ᠴᠠᠭᠠᠨ ᠰᠠᠷ᠎ᠠ ᠶᠢᠨ ᠣᠶᠠᠩᠭ᠎ᠠ
ᠨᠡᠶᠢᠲᠡᠯᠡᠭᠰᠡᠨ ᠴᠠᠭ᠄
2020-07-07
   — ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳᠤ ᠵᠤᠷᠢᠭᠤᠯᠪᠠ ᠪᠠ᠊ · ᠤᠳᠽᠠᠷ ᠠᠷᠠᠳ ᠢᠷᠭᠡᠳ ᠨᠢᠭᠡᠳᠦᠨ ᠲᠤᠯᠤᠭᠠᠢ ᠪᠠᠨ ᠡᠷᠬᠦᠭᠡᠳ ᠠᠳᠠᠭᠠᠳᠠᠨ ᠲᠠᠶᠢᠰᠤᠨ ᠢ ᠲᠠᠷᠤᠬᠰᠠᠨ ᠡᠨᠡ ᠡᠲᠦᠷ᠂ ᠠᠳᠬᠠᠮᠠᠯ ᠴᠢᠮᠦᠭᠡ ᠶᠢ ᠨᠢ ᠪᠠᠯᠪᠠᠴᠢᠨ ᠴᠤᠬᠢᠭᠠᠳ ᠠᠷᠭ᠎ᠠ ᠲᠦᠬᠦᠰᠢ ᠶᠢ ᠨᠢ ᠵᠢᠭᠠᠬᠰᠠᠨ ᠡᠨᠡ ᠡᠲᠦᠷ᠃ ᠪᠢᠳᠡᠬᠦᠦ ᠴᠢᠮᠦᠭᠡ ᠶᠢ ᠨᠢ ᠴᠤᠬᠢᠭᠠᠳ ᠪᠳᠡᠬᠦᠷᠡᠲᠡᠯ᠎ᠠ ᠪᠠᠨ ᠢᠳᠡᠬᠦ ᠡᠨᠡ ᠡᠲᠦᠷ᠂ ᠪᠤᠭᠤᠷᠤᠯ ᠵᠢᠯ ᠢᠶᠠᠨ ᠮᠤᠷᠳᠠᠭᠤᠯᠬᠤ ᠶᠢᠨ ᠲᠦᠯᠦᠭᠡ ᠪᠦᠬᠦᠯᠢ ᠨᠢᠭᠡ ᠰᠦᠨᠢ ᠨᠠᠭᠠᠳᠴᠤ ᠵᠢᠷᠭᠠᠳᠠᠭ ᠡᠨᠡ ᠡᠲᠦᠷ᠃ ᠦᠷᠯᠦᠭᠡ ᠶᠢᠨ ᠤᠯᠠᠭᠠᠨ ᠨᠠᠷᠠ ᠲᠠᠢ ᠤᠷᠤᠯᠳᠤᠨ ᠡᠷᠡᠦ ᠲᠦᠬᠦᠰᠢ ᠶᠢ ᠨᠢ ᠵᠢᠭᠠᠬᠤ ᠡᠨᠡ ᠡᠲᠦᠷ᠂ ᠦᠯᠵᠡᠢ ᠪᠠᠶᠠᠷ ᠲᠠᠢ ᠰᠢᠨ᠎ᠠ ᠵᠢᠯ ᠢ ᠤᠬᠳᠤᠭᠠᠳ ᠡᠪᠦᠭᠡ ᠲᠡᠭᠡᠳᠦᠰ ᠲᠤ ᠪᠠᠨ ᠮᠦᠷᠬᠦᠳᠡᠭ ᠡᠨᠡ ᠡᠲᠦᠷ᠃ ᠮᠤᠩᠭᠤᠯ ᠤᠨ ᠰᠠᠶᠢᠬᠠᠨ ᠵᠠᠩ ᠵᠠᠩᠰᠢᠯ ᠤᠨ ᠮᠦᠡᠭᠭᠡ ᠶᠢᠨ ᠶᠤᠰᠤ ᠤᠴᠢᠷ ᠢ ᠵᠢᠭᠠᠬᠰᠠᠨ ᠡᠨᠡ ᠡᠲᠦᠷ᠂ ᠮᠦᠡᠭᠬᠦᠨ ᠴᠠᠭᠠᠨ ᠬᠠᠳᠠᠭ ᠢᠶᠠᠨ ᠡᠷᠬᠦᠨ ᠪᠠᠷᠢᠵᠤ ᠮᠦᠷᠬᠦᠯ ᠬᠢᠭᠡᠳ ᠰᠢᠨᠡᠯᠡᠳᠡᠭ ᠡᠨᠡ ᠡᠲᠦᠷ᠃ ᠪᠤᠭᠤᠷᠤᠯ ᠵᠢᠯ ᠢᠶᠠᠨ ᠦᠳᠡᠨ ᠮᠤᠷᠳᠠᠭᠤᠯᠤᠭᠠᠳ ᠪᠤᠳᠤᠭᠤᠨ ᠵᠢᠯ ᠢᠶᠠᠨ ᠤᠬᠳᠤᠨ ᠠᠪᠴᠤ ᠢᠷᠡᠭᠰᠡᠨ ᠡᠨᠡ ᠡᠲᠦᠷ᠂ ᠪᠤᠭᠤᠷᠤᠯ ᠪᠤᠯᠤᠬᠰᠠᠨ ᠠᠪᠤ ᠡᠵᠢ ᠳᠤ ᠪᠠᠨ ᠪᠦᠬᠦᠳᠡ ᠪᠠᠷ ᠢᠶᠠᠨ ᠮᠦᠷᠬᠦᠳᠡᠭ ᠡᠨᠡ ᠡᠲᠦᠷ᠃ ᠤᠨ ᠲᠤᠭᠠᠯᠠᠯ ᠤᠨ ᠰᠢᠨ᠎ᠠ ᠶᠢᠨ ᠨᠢᠭᠡᠨ ᠪᠤᠯ ᠤᠮ ᠨᠠᠮᠠᠬᠴᠢᠯᠠᠳᠠᠭ ᠦᠨᠳᠦᠰᠦᠲᠡᠨ ᠤ ᠪᠠᠶᠠᠷ ᠤᠨ ᠡᠲᠦᠷ᠂ ᠤᠷᠤᠰᠢᠵᠤ ᠰᠠᠭᠤᠬᠰᠠᠨ ᠠᠯᠢᠪᠠ ᠦᠨᠳᠦᠰᠦᠲᠡᠨ ᠤ ᠤᠮᠤᠬᠰᠢᠯ ᠪᠤᠯᠤᠬᠰᠠᠨ ᠪᠠᠶᠠᠷ ᠵᠢᠷᠭᠠᠯ ᠤᠨ ᠡᠲᠦᠷ᠃ ᠤᠨ ᠲᠤᠭᠠᠯᠠᠯ ᠤᠨ ᠲᠦᠷᠦᠬᠦᠴᠢ ᠪᠤᠯᠤᠬᠰᠠᠨ ᠦᠨᠦᠳᠦᠷ ᠪᠤᠯ ᠦᠨᠳᠦᠰᠦᠲᠡᠨ ᠪᠦᠬᠦᠨ ᠢᠶᠠᠷ ᠢᠶᠠᠨ ᠪᠠᠶᠠᠷᠯᠠᠨ ᠨᠠᠶᠢᠷᠠᠯᠳᠤᠳᠠᠭ ᠡᠲᠦᠷ᠂ ᠤᠯᠠᠨ ᠪᠦᠬᠦᠳᠡᠭᠡᠷ ᠢᠶᠠᠷ ᠢᠶᠠᠨ ᠬᠠᠮᠳᠤᠷᠠᠨ ᠴᠤᠬᠯᠠᠵᠤ ᠠᠮᠵᠢᠯᠳᠠ ᠪᠦᠲᠦᠭᠡᠯ ᠢᠶᠠᠨ ᠮᠠᠬᠳᠠᠨ ᠲᠠᠭᠤᠯᠠᠳᠠᠭ ᠪᠠᠶᠠᠷ ᠤᠨ ᠡᠲᠦᠷ᠃ ᠬᠤᠯᠠ ᠤᠢᠢᠷ᠎ᠠ ᠬᠤᠳᠠᠯᠠ ᠤᠯᠠᠨ ᠢ ᠬᠤᠭᠤᠷᠤᠨᠳᠤ ᠨᠢ ᠨᠡᠶᠢᠯᠡᠬᠦᠯᠵᠦ ᠰᠢᠨᠡᠯᠡᠬᠦᠯᠦᠭᠰᠡᠨ ᠲᠤᠷᠠᠰᠬᠠᠯᠳᠤ ᠡᠲᠦᠷ᠂ ᠬᠤᠳᠠ ᠰᠠᠳᠤᠨ ᠬᠦᠪᠡᠬᠦᠨ ᠦᠬᠢᠳ ᠢ ᠬᠤᠳᠠᠯᠠᠭᠠᠷ ᠴᠤᠬᠯᠠᠭᠤᠯᠵᠤ ᠨᠢᠭᠤᠷᠳᠠᠭᠤᠯᠤᠬᠰᠠᠨ ᠵᠢᠷᠭᠠᠯᠳᠤ ᠡᠲᠦᠷ᠃   ᠲᠦᠡᠭᠯᠢᠶᠤᠤ ᠮᠤᠩᠭᠤᠯ ᠦᠨᠳᠦᠰᠦᠳᠡᠨ ᠤ ᠲᠤᠮᠳᠠᠳᠤ   ᠰᠤᠷᠭᠠᠭᠤᠯᠢ ᠶᠢᠨ ᠮᠤᠩᠭᠤᠯ ᠬᠡᠯᠡᠨ ᠤ ᠲᠤᠭᠤᠢᠢᠯᠠᠩ   姓名:敖斯尔
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号