ᠲᠡᠭᠷᠢ ᠳᠤ   ᠪᠠᠶᠢᠭ᠎ᠠ ᠠᠪᠤ ᠡᠵᠢ ᠳᠡᠭᠡᠨ
ᠨᠡᠶᠢᠲᠡᠯᠡᠭᠰᠡᠨ ᠴᠠᠭ᠄
2020-07-21
ᠳ᠋᠊  ·  ᠤᠶᠤᠩᠭᠤᠸ᠎ᠠ ᠠᠷᠪᠠᠨ ᠰᠠᠷ᠎ᠠ ᠬᠠᠯᠠᠭᠤᠨ ᠬᠡᠪᠡᠯᠢ ᠳᠡᠭᠡᠨ ᠠᠷᠭ᠎ᠠ ᠦᠭᠡᠢ ᠮᠠᠨᠤᠰ ᠢᠶᠠᠨ ᠠᠮᠢᠯᠠᠭᠤᠯᠤᠨ ᠦᠰᠭᠡᠭᠰᠡᠨ ᠠᠴᠢᠳᠤ ᠪᠤᠭᠤᠷᠤᠯ ᠠᠪᠤ ᠡᠵᠢ ᠳᠡᠭᠡᠨ ᠠᠴᠢ ᠶᠢ ᠨᠢ ᠬᠠᠷᠢᠭᠤᠯᠵᠤ ᠠᠮᠵᠢᠭ᠎ᠠ ᠦᠭᠡᠢ ᠲᠡᠭᠷᠢ ᠳᠤ ᠶᠠᠪᠤᠭᠤᠯᠴᠢᠬᠠᠪᠠ︕ ᠠᠢ᠂ ᠬᠦᠭᠡᠷᠤᠬᠦᠢ︕ ᠪᠤᠳᠤᠯ ᠰᠠᠳᠬᠢᠯ ᠠᠴᠠ ᠭᠠᠷᠳᠠᠭ ᠦᠭᠡᠢ ᠲᠡᠭᠷᠢ ᠳᠤ ᠪᠠᠶᠢᠭ᠎ᠠ ᠠᠪᠤ ᠡᠵᠢ ᠬᠤᠶᠡᠷ ᠢ ᠪᠠᠨ ᠪᠤᠯᠳᠠᠭ ᠰᠠᠨ ᠪᠤᠯ ᠪᠤᠴᠠᠭᠠᠵᠤ ᠠᠪᠴᠢᠷᠠᠬᠤ ᠶᠤᠮ ᠰᠠᠨ ᠭᠡᠵᠤ ᠵᠡᠬᠦᠳᠤᠯᠡᠳᠡᠭ ᠪᠠᠶᠢᠯ᠎ᠠ︕ ᠪᠤᠴᠠᠭᠠᠵᠤ ᠠᠪᠴᠢᠷᠠᠵᠤ ᠲᠠᠶᠢᠯᠬᠦ ᠦᠭᠡᠢ ᠪᠤᠯᠪᠠᠴᠤ ᠪᠤᠳᠤᠯ ᠰᠠᠳᠬᠢᠯ ᠠᠴᠠ ᠪᠠᠨ ᠭᠠᠷᠭᠠᠳᠠᠭ ᠦᠭᠡᠢ ᠠᠮᠢᠳᠤ ᠰᠠᠷᠠᠬᠦᠨ ᠪᠠᠶᠢᠬᠤ ᠦᠶ᠎ᠠ ᠶᠢᠨ ᠬᠡᠯᠡᠵᠤ ᠰᠤᠷᠭᠠᠳᠠᠭ ᠪᠦᠬᠦᠨ ᠴᠢᠨᠢ ᠠᠯᠠᠭ ᠦᠷ᠎ᠠ ᠤᠨ ᠴᠢᠨᠢ ᠰᠠᠳᠬᠢᠯ ᠳᠤ ᠬᠠᠳᠠᠭᠤ ᠰᠤᠷᠭᠠᠯ ᠪᠤᠯᠵᠤ ᠬᠤᠴᠤᠷᠤᠯ᠎ᠠ ᠁ ᠠᠪᠤ ᠡᠵᠢ ᠶᠢᠨ ᠮᠢᠨᠢ ᠦᠢᠯᠠ ᠠᠵᠢᠯᠯᠠᠭ᠎ᠠ ᠪᠦᠬᠦᠨ ᠦᠷ᠎ᠠ ᠪᠢᠳᠠᠨ ᠳᠡᠭᠡᠨ ᠦᠯᠢᠭᠡᠷ ᠵᠢᠱᠢᠶ᠎ᠠ ᠪᠤᠯᠵᠤ ᠬᠤᠴᠤᠷᠤᠯ᠎ᠠ︕ ᠦᠷᠤᠭᠡᠯ ᠪᠤᠰᠤᠳ ᠤᠨ ᠨᠢᠳᠤᠨ ᠳᠤ ᠬᠦᠳᠡᠭᠡ ᠶᠢᠨ ᠡᠭᠡᠯ ᠵᠢᠷ ᠤᠨ ᠮᠠᠯᠴᠢᠨ ᠬᠦᠮᠤᠨ ᠪᠠᠶᠢᠯ᠎ᠠ ᠴᠤ ᠭᠡᠰᠡᠨ ᠦᠨᠤᠴᠢᠨ ᠭᠡᠤᠭᠡᠳ ᠤᠨ ᠴᠢᠨᠢ ᠰᠠᠳᠬᠢᠯ ᠳᠤ ᠦᠯᠢᠭᠡᠷᠯᠡᠵᠤ ᠬᠡᠯᠡᠬᠦ ᠳᠤ ᠠᠯᠳᠠ ᠮᠦᠡᠭᠬᠦ ᠡᠳ᠋ ᠬᠤᠬᠰᠢᠯ ᠭᠡᠳᠤᠢ ᠠᠷᠪᠢᠨ ᠪᠠᠶᠢᠯ᠎ᠠ ᠴᠤ ᠭᠡᠳ ᠠᠯᠠᠭ ᠦᠷ᠎ᠠ ᠶᠢᠨ ᠴᠢᠨᠢ ᠰᠠᠳᠬᠢᠯ ᠳᠤ ᠠᠪᠤ ᠡᠵᠢ ᠶᠢᠨ ᠮᠢᠨᠢ ᠬᠠᠶᠢᠷ᠎ᠠ ᠠᠯᠳᠠ ᠮᠦᠡᠭᠬᠦ ᠠᠴᠠ ᠬᠦᠨ ᠵᠤᠵᠠᠭᠠᠨ︕ ᠠᠪᠤ ᠡᠵᠢ ᠮᠢᠨᠢ ᠠᠮᠢᠳᠤ ᠪᠠᠶᠢᠬᠤ ᠦᠶ᠎ᠠ ᠳᠤ ᠦᠷ᠎ᠠ ᠴᠢᠨᠢ ᠪᠢᠳᠠ ᠬᠠᠮᠤᠭ ᠤᠨ ᠪᠠᠶᠠᠨ ᠬᠠᠮᠤᠭ ᠤᠨ ᠵᠢᠷᠭᠠᠯ ᠲᠠᠢ ᠪᠠᠶᠢᠬᠰᠠᠨ︕ ᠪᠠᠶᠠᠷ ᠲᠤᠷᠠᠰᠬᠠᠯ ᠵᠢᠯ ᠴᠠᠭᠠᠨ ᠰᠠᠷ᠎ᠠ ᠪᠠᠨ ᠬᠦᠮᠤᠨ ᠪᠦᠬᠦᠨ ᠪᠠᠶᠠᠷᠯᠠᠬᠤ ᠳᠤ ᠦᠨᠤᠴᠢᠨ ᠬᠤᠴᠤᠷᠤᠭᠰᠠᠨ ᠦᠷ᠎ᠠ ᠶᠢᠨ ᠴᠢᠨᠢ ᠰᠠᠳᠬᠢᠯ ᠵᠢᠷᠤᠭᠡ ᠶᠢ ᠵᠡᠬᠦᠤ ᠪᠠᠷ ᠰᠢᠪᠡᠬᠦ ᠠᠳᠠᠯᠢ ᠡᠪᠡᠳᠳᠡᠭ ᠪᠠᠶᠢᠯ᠎ᠠ ᠨᠢᠭᠤᠷ ᠲᠦᠬᠦᠷᠡᠩ ᠪᠠᠶᠠᠰᠤᠯ ᠤᠨ ᠴᠢᠷᠡᠢ ᠲᠠᠢ ᠪᠤᠯᠪᠠᠴᠤ ᠨᠢᠯᠪᠤᠰᠤ ᠲᠤᠳᠤᠭᠰᠢ ᠤᠷᠤᠰᠴᠤ ᠵᠢᠷᠤᠭᠡᠨ ᠳᠤ ᠰᠢᠩᠭᠡᠳᠡᠭ ᠪᠠᠶᠢᠬᠰᠠᠨ ᠦᠨᠤᠴᠢᠷᠠᠯ ᠤᠨ ᠰᠠᠳᠬᠢᠯ ᠢ ᠦᠨᠤᠴᠢᠨ ᠬᠤᠴᠤᠷᠤᠭᠰᠠᠨ ᠬᠦᠮᠤᠰ ᠯᠠ ᠦᠢᠯᠠᠭᠠᠨ᠎ᠠ︕ ᠮᠦᠡᠭᠭᠡ ᠶᠢᠨ ᠷᠠᠰᠢᠶᠠᠨ ᠪᠠᠶᠢᠳᠠᠭ ᠰᠠᠨ ᠪᠤᠯ ᠮᠦᠨᠴᠤ ᠠᠪᠤ ᠡᠵᠢ ᠳᠡᠭᠡᠨ ᠤᠤᠭᠤᠯᠭᠠᠬᠤ ᠪᠠᠶᠢᠬᠰᠠᠨ ᠁ ᠠᠮᠢᠳᠤ ᠰᠠᠷᠠᠬᠦᠨ ᠪᠠᠶᠢᠬᠤ ᠳᠤ ᠴᠢᠨᠢ ᠠᠯᠢ ᠶᠢ ᠨᠢ ᠴᠤ ᠠᠮᠵᠢᠵᠤ ᠬᠠᠷᠢᠭᠤᠯᠵᠤ ᠲᠠᠶᠢᠯᠤᠭᠡ ᠦᠭᠡᠢ ᠠᠯᠠᠭ ᠦᠷ᠎ᠠ ᠴᠢᠨᠢ ᠪᠢᠳᠠ ᠠᠶᠤᠤᠯᠢᠬᠠᠢ ᠲᠤᠳᠤᠷ᠎ᠠ ᠪᠠᠨ ᠵᠤᠪᠠᠭ᠋ᠤ ᠶᠤᠮ ᠡ︕ ᠠᠢ᠂ ᠬᠦᠭᠡᠷᠤᠬᠦᠢ︕ ᠲᠡᠭᠷᠢ ᠳᠤ ᠪᠠᠶᠢᠭ᠎ᠠ ᠠᠪᠤ ᠡᠵᠢ ᠮᠢᠨᠢ ᠡ ᠠᠯᠠᠭ ᠭᠤᠷᠪᠠᠨ ᠦᠷ᠎ᠠ ᠴᠢᠨᠢ ᠠᠪᠤ ᠡᠵᠢ ᠳᠡᠭᠡᠨ ᠵᠠᠯᠪᠠᠷᠢᠨ ᠲᠠᠭᠠᠳᠬᠠᠬᠤ ᠨᠢ ᠰᠠᠷᠭᠠᠢ ᠴᠡᠴᠡᠭ ᠰᠢᠭ ᠰᠠᠶᠢᠬᠠᠨ ᠭᠤᠷᠪᠠᠨ ᠦᠷ᠎ᠠ ᠶᠢᠨ ᠢᠶᠠᠨ ᠲᠦᠯᠤᠭᠡ ᠰᠠᠨᠠᠭ᠎ᠠ ᠪᠢᠳᠡᠭᠡᠢ ᠵᠤᠪᠠᠭᠠᠷᠠᠢ ᠰᠠᠷᠠᠭᠤᠯ ᠰᠠᠶᠢᠬᠠᠨ ᠤᠷᠳᠤᠨ ᠳᠠᠭᠠᠨ ᠰᠠᠨᠠᠭ᠎ᠠ ᠠᠮᠤᠷ ᠨᠦᠢᠷᠰᠤᠭᠠᠷᠠᠢ︕ ᠭᠤᠷᠪᠠᠨ ᠰᠠᠶᠢᠬᠠᠨ ᠦᠷ᠎ᠠ ᠶᠢᠨ ᠴᠢᠨᠢ ᠰᠠᠯᠠᠭ᠎ᠠ ᠨᠠᠮᠠᠭ᠎ᠠ ᠨᠢ ᠰᠠᠶᠢᠬᠠᠨ ᠦᠰᠤᠨ ᠪᠤᠶᠢᠵᠢᠵᠤ ᠰᠠᠶᠢᠬᠠᠨ ᠠᠮᠢᠳᠤᠷᠠᠵᠤ ᠪᠠᠶᠢᠨ᠎ᠠ ᠦᠷ᠎ᠠ ᠴᠢᠨᠢ ᠪᠢᠳᠠ︕ ᠲᠡᠭᠷᠢ ᠳᠤ ᠪᠠᠶᠢᠭ᠎ᠠ ᠠᠪᠤ ᠡᠵᠢ ᠮᠢᠨᠢ ᠲᠠᠷᠠ ᠬᠤᠯᠠ ᠠᠯᠤᠰ ᠤᠨ ᠠᠯᠤᠰ ᠠᠴᠠ ᠰᠠᠶᠢᠨ ᠤ ᠢᠷᠤᠭᠡᠯ ᠲᠠᠢ ᠰᠠᠨᠠᠭ᠎ᠠ ᠠᠮᠤᠷ ᠰᠠᠶᠢᠬᠠᠨ ᠨᠦᠢᠷᠰᠤᠭᠠᠷᠠᠢ︕2016.7.19
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号