ᠬᠡᠦᠭᠡᠳ ᠤᠨ ᠠᠩᠬᠠᠨ ᠤ ᠬᠦᠮᠦᠵᠢᠯ ᠪᠤᠯᠬᠤ ︽ᠡᠬᠡ ᠶᠢᠨ ᠬᠡᠪᠡᠯᠢ ᠳᠠᠬᠢ ᠭᠡᠷ ᠤᠨ ᠰᠤᠷᠭᠠᠯ︾
ᠨᠡᠶᠢᠲᠡᠯᠡᠭᠰᠡᠨ ᠴᠠᠭ᠄
2016-12-28
      ᠮᠤᠩᠭᠤᠯᠴᠤᠳ ᠡᠬᠡᠨᠡᠷ ᠬᠦᠮᠦᠨ ᠵᠢᠷᠮᠦᠰᠦᠨ ᠪᠤᠯᠪᠠᠯ ᠬᠦᠨᠳᠦᠳᠭᠡᠯ ᠦᠭᠡ ᠭᠡᠷᠡᠭᠯᠡᠳᠡᠭ᠃ ᠡᠭᠦᠨ ᠳᠤ ︽ᠬᠦᠯ ᠬᠦᠨᠳᠦ ᠲᠠᠢ ᠪᠤᠯᠤᠯ᠎ᠠ︾᠂ ︽ᠪᠡᠶ᠎ᠠ ᠡᠷᠢᠶ᠎ᠠ ᠲᠠᠢ ᠪᠤᠯᠤᠯ᠎ᠠ︾ ᠭᠡᠬᠦ ᠮᠡᠳᠦ ᠪᠠᠷ ᠡᠬᠡ ᠪᠤᠯᠬᠤ ᠭᠡᠵᠤ ᠪᠠᠶᠢᠭ᠎ᠠ ᠡᠬᠡᠨᠡᠷ ᠬᠦᠮᠦᠨ ᠢ ᠬᠦᠨᠳᠦᠳᠭᠡᠬᠦ ᠪᠠᠷ ᠪᠠᠷᠠᠬᠤ ᠦᠭᠡᠢ ᠬᠡᠪᠡᠯᠢ ᠳᠠᠬᠢ ᠬᠡᠦᠭᠡᠳ ᠢ ᠴᠤ ᠶᠡᠭᠡ ᠠᠩᠬᠠᠷᠳᠠᠭ ᠶᠤᠮ᠃ ᠬᠦᠯ ᠬᠦᠨᠳᠦ ᠪᠤᠯᠤᠭᠰᠠᠨ ᠡᠬᠡᠨᠡᠷ ᠬᠦᠮᠦᠨ ᠳᠤ ᠲᠤᠩ ᠤᠯᠠᠨ ᠴᠡᠭᠡᠷ ᠶᠤᠰᠤ ᠲᠠᠢ ᠪᠠᠶᠢᠳᠠᠭ᠃ ᠬᠦᠯ ᠬᠦᠨᠳᠦ ᠬᠦᠮᠦᠨ ᠢᠶᠠᠷ ᠭᠡᠷ ᠤᠨ ᠬᠦᠨᠳᠦ ᠠᠵᠢᠯ ᠢ ᠬᠢᠯᠬᠡᠬᠦ ᠦᠭᠡᠢ ᠪᠦᠭᠡᠳ ᠬᠤᠯᠠ ᠶᠢᠨ ᠵᠠᠮ ᠳᠤ ᠤᠨᠤᠭ᠎ᠠ ᠬᠦᠰᠭᠡ ᠲᠠᠢ ᠶᠠᠪᠤᠬᠤ ᠶᠢ ᠴᠡᠭᠡᠷᠯᠡᠨ᠎ᠠ᠃ ᠲᠡᠮᠡᠭᠡ ᠤᠨᠤᠭᠤᠯᠬᠤ ᠦᠭᠡᠢ᠂ ᠲᠡᠭᠡᠰᠦ ᠪᠤᠭ ᠲᠡᠭᠡᠭᠦᠷ ᠠᠯᠬᠤᠬᠤ ᠶᠢ ᠴᠡᠭᠡᠷᠡᠯᠡᠭᠦᠯᠬᠦ ᠮᠦᠷᠳᠡᠭᠡᠨ ᠡᠯᠳᠡᠪ ᠤᠨ ᠠᠮᠢᠳᠠᠨ ᠤ ᠮᠢᠬ᠎ᠠ ᠶᠢ ᠢᠳᠡᠬᠦ ᠶᠢ ᠲᠠᠰᠤ ᠴᠡᠭᠡᠷᠯᠡᠨ᠎ᠠ᠃ ᠡᠭᠦᠨ ᠠᠴᠠ ᠭᠠᠳᠠᠨ᠎ᠠ ᠲᠡᠮᠡᠭᠡ ᠪᠤᠶᠤ ᠲᠡᠤᠯᠠᠢ ᠮᠡᠳᠦ ᠶᠢᠨ ᠰᠡᠳᠡᠷᠭᠡᠢ ᠤᠷᠤᠭᠤᠯ ᠲᠠᠢ ᠠᠮᠢᠳᠠᠨ ᠤ ᠮᠢᠬ᠎ᠠ ᠶᠢ ᠢᠳᠡᠪᠡᠯ ᠰᠡᠳᠡᠷᠭᠡᠢ ᠬᠡᠦᠭᠡᠳ ᠲᠦᠷᠦᠨ᠎ᠠ ᠭᠡᠵᠤ ᠬᠡᠯᠡᠳᠡᠭ ᠵᠠᠩᠰᠢᠯ ᠲᠠᠢ᠃      ᠭᠡᠳᠦ᠋ᠢᠪᠡᠷ ᠬᠦᠨᠳᠦ ᠨᠦᠰᠡᠷ ᠠᠵᠢᠯ ᠬᠦᠳᠡᠯᠮᠦᠷᠢ ᠳᠤ ᠤᠷᠤᠯᠴᠠᠭᠤᠯᠬᠤ ᠦᠭᠡᠢ ᠪᠤᠯᠪᠠᠴᠤ ᠦᠷᠭᠦᠯᠵᠢ ᠶᠢᠨ ᠴᠢᠨᠠᠷᠳᠠᠢ ᠬᠦᠩᠭᠡᠨ ᠬᠦᠳᠡᠯᠭᠡᠭᠡᠨ ᠬᠢᠬᠦ ᠶᠢ ᠴᠢᠩᠭ᠎ᠠ ᠱᠠᠭᠠᠷᠳᠠᠨ᠎ᠠ᠃ ᠢᠩᠬᠢᠬᠦ ᠦᠭᠡᠢ ᠪᠤᠯ ᠬᠡᠦᠭᠡᠳ ᠨᠢ ᠡᠬᠡ ᠶᠢᠨ ᠢᠶᠠᠨ ᠬᠡᠪᠡᠯᠢ ᠳᠤ ᠲᠤᠮᠤᠷᠠᠵᠤ᠂ ᠲᠦᠷᠦᠬᠦ ᠦᠶᠡᠰ ᠲᠤ ᠡᠬᠡ ᠶᠢ ᠪᠠᠨ ᠵᠤᠪᠠᠭᠠᠬᠤ ᠮᠦᠷᠳᠡᠭᠡᠨ ᠬᠦᠴᠢᠷᠳᠡᠵᠤ ᠲᠦᠷᠦᠨ᠎ᠠ ᠭᠡᠵᠤ ᠵᠠᠪᠠᠯ ᠬᠦᠳᠡᠯᠭᠡᠭᠡᠨ ᠬᠢᠭᠡᠳᠡᠭ᠃ ᠬᠦᠯ ᠬᠦᠨᠳᠦ ᠬᠦᠮᠦᠨ ᠢ ᠦᠷᠭᠦᠯᠵᠢ ᠶᠢᠨ ᠴᠢᠨᠠᠷᠳᠠᠢ ᠪᠠᠶᠠᠷ ᠪᠠᠶᠠᠰᠬᠤᠯᠠᠩ ᠲᠠᠢ ᠪᠠᠶᠢᠬᠤ ᠶᠢ ᠱᠠᠭᠠᠷᠳᠠᠬᠤ ᠪᠦᠭᠡᠳ ᠠᠭᠤᠷᠯᠠᠵᠤ ᠤᠴᠠᠭᠠᠷᠯᠠᠬᠤ ᠶᠢ ᠴᠡᠭᠡᠷᠯᠡᠭᠦᠯᠦᠨ᠎ᠠ᠃ ᠨᠡᠩ ᠴᠤ ᠶᠡᠭᠡ ᠭᠤᠨᠢᠵᠤ ᠵᠤᠪᠠᠭ᠋ᠤ᠂ ᠶᠡᠭᠡ ᠤᠬᠢᠯᠠᠬᠤ ᠶᠢ ᠶᠡᠬᠡᠳᠡ ᠴᠡᠭᠡᠷᠯᠡᠭᠦᠯᠵᠤ ᠪᠠᠶᠢᠳᠠᠭ ᠶᠤᠮ᠃ ᠶᠡᠷᠦ ᠠᠴᠠ ᠬᠡᠪᠡᠯᠢ ᠳᠠᠬᠢ ᠬᠡᠦᠭᠡᠳ ᠡᠬᠡ ᠶᠢ ᠪᠠᠨ ᠲᠠᠭᠠᠵᠤ ᠪᠠᠶᠠᠷᠯᠠᠬᠤ ᠳᠤᠨᠢ ᠪᠠᠶᠠᠷᠯᠠᠵᠤ᠂ ᠤᠬᠢᠯᠠᠬᠤ ᠳᠤᠨᠢ ᠤᠬᠢᠯᠠᠬᠤ ᠭᠡᠵᠤ ᠨᠤᠳᠤᠭ ᠤᠨ ᠪᠤᠷᠤᠭᠤᠯᠴᠤᠳ ᠶᠠᠷᠢᠳᠠᠭ᠃ ᠡᠨᠡ ᠨᠢ ᠬᠡᠪᠡᠯᠢ ᠳᠠᠬᠢ ᠬᠡᠦᠭᠡᠳ ᠡᠬᠡ ᠶᠢᠨ ᠰᠡᠳᠬᠢᠯ ᠤᠨ ᠬᠦᠳᠡᠯᠭᠡᠭᠡᠨ ᠢᠶᠠᠷ ᠦᠰᠦᠨ ᠪᠤᠶᠢᠵᠢᠳᠠᠭ ᠢ ᠬᠠᠷᠠᠭᠤᠯᠵᠤ ᠪᠠᠶᠢᠨ᠎ᠠ᠃ ᠡᠬᠡ ᠬᠦᠮᠦᠨ ᠬᠡᠪᠡᠯᠢ ᠳᠠᠬᠢ ᠬᠡᠦᠭᠡᠳ ᠲᠠᠢ ᠪᠠᠨ ᠦᠷᠭᠦᠯᠵᠢ ᠶᠢᠨ ᠴᠢᠨᠠᠷᠳᠠᠢ ᠦᠭᠡ ᠬᠡᠯᠡᠯᠴᠡᠵᠤ᠂ ᠲᠡᠭᠦᠨ ᠢ ᠬᠠᠶᠢᠷᠠᠯᠠᠨ ᠬᠠᠷᠠᠭᠠᠯᠵᠠᠵᠤ᠂ ᠦᠪᠡᠷ ᠢᠶᠠᠨ ᠲᠠᠭᠤᠤ ᠲᠠᠭᠤᠯᠠᠵᠤ ᠦᠭᠬᠦ ᠪᠤᠶᠤ ᠬᠦᠭᠵᠢᠮ ᠲᠠᠭᠤᠤ ᠰᠤᠨᠤᠰᠬᠠᠬᠤ ᠨᠢ ᠬᠡᠪᠡᠯᠢ ᠳᠠᠬᠢ ᠬᠡᠦᠭᠡᠳ ᠤᠨ ᠦᠰᠦᠨ ᠪᠤᠶᠢᠵᠢᠬᠤ ᠳᠤ ᠲᠤᠩ ᠶᠡᠭᠡ ᠠᠴᠢ ᠬᠤᠯᠪᠤᠭᠳᠠᠯ ᠲᠠᠢ ᠶᠤᠮ᠃      ᠡᠨᠡ ᠨᠢ ᠮᠤᠩᠭᠤᠯ ᠬᠦᠮᠦᠨ ᠤ ᠭᠡᠦᠭᠡᠳ ᠢᠶᠠᠨ ᠬᠠᠶᠢᠷᠠᠯᠠᠨ ᠬᠦᠮᠦᠵᠢᠭᠦᠯᠵᠤ ᠪᠠᠶᠢᠭ᠎ᠠ ᠬᠠᠮᠤᠭ ᠤᠨ ᠠᠩᠬᠠᠨ ᠤ ᠰᠤᠷᠭᠠᠨ ᠬᠦᠮᠦᠵᠢᠯ ᠪᠤᠯᠳᠠᠭ ᠶᠤᠮ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号