ᠰᠢᠨ᠎ᠡ ᠣᠨ
ᠨᠡᠶᠢᠲᠡᠯᠡᠭᠰᠡᠨ ᠴᠠᠭ᠄
2020-07-07
ᠠᠯᠳ᠋ᠭᠭᠠᠷᠣᠳᠢ             ᠴᠠᠰᠣ ᠭᠡᠰᠭᠢᠯᠡᠨ ᠨᠠᠰᠣ ᠠᠪᠴᠢᠷᠠᠵᠣ ᠦᠭᠭᠦᠯ᠎ᠡ ᠴᠠᠭᠠᠨ ᠲᠠᠭᠤᠳᠠᠭᠤᠯᠵᠣ ᠰᠠᠷ᠎ᠠ ᠠᠪᠴᠢᠷᠠᠵᠣ ᠦᠭᠭᠦᠯ᠎ᠡ ᠴᠠᠭ ᠶᠠᠪᠣᠵᠣ ᠰᠢᠨ᠎ᠡ ᠨᠢᠭᠡ ᠠᠯᠬᠤᠯ᠎ᠠ ᠴᠠᠳ ᠮᠦᠩᠭᠦᠨ ᠡᠳᠦᠷ ᠢᠩᠭᠢᠵᠣ ᠡᠬᠢᠯᠡᠯ᠎ᠡ ᠨᠢᠳᠣᠨᠣᠨ ᠵᠢᠯ ᠢ ᠬᠠᠭᠤᠴᠢᠨ ᠮᠠᠶ᠋ᠢᠭ ᠢᠶᠠᠷ ᠦᠳᠡᠯ᠎ᠡ ᠨᠣᠮᠢᠨ ᠲᠡᠭᠷᠢ ᠦᠳᠡᠯᠳᠡᠭ ᠦᠭᠡᠢ ᠶᠢ ᠮᠡᠳᠡᠪᠡᠴᠦ  ︽ᠦᠰᠢᠯ᠎ᠡ︾ ᠨᠣᠶᠠᠨ ᠬᠤᠷᠮᠤᠰᠳᠠ ᠠᠴᠠ ᠴᠠᠭ ᠬᠤᠭᠤᠴᠠᠭ᠎ᠠ ᠶᠢ ᠬᠡᠷᠴᠢᠯ᠎ᠡ ᠨᠣᠭᠳᠠᠨ ᠪᠣᠳᠠᠷᠠᠭᠰᠠᠨ ᠢ ᠨᠢ ᠡᠳᠦᠷ ᠬᠤᠨᠤᠭ ᠬᠡᠮᠡᠯ᠎ᠡ ᠰᠢᠨ᠎ᠡ ᠣᠨ ᠰᠢᠨ᠎ᠡ ᠬᠡᠯᠪᠡᠷᠢ ᠢᠶᠠᠷ ᠢᠶᠠᠨ ᠰᠠᠭᠠᠳᠠᠯ᠎ᠠ ᠰᠢᠵᠢᠷ ᠨᠠᠷᠠᠨ ᠦᠭᠡᠷ᠎ᠡ ᠪᠠᠶᠢᠷᠢ ᠪᠠᠷ ᠰᠠᠭᠠᠳᠠᠯ᠎ᠠ ᠰᠢᠯᠵᠢᠨ  ᠪᠣᠯᠵᠤᠬᠤ ᠶᠢ ᠦᠭᠡᠶᠢᠰᠭᠡᠬᠦ ᠠᠷᠭ᠎ᠠ ᠦᠭᠡᠢ ᠢᠳᠡᠭᠡᠯ᠎ᠡ ᠰᠢᠯᠦᠭ ᠮᠡᠳᠦ ᠣᠷᠴᠢᠯᠠᠩ ᠤᠨ ᠨᠡᠭᠦᠳᠡᠯ ᠢᠩᠭᠢᠵᠣ ᠡᠭᠢᠯᠡᠯ᠎ᠡ ᠲᠣᠯᠣᠭᠠᠨ ᠪᠣᠷᠬᠠᠨ ᠣᠳᠣ ᠬᠦᠷᠳᠡᠯ᠎ᠡ ᠰᠢᠨᠡᠯᠡᠯ᠎ᠡ ᠲᠣᠯᠣᠪᠣᠷ ᠬᠤᠷᠣᠭᠤ ᠪᠠᠷ ᠢᠶᠠᠨ ᠵᠢᠷᠣᠬᠠᠢ ᠣᠷᠪᠠᠭᠤᠯᠵᠣ ᠰᠢᠨᠵᠢᠯᠡᠯ᠎ᠡ ᠲᠣᠣᠷ᠎ᠠ ᠠᠴᠠ ᠨᠢ ᠮᠦᠷᠭᠦᠬᠦ ᠮᠣᠩᠭᠤᠯ ᠰᠦᠵᠢᠭ ᠢᠶᠠᠨ ᠬᠦᠢᠴᠡᠭᠡᠯ᠎ᠡ ᠲᠣᠪᠣᠩ ᠲᠣᠪᠣᠩ ᠨᠠᠰᠣ ᠨᠡᠮᠡᠭᠳᠡᠵᠣ ᠭᠦᠳᠦᠶᠢᠯ᠎ᠡ ᠣᠨ ᠣᠨ ᠢᠶᠠᠷ ᠨᠠᠰᠣ ᠦᠭᠳᠡᠭ ᠲᠤ ᠴᠢᠨᠢ ᠵᠠᠯᠪᠠᠷᠢᠯ᠎ᠠᠣᠳᠣᠨ ᠬᠠᠷᠪᠣᠬᠤ‌ᠮᠡᠳᠦ ᠭᠠᠭᠴᠠᠬᠠᠨ‌‍ᠲ᠋ᠡᠭᠡᠷ᠎ᠡ ᠰᠣᠶᠣᠷᠬᠠᠳᠠᠭ‌ᠦᠭᠡᠢ ᠶᠢ ᠨᠢ ᠵᠠᠳᠠᠯᠣᠯ᠎ᠠ ᠲᠠᠪᠠᠭᠤᠬᠠᠨ ᠶᠠᠪᠣᠪᠠᠯ ᠰᠠᠶᠢᠬᠠᠨ ᠭᠡᠳᠡᠭ ᠢ ᠰᠢᠭᠦᠯ᠎ᠡ ᠲᠠᠷᠠᠭ᠎ᠠ ᠵᠢᠯ ᠤᠨ ᠢᠶᠠᠨ ᠨᠠᠰᠣ ᠶᠢ ᠭᠤᠶᠣᠵᠣ ᠰᠢᠨᠡᠯᠡᠯ᠎ᠡ ᠵᠢᠯ ᠵᠢᠯ ᠳᠡᠭᠡᠨ ᠵᠢᠷᠭᠢ ᠭᠡᠳᠡᠭ ᠢᠷᠦᠭᠡᠯ ᠳᠤ ᠰᠦᠭᠦᠷᠡᠯ᠎ᠡ ᠵᠢᠷᠪᠢᠭᠢᠷ ᠰᠠᠬᠠᠯ ᠲᠠᠢ ᠠᠪᠤ ᠪᠣᠭᠤᠷᠣᠯ ᠳᠠᠭᠠᠨ ᠮᠦᠷᠭᠦᠯ᠎ᠡ ᠣᠨ ᠣᠨ ᠳᠠᠭᠠᠨ ᠣᠷᠭᠢ ᠭᠡᠳᠡᠭ ᠵᠦᠩᠨᠡᠯ ᠳᠤ ᠰᠦᠭᠦᠳᠦᠯ᠎ᠡ ᠣᠩᠭᠤᠳ ᠲᠠᠢ ᠮᠢᠨᠢ ᠲᠦᠷᠦᠭᠦᠯᠦᠭᠰᠡᠨ ᠪᠣᠷᠬᠠᠨ ᠢᠵᠢᠢ ᠪᠠᠨ ᠰᠢᠳᠦᠯ᠎ᠡ ᠢᠷᠠᠭᠤ ᠨᠠᠶᠢᠷᠠᠭ ᠰᠢᠨ᠎ᠡ ᠢᠶᠠᠷ ᠢᠶᠠᠨ ᠪᠠᠶᠢᠬᠤ ᠶᠢ ᠲᠠᠯᠠᠯᠣᠶ᠎ᠠ ᠠᠮᠢᠳᠣ ᠬᠡᠯᠡ ᠣᠳᠣᠮ ᠢᠶᠠᠷ ᠢᠶᠠᠨ ᠪᠠᠶᠢᠬᠤ ᠶᠢ ᠲᠠᠭᠠᠳᠬᠠᠶ᠎ᠠ ᠠᠯᠢᠪᠠ ᠪᠦᠬᠦᠨ ᠦᠭᠡᠳᠡ ᠲᠠᠢ ᠪᠠᠶᠢᠬᠤ ᠶᠢ ᠵᠡᠭᠦᠳᠣᠯᠡᠶ᠎ᠡ ᠠᠯᠢ ᠴᠦ ᠭᠠᠯᠪᠠ ᠳᠤ ᠮᠣᠩᠭᠤᠯ ᠢᠶᠠᠷ ᠢᠶᠠᠨ ᠪᠠᠶᠢᠬᠤ ᠶᠢ ᠵᠦᠩᠨᠡᠶ᠎ᠡ︕ ᠬᠠᠷᠢᠯᠴᠠᠬᠤ ᠬᠠᠶ᠋ᠢᠭ  ᠂  ᠣᠯᠠᠭᠠᠨᠬᠠᠳᠠ᠂ ᠪᠠᠭᠠᠷᠢᠨ ᠪᠠᠷᠠᠭᠤᠨ ᠬᠤᠰᠢᠭᠤ                     ᠳ᠋ᠠᠪᠠᠨ ᠪᠠᠯᠭᠠᠰᠣ ᠪᠠᠶᠠᠨᠬᠠᠨ ᠭᠠᠴᠠᠭ᠎ᠠ      ᠣᠳᠠᠰᠣ —      17647698505
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号