ᠰᠢᠨ᠎ᠠ ᠵᠢᠯ ᠳᠡᠭᠡᠨ ᠮᠠᠨᠲᠦᠴᠢᠯᠡᠯ ᠲᠡᠪᠰᠢᠬᠦᠯᠦᠶ᠎ᠠ
ᠨᠡᠶᠢᠲᠡᠯᠡᠭᠰᠡᠨ ᠴᠠᠭ᠄
2020-07-07
    — 2020 ᠤᠨ ᠤ ᠰᠢᠨ᠎ᠠ ᠵᠢᠯ ᠳᠤ ᠡᠷᠬᠦᠪᠡ ᠪᠠ᠊ · ᠤᠳᠽᠠᠷ ᠪᠠᠳᠠᠷᠠᠯ ᠬᠦᠭᠵᠢᠯ ᠢ ᠠᠪᠴᠤ ᠤᠳᠤᠬᠰᠠᠨ ᠪᠤᠤᠷ᠎ᠠ ᠵᠢᠯ ᠢᠶᠠᠨ ᠦᠳᠡᠨ ᠮᠤᠷᠳᠠᠭᠤᠯᠤᠯ᠎ᠠ ᠪᠠᠶᠠᠨ ᠴᠢᠨᠡᠭᠡᠯᠢᠭ ᠠᠮᠢᠳᠤᠷᠠᠯ ᠢ ᠠᠪᠴᠢᠷᠠᠬᠤ ᠪᠤᠳᠤᠭᠤᠨ ᠵᠢᠯ ᠢᠶᠠᠨ ᠤᠬᠳᠤᠨ ᠠᠪᠴᠢᠷᠠᠯ᠎ᠠ ᠵᠢᠯ ᠤᠨ ᠰᠠᠶᠢᠬᠠᠨ ᠳᠤ ᠪᠤᠶᠠᠨ ᠵᠢᠷᠭᠠᠯ ᠢᠶᠠᠨ ᠡᠳ᠋ᠯᠡᠭᠰᠡᠨ ᠵᠢᠷᠭᠠᠯᠳᠤ ᠠᠪᠤ ᠡᠵᠢ ᠨᠡᠷ ᠮᠢᠨᠢ ᠰᠠᠶᠢᠨ ᠤᠤ︖ ᠠᠯᠪᠠᠨ ᠠᠵᠢᠯ ᠳᠤ ᠪᠠᠨ ᠵᠢᠳᠬᠦᠵᠦ ᠶᠠᠪᠤᠭ᠎ᠠ ᠬᠠᠶᠢᠷᠠᠳᠤ ᠠᠬ᠎ᠠ ᠲᠡᠬᠦᠦ ᠨᠡᠷ ᠮᠢᠨᠢ ᠰᠠᠶᠢᠨ ᠤᠤ︖ ᠠᠵᠢᠯ ᠬᠦᠳᠡᠯᠮᠦᠷᠢ ᠳᠤ ᠪᠠᠨ ᠦᠨᠳᠦᠷ ᠠᠮᠵᠢᠯᠳᠠ ᠲᠠᠢ ᠠᠵᠢᠯᠴᠢᠨ᠂ ᠲᠠᠷᠢᠶᠠᠴᠢᠨ᠂ ᠮᠠᠯᠴᠢᠳ ᠮᠢᠨᠢ ᠰᠠᠶᠢᠨ ᠤᠤ︖ ᠠᠭᠤᠤ ᠨᠠᠮ ᠤᠨ ᠲᠦᠷᠦ ᠪᠤᠳᠤᠯᠭ᠎ᠠ ᠶᠢᠨ ᠰᠠᠶᠢᠨ ᠢᠶᠠᠷ ᠠᠯᠤᠰ ᠲᠤ ᠰᠤᠷᠤᠯᠴᠠᠵᠤ ᠪᠠᠶᠢᠭ᠎ᠠ ᠰᠤᠳᠤᠯᠤᠬᠴᠢ᠂ ᠰᠡᠭᠡᠭᠡᠳᠡᠨ ᠨᠡᠷ ᠰᠠᠶᠢᠨ ᠤᠤ︖ ᠪᠢᠷ ᠢ ᠠᠳᠬᠤᠭᠤᠯᠵᠤ ᠪᠢᠯᠢᠭ ᠢ ᠬᠤᠷᠴᠠᠳᠬᠠᠬᠰᠠᠨ ᠪᠤᠯᠪᠠᠰᠤᠨ ᠤ ᠡᠯᠴᠢ ᠪᠠᠭᠰᠢ ᠨᠡᠷ ᠮᠢᠨᠢ ᠰᠠᠶᠢᠨ ᠤᠤ︖ ᠡᠪᠡᠳᠴᠢᠨ ᠡᠮᠭᠡᠭ ᠢ ᠵᠠᠰᠠᠵᠤ ᠡᠭᠡᠯ ᠠᠷᠠᠳ ᠲᠠᠭᠠᠨ ᠦᠢᠯᠡᠴᠢᠯᠡᠭᠰᠡᠨ ᠡᠷᠡᠬᠦᠯ ᠤᠨ ᠡᠯᠴᠢ ᠡᠮᠴᠢ ᠨᠠᠷ ᠮᠢᠨᠢ ᠰᠠᠶᠢᠨ ᠤᠤ︖ ᠠᠮᠤᠷ ᠲᠦᠪᠰᠢᠨ ᠢ ᠬᠠᠮᠠᠭᠠᠯᠠᠵᠤ᠂ ᠠᠷᠠᠳ ᠲᠠᠭᠠᠨ ᠦᠢᠯᠡᠴᠢᠯᠡᠭᠰᠡᠨ ᠠᠷᠠᠳ ᠤᠨ ᠴᠠᠬᠳᠠᠭ᠎ᠠ ᠠᠪᠠᠭ᠎ᠠ ᠨᠡᠷ ᠰᠠᠶᠢᠨ ᠤᠤ︖ ᠠᠯᠤᠰ ᠤᠨ ᠬᠢᠯᠢ ᠬᠢᠵᠠᠭᠠᠷ ᠢᠶᠠᠨ ᠰᠠᠬᠢᠵᠤ ᠶᠠᠪᠤᠭ᠎ᠠ ᠠᠯᠮᠠᠰ ᠪᠠᠭᠠᠳᠤᠷ ᠴᠡᠷᠢᠭ ᠡᠷ᠎ᠠ ᠰᠠᠶᠢᠨ ᠤᠤ︖ ᠲᠦᠪᠰᠢᠨ ᠲᠦᠷᠦ ᠶᠢᠨ ᠰᠠᠶᠢᠨ ᠰᠠᠶᠢᠬᠠᠨ ᠳᠤ ᠲᠠᠩᠰᠤᠭ ᠪᠠᠶᠠᠨ ᠴᠢᠨᠡᠭᠡᠯᠢᠭ ᠠᠮᠢᠳᠤᠷᠠᠯ ᠢᠶᠠᠨ ᠢᠷᠦᠭᠡᠶ᠎ᠠ ᠲᠡᠭᠡᠳᠦᠰ ᠮᠤᠩᠭᠤᠯ ᠤᠨ ᠶᠤᠰᠤᠭᠠᠷ ᠢᠶᠠᠷ ᠢᠶᠠᠨ ᠲᠠ ᠪᠦᠬᠦᠨ ᠤ ᠰᠠᠶᠢᠨ ᠰᠠᠶᠢᠬᠠᠨ ᠢ ᠠᠶᠢᠯᠠᠳᠬᠠᠶ᠎ᠠ︕ ᠡᠷᠬᠢᠮ ᠬᠦᠨᠳᠦᠳᠦ ᠦᠳᠡᠯᠦᠭᠡ ᠨᠠᠰᠤᠳᠠᠶᠢᠴᠤᠳ ᠤᠨ ᠢᠶᠠᠨ ᠡᠷᠡᠬᠦᠯ ᠡᠩᠭᠡ ᠪᠤᠶᠠᠨ ᠭᠡᠰᠢᠭ ᠢ ᠢᠷᠦᠭᠡᠶ᠎ᠠ ᠡᠯᠢᠭᠡ ᠵᠦᠭᠡᠯᠡᠨ ᠡᠯᠪᠡᠷᠢᠯ ᠵᠢᠷᠤᠮ ᠲᠠᠢ ᠡᠭᠡᠴᠢ ᠨᠡᠷ ᠤᠨ ᠢᠶᠠᠨ ᠡᠩᠭᠡ ᠠᠮᠤᠭᠤᠯᠠᠩ ᠵᠤᠯ ᠵᠢᠷᠭᠠᠯ ᠢ ᠠᠶᠢᠯᠠᠳᠬᠠᠶ᠎ᠠ︕ ᠨᠠᠰᠤᠨ ᠤ ᠵᠠᠯᠠᠭᠤ ᠳᠤ ᠪᠠᠨ ᠢᠵᠢᠯᠰᠢᠨ ᠲᠠᠨᠢᠯᠴᠠᠬᠰᠠᠨ ᠨᠤᠮ ᠤᠨ ᠲᠠᠩᠭᠠᠷᠢᠭ ᠤᠨ ᠨᠦᠬᠦᠷᠯᠡᠯ ᠢ ᠢᠷᠦᠭᠡᠶ᠎ᠠ ᠨᠡᠷᠡᠲᠦ ᠶᠢᠨ ᠬᠤᠷᠸ᠎ᠠ ᠳᠤ ᠨᠠᠰᠤᠨ ᠲᠤᠷᠰᠢᠳᠠ ᠡᠯᠪᠡᠷᠢᠯ ᠵᠢᠷᠤᠮ ᠲᠠᠢ ᠶᠠᠪᠤᠬᠤ ᠶᠢ ᠠᠶᠢᠯᠠᠳᠬᠠᠶ᠎ᠠ︕ ᠠᠯᠳᠠᠨ ᠴᠠᠭᠠᠨ ᠬᠠᠳᠠᠭ ᠢᠶᠠᠨ ᠲᠡᠭᠡᠷ᠎ᠠ ᠡᠷᠬᠦᠵᠦ ᠠᠵᠢᠯ ᠤᠨ ᠠᠮᠵᠢᠯᠳᠠ ᠪᠦᠲᠦᠮᠵᠢ ᠶᠢ ᠴᠢᠨᠢ ᠢᠷᠦᠭᠡᠶ᠎ᠠ ᠠᠯᠠᠭ ᠦᠭᠡᠢ ᠮᠤᠩᠭᠤᠯ ᠤᠨ ᠴᠠᠭᠠᠪᠤᠷ ᠰᠡᠳᠬᠢᠯ ᠢᠶᠠᠷ ᠠᠵᠠ ᠵᠢᠷᠭᠠᠯ ᠲᠠᠢ ᠠᠮᠢᠳᠤᠷᠠᠯ ᠢ ᠴᠢᠨᠢ ᠵᠦᠡᠭᠨᠡᠨ ᠪᠡᠯᠭᠡᠳᠡᠶ᠎ᠠ︕   ᠲᠦᠡᠭᠯᠢᠶᠤᠤ ᠮᠤᠩᠭᠤᠯ ᠦᠨᠳᠦᠰᠦᠳᠡᠨ ᠤ ᠲᠤᠮᠳᠠᠳᠤ     ᠰᠤᠷᠭᠠᠭᠤᠯᠢ ᠶᠢᠨ ᠮᠤᠩᠭᠤᠯ ᠬᠡᠯᠡᠨ ᠤ ᠲᠤᠭᠤᠢᠢᠯᠠᠩ            姓名:敖斯尔
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号