ᠴᠠᠭᠠᠨ ᠰᠠᠷ᠎ᠠ ᠰᠠᠢᠬᠠᠨ
ᠨᠡᠶᠢᠲᠡᠯᠡᠭᠰᠡᠨ ᠴᠠᠭ᠄
2020-07-07
                                          ᠵ᠊  ᠂  ᠪᠦᠷᠢᠨ         ᠴᠠᠭᠠᠨ᠎ᠠ ᠠᠴᠠ ᠨᠠᠭᠠᠰᠢᠯᠠᠬᠤ ᠡᠳᠦᠷ ᠬᠤᠨᠤᠭ ᠤᠳ ᠢ ᠡᠵᠢ ᠲᠠᠢ ᠪᠠᠨ ᠲᠤᠭᠠᠯᠠᠬᠤ ᠳᠤ ᠡᠪᠦᠯ ᠨᠢ ᠪᠤᠭᠤᠨᠢᠰᠤᠳᠠᠭ ᠮᠦᠷᠦᠭᠡᠳᠦᠯ ᠤᠨ ᠰᠠᠷ᠎ᠠ         ᠴᠠᠯᠭᠢᠯᠠᠬᠤ ᠪᠠᠶᠠᠷ   ᠢᠶᠠᠷ  ᠤᠷᠳᠦ ᠶᠢᠨ ᠲᠠᠭᠤᠤ ᠨᠢ  ᠰᠢᠷᠤᠩᠬᠠᠶᠢᠯᠠᠬᠤ   ᠳᠤ  ᠨᠠᠰᠤ ᠤᠷᠳᠤᠰᠢᠳᠠᠭ ᠪᠤᠶᠠᠨᠳᠤ ᠰᠠᠷ᠎ᠠ ᠴᠠᠶᠢᠷᠠᠬᠤ ᠦᠷ ᠢᠶᠠᠷ ᠲᠡᠭᠷᠢ ᠳᠤ ᠪᠠᠨ ᠮᠦᠷᠭᠦᠬᠦ ᠳᠤ  ᠠᠭᠤᠯᠠᠰ ᠨᠢ ᠦᠨᠳᠡᠶᠢᠨ ᠨᠤᠳᠤᠭ ᠢᠶᠠᠨ ᠡᠷᠭᠦᠳᠡᠭ  ᠰᠦᠯᠳᠡ  ᠰᠠᠷ᠎ᠠ ᠴᠠᠢ   ᠪᠠᠨ ᠰᠠᠮᠠᠷᠠᠬᠤ ᠳᠤ ᠭᠤᠤᠯ ᠮᠦᠷᠡᠨ ᠨᠢ ᠤᠶᠠᠰᠤᠨ ᠤᠶᠠᠩᠭ᠎ᠠ   ᠢᠶᠠᠷ ᠰᠦᠯᠡᠭᠳᠡᠳᠡᠭ  ᠬᠦᠭᠵᠢᠶᠡᠨᠳᠦ ᠰᠠᠷ᠎ᠠ᠂ ᠴᠠᠩᠳᠤᠭᠰᠠᠨ ᠡᠪᠤᠯ ᠨᠤᠶᠢᠷ ᠠᠴᠠ ᠪᠠᠨ  ᠰᠡᠷᠢᠬᠦ   ᠳᠤ ᠢᠷᠭᠤᠢ  ᠨᠢᠳᠦᠯᠡᠨ ᠬᠠᠪᠤᠷ ᠨᠢ ᠡᠷᠳᠡᠯᠡᠳᠡᠭ   ᠬᠦᠭᠵᠢᠯᠳᠦ  ᠰᠠᠷ᠎ᠠ ᠴᠢᠮᠬᠢᠭᠡᠷᠢ ᠲᠠᠢ ᠭᠤᠳᠤᠯ   ᠢᠶᠠᠨ ᠡᠮᠦᠰᠦᠭᠡᠳ ᠮᠤᠩᠭᠤᠯ ᠢᠶᠠᠷ ᠢᠶᠠᠨ ᠭᠤᠶᠤᠬᠤ ᠳᠤ ᠨᠠᠷᠠ  ᠨᠠᠭᠠᠰᠢᠯᠠᠳᠠᠭ ᠭᠡᠷᠡᠯᠳᠦ ᠰᠠᠷ᠎ᠠ᠂ ᠴᠠᠭᠠᠨ ᠮᠦᠷ ᠲᠠᠢ  ᠶᠠᠪᠤᠬᠤ ᠶᠢ ᠨᠢ ᠲᠠᠭᠠᠳᠬᠠᠨ ᠰᠠᠴᠤᠯᠢ ᠡᠷᠭᠦᠳᠡᠭ  ᠬᠡᠤᠬᠡᠳ ᠬᠡᠤᠬᠡᠳ ᠤᠳ ᠤᠨ ᠡᠵᠢ ᠰᠠᠷ᠎ᠠ ᠴᠢᠷᠮᠠᠶᠢᠬᠤ ᠵᠤᠷᠢᠭᠳᠡᠳ   ᠤᠨ ᠢᠳᠡᠭᠡᠯ  ᠰᠡᠳᠬᠢᠯ ᠳᠤ ᠶᠢᠰᠦᠨ ᠬᠦᠰᠡᠯ ᠨᠢ ᠪᠡᠶᠡᠯᠡᠳᠡᠭ ᠬᠡᠶᠢᠮᠦᠷᠢᠳᠦ ᠰᠠᠷ᠎ᠠ  ᠃ ᠴᠠᠭ ᠤᠨ ᠰᠠᠶᠢᠬᠠᠨ ᠳᠤ ᠢᠩᠭᠢᠵᠦ ᠵᠤᠨ ᠤᠯᠠᠨ ᠢᠶᠠᠷ ᠢᠶᠠᠨ  ᠪᠠᠶᠠᠷᠯᠠᠵᠠᠭᠠᠳᠠᠭ ᠮᠢᠨᠤ ᠮᠤᠩᠭᠤᠯ ᠤᠨ ᠮᠢᠨᠢ ᠰᠦᠨ ᠰᠠᠷ᠎ᠠ   ᠴᠠᠭᠯᠠᠰᠢ ᠦᠭᠡᠢ  ᠪᠠᠶᠠᠷ ᠲᠡᠭᠡᠷ᠎ᠡ ᠠᠵᠠ ᠵᠢᠷᠭᠠᠯ ᠲᠠᠢ ᠢᠷᠡᠬᠦ ᠵᠢᠯ ᠤᠨ ᠡᠬᠢᠨ ᠤ ᠦᠩᠭᠡᠰᠢᠭ ᠰᠠᠷ᠎ᠠ᠂ ᠠᠶᠠᠭᠠᠨ ᠳᠤ ᠱᠠᠭᠠᠷᠠᠭ ᠪᠤᠰᠬᠤ ᠳᠤ ᠤᠶᠠᠭᠠᠨ ᠳᠤ ᠬᠡᠶᠢᠴᠢᠨ ᠪᠠᠭᠤᠳᠠᠭ ᠠᠶᠢᠯ ᠠᠶᠢᠯ ᠤᠨ ᠵᠤᠯᠭᠠᠯᠳᠠ ᠶᠢᠨ ᠰᠠᠷ᠎ᠠ ᠠᠮᠠᠨ ᠪᠡᠯᠭᠡ   ᠶᠢᠨ ᠵᠦᠩᠨᠡᠯ ᠠᠴᠠ ᠠᠰᠢᠳᠠ ᠶᠢᠨ ᠪᠡᠯᠭᠡ ᠲᠤᠳᠤᠷᠠᠳᠠᠭ ᠬᠦᠮᠦᠨ ᠵᠤᠨ ᠤ ᠡᠩᠬᠡ ᠮᠡᠨᠳᠦ ᠶᠢᠨ ᠰᠠᠷ᠎ᠠ ᠠᠩᠬᠠᠨ ᠤ ᠲᠦᠯ ᠢᠶᠠᠨ ᠤᠤᠭᠤᠷᠠᠭ ᠢᠶᠠᠷ ᠮᠢᠯᠢᠶᠠᠬᠤ ᠳᠤ  ᠰᠦᠷᠦᠭ ᠨᠢ  ᠨᠠᠯᠠᠶᠢᠳᠠᠭ ᠦᠷᠡᠵᠢᠯᠳᠦ ᠰᠠᠷ᠎ᠠ ᠠᠶᠤᠰᠢ ᠬᠠᠳᠠᠭ ᠠᠯᠳᠠᠯᠠᠬᠤ ᠳᠤ  ᠠᠬᠠᠮᠠᠳ ᠤᠨ ᠢᠷᠤᠭᠡᠯ ᠪᠠᠳᠤᠵᠢᠳᠠᠭ ᠤᠯᠠᠮᠵᠢᠯᠠᠯᠳᠤ ᠮᠤᠩᠭᠤᠯ ᠤᠨ ᠴᠠᠭᠠᠨ  ᠰᠠᠷ᠎ᠠ ᠠᠷᠪᠠᠨ ᠴᠠᠭᠠᠨ ᠪᠤᠶᠠᠨ ᠲᠠᠢ ᠠᠮᠠ ᠴᠠᠭᠠᠨ ᠬᠤᠯᠤᠭᠠᠨ᠎ᠠ ᠵᠢᠯ ᠤᠨ ᠰᠠᠶᠢᠨ ᠰᠠᠶᠢᠬᠠᠨ ᠢ ᠬᠤᠷᠤᠶᠢᠯᠠᠭᠰᠠᠨ ᠰᠠᠷ᠎ᠠ᠃ ᠤᠮ ᠰᠠᠶᠢᠨ ᠠᠮᠤᠭᠤᠯᠠᠩ ᠪᠤᠯᠳᠤᠭᠠᠢ᠂ ᠡᠩᠬᠡ ᠰᠠᠶᠢᠨ ᠵᠢᠷᠭᠠᠯᠠᠩ ᠪᠤᠯᠳᠤᠭᠠᠢ︕                             ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠳ᠋ᠠᠪᠠᠨ ᠤ ᠮᠤᠩᠭᠤᠯ ᠲᠤᠷᠰᠢᠯᠳᠠ ᠶᠢᠨ ᠪᠠᠭ᠎ᠠ ᠰᠤᠷᠭᠠᠭᠤᠯᠢ                                                            13847658178
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号