ᠬᠠᠪᠣᠷ ᠢ ᠵᠢᠷᠤᠬᠤ ᠳᠤ
ᠨᠡᠶᠢᠲᠡᠯᠡᠭᠰᠡᠨ ᠴᠠᠭ᠄
2021/2/11
 ᠪᠣᠷᠵᠢᠭᠢᠨ ᠰᠠᠴᠤᠷᠠᠯ ᠵᠤᠬᠢᠶᠠᠪᠠ ᠬᠠᠪᠣᠷ ᠢ ᠵᠢᠷᠤᠬᠤ ᠳ᠋ᠥ‌‍ᠰᠡᠳᠭᠢᠯ ᠲᠣᠯᠠᠭᠠᠷᠠᠨ᠎ᠠ ᠬᠠᠩᠭᠠᠢ ᠶᠢᠨ ᠪᠣᠷᠣ ᠲᠣᠯᠣᠭᠠᠳ ᠦᠷᠦ ᠦᠮᠦᠯᠵᠡᠵᠦ         ᠬᠠᠶᠢᠯᠭᠠᠨ ᠨᠡᠮᠡᠭᠦᠨ ᠡᠩᠭᠡᠷ ᠲᠤ ᠨᠢ ᠬᠠᠪᠣᠷ ᠡᠷᠬᠡᠯᠡᠬᠦ ᠳᠤ ᠮᠦᠷᠦᠭᠡᠳᠦᠯ ᠬᠦᠪᠦᠷᠡᠨᠡᠮ ᠬᠠᠷᠢᠶᠠᠴᠠᠢ   ᠶᠢᠨ ᠲᠠᠯᠠᠪᠴᠢᠨ ᠳᠤ ᠣᠷᠢᠨ ᠠᠮᠢᠰᠬᠤᠯ ᠲᠡᠪᠢᠯᠬᠢᠯᠡᠵᠦ ᠬᠠᠯᠢᠶ᠎ᠠ ᠶᠢᠨ ᠭᠦᠶᠦᠳᠡᠯ ᠳᠤ ᠤᠯᠠᠷᠢᠯ ᠤᠨ ᠰᠤᠳᠠᠯ ᠯᠣᠭᠰᠢᠨ ᠬᠠᠰᠢᠶ᠎ᠠ ᠲᠡᠪᠵᠢᠭᠦᠯᠬᠦ  ᠬᠤᠷᠠᠭ᠎ᠠ ᠢᠰᠢᠭᠡ ᠶᠢᠨ ᠮᠠᠶᠢᠯᠠᠭᠠᠨ ᠳᠤ ᠡᠭᠦᠯᠡᠰ ᠢᠪᠢᠯᠡᠨᠡᠮ ᠬᠠᠪᠣᠷ ᠢ ᠵᠢᠷᠤᠬᠤ ᠳᠤ ᠪᠤᠳᠤᠯ ᠤᠶᠠᠰᠤᠨ᠎ᠠ ᠭᠠᠵᠠᠷ ᠤᠨ ᠡᠯᠢᠭᠡ ᠦᠨᠳᠡᠯᠵᠡᠨ ᠣᠰᠤᠨ ᠤ ᠨᠢᠳᠦ ᠮᠡᠯᠮᠡᠷᠡᠬᠦ ᠳᠤ ᠬᠠᠪᠣᠷ ᠤᠶᠠᠬᠠᠨ ᠲᠦᠯᠭᠡᠷᠡᠵᠦ ᠬᠠᠩᠰᠢ ᠪᠤᠯᠤᠨᠠᠮ ᠣᠷᠢᠳᠠ ᠶᠢᠨ ᠬᠦᠮᠦᠰ ᠲᠤ ᠲᠤᠷᠠᠰᠤᠯ  ᠬᠦᠨᠳᠡᠷᠢᠭᠦᠯᠵᠦ ᠠᠷᠢᠭᠤᠨ ᠬᠠᠶᠢᠷ᠎ᠠ ᠠᠭᠤᠤ ᠰᠤᠷᠭᠠᠯ ᠨᠢ ᠡᠷᠢᠭᠳᠡᠨ ᠬᠦᠵᠢ ᠶᠢᠨ ᠤᠳᠤᠭ᠎ᠠ ᠵᠢᠷᠦᠬᠡ ᠰᠢᠮᠰᠢᠷᠡᠭᠦᠯᠵᠦ ᠠᠭᠤᠯᠠ ᠶᠢᠨ ᠴᠠᠰᠤ ᠮᠡᠭᠰᠢᠨᠡᠮ ᠬᠠᠪᠤᠷ ᠢ ᠵᠢᠷᠤᠬᠤ ᠳᠤ ᠬᠦᠰᠡᠯ ᠤᠶᠠᠩᠭᠠᠷᠠᠨ᠎ᠠ ᠵᠡᠭᠡᠷᠭᠡᠨᠳᠦ ᠶᠢᠨ ᠬᠦᠨᠳᠡᠢ ᠰᠦ ᠶᠢᠨ ᠦᠨᠦᠷ ᠠᠩᠭᠢᠯᠵᠦ ᠵᠡᠭᠡᠰᠦᠳᠦ ᠨᠠᠭᠤᠷ ᠲᠤ ᠰᠢᠪᠠᠭᠤᠳ ᠤᠨ ᠡᠭᠡᠰᠢᠭ ᠭᠠᠩᠭᠠᠷᠠᠬᠤ ᠳᠤ ᠵᠡᠷᠭᠡᠯᠭᠡᠨ ᠵᠦᠰᠦᠭᠰᠡᠨ ᠵᠡᠭᠡᠷᠲᠦ ᠮᠣᠷᠢᠲᠠᠢ ᠬᠦᠮᠦᠨ ᠵᠢᠭᠦᠷ ᠣᠷᠭᠤᠨᠠᠮ ᠵᠢᠷᠦᠬᠡᠨ ᠤ ᠬᠡ ᠲᠠᠢ ᠰᠢᠨᠡᠬᠡᠨ ᠨᠤᠭᠤᠭᠠᠨ ᠨᠠᠪᠴᠢ ᠵᠢᠭᠠᠯ ᠬᠡᠤᠬᠡᠳ ᠤᠨ ᠰᠡᠷᠭᠦᠯᠡᠩ ᠨᠢᠳᠦ ᠰᠢᠭ ᠲᠣᠷᠮᠣᠯᠵᠠᠬᠤ ᠳᠤ ᠵᠦᠩ ᠪᠢᠯᠢᠭ ᠤᠨ ᠲᠠᠭᠰᠢᠨ ᠣᠷᠤᠨ ᠨᠣᠳᠤᠭ ᠭᠡᠷᠡᠯᠳᠦᠨᠡᠮ︕           ᠰᠡᠳᠭᠢᠯ ᠬᠡᠬᠡᠯᠡᠬᠦ ᠭᠤᠷᠪᠠᠨ ᠰᠠᠷ᠎ᠠ                      ᠪᠣᠷᠵᠢᠭᠢᠨ ᠰᠠᠴᠣᠷᠠᠯ ᠵᠤᠬᠢᠶᠠᠪᠠ ᠣᠷᠢᠨ ᠡᠶᠡᠪᠡᠷᠭᠦᠦ ᠨᠠᠷᠠᠨ ᠲᠡᠷᠯᠢᠭ ᠤᠨ ᠡᠩᠭᠡᠷ ᠲᠤ ᠲᠤᠨᠤᠷᠠᠭᠠᠳ ᠤᠷᠢᠬᠠᠨ ᠵᠦᠭᠡᠯᠡᠨ ᠰᠠᠯᠬᠢ ᠬᠠᠴᠠᠷ ᠢ ᠲᠠᠭᠠᠯᠠᠨ ᠢᠯᠪᠢᠭᠡᠳ ᠤᠷᠠᠨ ᠬᠡ ᠲᠠᠢ ᠵᠡᠷᠭᠡᠯᠭᠡᠨ ᠭᠤᠪᠢ ᠶᠢᠨ ᠬᠦᠨᠳᠡᠢ ᠳᠤ ᠪᠦᠵᠢᠭᠯᠡᠭᠡᠳ ᠤᠶᠠᠩᠭ᠎ᠠ ᠶᠢᠨ ᠴᠡᠩᠬᠡᠷ ᠠᠶᠠᠯᠭᠤ ᠣᠰᠤᠨ ᠤ ᠰᠢᠪᠠᠭᠤᠳ ᠡᠭᠡᠰᠢᠭᠯᠡᠭᠡᠳ ᠤᠰᠬᠠᠯ ᠲᠦᠯᠭᠡᠨ ᠪᠦᠷᠢᠳᠦ ᠨᠢᠳᠦ ᠨᠢ ᠭᠡᠷᠡᠯᠳᠦᠨ ᠲᠤᠷᠮᠤᠯᠵᠠᠭᠠᠳ ᠤᠷᠤᠭ᠎ᠠ ᠬᠤᠩᠭᠤᠷ ᠮᠤᠷᠢ ᠲᠡᠯ ᠪᠤᠰᠬᠠᠨ ᠰᠡᠷᠲᠡᠯᠵᠡᠭᠡᠳ ᠤᠬᠠᠭᠠᠯᠢᠭ ᠪᠤᠯᠪᠠᠷᠠᠢ ᠬᠡᠤᠬᠡᠨ ᠳᠤ ᠪᠤᠳᠤᠯ ᠲᠡᠮᠡᠤᠯᠦᠨ ᠬᠡᠶᠢᠷᠬᠡᠭᠡᠳ ᠤᠶᠠᠰᠤᠮ᠎ᠠ ᠬᠠᠶᠢᠯᠤᠮ᠎ᠠ ᠭᠤᠷᠪᠠᠨ ᠰᠠᠷ᠎ᠠ ᠤᠶᠠᠬᠠᠨ ᠰᠡᠳᠭᠢᠯ ᠢ ᠬᠡᠬᠡᠯᠡᠭᠡᠳ… ᠤᠷᠭᠢᠯ ᠪᠤᠯᠠᠭ ᠤᠨ ᠤᠰᠤᠨ ᠡᠪᠡᠰᠦᠨ ᠤ ᠰᠤᠳᠠᠯ ᠳᠤ ᠯᠤᠰᠢᠭᠠᠳ ᠤᠭ᠍ᠶᠤᠨ ᠨᠣᠭᠤᠭᠠᠨ ᠬᠦᠪᠦᠷᠡᠯ ᠬᠦᠷᠦᠰᠦ ᠰᠦᠪᠡᠯᠡᠨ ᠰᠡᠷᠪᠡᠯᠵᠡᠭᠡᠳ ᠤᠷᠤᠭᠤᠯ ᠶᠠᠭᠠᠨ ᠢᠷᠭᠤᠢ ᠮᠠᠯ ᠤᠨ ᠮᠦᠷ ᠲᠡᠭᠷ᠎ᠡ ᠲᠤᠬᠢᠯᠵᠠᠭᠠᠳ ᠤᠯᠠᠷᠢᠯ ᠤᠨ ᠴᠡᠩᠬᠡᠭᠦᠨ ᠬᠦᠭ ᠲᠦᠯ ᠤᠨ ᠲᠠᠭᠤᠨ ᠳᠤ ᠢᠷᠠᠭᠤᠰᠤᠭᠠᠳ ᠤᠷᠭ᠎ᠠ ᠶᠢᠨ ᠲᠣᠷᠭᠠᠨ ᠬᠤᠶᠢᠪᠢ ᠡᠭᠦᠯᠡᠨ ᠰᠡᠵᠢᠭᠦᠷ ᠰᠤᠭᠰᠤᠯᠵᠠᠭᠠᠳ ᠤᠩᠭᠤᠨ ᠰᠢᠲᠦᠭᠡᠨᠳᠦ ᠠᠭᠤᠯᠠᠰ ᠬᠡᠶᠢᠮᠤᠷᠢ ᠲᠠᠯᠠᠯᠤᠨ ᠰᠦᠮᠪᠦᠷᠯᠡᠭᠡᠳ ᠤᠷᠤᠢ ᠬᠦᠬᠡ ᠲᠡᠭᠷᠢ ᠬᠦᠰᠡᠯ ᠢ ᠢᠪᠡᠭᠡᠨ ᠴᠡᠩᠬᠡᠷᠯᠡᠭᠡᠳ ᠤᠷᠴᠢᠯᠠᠩ ᠤᠨ ᠭᠤᠷᠪᠠᠨ ᠰᠠᠷ᠎ᠠ ᠰᠤᠯᠤᠩᠭᠠᠨ ᠵᠡᠭᠦᠳᠦ ᠶᠢ ᠬᠡᠬᠡᠯᠡᠭᠡᠳ…     ᠬᠠᠪᠣᠷ ᠤᠨ ᠪᠣᠷᠤᠭ᠎ᠠ                                                                ᠪᠤᠷᠵᠢᠭᠢᠨ ᠰᠠᠴᠣᠷᠠᠯ ᠵᠣᠬᠢᠶᠠᠪᠠ     ᠠᠯᠣᠰ ᠲᠡᠭᠷᠢ ᠶᠢᠨ ᠬᠤᠷ᠎ᠠ ᠶᠢᠨ ᠡᠭᠦᠯᠡ ᠰᠣᠷᠮᠣᠣᠰᠣᠨ ᠦᠵᠦᠭᠦᠷ ᠬᠦᠪᠴᠦ   ᠠᠬᠢ ᠶᠢᠨ ᠦᠨᠦᠷ ᠲᠠᠢ ᠨᠣᠳᠤᠭ ᠤᠨ ᠰᠠᠯᠬᠢ ᠵᠢᠷᠦᠬᠡᠨ ᠲᠡᠭᠡᠭᠦᠷ ᠵᠢᠷᠪᠢᠭᠡᠨᠡᠨ   ᠠᠵᠠᠢ ᠪᠣᠭᠤᠷᠣᠯ ᠠᠭᠤᠯᠠᠰ ᠤᠨ ᠲᠡᠷᠢᠭᠦᠨ ᠰᠠᠨᠠᠭᠠᠨ ᠤ ᠦᠵᠦᠭᠦᠷ ᠰᠡᠭᠦᠳᠡᠶᠢᠵᠦ   ᠠᠷᠢᠭᠤᠨ ᠮᠦᠩᠭᠦᠨ ᠪᠣᠷᠣᠭᠠᠨ ᠤ ᠳᠣᠰᠣᠯ ᠳᠤ ᠪᠣᠳᠣᠯ ᠨᠣᠷᠬᠤ ᠰᠠᠶᠢᠬᠠᠨ         ᠬᠠᠩᠰᠢ ᠶᠢᠨ ᠲᠠᠷᠠᠭᠠᠬᠢ ᠬᠡᠭᠡᠷ᠎ᠡ ᠬᠦᠳᠡᠭᠡ ᠴᠢᠬᠢᠭ ᠤᠨ ᠦᠨᠦᠷ ᠲᠤ ᠰᠣᠭᠳᠣᠭᠤᠷᠠᠵᠦ   ᠬᠠᠩᠬᠤᠯᠣᠭᠤᠨ ᠰᠢᠷᠣᠢ ᠲᠠᠢ ᠬᠤᠸᠠ ᠲᠣᠯᠣᠭᠠᠳ ᠬᠦᠬᠡ ᠰᠣᠳᠠᠯ ᠭᠦᠷᠪᠡᠯᠵᠡᠨ   ᠬᠠᠯᠠᠭᠤᠨ ᠬᠤᠰᠢᠭᠤᠳᠣ ᠮᠠᠯ ᠰᠦᠷᠦᠭ ᠲᠡᠨᠢᠭᠡᠷ ᠵᠣ ᠲᠡᠨᠢᠢᠵᠦ   