ᠭᠧᠷᠮᠡᠨ ᠤ ᠬᠡᠥᠬᠡᠳ ᠤᠨ ᠴᠡᠴᠡᠷᠯᠢᠭ ᠤᠨ ᠰᠤᠷᠭᠠᠨ ᠬᠦᠮᠦᠵᠢᠯ
ᠨᠡᠶᠢᠲᠡᠯᠡᠭᠰᠡᠨ ᠴᠠᠭ᠄
2016-12-28
     ᠭᠧᠷᠮᠡᠨ ᠤ ᠴᠡᠴᠡᠷᠯᠢᠭ ᠤᠨ ᠰᠤᠷᠭᠠᠨ ᠬᠦᠮᠦᠵᠢᠯ ᠨᠢ ᠬᠡᠤᠬᠡᠳ ᠤᠨ ᠰᠡᠳᠬᠢᠯᠬᠡ ᠶᠢ ᠬᠠᠨᠭ᠍ᠭᠠᠬᠤ ᠪᠡ ᠦᠢᠯᠡᠲᠦᠯᠬᠡ ᠳᠤ ᠤᠷᠤᠯᠴᠠᠬᠤ ᠶᠢ ᠲᠡᠷᠢᠬᠦᠨ ᠪᠠᠶᠢᠷᠢᠨ ᠳᠤ ᠲᠠᠯᠪᠢᠨ ᠴᠢᠬᠤᠯᠡᠴᠢᠯᠠᠵᠤ᠂ ᠡᠬᠡ ᠪᠠᠶᠢᠭᠠᠯᠢ ᠶᠢ ᠡᠷᠬᠢᠮᠯᠡᠬᠦ ᠬᠦᠮᠦᠵᠢᠯ ᠬᠢᠵᠤ᠂ ᠬᠡᠤᠬᠡᠳ ᠢ ᠪᠠᠶᠢᠭᠠᠯᠢ ᠲᠠᠢ ᠦᠢᠷᠡᠲᠤᠭᠤᠯᠵᠤ ᠲᠦᠷᠰᠤᠯᠡᠨ ᠪᠤᠲᠤᠬᠤ ᠴᠢᠲᠡᠪᠤᠷᠢ ᠪᠡ ᠡᠬᠦᠲᠦᠨ ᠪᠦᠲᠦᠬᠡᠬᠦ ᠴᠢᠲᠡᠪᠤᠷᠢ ᠶᠢ ᠨᠢ ᠬᠦᠭᠵᠢᠬᠡᠲᠡᠭ᠃      ᠭᠧᠷᠮᠡᠨ ᠤ ᠬᠡᠤᠬᠡᠳ ᠤᠨ ᠴᠡᠴᠡᠷᠯᠢᠭ ᠤᠨ ᠠᠵᠢᠯᠯᠠᠭ᠎ᠠ ᠲᠡᠷᠦᠢ ᠬᠡᠤᠬᠡᠳ ᠴᠡᠴᠡᠷᠯᠢᠭ ᠲᠤ ᠰᠠᠭᠤᠬᠤ 3 ᠵᠢᠯ ᠤᠨ ᠬᠤᠭᠤᠴᠠᠭᠠᠨ ᠳᠤ᠂ ᠴᠠᠬᠲᠠᠭᠠᠨ ᠤ ᠲᠤᠪᠴᠢᠶ᠎ᠠ ᠪᠠᠷ ᠲᠤᠭᠤᠷᠢᠨ ᠦᠵᠡᠵᠤ᠂ ᠴᠠᠬᠲᠠᠭ᠎ᠠ ᠶᠠᠭᠤ ᠬᠢᠲᠡᠭ ᠬᠦᠮᠤᠨ ᠬᠡᠲᠡᠭ ᠢ ᠮᠡᠲᠡᠵᠤ ᠠᠪᠤᠨ᠎ᠠ ︔ ᠵᠠᠮ ᠵᠠᠭᠤᠷ᠎ᠠ ᠪᠠᠨ ᠮᠠᠭᠤ ᠬᠦᠮᠤᠨ ᠲᠠᠢ ᠤᠴᠠᠷᠡᠪᠡᠯ ᠬᠡᠷᠭᠢᠨ ᠲᠦᠭᠰᠢᠬᠦᠷᠢ ᠮᠡᠲᠡᠭᠡᠯᠡᠬᠦ ︔ ᠭᠠᠯ ᠤᠨ ᠴᠠᠬᠲᠠᠭ᠎ᠠ ᠲᠠᠢ ᠭᠠᠯ ᠤᠨᠲᠠᠷᠡᠭᠠᠬᠤ ᠮᠡᠲᠡᠯᠬᠡ ᠶᠢ ᠬᠠᠮᠲᠦ ᠰᠤᠷᠤᠯᠴᠡᠨ᠂ ᠡᠲᠦᠷ ᠲᠤᠲᠤᠮ ᠤᠨ ᠠᠮᠢᠲᠦᠷᠡᠯ ᠲᠤᠮᠲᠠᠬᠢ ᠭᠠᠯ ᠤᠨ ᠠᠶᠤᠯ ᠠᠴᠠ ᠬᠡᠷᠬᠢᠨ ᠵᠠᠶᠢᠯᠠᠬᠤ ︔ ᠬᠤᠲᠡ ᠶᠢᠨ ᠵᠠᠰᠠᠬ ᠤᠨ ᠤᠷᠲᠤᠨ ᠢᠶᠠᠷ ᠲᠤᠭᠤᠷᠢᠨ ᠦᠵᠡᠵᠦ᠂ ᠠᠷᠡᠳ ᠲᠦᠮᠡᠨ ᠳᠤ ᠦᠢᠯᠡᠴᠢᠯᠡᠲᠡᠭ ᠬᠤᠲᠡ ᠶᠢᠨ ᠲᠠᠷᠤᠭ᠎ᠠ ᠶᠠᠮᠡᠷᠰᠢᠤ ᠬᠦᠮᠤᠨ ᠪᠤᠯᠤᠨ᠎ᠠ ᠬᠡᠲᠡᠭ ᠢ ᠲᠠᠨᠢᠵᠤ ᠮᠡᠲᠡᠨ᠎ᠠ ︔ ᠨᠤᠮ ᠤᠨ ᠰᠠᠩ ᠢᠶᠠᠷ ᠲᠤᠭᠤᠷᠢᠵᠤ᠂ ᠨᠤᠮ ᠵᠢᠬᠡᠯᠡᠬᠦ ᠪᠡ ᠨᠤᠮ ᠢ ᠭᠡᠷᠬᠢᠨ ᠪᠤᠴᠠᠭᠠᠬᠤ ᠶᠢ ᠪᠦᠷ ᠰᠤᠷᠤᠯᠴᠠᠨ᠎ᠠ ︔ ᠢᠯᠡᠬᠦᠴᠡ ᠬᠤᠬ ᠨᠤᠪᠰᠢ ᠶᠢ ᠦᠢᠯᠠᠳᠬᠦ ᠦᠬᠡᠢ ᠮᠦᠷᠲᠡᠭᠡᠨ ᠬᠤᠬ ᠨᠤᠪᠰᠢ ᠶᠢᠨ ᠲᠦᠷᠦᠯ ᠢ ᠢᠯᠭᠠᠨ ᠰᠠᠯᠭᠠᠵᠤ ᠴᠢᠳᠠᠬᠤ ︔ ᠬᠤᠲᠡᠯᠲᠤᠭ᠎ᠠ ᠪᠡ ᠬᠤᠲᠠᠯᠲᠦᠭᠠᠨ ᠤ ᠲᠠᠯᠠᠪᠤᠷ ᠢ ᠢᠯᠭᠠᠨ ᠲᠠᠨᠢᠵᠤ ᠲᠠᠶᠢᠯᠬᠦ ᠬᠡᠬᠦ ᠮᠡᠲᠦ ᠁ ᠠᠴᠠ ᠵᠢᠭᠠᠨ ᠰᠤᠷᠭᠠᠨ᠎ᠠ᠃ ᠬᠡᠤᠬᠡᠳ 3 ᠵᠢᠯ ᠤᠨ ᠰᠤᠷᠤᠯᠴᠠᠯᠭ᠎ᠠ ᠶᠢᠨ ᠶᠠᠪᠤᠴᠠ ᠪᠠᠷ ᠲᠠᠮᠵᠢᠨ᠂ ᠦᠪᠡᠷ ᠤᠨ ᠡᠲᠦᠷ ᠲᠤᠲᠤᠮ ᠤᠨ ᠬᠢᠵᠤ ᠤᠷᠤᠯᠲᠤᠬᠤ ᠵᠦᠢᠯ ᠢᠶᠠᠨ ᠦᠪᠡᠷ ᠢᠶᠠᠨ ᠭᠠᠷ ᠬᠦᠲᠡᠯᠵᠤ ᠬᠢᠵᠤ ᠴᠢᠲᠡᠲᠠᠬ ᠪᠤᠯᠤᠨ᠎ᠠ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号