠤ ᠰᠠᠯᠭᠠᠵᠤ ᠭᠤᠳᠤᠯ ᠢᠶᠠᠷ ᠨᠢᠳᠤ ᠶᠢ ᠨᠢ ᠲᠡᠪᠢᠰᠴᠤ ᠴᠢᠰᠤ ᠭᠤᠭᠤᠵᠢᠭᠤᠯᠤᠨ ᠦᠬᠦᠪᠡ᠃ | ᠲᠠᠶᠢᠭᠠᠨ ᠶᠢᠨ ᠢᠡᠭ᠂ ᠸᠠᠩ ᠮᠠᠤ ᠶᠢ ᠪᠠᠰᠠ ᠠᠯᠠᠵᠤ ᠭᠤᠷᠪᠠᠨ ᠦᠬᠦᠳᠡᠯ ᠢ ᠴᠠᠩ ᠠᠨ ᠵᠡᠭᠡᠯᠢ ᠳᠤ ᠲᠡᠯᠭᠡᠨ ᠤᠯᠠᠨ | ᠳᠤ ᠦᠵᠡᠬᠦᠯᠪᠡ᠃ ᠲᠠᠷᠠᠭ᠎ᠠ ᠪᠠᠷ ᠴᠡᠷᠢᠭ ᠭᠠᠷᠭᠠᠵᠤ ᠸᠠᠩ ᠵᠧᠨ ᠤ ᠭᠡᠷ ᠬᠤᠷᠢᠶ᠎ᠠ ᠶᠢ ᠨᠡᠩᠵᠢᠵᠤ ᠡᠳ᠋ ᠬᠦᠷᠤᠩᠭᠡ | ᠶᠢ ᠨᠢ ᠬᠤᠷᠢᠶᠠᠨ ᠠᠪᠴᠤ᠂ ᠲᠡᠬᠦᠨ ᠤ ᠰᠦᠯᠪᠡᠭᠡᠲᠡᠨ ᠫᠸᠡᠭ ᠳ᠋ᠧ ᠴᠢᠩ᠂ ᠭᠡᠷ ᠤᠨ ᠲᠤᠳᠤᠭᠠᠳᠤ ᠬᠠᠮᠢᠶᠠᠷᠤᠭᠴᠢ | ᠴᠧᠨ ᠭᠤᠸᠠᠨ ᠵᠢᠶᠠ ᠶᠢᠨ ᠡᠳ᠋ ᠬᠦᠷᠤᠩᠭᠡ ᠶᠢ ᠬᠤᠷᠢᠶᠠᠨ ᠠᠪᠴᠤ᠂ ᠸᠠᠩ ᠵᠧᠨ ᠤ ᠠᠴᠢ ᠬᠦᠤ ᠸᠠᠩ ᠱᠠᠨ ᠢ | ᠰᠦᠬᠦᠳᠭᠡᠵᠤ ᠤᠯᠠᠨ ᠬᠠᠷᠢᠶᠠᠨ ᠲᠠᠰᠢᠭᠤᠷᠳᠠᠪᠠ᠃ ᠲᠠᠷᠠᠭ᠎ᠠ ᠨᠢ ᠤᠯᠠᠨ ᠲᠦᠰᠢᠮᠡᠯ ᠤᠷᠤ ᠤᠷᠤᠨ ᠳᠠᠭᠠᠨ | ᠪᠠᠶᠢᠷᠢᠰᠢᠵᠤ ᠲᠠᠯᠠᠷᠬᠠᠯ ᠬᠢᠪᠡ᠃ ᠲᠠᠷᠠᠭ᠎ᠠ ᠡᠳᠤᠷ ᠴᠸᠡᠭ ᠸᠠᠩ ᠬᠠᠭᠠᠨ ᠤᠷᠤ ᠶᠢ ᠵᠠᠯᠭᠠᠮᠵᠢᠯᠠᠵᠤ ᠹᠸᠡᠭ ᠲᠢᠶᠠᠨ | ᠮᠧᠨ ᠬᠠᠭᠠᠯᠭ᠎ᠠ ᠳᠤ ᠡᠵᠡᠨ ᠤ ᠬᠤᠪᠢ ᠪᠠᠷ ᠤᠯᠠᠨ ᠲᠦᠰᠢᠮᠡᠯ ᠤᠨ ᠵᠦᠩᠨᠡᠯ ᠢ ᠲᠠᠯᠠᠷᠬᠠᠨ ᠬᠦᠯᠢᠶᠡᠪᠡ᠃ | ᠸᠠᠩ ᠵᠧᠨ ᠤ ᠭᠡᠷ ᠬᠠᠰᠢᠶ᠎ᠠ ᠤᠷᠳᠤᠨ ᠤ ᠭᠠᠳᠠᠨ᠎ᠠ ᠭᠡᠳᠤ ᠪᠠᠶᠢᠵᠤ᠂ ᠪᠦᠷ ᠲᠠᠪᠬᠤᠷᠯᠢᠭ ᠰᠠᠷᠠᠪᠴᠢᠳᠠᠢ ᠬᠦᠨ | ᠤᠷᠳᠤᠨ ᠪᠤᠯᠤᠨ᠎ᠠ᠃ ᠠᠯᠢᠪᠠ ᠭᠡᠷᠡᠭᠰᠡᠯ᠂ ᠭᠤᠶᠤ ᠰᠠᠶᠢᠬᠠᠨ ᠲᠤᠬᠤᠢ ᠦᠷᠭᠡᠨ | |