ᠬᠠᠩᠭᠠᠢ ᠭᠤᠪᠢ ᠶᠢᠨ ᠬᠦᠮᠦᠨ ᠵᠣᠨ ᠬᠠᠨᠠᠭᠠᠷ ᠬᠦᠰᠡᠯ ᠬᠠᠨᠠᠶᠢᠨ᠎ᠠ     ᠨᠠᠮᠠᠭ᠎ᠠ ᠰᠦᠯᠵᠢᠯᠳᠦᠬᠦ ᠬᠡᠭᠡᠷ᠎ᠡ ᠶᠢᠨ ᠰᠢᠪᠠᠭᠤᠳ ᠣᠷᠠᠨ ᠬᠤᠭᠤᠯᠠᠢ ᠢᠷᠠᠭᠤᠰᠴᠣ   ᠨᠠᠮᠤᠭ ᠲᠠᠯ᠎ᠠ ᠶᠢᠨ ᠴᠠᠭᠠᠨ ᠣᠨᠢᠶᠠᠷ ᠣᠶᠠᠩᠭ᠎ᠠ ᠲᠦᠷᠦᠭᠦᠯᠵᠦ ᠲᠣᠨᠣᠷᠠᠨ  ᠨᠠᠮᠢᠷᠠᠨ ᠣᠷᠣᠬᠤ ᠦᠭᠭᠢᠶᠡᠮᠦᠷ ᠬᠤᠷ᠎ᠠ ᠬᠦᠰᠡᠯ ᠪᠣᠳᠣᠯ ᠢ ᠲᠡᠵᠢᠭᠡᠵᠦ   ᠨᠠᠭᠠᠰᠢᠯᠠᠵᠦ ᠢᠷᠡᠬᠦ ᠴᠠᠭ ᠤᠨ ᠠᠨᠢᠷ ᠰᠦ ᠶᠢᠨ ᠦᠨᠦᠷ ᠲᠠᠢ ᠰᠡᠩᠭᠢᠨᠡᠨ᠎ᠡ     ᠲᠣᠯᠬᠢᠶᠠᠯᠠᠨ ᠣᠷᠣᠰᠬᠤ ᠭᠤᠣᠯ ᠤᠨ ᠬᠡᠪᠡᠯᠢ ᠲᠠᠭᠤᠣ ᠶᠢᠨ ᠨᠣᠲ ᠰᠢᠭ᠋ ᠦᠶᠡᠯᠵᠡᠵᠦ   ᠲᠣᠭᠳᠣᠯᠣᠨ ᠪᠠᠭᠤᠬᠤ ᠪᠣᠷᠣᠭᠠᠨ ᠤ ᠳᠣᠰᠣᠯ ᠴᠡᠴᠡᠭ ᠤᠨ ᠲᠡᠯᠪᠢ ᠰᠢᠭ ᠲᠡᠯᠭᠡᠷᠡᠨ᠎ᠡ   ᠲᠣᠷᠣᠨ᠎ᠠ ᠲᠡᠭᠷᠢ ᠶᠢᠨ ᠣᠰᠣᠮᠠᠭ ᠬᠠᠶᠠᠭ᠎ᠠ ᠲᠣᠷᠠᠯᠠᠯ ᠤᠨ ᠨᠢᠳᠦ ᠰᠢᠭ ᠲᠦᠯᠭᠡᠷᠡᠵᠦ   ᠲᠦᠷᠪᠡᠨ ᠵᠦᠭ ᠤᠨ ᠨᠣᠶᠢᠳᠠᠨ ᠰᠠᠯᠬᠢ ᠲᠦᠷᠦᠭᠡᠨ ᠰᠣᠷ ᠢ ᠦᠨᠦᠰᠦᠨ᠎ᠡ             ᠠᠭᠤᠳᠠᠮ ᠲᠠᠯ᠎ᠠ ᠶᠢᠨ ᠬᠦᠷᠦᠰᠦᠨ ᠳᠤ ᠰᠢᠮᠡᠳᠦᠨ ᠦᠨᠳᠦᠰᠦ ᠪᠦᠬᠦᠨ ᠢ ᠭᠡᠳᠡᠭᠡᠯᠡᠵᠦ     ᠣᠶᠠᠬᠠᠨ ᠨᠣᠭᠤᠭᠠᠨ ᠦᠵᠡᠰᠭᠦᠯᠡᠩ ᠪᠣᠯᠵᠦ ᠮᠦᠴᠢᠷ ᠪᠦᠬᠦᠨ ᠳᠤ ᠲᠤᠷᠮᠤᠯᠵᠠᠨ   ᠣᠶᠠᠩᠭ᠎ᠠ ᠶᠢᠨ ᠴᠠᠭᠠᠨ ᠱᠠᠳ ᠰᠢᠭ᠋ ᠰᠢᠯᠦᠭ ᠤᠨ ᠮᠦᠷ ᠲᠤ ᠰᠢᠪᠡᠷᠡᠵᠦ   ᠣᠬᠠᠭᠠᠨ ᠤ ᠬᠦᠬᠡ ᠰᠣᠪᠢᠨ ᠲᠠᠳᠠᠵᠦ ᠠᠭᠤᠰᠬᠢ ᠵᠢᠷᠦᠬᠡᠨ ᠳᠤ ᠨᠡᠪᠳᠡᠷᠡᠨ᠎ᠡ    ᠦᠩ ᠦᠷᠭᠡᠨ ᠨᠣᠳᠤᠭ ᠤᠨ ᠮᠢᠨᠢ ᠦᠨᠵᠢᠭᠡᠯ ᠲᠤᠭᠤᠰᠤ ᠤᠬᠢᠶᠠᠭᠳᠠᠵᠦ  ᠦᠭᠡᠳᠡᠯᠡᠬᠦ ᠡᠷᠡᠨ ᠤ ᠬᠦᠭᠵᠢᠮ ᠪᠣᠯᠵᠦ ᠦᠰᠪᠣᠷᠢ ᠶᠢᠨ ᠬᠡᠣᠬᠡᠳ ᠬᠦᠭᠡᠷᠦᠯᠳᠦᠨ   ᠦᠨᠳᠦᠷ ᠲᠡᠭᠷᠢ ᠠᠴᠠ ᠱᠠᠭᠢᠨ ᠢᠷᠡᠵᠦ ᠮᠠᠷᠭᠠᠰᠢ ᠶᠢᠨ ᠰᠣᠷᠠᠭ ᠢ ᠲᠠᠮᠵᠢᠭᠤᠯᠵᠦ   ᠦᠯᠡᠮᠵᠢ ᠶᠡᠭᠡ ᠢᠳᠡᠭᠡᠯ ᠬᠠᠶᠢᠷ᠎ᠠ ᠪᠠᠷ ᠡᠨᠡ ᠲᠡᠯᠡᠬᠡᠢ ᠶᠢ ᠴᠢᠪᠬᠠᠳᠠᠨ᠎ᠠ                地址;通辽市科左中旗舍伯吐中心校                笔名:孛儿只斤,萨楚日啦                实名;包锁柱        电话;15947447898              
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号