ᠤᠭᠲᠣᠯᠲᠠ᠂ ᠦᠳᠡᠯᠲᠡ ᠬᠠᠶᠢᠷ᠎ᠠ ᠶᠢᠨ ᠵᠢᠯ ᠤᠳ
ᠨᠡᠶᠢᠲᠡᠯᠡᠭᠰᠡᠨ ᠴᠠᠭ᠄
2020-07-07
ᠤᠭᠲᠣᠯᠲᠠ᠂ ᠦᠳᠡᠯᠲᠡ ᠬᠠᠶᠢᠷ᠎ᠠ ᠶᠢᠨ ᠵᠢᠯ ᠤᠳ           ︵2020 ᠣᠨ ᠤ ᠴᠠᠭᠠᠨ ᠰᠠᠷ᠎ᠠ ᠳᠤ ᠡᠷᠭᠦᠬᠦᠢ︶                 ᠦᠢᠯᠡᠰᠨᠢᠭᠡ ᠵᠢᠯ ᠮᠠᠨᠢ ᠵᠢᠷᠭᠠᠵᠤ ᠪᠠᠶᠢᠨ᠎ᠠᠨᠢᠭᠡ ᠵᠢᠯ ᠮᠢᠨᠢ ᠵᠢᠷᠭᠢᠵᠦ ᠪᠠᠶᠢᠨ᠎ᠠᠬᠡᠯᠡᠶ᠎ᠡ ᠭᠡᠰᠡᠨ ᠦᠭᠡ ᠪᠠᠨ ᠬᠡᠯᠡᠨᠡᠮ ᠬᠡᠮᠡᠨ ᠤᠮᠤᠭᠰᠢᠷᠠᠬᠤᠢᠬᠦᠦᠷᠨᠢᠶ᠎ᠡ ᠭᠡᠰᠡᠨ ᠬᠠᠶᠢᠷ᠎ᠠ ᠪᠠᠨ ᠬᠦᠦᠷᠨᠢᠨᠡᠮ ᠬᠡᠮᠡᠨ ᠤᠪᠣᠯᠵᠠᠬᠤᠢᠰᠢᠪᠲᠤᠷᠴᠦ ᠶᠠᠪᠤᠭ᠎ᠠ ᠬᠠᠭᠤᠴᠢᠨ ᠵᠢᠯ ᠭᠡᠨᠡᠮᠰᠢᠷᠣᠩᠬᠠᠢ ᠬᠠᠶᠢᠯᠣᠩᠬᠠᠢ ᠨᠢ ᠲᠠᠩᠲᠠ ᠦᠭᠡᠶᠢᠯᠡᠭᠳᠡᠨ᠎ᠡᠰᠠᠷ᠎ᠠ ᠡᠳᠦᠷ ᠤᠳ ᠤᠨ ᠭᠤᠨᠢᠭ ᠵᠢᠷᠭᠠᠯ ᠳᠤ ᠲᠠᠰᠴᠣᠰᠠᠨᠠᠭᠠᠨ ᠤ ᠭᠦᠨᠵᠡᠭᠡᠢ ᠳᠡᠭᠡᠨ ᠳᠦᠭᠦᠷᠴᠦ ᠲᠤᠨᠲᠠᠷᠠᠵᠤ ᠶᠠᠪᠤᠯ᠎ᠠᠰᠢᠯᠦᠭ ᠰᠢᠭ ᠣᠷᠭᠤᠵᠤ ᠪᠦᠳᠦᠭᠰᠡᠨ ᠲᠡᠯᠡᠬᠡᠢ ᠳᠡᠭᠡᠨᠰᠡᠳᠬᠢᠯ ᠢᠲᠡᠭᠡᠯ ᠢᠶᠠᠷ ᠢᠶᠠᠨ ᠦᠶᠦᠭ ᠴᠠᠳᠬᠤᠯᠠᠩ ᠶᠠᠪᠤᠯ᠎ᠠᠡᠬᠢᠯᠡᠵᠦ ᠪᠤᠢ ᠰᠢᠨ᠎ᠡ ᠵᠢᠯ ᠭᠡᠨᠡᠮᠡᠯᠡᠩᠬᠡᠢ ᠬᠠᠯᠠᠩᠬᠠᠢ ᠨᠢ ᠲᠠᠩᠲᠠ ᠤᠴᠢᠷᠯᠠᠭᠳᠠᠨ᠎ᠠᠡᠳᠦᠷ ᠰᠠᠷ᠎ᠠ ᠤᠳ ᠤᠨ ᠵᠡᠭᠦᠳᠦ ᠵᠡᠷᠭᠡᠯᠭᠡᠨ ᠳᠤ ᠲᠠᠪᠲᠠᠵᠤᠡᠪᠦᠭᠡ ᠶᠢᠨ ᠬᠡᠯᠪᠡᠷᠢ ᠳᠡᠭᠡᠨ ᠡᠭᠡᠵᠦ ᠪᠤᠴᠠᠵᠤ ᠶᠠᠪᠤᠨ᠎ᠠᠡᠮᠨᠢᠭ ᠰᠢᠭ ᠦᠰᠦᠷᠴᠦ ᠪᠦᠵᠢᠭᠰᠡᠨ ᠲᠠᠯ᠎ᠠ ᠳᠠᠭᠠᠨᠡᠩ ᠢᠷᠦᠭᠡᠯ ᠢᠶᠠᠷ ᠢᠶᠠᠨ ᠡᠩᠬᠡ ᠠᠮᠤᠭᠤᠯᠠᠩ ᠶᠠᠪᠤᠨ᠎ᠠᠠᠶᠠᠷᠯᠠᠨ ᠪᠤᠢ ᠵᠢᠯ ᠮᠢᠨᠢ ᠪᠠᠶᠠᠷᠳᠠᠢᠠᠭᠤᠯᠵᠠᠨ ᠪᠤᠢ ᠵᠢᠯ ᠮᠠᠨᠢ ᠬᠠᠶᠢᠷᠠᠳᠠᠢᠪᠢᠴᠢᠶ᠎ᠡ ᠭᠡᠰᠡᠨ ᠦᠰᠦᠭ ᠢᠶᠠᠨ ᠪᠢᠴᠢᠨᠡᠮ ᠬᠡᠮᠡᠨ ᠰᠠᠨᠠᠬᠤᠢᠪᠠᠷᠢᠶ᠎ᠠ ᠭᠡᠰᠡᠨ ᠬᠠᠳᠠᠭ ᠢᠶᠠᠨ ᠪᠠᠷᠢᠨᠠᠮ ᠬᠡᠮᠡᠨ ᠰᠠᠵᠢᠯᠠᠬᠤᠢᠲᠠᠯ᠎ᠠ ᠶᠢᠨ ᠢᠶᠠᠨ ᠲᠠᠯᠪᠢᠭᠤᠨ ᠰᠠᠯᠬᠢ ᠶᠢ ᠬᠤᠷᠮᠤᠶᠢᠯᠠᠭᠠᠳᠲᠡᠭᠷᠢ ᠶᠢᠨ ᠥᠨᠳᠦᠷ ᠲᠤ ᠬᠠᠷᠴᠠᠭᠠᠢ ᠪᠣᠯᠵᠤ ᠳᠡᠭᠦᠯᠢᠬᠦ ᠦᠦᠳᠡᠭᠡᠳᠦᠰ ᠤᠨ ᠤᠬᠠᠭᠠᠨ ᠠᠴᠠ ᠬᠦᠬᠡ ᠭᠡᠷᠡᠯ ᠰᠠᠴᠤᠷᠠᠨ᠎ᠠᠠᠳᠣᠭᠤᠳ ᠤᠨ ᠢᠶᠠᠨ ᠲᠡᠭᠰᠢᠭᠡᠨ ᠳᠡᠯ ᠢ ᠬᠤᠷᠤᠶᠢᠯᠠᠭᠠᠳ ᠠᠭᠤᠯᠠᠰ ᠤᠨ ᠰᠦᠮᠪᠦᠷ ᠲᠤ ᠬᠠᠨᠳᠠᠭᠠᠢ ᠪᠣᠯᠵᠤ ᠲᠣᠭᠯᠠᠬᠤ ᠦᠦᠠᠷᠭᠠᠯ ᠤᠨ ᠤᠳᠤᠭᠠᠨ ᠠᠴᠠ ᠨᠤᠭᠤᠭᠠᠨ ᠮᠦᠴᠢᠷ ᠴᠡᠴᠡᠭᠯᠡᠨ᠎ᠡᠮᠣᠩᠭᠤᠯ ᠮᠢᠨᠢ᠂ ᠮᠣᠩᠭᠤᠯ ᠢᠶᠠᠷ ᠢᠶᠠᠨ ᠪᠠᠶᠢᠭᠠᠰᠠᠢ ᠭᠡᠳᠮᠣᠩᠭᠤᠯ ᠤᠨ ᠡᠭᠡᠯᠵᠢ ᠤᠯᠪᠠᠭ᠎ᠠ ᠲᠠᠢ ᠪᠠᠨ ᠢᠵᠢᠯᠢᠰᠢᠬᠦ ᠦᠦᠮᠦᠩᠭᠡ ᠶᠢᠨ ᠣᠨ ᠵᠢᠯ ᠠᠴᠠ ᠴᠢᠯᠠᠭᠤᠨ ᠪᠢᠴᠢᠭ ᠤᠷᠭᠤᠨ᠎ᠠᠴᠠᠰᠤ ᠴᠠᠭᠠᠨ ᠪᠠᠷᠢᠯᠳᠣᠯᠭ᠎ᠠ ᠰᠦᠨ ᠴᠠᠭᠠᠨ ᠪᠤᠯᠤᠭᠠᠰᠠᠢ ᠭᠡᠳᠴᠢᠨᠠᠳᠣ ᠶᠢᠨ ᠮᠠᠷᠭᠠᠰᠢ ᠪᠠᠷ ᠮᠣᠷᠢ ᠲᠠᠢ ᠪᠠᠨ ᠮᠦᠩᠬᠡᠷᠡᠬᠦ ᠦᠦᠴᠢᠩᠭᠢᠰ ᠤᠨ ᠠᠶᠢᠯ ᠤᠳ ᠠᠴᠠ ᠠᠶᠠᠨ ᠨᠡᠭᠦᠳᠡᠯ ᠴᠦᠷᠭᠦᠯᠡᠨ᠎ᠡ      ᠬᠠᠶ᠋ᠢᠭ᠄  赤峰市《追梦草原》阳光文化人 :伟丽嗣     (赤峰市新城区亲水湾小区6号楼三单元401室 2 —9信箱)                ᠤᠳᠠᠰᠤ᠄ 158 4899 9841             ᠰᠢᠦᠳᠠᠨ᠄ 024000      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号