ᠤᠷᠤᠰ᠄ ᠨᠤᠮ ᠪᠢᠴᠢᠭ ᠶᠢ ᠲᠠᠯᠬ᠎ᠠ ᠲᠠᠢ ᠡᠭᠡᠭᠡ ᠠᠳᠠᠯᠢᠬᠠᠨ ᠢᠶᠠᠷ ᠦᠵᠡᠳᠡᠭ ᠤᠷᠤᠰ ᠦᠨᠳᠦᠰᠦᠳᠡᠨ ᠨᠢ | ᠡᠷᠳᠡ ᠲᠡᠭᠡᠳᠦ ᠠᠴᠠ ᠪᠠᠨ ᠠᠪᠤᠭᠠᠳ ᠨᠢᠭᠡᠨ ᠰᠣᠨᠢᠭᠤᠴᠢ ᠦᠨᠳᠦᠰᠦᠳᠡᠨ᠂ ᠨᠤᠮ ᠤᠩᠰᠢᠬᠤ ᠨᠢ ᠡᠨᠡ | ᠦᠨᠳᠦᠰᠦᠳᠡᠨ ᠤ ᠤᠷᠳᠦ ᠤᠳᠠᠭᠠᠨ ᠤᠯᠠᠮᠵᠢᠯᠠᠯᠳᠣ ᠦᠨᠳᠦᠰᠦᠳᠡᠨ ᠤ ᠲᠠᠳᠬᠠᠯ᠂ ᠲᠡᠳᠡᠨ ᠤ ᠠᠮᠢᠳᠣᠷᠠᠯ ᠤᠨ | ᠲᠤᠳᠠᠭᠳᠠᠵᠦ ᠪᠤᠯᠤᠰᠢ ᠦᠭᠡᠢ ᠨᠢᠭᠡᠨ ᠭᠡᠰᠡᠭ᠃ ᠤᠷᠤᠰ ᠬᠦᠮᠦᠨ ᠤ ᠦᠵᠡᠬᠦ ᠪᠠᠷ᠂ ᠨᠤᠮ ᠪᠢᠴᠢᠭ ᠨᠢ ᠲᠠᠯᠬ᠎ᠠ ᠲᠠᠢ | ᠡᠭᠡᠭᠡ ᠠᠳᠠᠯᠢᠬᠠᠨ ᠴᠢᠬᠤᠯᠠ᠂ ᠬᠦᠮᠦᠨ ᠬᠤᠭᠤᠯᠠ ᠢᠳᠡᠬᠦ ᠦᠭᠡᠢ ᠪᠠᠶᠢᠵᠦ ᠪᠤᠯᠬᠤ ᠦᠭᠡᠢ ᠲᠠᠢ ᠠᠳᠠᠯᠢᠬᠠᠨ ᠨᠤᠮ | ᠤᠩᠰᠢᠬᠤ ᠦᠭᠡᠢ ᠪᠠᠶᠢᠵᠦ ᠪᠤᠯᠬᠤ ᠦᠭᠡᠢ᠃ ᠲᠡᠳᠡᠨ ᠤ ᠨᠤᠮ ᠤᠩᠰᠢᠬᠤ ᠳᠤ ᠵᠠᠷᠤᠴᠠᠭᠤᠯᠬᠤ ᠴᠠᠭ ᠨᠢ ᠬᠤᠭᠤᠯᠠ | ᠢᠳᠡᠬᠦ ᠴᠠᠭ ᠠᠴᠠ ᠪᠠᠨ ᠬᠡᠳᠦ ᠲᠠᠬᠢᠨ ᠢᠯᠡᠬᠦᠦ ᠪᠠᠶᠢᠳᠠᠭ᠃ ᠮᠤᠰᠺᠸᠠ ᠶᠢᠨ ᠤᠶᠢᠷᠠᠯᠴᠠᠭᠠᠬᠢ 900 ᠲᠦᠮᠡᠨ | ᠰᠠᠭᠤᠭᠠᠯᠢ ᠠᠷᠠᠳ ᠤᠨ ᠲᠤᠮᠳᠠ 5 ᠬᠦᠮᠦᠨ ᠤ ᠲᠤᠮᠳᠠᠬᠢ 1 ᠬᠦᠮᠦᠨ ᠨᠢ ᠦᠨᠳᠦᠷ ᠵᠡᠷᠭᠡ ᠶᠢᠨ ᠰᠣᠷᠭᠠᠨ | ᠬᠦᠮᠦᠵᠢᠯ ᠬᠦᠷᠳᠡᠵᠦ᠂ 3 ᠬᠦᠮᠦᠨ ᠤ ᠲᠤᠮᠳᠠᠬᠢ 1 ᠬᠦᠮᠦᠨ ᠨᠢ ᠲᠤᠮᠳᠠ ᠵᠡᠷᠭᠡ ᠶᠢᠨ ᠲᠤᠰᠬᠠᠢ ᠮᠡᠷᠭᠡᠵᠢᠯ ᠤᠨ | ᠰᠣᠷᠭᠠᠨ ᠬᠦᠮᠦᠵᠢᠯ ᠬᠦᠷᠳᠡᠭᠰᠡᠨ ᠪᠠᠶᠢᠳᠠᠭ᠃ ᠤᠷᠤᠰ ᠬᠦᠮᠦᠨ ᠭᠡᠷ ᠲᠠᠬᠢ ᠬᠤᠷᠢᠶᠠᠨ ᠬᠠᠳᠠᠭᠠᠯᠠᠭᠰᠠᠨ ᠨᠤᠮ ᠪᠠᠷ ᠨᠢ | ᠨᠢᠭᠡ ᠬᠦᠮᠦᠨ ᠤ ᠰᠣᠶᠣᠯ ᠤᠨ ᠬᠡᠪ ᠪᠤᠯᠪᠠᠰᠣᠷᠠᠯ ᠤᠨ ᠲᠡᠭᠡᠳᠦ ᠲᠤᠤᠷᠠᠳᠣ ᠶᠢᠨ ᠴᠢᠬᠤᠯᠠ ᠪᠡᠯᠭᠡ ᠲᠡᠮᠳᠡᠭ ᠪᠤᠯᠭᠠᠵᠦ | ᠦᠵᠡᠳᠡᠭ᠃ ᠤᠷᠤᠰ ᠤᠨ ᠰᠠᠭᠤᠭᠠᠯᠢ ᠠᠷᠠᠳ ᠤᠨ ᠭᠡᠷ ᠪᠦᠯᠢ ᠶᠢᠨ ᠨᠤᠮ ᠬᠠᠳᠠᠭᠠᠯᠠᠴᠠ ᠶᠢᠨ ᠶᠡᠷᠦᠩᠭᠡᠢ ᠬᠡᠮᠵᠢᠶ᠎ᠡ ᠨᠢ | ᠤᠯᠠᠨ ᠨᠡᠶᠢᠳᠡ ᠶᠢᠨ ᠨᠤᠮ ᠶᠢᠨ ᠰᠠᠩ ᠤᠨ ᠬᠠᠳᠠᠭᠠᠯᠠᠴᠠ ᠶᠢᠨ 10 ᠲᠠᠬᠢᠨ ᠢᠯᠡᠬᠦᠦ ᠪᠠᠶᠢᠳᠠᠭ᠃ ᠤᠷᠤᠰ ᠬᠦᠮᠦᠨ | ᠲᠡᠭᠰᠢᠳᠬᠡᠭᠡᠳ ᠡᠳᠦᠷ ᠪᠦᠷᠢ 1 ᠴᠠᠭ ᠨᠤᠮ ᠤᠩᠰᠢᠬᠤ᠂ ᠰᠣᠨᠢᠨ ᠰᠡᠳᠬᠦᠯ ᠬᠢᠬᠡᠳ ᠪᠤᠰᠤᠳ ᠬᠡᠪᠯᠡᠭᠳᠡᠭᠦᠨ ᠢ | ᠤᠩᠰᠢᠳᠠᠭ ᠢᠶᠠᠷ ᠲᠡᠯᠡᠬᠡᠢ ᠳᠤ ᠲᠡᠷᠢᠬᠦᠯᠡᠵᠦ ᠪᠠᠶᠢᠳᠠᠭ᠃ | ᠹᠷᠠᠨᠼᠢ᠄ ᠭᠡᠷ ᠪᠦᠯᠢ ᠶᠢᠨ ︽ᠨᠤᠮ ᠤᠨ ᠰᠠᠩ︾ ᠹᠷᠠᠨᠼᠢ ᠬᠦᠮᠦᠰ ᠤᠨ ᠨᠤᠮ ᠤᠩᠰᠢᠬᠤ ᠲᠤᠷᠠᠳᠠᠢ | ᠲᠠᠳᠬᠠᠯ ᠨᠢ ᠡᠸᠦ᠋ᠷᠤᠫᠡ ᠳᠤ ᠨᠠᠷᠡᠳᠡᠢ᠃ ᠫᠠᠷᠢ ᠶᠢᠨ ᠶᠡᠭᠡ ᠪᠠᠭ᠎ᠠ ᠭᠤᠳᠤᠮᠵᠢ ᠵᠡᠭᠡᠯᠢ᠂ ᠬᠠᠮᠢᠭ᠎ᠠ ᠴᠦ ᠭᠡᠰᠡᠨ ᠦᠭᠡᠢ | ᠨᠤᠮ ᠤᠨ ᠲᠡᠯᠭᠡᠭᠦᠷ ᠬᠠᠷᠠᠭᠳᠠᠬᠤ ᠮᠦᠷᠳᠡᠭᠡᠨ ᠲᠤᠰᠬᠠᠢ ᠬᠠᠭᠤᠴᠢᠨ ᠨᠤᠮ ᠬᠤᠳᠠᠯᠳᠣᠳᠠᠭ ᠭᠤᠳᠤᠮᠵᠢ ᠪᠠᠶᠢᠳᠠᠭ᠃ | ᠹᠷᠠᠨᠼᠢ ᠶᠢᠨ ᠠᠯᠳᠠᠷᠳᠦ ᠠᠷᠠᠳ ᠤᠨ ᠪᠠᠶᠢᠴᠠᠭᠠᠯᠳᠠ ᠶᠢᠨ ᠪᠠᠶᠢᠭᠤᠯᠤᠮᠵᠢ IFOP ᠶᠢᠨ ᠨᠡᠶᠢᠳᠡᠯᠡᠭᠰᠡᠨ ᠲᠤᠭ᠎ᠠ | ᠪᠦᠷᠢᠳᠬᠡᠯ ᠢᠶᠠᠷ᠂ 55% ᠠᠴᠠ ᠲᠡᠭᠡᠭᠰᠢᠬᠢ ᠹᠷᠠᠨᠼᠢ ᠬᠦᠮᠦᠨ ᠨᠢᠭᠡ ᠵᠢᠯ ᠳᠤ 12 ᠲᠡᠪᠳᠡᠷ ᠠᠴᠠ ᠲᠡᠭᠡᠭᠰᠢ ᠨᠤᠮ | ᠤᠩᠰᠢᠵᠦ᠂ ᠲᠡᠭᠦᠨ ᠤ ᠲᠤᠳᠤᠷ᠎ᠠ ᠪᠠᠰᠠ 20 ᠲᠡᠪᠳᠡᠷ ᠠᠴᠠ ᠲᠡᠭᠡᠭᠰᠢ ᠤᠩᠰᠢᠳᠠᠭ ᠬᠦᠮᠦᠨ ᠴᠦ ᠪᠠᠭ᠎ᠠ ᠪᠤᠰᠤ | ᠪᠠᠶᠢᠳᠠᠭ ᠭᠡᠵᠡᠢ᠃ ᠪᠠᠶᠢᠴᠠᠭᠠᠯᠳᠠ ᠲᠤᠳᠤᠷᠬᠠᠶᠢᠯᠠᠭᠰᠠᠨ ᠢᠶᠠᠷ᠂ ᠹᠷᠠᠨᠼᠢ ᠬᠦᠮᠦᠨ ᠤ ᠬᠦᠮᠦᠨ ᠪᠦᠷᠢ ᠶᠢᠨ | ᠤᠩᠰᠢᠭᠰᠠᠨ ᠨᠤᠮ ᠨᠢ ᠬᠦᠮᠦᠨ ᠪᠦᠷᠢ ᠶᠢᠨ ᠬᠤᠳᠠᠯᠳᠣᠨ ᠠᠪᠤᠭᠰᠠᠨ ᠨᠤᠮ ᠠᠴᠠ ᠠᠷᠪᠢᠨ ᠪᠠᠶᠢᠳᠠᠭ᠃ ᠹᠷᠠᠨᠼᠢ ᠶᠢᠨ | ᠡᠯ᠎ᠡ ᠭᠠᠵᠠᠷ ᠶᠢᠨ ᠶᠡᠭᠡ ᠪᠠᠭ᠎ᠠ ᠨᠤᠮ ᠤᠨ ᠰᠠᠩ ᠨᠢ ᠲᠦᠯᠦᠪᠤᠷᠢ ᠦᠭᠡᠢ ᠨᠤᠮ ᠵᠢᠭᠡᠯᠡᠬᠦ ᠦᠢᠯᠡᠴᠢᠯᠡᠭᠡ ᠬᠠᠩᠭᠠᠳᠠᠭ᠃ | | ᠢᠰᠷᠧᠯ᠄ ᠨᠤᠮ ᠤᠩᠰᠢᠬᠤ ᠶᠢ ᠪᠠᠯ ᠢᠳᠡᠭᠰᠡᠨ ᠲᠠᠢ ᠠᠳᠠᠯᠢᠬᠠᠨ ᠠᠮᠳᠠᠳᠠᠢ ᠢᠶᠠᠷ ᠦᠵᠡᠳᠡᠭ ᠪᠦᠷᠢᠳᠬᠡᠯ ᠢ | ᠦᠨᠳᠦᠰᠦᠯᠡᠪᠡᠯ᠂ ᠢᠰᠷᠧᠯ ᠬᠦᠮᠦᠨ ᠤ ᠬᠦᠮᠦᠨ ᠪᠦᠷᠢ ᠶᠢᠨ ᠦᠮᠴᠢᠯᠡᠬᠦ ᠨᠤᠮ ᠤᠨ ᠰᠠᠩ ᠬᠢᠭᠡᠳ ᠬᠡᠪᠯᠡᠯ ᠤᠨ | ᠬᠤᠷᠢᠶᠠᠨ ᠤ ᠲᠤᠭ᠎ᠠ ᠲᠡᠯᠡᠬᠡᠢ ᠳᠤ ᠲᠡᠷᠢᠬᠦᠨ ᠳᠤ ᠵᠢᠭᠰᠠᠭᠠᠭᠳᠠᠨ᠎ᠠ᠃ ᠢᠰᠷᠧᠯ ᠳᠤ᠄ ︽ᠬᠦᠮᠦᠨ ᠭᠠᠭᠴᠠ ᠬᠦ | ᠲᠠᠯᠬ᠎ᠠ ᠶᠢ ᠲᠦᠰᠢᠭᠯᠡᠨ ᠠᠮᠢᠳᠣᠷᠠᠵᠦ ᠪᠤᠯᠬᠤ ᠦᠭᠡᠢ︾ ᠭᠡᠰᠡᠨ ᠬᠠᠭᠤᠴᠢ ᠦᠭᠡ ᠪᠠᠶᠢᠳᠠᠭ᠃ ᠢᠰᠷᠧᠯ ᠬᠦᠮᠦᠰ | ᠡᠬᠦᠨ ᠢᠶᠠᠷ ᠢᠶᠠᠨ ᠦᠪᠡᠷ ᠢ ᠪᠠᠨ ᠵᠤᠷᠭ᠍ᠵᠢᠭᠤᠯᠵᠦ᠂ ᠮᠡᠳᠡᠯᠭᠡ ᠤᠯᠬᠤ ᠲᠠᠳᠬᠠᠯ ᠢ ᠪᠦᠷᠢᠯᠳᠣᠭᠦᠯᠳᠡᠭ᠃ | ᠤᠶᠢᠯᠠᠭᠠᠭᠰᠠᠨ ᠢᠶᠠᠷ᠂ ᠢᠰᠷᠧᠯ ᠬᠦᠮᠦᠨ ᠪᠤᠯᠭᠠᠨ ᠲᠤᠮᠳᠠᠴᠢ ᠪᠠᠷ ᠵᠢᠯ ᠪᠤᠯᠭᠠᠨ ᠳᠤ 10-15 ᠲᠡᠪᠳᠡᠷ ᠨᠤᠮ | ᠬᠤᠳᠠᠯᠳᠣᠨ ᠠᠪᠳᠠᠭ ᠮᠦᠷᠳᠡᠭᠡᠨ ᠲᠡᠳᠡᠨ ᠤ ᠤᠩᠰᠢᠬᠤ ᠬᠡᠮᠵᠢᠶ᠎ᠡ ᠨᠢ ᠡᠳᠡᠭᠡᠷ ᠲᠤᠭ᠎ᠠ ᠪᠠᠷᠢᠮᠳᠠ ᠶᠢ ᠲᠠᠪᠠᠵᠦ | ᠪᠠᠶᠢᠳᠠᠭ᠃ ᠡᠶᠢᠮᠦᠷᠬᠦᠦ ᠨᠤᠮ ᠤᠩᠰᠢᠬᠤ ᠲᠤᠷᠠᠳᠠᠢ ᠲᠠᠳᠬᠠᠯ ᠨᠢ ᠠᠯᠭᠤᠷ ᠠᠭᠠᠵᠢᠮ ᠲᠡᠭᠡᠷ᠎ᠡ ᠨᠢᠭᠡ | ᠦᠶ᠎ᠡ ᠠᠴᠠ ᠪᠠᠨ ᠲᠠᠷᠠᠭ᠎ᠠ ᠨᠢᠭᠡ ᠦᠶ᠎ᠡ ᠳᠤ ᠪᠠᠨ ᠤᠯᠠᠮᠵᠢᠯᠠᠭᠳᠠᠵᠦ ᠪᠠᠶᠢᠳᠠᠭ᠃ ᠵᠠᠷᠢᠮ ᠢᠰᠷᠧᠯ ᠬᠦᠮᠦᠨ | ᠬᠡᠤᠬᠡᠳ ᠳᠤ ᠪᠠᠨ ᠨᠤᠮ ᠰᠤᠷᠭᠠᠬᠤ ᠦᠶᠡᠰ᠂ ᠬᠠᠵᠠᠭᠤ ᠳᠤ ᠨᠢ ᠨᠢᠭᠡ ᠯᠤᠩᠬᠤ ᠵᠦᠭᠡᠭᠡᠢ ᠶᠢᠨ ᠪᠠᠯ ᠲᠠᠯᠪᠢᠵᠦ᠂ | ᠨᠢᠭᠡ ᠨᠢᠭᠤᠷ ᠤᠩᠰᠢᠬᠤ ᠪᠤᠯᠭᠠᠨ᠂ ᠬᠡᠤᠬᠡᠳ ᠳᠤ ᠪᠠᠨ ᠨᠢᠭᠡ ᠡᠮᠬᠦ ᠪᠠᠯ ᠲᠤᠯᠢᠶᠠᠯᠭᠠᠵᠦ᠂ ᠨᠤᠮ ᠤᠩᠰᠢᠬᠤ ᠨᠢ ᠪᠠᠯ | ᠲᠤᠯᠢᠶᠠᠭᠰᠠᠨ ᠲᠠᠢ ᠠᠳᠠᠯᠢᠬᠠᠨ ᠠᠮᠳᠠᠳᠠᠢ ᠮᠦᠷᠳᠡᠭᠡᠨ ᠪᠠᠶᠠᠷ ᠬᠦᠷ ᠲᠠᠢ ᠠᠵᠢᠯ ᠭᠡᠳᠡᠭ ᠢ ᠤᠶᠢᠯᠠᠭᠠᠭᠤᠯᠳᠠᠭ᠃ | ᠭᠧᠷᠮᠠᠨ᠄ ᠨᠤᠮ ᠤᠩᠰᠢᠬᠤ ᠶᠢ ᠡᠩ ᠤᠨ ᠴᠠᠭ ᠲᠤ ᠫᠸᠤ᠋ ᠤᠤᠭᠤᠭᠰᠠᠨ ᠲᠠᠢ ᠠᠳᠠᠯᠢᠬᠠᠨ ᠢᠶᠠᠷ ᠦᠵᠡᠳᠡᠭ | ᠭᠧᠷᠮᠠᠨ ᠤ ᠠᠯᠳᠠᠷᠳᠦ ᠵᠤᠬᠢᠶᠠᠯᠴᠢ ᠭᠡᠳᠧ ︽ᠰᠠᠶᠢᠨ ᠨᠤᠮ ᠤᠩᠰᠢᠬᠤ ᠨᠢ ᠡᠷᠬᠢᠮ ᠲᠡᠭᠡᠳᠦ ᠬᠦᠮᠦᠨ ᠲᠠᠢ | ᠶᠠᠷᠢᠯᠴᠠᠭᠰᠠᠨ ᠲᠠᠢ ᠠᠳᠠᠯᠢᠬᠠᠨ︾ ᠭᠡᠵᠦ ᠬᠡᠯᠡᠵᠦ ᠦᠩᠭᠡᠷᠡᠵᠡᠢ᠃ ᠭᠧᠷᠮᠠᠨ ᠬᠦᠮᠦᠰ ᠶᠠᠷᠢᠯᠴᠠᠭ᠎ᠠ ᠳᠤ ᠮᠠᠰᠢ ᠶᠡᠭᠡ | ᠬᠠᠯᠠᠭᠤᠮᠰᠤᠭ᠂ ᠲᠧᠯᠸᠢᠰ᠂ ᠢᠨᠲ᠋ᠧᠷᠨᠧᠲ ᠵᠡᠷᠭᠡ ᠵᠠᠭᠤᠴᠢᠯᠠᠭᠤᠷ ᠦᠳᠳᠦᠷ ᠲᠦᠷᠭᠡᠨ ᠬᠦᠭᠵᠢᠭᠰᠡᠨ ᠦᠨᠦᠳᠦᠷ ᠴᠦ | ᠭᠡᠰᠡᠨ ᠲᠡᠳᠡ ᠨᠤᠮ ᠤᠩᠰᠢᠬᠤ ᠤᠯᠠᠮᠵᠢᠯᠠᠯᠳᠣ ᠲᠠᠳᠬᠠᠯ ᠢᠶᠠᠨ ᠪᠠᠷᠢᠮᠳᠠᠯᠠᠭᠰᠠᠭᠠᠷ ᠪᠠᠶᠢᠨ᠎ᠠ᠃ ᠭᠠᠵᠠᠷ ᠲᠤᠤᠷᠠᠬᠢ | ᠭᠠᠯᠳᠣ ᠲᠡᠷᠭᠡ᠂ ᠴᠡᠴᠡᠷᠯᠢᠭ᠂ ᠴᠢᠨᠠᠭᠰᠢᠯᠠᠪᠠᠯ ᠡᠮᠨᠡᠯᠭᠡ ᠶᠢᠨ ᠬᠤᠷᠢᠶᠠᠨ ᠤ ᠡᠮᠴᠢᠯᠡᠬᠦ ᠦᠷᠦᠭᠡᠨ ᠳᠤ ᠴᠦ ᠭᠡᠰᠡᠨ | ᠦᠭᠡᠢ ᠭᠠᠷ ᠲᠤ ᠪᠠᠨ ᠨᠤᠮ ᠪᠠᠷᠢᠵᠦ᠂ ᠲᠤᠯᠤᠭᠠᠢ ᠪᠦᠬᠦ᠋ᠢᠵᠦ ᠪᠠᠶᠢᠭ᠎ᠠ ᠬᠦᠮᠦᠨ ᠵᠦᠩᠳᠡᠭᠡᠨ ᠬᠠᠷᠠᠭᠳᠠᠳᠠᠭ᠃ | ᠪᠠᠶᠢᠴᠠᠭᠠᠯᠳᠠ ᠢᠯᠡᠷᠡᠭᠦᠯᠦᠭᠰᠡᠨ ᠢᠶᠠᠷ 70% ᠭᠧᠷᠮᠠᠨ ᠬᠦᠮᠦᠨ ᠨᠤᠮ ᠤᠩᠰᠢᠬᠤ ᠲᠤᠷᠠᠳᠠᠢ᠂ ᠬᠠᠭᠠᠰ ᠠᠴᠠ | ᠲᠡᠭᠡᠭᠰᠢᠬᠢ ᠬᠦᠮᠦᠨ ᠲᠤᠭᠳᠠᠭᠰᠠᠨ ᠬᠤᠭᠤᠴᠠᠭ᠎ᠠ ᠲᠠᠢ ᠨᠤᠮ ᠬᠤᠳᠠᠯᠳᠤᠨ ᠠᠪᠴᠦ᠂ ᠭᠤᠷᠪᠠᠨ ᠤ ᠨᠢᠭᠡ ᠬᠤᠪᠢ ᠶᠢᠨ | ᠬᠦᠮᠦᠨ ᠪᠠᠷᠤᠭ ᠡᠳᠦᠷ ᠪᠤᠯᠭᠠᠨ ᠨᠤᠮ ᠤᠩᠰᠢᠳᠠᠭ᠃ ᠨᠤᠮ ᠤᠩᠰᠢᠬᠤ ᠨᠢ ᠨᠢᠭᠡᠨᠳᠡ ᠭᠧᠷᠮᠠᠨ ᠬᠦᠮᠦᠨ ᠤ ᠡᠳᠦᠷ | ᠲᠤᠳᠤᠮ ᠤᠨ ᠠᠮᠢᠳᠣᠷᠠᠯ ᠳᠤ ᠨᠡᠪᠴᠢᠨ ᠤᠷᠤᠵᠦ᠂ ᠶᠠᠭ ᠯᠡ ᠫᠸᠤ᠋ ᠤᠤᠭᠤᠬᠤ ᠲᠠᠢ ᠠᠳᠠᠯᠢᠬᠠᠨ ᠶᠡᠷᠤᠳᠡ ᠶᠢᠨ | ᠤᠴᠢᠷ ᠪᠤᠯᠵᠠᠢ᠃ ᠭᠧᠷᠮᠠᠨ ᠬᠦᠮᠦᠨ ᠤ ᠬᠡᠪ ᠴᠢᠨᠠᠷ ᠦᠨᠳᠦᠷ ᠪᠠᠶᠢᠳᠠᠭ ᠰᠢᠯᠳᠠᠭᠠᠨ ᠨᠢ ᠲᠡᠳᠡᠨ ᠤ ᠨᠤᠮ ᠳᠤ ᠪᠠᠭ᠋ᠠᠳᠠᠢ | ᠤᠯᠠᠮᠵᠢᠯᠠᠯᠳᠣ ᠲᠠᠳᠬᠠᠯ ᠲᠠᠢ ᠨᠢᠭᠳᠠ ᠬᠤᠯᠪᠤᠭ᠎ᠠ ᠲᠠᠢ ᠪᠠᠶᠢᠳᠠᠭ᠃ ᠦᠨᠡᠨ ᠢ ᠬᠡᠯᠡᠪᠡᠯ᠂ ᠢᠨᠲ᠋ᠧᠷᠨᠧᠲ ᠢᠶᠠᠷ | ᠠᠯᠳᠠᠷᠳᠦ ᠪᠦᠳᠦᠭᠡᠯ ᠢ ᠤᠩᠰᠢᠬᠤ ᠬᠦᠮᠦᠨ ᠮᠠᠰᠢ ᠴᠦᠭᠡᠭᠡᠨ᠂ ᠰᠦᠯᠵᠢᠶᠡᠨ ᠤᠷᠠᠨ ᠵᠤᠬᠢᠶᠠᠯ ᠤᠨ ᠤᠯᠠᠩᠬᠢ ᠨᠢ | ᠰᠢᠮ᠎ᠡ ᠲᠡᠵᠢᠭᠡᠯ ᠦᠭᠡᠢ ᠪᠠᠶᠢᠳᠠᠭ᠂ ᠵᠦᠪᠬᠡᠨ ᠨᠤᠮ ᠤᠩᠰᠢᠪᠠᠯ ᠰᠠᠶ᠋ᠢ ᠪᠢᠳᠡᠨ ᠤ ᠠᠮᠢᠳᠣᠷᠠᠯ ᠲᠡᠭᠦᠯᠳᠡᠷ ᠲᠦᠭᠦᠷᠡᠩ᠂ | ᠠᠮᠢᠵᠢᠷᠠᠯ ᠤᠨ ᠬᠦᠴᠦᠨ ᠲᠠᠢ᠂ ᠬᠡᠪ ᠪᠤᠯᠪᠠᠰᠣᠷᠠᠯ ᠲᠠᠢ ᠪᠤᠯᠵᠦ᠂ ᠠᠮᠢᠳᠣᠷᠠᠬᠤᠢ ᠶᠢᠨ ᠤᠳᠬ᠎ᠠ ᠠᠭᠤᠯᠭ᠎ᠠ ᠶᠢ | ᠤᠶᠢᠯᠠᠭᠠᠵᠦ ᠮᠡᠳᠡᠷᠡᠬᠦ ᠳᠤ ᠠᠰᠢᠭᠳᠠᠢ ᠪᠠᠶᠢᠳᠠᠭ᠃ | |