| ᠭᠧ᠂ ᠬᠠᠰᠲᠤᠩᠭᠠᠯᠠᠭ | ᠵᠢᠭᠢᠷ ᠵᠢᠭᠢᠷ ᠬᠦᠶᠦᠯᠳᠦᠭᠰᠡᠭᠡᠷ | ᠵᠢᠭᠠᠬᠠᠨ ᠬᠤᠯᠤᠭᠠᠨ᠎ᠠ ᠶᠠᠭᠠᠷᠠᠯᠳᠤᠨ᠎ᠠ | ᠵᠢᠯ ᠤᠨ ᠰᠠᠭᠤᠳᠠᠯ ᠳᠤ ᠰᠠᠭᠠᠳᠠᠬᠤ ᠪᠠᠷ | ᠵᠠᠪᠳᠤᠬᠤ ᠶᠢᠨ ᠬᠢᠷᠢ ᠳᠡᠭᠡᠨ ᠪᠤᠵᠢᠭᠢᠨᠡᠯᠳᠤᠨᠠ︕ | ᠠᠮᠠᠨ ᠴᠠᠭᠠᠨ ᠬᠤᠯᠤᠭᠠᠨ᠎ᠠ | ᠠᠯᠤᠰ ᠬᠤᠯᠠ ᠠᠴᠠ ᠤᠶᠢᠷᠠᠳᠤᠨ᠎ᠠ | ᠠᠯᠳᠠ ᠮᠦᠩᠭᠦ ᠶᠢᠨ ᠬᠡᠰᠢᠭ ᠢ | ᠠᠪᠤᠭᠠᠳ ᠨᠠᠰᠢ ᠪᠠᠨ ᠢᠷᠡᠨ᠎ᠡ︕ | ᠡᠷᠳᠡᠨᠢ ᠪᠠᠷ ᠪᠦᠭᠡᠯᠵᠢᠳᠡᠭ ᠬᠤᠯᠤᠭᠠᠨ᠎ᠠ | ᠡᠰᠢ ᠤᠷᠤᠨ ᠢ ᠡᠵᠡᠯᠡᠯ᠎ᠡ | ᠡᠳ᠋ ᠤᠨ ᠬᠡᠰᠢᠭ ᠬᠤᠷᠤᠶᠢᠯᠠᠨ | ᠡᠯᠪᠡᠭ ᠪᠤᠶᠠᠨ ᠢᠪᠡᠭᠡᠯᠡ︕ | ᠠᠷᠪᠠᠨ ᠬᠤᠶᠠᠷ ᠵᠢᠯ ᠤᠨ | ᠠᠩᠬᠠᠨ ᠤ ᠤᠷᠤᠨ ᠳᠤ ᠪᠠᠶᠢᠷᠢᠰᠢᠭᠰᠠᠨ | ᠠᠮᠠᠨ ᠪᠡᠯᠭᠡᠳᠡᠯ ᠤᠨ ᠬᠤᠯᠤᠭᠠᠨ᠎ᠠ | ᠠᠰᠢᠳᠠ ᠶᠢᠨ ᠢᠷᠦᠭᠡᠯ ᠵᠦᠩᠨᠡᠯᠡ︕ | ᠬᠤᠷᠤᠢ ᠬᠤᠷᠤᠢ ᠬᠤᠷᠤᠢ | ᠬᠤᠯᠤᠭᠠᠨ᠎ᠠ ᠵᠢᠯ ᠬᠤᠷᠤᠢ︕ | ᠬᠤᠷᠤᠭᠳᠠᠰᠢ ᠦᠭᠡᠢ ᠦᠯᠵᠡᠶᠢᠳᠡᠢ | ᠬᠤᠳᠠᠯᠠᠭᠠᠷ ᠲᠦᠮᠡᠨ ᠠᠮᠤᠭᠤᠯᠠᠩ︕ | ᠬᠠᠶ᠋ᠢᠭ᠄ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠤᠪᠤᠷᠭ᠎ᠠ ᠰᠤᠮᠤ ᠶᠢᠨ ᠬᠤᠰᠢᠭᠤᠮᠠᠩᠬᠠ | ᠭᠠᠴᠠᠭ᠎ᠠ | ᠭᠠᠷ ᠤᠳᠠᠰᠤ᠄ 15049929429 | |