ᠵᠢᠷᠠᠨ ᠨᠠᠰᠣᠨ ᠤ ᠲᠠᠭᠤᠯᠠᠯ
ᠨᠡᠶᠢᠲᠡᠯᠡᠭᠰᠡᠨ ᠴᠠᠭ᠄
2020-07-07
                                    —  ᠴᠠᠭᠠᠨ ᠬᠤᠯᠣᠭᠠᠨ᠎ᠠ ᠵᠢᠯᠳᠡᠳ ᠲᠡᠭᠡᠨ ᠡᠷᠬᠦᠬᠦ ᠰᠢᠨ᠎ᠡ ᠵᠢᠯ ᠤᠨ ᠣᠶᠠᠩᠭ᠎ᠠ                                                  ᠬᠦᠬᠡᠳᠠᠪᠠᠯᠭᠠᠨ                1 ᠲᠠᠶᠠᠩ ᠲᠦᠮᠡᠨ ᠢᠶᠠᠷ ᠢᠶᠠᠨ ᠲᠦᠮᠨ ᠨᠠᠰᠣᠯᠠᠳᠣᠭᠠᠢ ᠭᠡᠮᠡᠨ ᠲᠣᠭᠳᠣᠯᠵᠣ ᠪᠠᠶᠢᠭᠰᠠᠨ ᠦᠶ᠎ᠡ ᠲᠣᠯᠭᠠᠭᠤᠷᠢ ᠪᠠᠭᠠᠨ᠎ᠠ ᠰᠢᠭ᠋ ᠠᠪᠤ ᠪᠠᠨ ᠪᠢ ᠮᠦᠩᠭᠡᠷᠡᠨ᠎ᠡ ᠭᠡᠮᠡᠨ ᠢᠳᠡᠭᠡᠵᠣ ᠪᠠᠶᠢᠯ᠎ᠠ ᠲᠡᠭᠷᠢ ᠭᠠᠩᠳᠠᠵᠣ  ᠲᠠᠷᠢᠶ᠎ᠠ ᠠᠯᠳᠠᠭᠰᠠᠨ ᠭᠠᠴᠢᠭ ᠬᠦᠴᠢᠷ ᠲᠠᠢ ᠣᠨ ᠢᠶᠠᠷ ᠲᠦᠷᠦᠬᠦᠯᠵᠣ ᠦᠰᠭᠡᠭᠰᠡᠨ ᠡᠵᠢ ᠪᠠᠨ ᠪᠢ ᠡᠩᠬᠡᠵᠢᠨ᠎ᠡ ᠭᠡᠮᠡᠨ ᠪᠢᠰᠢᠷᠡᠵᠣ ᠪᠠᠶᠢᠯ᠎ᠠ᠃ ᠣᠬᠢᠯᠠᠵᠣ ᠲᠠᠭᠤᠯᠠᠵᠣ ᠲᠣᠪᠳᠣᠯᠵᠣ ᠶᠠᠪᠣᠭᠰᠠᠨ ᠨᠢᠭᠡᠨ ᠵᠢᠷᠠᠨ ᠨᠢᠰᠴᠣ ᠣᠳᠪᠠ ᠢᠨᠢᠶᠡᠵᠣ ᠪᠠᠶᠠᠰᠴᠣ ᠲᠣᠩᠭᠠᠵᠣ ᠰᠠᠭᠤᠬᠤ ᠰᠢᠨ᠎ᠡ ᠵᠢᠷᠠᠨ ᠡᠭᠦᠳᠡ ᠪᠠᠨ ᠰᠡᠭᠦᠪᠡ᠃              2 ᠠᠪᠤ ᠶᠢᠨ ᠢᠶᠠᠨ ᠠᠴᠢ ᠶᠢ ᠬᠠᠷᠢᠭᠤᠯᠵᠣ ᠴᠢᠳᠠᠬᠤ ᠦᠬᠡᠢ ᠨᠠᠰᠣ ᠪᠣᠯᠵᠠᠢ ᠠᠶᠣᠣᠯᠢᠬᠠᠢ ᠴᠡᠭᠡᠵᠢᠨ ᠳᠡᠭᠡᠨ ᠪᠣᠳᠣᠵᠣ ᠰᠠᠨᠠᠵᠣ ᠶᠠᠪᠣᠬᠤ ᠯᠨ ᠬᠤᠪᠢ ᠲᠠᠢ ᠪᠣᠯᠵᠠᠢ ᠡᠵᠢ ᠶᠢᠨ ᠢᠶᠠᠨ ᠡᠨᠡᠷᠢᠯ ᠢ ᠡᠭᠡᠬᠦᠯᠵᠣ ᠴᠢᠳᠠᠬᠤ ᠦᠬᠡᠢ ᠵᠢᠯ ᠪᠣᠯᠵᠠᠢ ᠡᠯᠢᠭᠡ ᠵᠢᠷᠦᠭᠡᠨ ᠳᠡᠭᠡᠨ ᠪᠢᠴᠢᠵᠣ ᠰᠡᠶᠢᠯᠵᠣ ᠶᠠᠪᠣᠬᠤ ᠯᠨ ᠵᠠᠶᠠᠭ᠎ᠠ ᠲᠠᠢ ᠪᠣᠯᠵᠠᠢ᠃ ᠪᠠᠭ᠎ᠠ ᠭᠡᠮᠡᠨ ᠴᠢᠮᠠᠯᠠᠯ ᠦᠬᠡᠢ ᠬᠢᠴᠢᠶᠡᠵᠣ ᠴᠢᠷᠮᠠᠶᠢᠭᠰᠠᠨ ᠵᠦᠢᠯ ᠠᠷᠪᠢᠨ ᠶᠡᠭᠡ ᠭᠡᠮᠡᠨ ᠡᠮᠢᠶᠡᠯ ᠦᠬᠡᠢ ᠵᠣᠷᠢᠭᠯᠠᠵᠣ ᠰᠢᠢᠳᠦᠭᠰᠡᠨ ᠣᠴᠢᠷ ᠴᠦ ᠣᠯᠠᠨ᠃            3 ᠠᠭᠰᠢᠷᠠᠭ᠎ᠠ ᠨᠠᠰᠣᠳᠠᠢ ᠠᠪᠤ ᠪᠠᠨ ᠪᠢ ᠨᠡᠷᠨ ᠭᠡᠮᠡᠨ ᠰᠠᠨᠠᠳᠠᠭ ᠪᠠᠶᠢᠪᠠ ᠠᠬ᠎ᠠ ᠲᠡᠬᠦᠦ ᠡᠭᠡᠴᠢ ᠲᠡᠬᠦᠦ ᠨᠠᠷ ᠠᠴᠠ ᠪᠠᠨ ᠴᠦ ᠬᠠᠷᠠᠮᠨᠠᠳᠠᠭ ᠪᠠᠶᠢᠪᠠ ᠡᠴᠡᠩᠬᠡᠢ ᠪᠣᠭᠤᠷᠣᠯ ᠡᠵᠢ ᠪᠠᠨ ᠪᠢ ᠰᠠᠷᠨ ᠭᠡᠮᠡᠨ ᠵᠦᠢᠷᠯᠡᠳᠡᠭ ᠪᠠᠶᠢᠪᠠ ᠡᠨᠡᠷᠢᠯ ᠤᠨ ᠲᠠᠯᠠᠢ ᠴᠦ ᠶᠣᠮ ᠭᠡᠵᠣ ᠭᠠᠶᠢᠬᠠᠭᠤᠯᠳᠠᠭ ᠪᠠᠶᠢᠪᠠ᠃ ᠠᠪᠤ ᠳᠠᠭᠠᠨ ᠠᠳᠠᠯᠢ ᠠᠴᠢᠯᠴᠢ ᠴᠢᠭᠡᠴᠢ ᠬᠦᠮᠦᠨ ᠪᠣᠯᠬᠤ ᠭᠡᠵᠣ ᠵᠠᠮᠨᠠᠪᠠ ᠡᠵᠢ ᠳᠡᠭᠡᠨ ᠠᠳᠠᠯᠢ ᠦᠭᠬᠢᠶᠡᠮᠦᠷ ᠰᠢᠳᠣᠷᠭᠤ ᠬᠦᠮᠦᠨ ᠪᠣᠯᠬᠤ ᠭᠡᠮᠡᠨ ᠴᠦ ᠵᠢᠳᠬᠦᠪᠡ᠃           4 ᠲᠠᠶᠢᠴᠢᠩ ᠬᠦᠷᠦᠨ ᠭᠤᠷᠪᠠᠨ ᠵᠠᠭᠤᠨ ᠣᠨ ᠦᠶ᠎ᠡ ᠵᠠᠯᠭᠠᠭᠰᠠᠨ  ᠲᠡᠳᠦᠢ ᠳᠤ ᠲᠦᠷᠦ ᠶᠢᠨ ᠬᠠᠭᠠᠨ ᠬᠠᠳᠣᠳ ᠲᠠᠪᠣᠨ ᠵᠠᠭᠤ ᠨᠠᠰᠣᠯᠠᠬᠤ ᠶᠢ ᠭᠤᠷᠢᠯᠠᠳᠠᠭ ᠭᠡᠨ᠎ᠡ ᠲᠦᠪᠰᠢᠨ‌‍ᠲ᠋ᠠᠩᠰᠤᠭ ᠰᠢᠨ᠎ᠡ ᠡᠷᠡᠨ ᠮᠢᠩᠭᠠᠨ ᠨᠠᠮᠣᠷ ᠰᠠᠭᠠᠳᠠᠬᠤᠶ᠎ᠠ ᠲᠣᠪᠤ ᠶᠢᠨ ᠮᠠᠯᠴᠢᠨ ᠤ ᠵᠢᠷ ᠤᠨ ᠬᠦᠦ ᠪᠢ ᠲᠠᠭᠢᠭᠠᠳ ᠲᠠᠪᠤᠨᠳᠠ ᠵᠢᠯ ᠢᠶᠠᠨ ᠵᠢᠷᠬᠢᠨᠡᠮ᠃ ᠠᠵᠢᠯ ᠪᠣᠯ  ᠠᠯᠪᠠ ᠪᠢᠰᠢ ᠲᠣᠯᠨ ᠲᠡᠮᠡᠴᠡᠵᠣ ᠯᠨ ᠪᠠᠶᠠᠰᠣᠨ᠎ᠠ ᠠᠮᠢᠳᠣᠷᠡᠯ ᠪᠣᠯ ᠨᠠᠭᠠᠳᠣᠮ ᠪᠣᠰᠣ ᠲᠣᠯᠨ ᠵᠢᠳᠬᠦᠵᠣ ᠯᠨ ᠵᠢᠷᠭᠠᠨ᠎ᠠ ᠡ᠃                                                       2019  12 15                         ᠬᠦᠬᠡᠳᠠᠪᠠᠯᠭᠠᠨ᠄ ᠪᠠᠭᠠᠷᠢᠨ ᠪᠠᠷᠠᠭᠤᠨ ᠬᠤᠰᠢᠭᠤᠨ ᠤ ᠣᠯᠣᠰ ᠲᠦᠷᠦ ᠶᠢᠨ ᠵᠦᠪᠯᠡᠯᠭᠡᠨ  13947624354                    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号