ᠬᠠᠪᠤᠷ ᠤᠨ ᠤᠶᠠᠩᠭ᠎ᠠ
ᠨᠡᠶᠢᠲᠡᠯᠡᠭᠰᠡᠨ ᠴᠠᠭ᠄
2021/2/11
       ᠪᠠᠶᠠᠨᠰᠠᠩ  ︵ᠨᠠᠶᠠᠨ ᠲᠠᠪᠤᠳᠠᠢ︶ ᠨᠢᠭᠡ ᠬᠦᠪᠦᠩ ᠴᠠᠭᠠᠨ ᠡᠭᠦᠯᠡᠨ ᠳᠤᠤᠭᠤᠷ ᠬᠦᠭᠡᠷᠦᠬᠦᠨ ᠭᠠᠯᠠᠭᠤᠳ ᠵᠡᠯᠡᠯᠡᠵᠦ ᠬᠦᠴᠦᠳᠦ ᠵᠢᠭᠦᠷ ᠢᠶᠠᠨ ᠳᠡᠪᠢᠭᠰᠡᠭᠡᠷ ᠬᠦᠷᠦᠰᠦᠳᠦ ᠠᠯᠳᠠᠨ ᠳᠡᠯᠡᠭᠡᠢ ᠳᠤ ᠢᠷᠡᠯ᠎ᠡ᠃ ᠴᠠᠭᠠᠨ ᠮᠦᠩᠭᠦᠨ ᠤᠭᠳᠠᠷᠭᠤᠢ ᠪᠠᠷ ᠴᠠᠩᠬᠡᠷ ᠠᠯᠠᠭ ᠴᠡᠭᠴᠦᠬᠡᠢ ᠵᠢᠷᠭᠢᠵᠦ ᠴᠠᠭᠠᠰᠢ ᠨᠠᠭᠠᠰᠢ ᠪᠦᠵᠢᠭᠯᠡᠨ ᠴᠠᠭᠯᠠᠰᠢ ᠦᠭᠡᠢ ᠪᠠᠶᠠᠷ ᠢ ᠠᠪᠴᠢᠷᠠᠯ᠎ᠠ᠃ ᠬᠦᠷᠦᠰᠦᠳᠦ ᠳᠡᠯᠡᠬᠡᠢ ᠠᠮᠢᠯᠠᠨ ᠬᠦᠬᠡ ᠨᠤᠭᠤᠭ᠎ᠠ ᠴᠤᠬᠤᠶᠢᠨ ᠬᠦᠭᠦᠭᠡ ᠰᠢᠪᠠᠭᠤ ᠳᠤᠩᠭᠤᠳᠤᠨ ᠬᠡᠦᠬᠡᠳ ᠱᠤᠬᠤᠳ ᠬᠦᠭᠡᠷᠦᠯᠳᠦᠨ ᠬᠡᠦᠬᠡᠨ ᠬᠠᠪᠤᠷ ᠰᠠᠭᠠᠳᠠᠯ᠎ᠠ᠃ ᠬᠠᠳᠠᠨ ᠤ ᠬᠠᠭᠳᠠ ᠨᠤᠭᠤᠭᠠᠷᠠᠨ ᠬᠠᠶᠢᠯᠠᠰᠤᠨ ᠮᠤᠳᠤ ᠵᠤᠭᠠᠯᠠᠨ ᠬᠠᠯᠠᠭᠠᠢ ᠨᠤᠭᠤᠭ᠎ᠠ ᠤᠷᠭᠤᠨ ᠬᠠᠯᠢᠭᠤᠨ ᠭᠠᠯᠠᠭᠤ ᠢᠷᠡᠭᠡᠳ ᠬᠦᠪᠴᠢᠨ ᠳᠡᠯᠡᠬᠡᠢ ᠤᠶᠠᠰᠤᠯ᠎ᠠ ᠬᠤᠶᠠᠷ ᠬᠠᠪᠤᠷ ᠤᠨ ᠴᠠᠰᠤᠨ ᠤ ᠬᠠᠶᠢᠯᠬᠤ ᠶᠢ ᠬᠠᠷ᠎ᠠ ᠨᠤᠬᠠᠢ ᠬᠦᠬᠡᠭᠡᠳ ᠭᠦᠢᠴᠡᠨ᠎ᠡ ᠦᠦ ᠳ᠋ᠧ ᠬᠠᠭᠳᠠᠨ ᠤ ᠳᠤᠤᠷ᠎ᠠ ᠠᠴᠠ ᠤᠷᠭᠤᠬᠤ ᠨᠤᠭᠤᠭ᠎ᠠ ᠶᠢ ᠬᠠᠳᠠ ᠴᠢᠯᠠᠭᠤ ᠳᠠᠷᠤᠭᠠᠳ ᠳᠡᠶᠢᠯᠦᠨ᠎ᠡ ᠦᠦ ᠳ᠋ᠧ ᠴᠠᠰᠤ ᠮᠦᠰᠦᠨ ᠤ ᠬᠠᠶᠢᠯᠬᠤ ᠶᠢ ᠴᠠᠭᠠᠨ ᠨᠤᠬᠠᠢ ᠬᠦᠭᠡᠭᠡᠳ ᠭᠦᠢᠴᠡᠨ᠎ᠡ ᠦᠦ ᠳ᠋ᠧ ᠴᠠᠬᠢᠷᠮ᠎ᠠ ᠴᠡᠴᠡᠭ ᠤᠷᠭᠤᠬᠤ ᠶᠢ ᠴᠠᠬᠢᠭᠤᠷ ᠴᠢᠯᠠᠭᠤ ᠳᠠᠷᠤᠭᠠᠳ ᠳᠡᠶᠢᠯᠦᠨ᠎ᠡ ᠦᠦ ᠳ᠋ᠧ ᠳᠡᠷᠢᠭᠦᠯᠡᠭᠴᠢ ᠴᠡᠴᠡᠭ ᠳᠡᠷᠢᠭᠦᠨ ᠳᠤᠨᠢ ᠵᠤᠤᠮᠠᠯᠵᠠᠨ ᠳᠡᠭᠦᠨ ᠢᠶᠠᠨ ᠳᠠᠭᠠᠯᠳᠤᠨ ᠴᠠᠬᠢᠷᠮ᠎ᠠ ᠴᠡᠴᠡᠭ ᠳᠡᠯᠭᠡᠷᠡᠨ ᠲᠢᠪ ᠳᠡᠯᠡᠬᠡᠢ ᠨᠤᠭᠤᠭᠠᠨ ᠬᠦᠷᠮ᠎ᠡ ᠨᠦᠮᠦᠷᠦᠭᠡᠳ ᠲᠦᠯᠵᠢᠯ ᠬᠤᠷᠦ᠋ᠢᠯᠠᠭᠰᠠᠨ ᠳᠠᠩᠰᠤᠭ ᠬᠠᠪᠤᠷ ᠢᠷᠡᠯ᠎ᠡ᠃ ᠭᠤᠷᠪᠠ ᠠᠭᠤᠯᠠᠨ ᠤ ᠭᠤᠷᠤᠬ᠎ᠠ ᠭᠤᠷᠴᠢᠭᠢᠨᠠᠨ ᠤᠷᠤᠰᠤᠭᠠᠳ ᠤᠰᠤᠨ ᠤ ᠰᠢᠪᠠᠭᠤᠳ ᠭᠤ ᠭᠠ ᠭᠠᠩᠨᠠᠯᠳᠤᠵᠤ ᠤᠯᠢᠶᠠᠰᠤᠨ ᠤ ᠤᠩᠭᠠᠷᠢᠯ ᠨᠠᠭᠠᠰᠢ ᠴᠠᠭᠠᠰᠢ ᠪᠠᠨ ᠬᠡᠶᠢᠰᠴᠦ ᠤᠷᠭᠤᠮᠠᠯ ᠨᠤᠭᠤᠭ᠎ᠠ ᠨᠠᠷᠠ ᠳᠡᠮᠡᠦᠯᠡᠨ ᠠᠮᠢᠯᠠᠭᠠᠳ ᠤᠷᠢᠬᠠᠨ ᠬᠠᠪᠤᠷ ᠨᠤᠭᠤᠭᠠᠨ ᠢᠶᠠᠷ ᠴᠢᠮᠡᠵᠦ ᠠᠶᠢᠰᠤᠢ᠃ ᠤᠳᠠ ᠤᠯᠢᠶᠠᠰᠤ ᠨᠢ ᠤᠷᠤᠨ ᠨᠤᠳᠤᠭ ᠢᠶᠠᠨ ᠴᠢᠮᠡᠵᠦ ᠤᠰᠤ ᠭᠤᠤᠯ ᠨᠢ ᠠᠭᠤᠳᠠᠮ ᠳᠠᠯ᠎ᠠ ᠪᠠᠨ ᠤᠮᠳᠠᠯᠠᠭᠠᠳ ᠤᠷᠠᠨ ᠬᠠᠶᠢᠷᠭᠤᠴᠠᠢ ᠤᠶᠠᠬᠠᠨ ᠳᠠᠭᠤᠨ ᠢᠶᠠᠷ ᠲᠤᠩᠭᠤᠳᠤᠨ ᠠᠭᠤᠳᠠᠮ ᠳᠠᠯ᠎ᠠ ᠳᠤ ᠤᠷᠳᠤ ᠶᠢᠨ ᠳᠠᠭᠤᠤ ᠴᠤᠤᠷᠢᠶᠠᠳᠠᠭᠠᠳ ᠤᠯᠤᠰ ᠦᠨᠳᠦᠰᠦᠳᠡᠨ ᠤ ᠬᠦᠭᠵᠢᠯ ᠪᠠᠳᠠᠷᠠᠯ ᠢ ᠤᠶᠠᠩᠭᠠᠯᠠᠮᠤᠢ᠃ ᠵᠤᠬᠢᠶᠠᠭᠴᠢ ᠶᠢᠨ ᠬᠠᠶ᠋ᠢᠭ᠄ ᠠᠷᠤ ᠬᠤᠷᠴᠢᠨ ᠬᠤᠰᠢᠭᠤᠨ ᠤ ᠴᠢᠪᠠᠭ᠎ᠠ ᠪᠠᠯᠭᠠᠰᠤᠤᠳᠠᠰᠤ᠄  13088431930
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号