ᠪᠠᠶᠠᠷᠳᠠᠢ 2019 ᠣᠨ ᠮᠢᠨᠢ
ᠨᠡᠶᠢᠲᠡᠯᠡᠭᠰᠡᠨ ᠴᠠᠭ᠄
2020-07-07
ᠪᠠᠶᠠᠷᠲᠠᠢ  ᠂2019 ᠣᠨ ᠮᠢᠨᠢ                              ᠪᠤᠷᠵᠢᠭᠢᠨ ᠰᠠᠴᠤᠷᠠᠯ ᠠᠶᠢᠯᠴᠢᠯᠠᠬᠤ ᠵᠤᠴᠢᠨ ᠰᠢᠭ᠋ ᠬᠤᠶᠢᠮᠤᠷ ᠰᠠᠭᠠᠳᠠᠵᠦ ᠠᠮᠢᠳᠤᠷᠠᠯ ᠠᠬᠤᠢ ᠬᠦᠣᠷᠨᠢᠭᠡᠳ ᠠᠶᠠᠨ ᠤ ᠬᠦᠮᠦᠨ ᠰᠢᠭ ᠲᠠᠮᠠᠬᠢ ᠠᠰᠠᠭᠠᠵᠦ ᠴᠠᠢ ᠣᠭᠤᠴᠢᠭᠠᠳ ᠯᠡ ᠭᠠᠷᠤᠭᠰᠠᠨ ᠶᠤᠮ ᠠᠯᠠᠭ ᠬᠤᠷᠸ᠎ᠠ ᠶᠢᠨ ᠨᠦᠮᠦᠬᠡᠨ ᠵᠠᠶᠢᠴᠠᠨ ᠳᠤ ᠠᠭᠤᠯᠵᠠᠬᠤ ᠯᠡ ᠶᠤᠰᠤᠲᠠᠢ ᠠᠭᠤᠯᠵᠠᠭᠠᠳ ᠠᠮᠤᠷ ᠮᠡᠨᠳᠦ ᠪᠠᠨ ᠮᠡᠳᠡᠯᠴᠡᠵᠦ ᠭᠠᠷ ᠠᠳᠬᠤᠭᠠᠳ ᠯᠡ ᠦᠩᠭᠡᠷᠡᠭᠰᠡᠨ ᠶᠤᠮ ᠠᠵᠢᠯ ᠠᠯᠪᠠ ᠠᠳᠠᠯ ᠠᠮᠢᠳᠤᠷᠠᠯ ᠤᠨ ᠨᠣᠬᠤᠴᠠᠭᠠᠨ ᠲᠡᠭᠡᠭᠦᠷ ᠦᠶᠡᠯᠵᠡᠭᠡᠳ ᠠᠳᠤᠭᠤᠨ ᠰᠠᠯᠬᠢ ᠰᠢᠭ᠋ ᠰᠡᠩᠭᠢᠨᠡᠨ ᠬᠤᠨᠤᠭ ᠤᠨ ᠵᠡᠭᠦᠳᠦ ᠶᠢ ᠮᠢᠯᠢᠶᠠᠭᠰᠠᠨ ᠶᠤᠮ ᠠᠯᠳᠠᠭ᠎ᠠ ᠤᠨᠤᠭ᠎ᠠ ᠶᠢᠨ ᠲᠡᠩᠨᠡᠭᠦᠷ ᠲᠡᠭᠡᠭᠦᠷ ᠣᠷᠴᠢᠬᠤ ᠵᠢᠮ᠎ᠡ ᠪᠠᠷ ᠢᠶᠠᠨ ᠪᠦᠮᠪᠦᠷᠢᠭᠡᠳ ᠠᠯᠳᠠ ᠠᠴᠠ ᠦᠨᠡᠲᠡᠢ ᠰᠤᠷᠭᠠᠮᠵᠢ ᠬᠠᠶᠢᠷᠠᠯᠠᠭᠠᠳ ᠲᠡᠤᠬᠡ ᠪᠤᠯᠵᠦ ᠤᠳᠤᠭᠰᠠᠨ ᠶᠤᠮ ᠢᠷᠭᠤᠢ ᠴᠡᠩᠬᠡᠷ ᠣᠷᠴᠢᠯᠠᠩ ᠤᠨ ᠬᠤᠷᠤᠮ ᠵᠠᠭᠤᠷ᠎ᠠ ᠶᠢᠨ ᠵᠠᠢ ᠪᠤᠯᠤᠯ᠎ᠠ ᠴᠦ ᠢᠷᠡᠵᠦ ᠤᠴᠢᠬᠤ ᠶᠢᠨ ᠤᠬᠠᠭᠠᠨ ᠳᠤ ᠮᠢᠨᠢ ᠶᠠᠭᠤ ᠨᠢᠭᠡ ᠶᠢ ᠲᠤᠬᠢᠭᠰᠠᠨ ᠴᠦ ᠪᠢᠯᠢᠦ ᠶᠠᠭᠤᠮ᠎ᠠ ᠪᠦᠬᠦᠨ ᠬᠠᠭᠤᠴᠢᠷᠠᠳᠠᠭ ᠤᠨ ᠢᠯᠡᠶᠤᠰᠤ ᠶᠢ ᠰᠢᠪᠡᠨᠡᠭᠡᠳ ᠢᠷᠡᠬᠦ ᠴᠠᠭ ᠤᠨ ᠮᠤᠨᠳᠠᠭᠠᠨ ᠲᠡᠭᠡᠷ᠎ᠡ ᠢᠲᠡᠭᠡᠯ ᠬᠦᠰᠡᠯ ᠢ ᠰᠤᠶᠢᠭᠰᠠᠨ ᠴᠦ ᠪᠢᠯᠢᠦ ᠪᠠᠶᠠᠷᠲᠠᠢ᠂ 2019 ᠣᠨ ᠮᠢᠨᠢ ᠠᠯᠢᠮ᠎ᠠ ᠶᠢᠨ ᠤᠯᠠᠭᠠᠨ ᠬᠠᠴᠠᠷ ᠲᠠᠢ ᠨᠢᠯᠬᠠᠰᠠᠭ ᠪᠤᠳᠤᠯ ᠮᠢᠨᠢ ᠪᠠᠶᠠᠷᠲᠠᠢ ᠠᠳ ᠤᠨ ᠮᠠᠭᠤᠬᠠᠢ ᠴᠢᠷᠠᠢ ᠲᠠᠢ ᠠᠳᠠᠭ᠎ᠠ ᠵᠢᠳᠦᠭᠡ ᠮᠢᠨᠢ ᠪᠠᠶᠠᠷᠲᠠᠢ ᠠᠮᠠᠷᠠᠭ ᠢᠶᠠᠨ ᠰᠢᠭ᠋ ᠲᠡᠪᠡᠷᠢᠭᠰᠡᠨ ᠠᠷᠢᠬᠢᠨ ᠪᠤᠳᠤᠩ ᠮᠢᠨᠢ ᠪᠠᠶᠠᠷᠲᠠᠢ ᠠᠪᠤ ᠪᠠᠨ ᠰᠢᠭ᠋ ᠲᠦᠰᠢᠭᠰᠡᠨ ᠠᠭᠰᠤᠮ ᠵᠠᠩ ᠮᠢᠨᠢ ᠪᠠᠶᠠᠷᠲᠠᠢ ᠪᠠᠶᠠᠷᠲᠠᠢ᠂ 2019 ᠣᠨ ᠮᠢᠨᠢ ᠦᠩᠭᠡᠨ ᠲᠠᠯ᠎ᠠ ᠶᠢ ᠯᠡ ᠦᠵᠡᠭᠰᠡᠨ ᠠᠳᠡᠭᠦᠷᠡᠯ ᠪᠦᠬᠦᠨ ᠮᠢᠨᠢ ᠪᠠᠶᠠᠷᠲᠠᠢ ᠡᠮᠵᠡᠭ ᠰᠡᠳᠭᠢᠯ ᠢ ᠰᠢᠷᠬᠠᠯᠠᠭᠰᠠᠨ ᠭᠤᠨᠢᠭ ᠪᠦᠬᠦᠨ ᠮᠢᠨᠢ ᠪᠠᠶᠠᠷᠲᠠᠢ ᠬᠠᠵᠠᠭᠠᠢ ᠬᠡᠯᠲᠡᠭᠡᠢ ᠭᠢᠰᠭᠢᠭᠰᠡᠨ ᠠᠯᠳᠠᠭ᠎ᠠ ᠪᠦᠬᠦᠨ ᠮᠢᠨᠢ ᠪᠠᠶᠠᠷᠲᠠᠢ ᠬᠠᠷᠠᠰᠠᠯ ᠭᠤᠮᠤᠳᠠᠯ ᠬᠠᠷᠠᠮᠰᠠᠯ ᠭᠡᠮᠰᠢᠯ ᠲᠡᠷᠡ ᠪᠦᠬᠦᠨ ᠢᠶᠠᠷ ᠢᠶᠠᠨ ᠪᠠᠶᠠᠷᠲᠠᠢ                  地址:通辽市科左中旗舍伯吐中心校                  实名:包锁柱                  笔名:萨楚日啦                  手机:15947447898
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号