ᠨᠠ᠊᠂ ᠡᠷᠳᠡᠨᠢᠳᠤᠡᠠᠳᠠᠬᠤ | ᠡᠷᠳᠡᠨᠢ ᠭᠤᠸᠡᠢ ᠤᠪᠣᠭᠠᠳᠣ ᠶᠢᠨ ᠤᠷᠣᠢ ᠳᠤ ᠴᠦ᠋ ᠴᠢᠮᠡᠢ ᠭᠠᠷᠵᠤ ᠢᠷᠡᠬᠡᠳ ᠦᠬᠡᠷ ᠴᠢᠯᠠᠭᠤᠨ ᠲᠡᠭᠡᠷᠠ | ᠣᠴᠢᠵᠤ ᠰᠠᠭᠤᠡᠠᠰᠡᠨ ᠢᠶᠠᠨ ᠭᠠᠨᠭ᠍ᠰᠠᠠ ᠬᠠᠪᠳᠠᠭᠠ ᠭᠠᠯ ᠤᠨ ᠬᠡᠲᠡ ᠭᠤᠷᠪᠠ ᠪᠠᠨ ᠵᠤᠳᠣᠯᠳᠠᠭᠤᠯᠵᠤ ᠲᠦᠡᠭᠬᠢᠵᠤ | ᠭᠠᠯᠵᠢᠭᠤ ᠤᠯᠠᠭᠠᠨ ᠲᠠᠮᠠᠬᠢ ᠪᠠᠨ ᠨᠡᠷᠡᠵᠦ ᠠᠪᠤᠭᠠᠳ ᠠᠮᠠ ᠲᠦᠬᠦᠷᠡᠩ ᠰᠤᠷᠣᠡᠠᠰᠡᠨ ᠭᠠᠰᠢᠭᠤᠨ ᠤᠳᠤᠭᠠ ᠪᠠᠨ | ᠲᠤᠳᠣᠡᠠᠰᠢ ᠲᠤᠨᠣᠷᠠᠭᠤᠯᠤᠨ ᠵᠠᠯᠬᠢᠵᠤ ᠠᠮᠠ ᠬᠠᠮᠠᠷ ᠢᠶᠠᠷ ᠢᠶᠠᠨ ᠮᠠᠨᠠᠷᠠᠳᠠᠯᠠ ᠰᠠᠪᠰᠠᠭᠤᠯᠵᠤ ᠦᠯᠢᠶᠡᠪᠡ᠃ | ᠢᠡᠭᠬᠢᠵᠤ ᠬᠡᠳᠤ ᠲᠠᠬᠢᠨ ᠬᠤᠪᠳᠤᠡᠠᠰᠢᠨ ᠰᠤᠷᠣᠬᠤ ᠳᠤ ᠠᠮᠠᠨ ᠤ ᠵᠠᠪᠠᠭᠠ ᠨᠢ ᠭᠠᠷᠴᠤ᠂ ᠠᠭᠤᠰᠬᠢᠨ ᠰᠠᠭᠠ ᠨᠢ | ᠳᠠᠷᠤᠡᠠᠳᠠᠵᠤ ᠠᠯᠵᠢᠶᠠᠯ ᠵᠥᠳᠡᠬᠦᠷᠢ ᠨᠢ ᠪᠠᠭ᠋ᠠᠨ ᠲᠠᠶᠢᠯᠤᠡᠠᠳ᠋ᠬᠠᠰᠡᠨ ᠪᠤᠯᠤᠯᠳᠠᠢ ᠠᠮᠢᠰᠬᠤᠯ ᠨᠢ ᠰᠠᠶ᠋ᠢ ᠲᠡᠭᠰᠢᠷᠡᠵᠦ | ᠢᠷᠡᠬᠦ ᠳᠤ ᠬᠠᠷᠠᠭᠠᠨ ᠰᠤᠯᠠᠷᠬᠠᠰᠡᠨ ᠨᠢᠳᠦ ᠨᠢ ᠰᠡᠷᠬᠦᠵᠤ᠂ ᠠᠬᠢ ᠴᠡᠩᠬᠢᠷᠡᠯᠡᠭᠰᠡᠨ ᠴᠠᠶᠢᠳᠠᠮ ᠲᠠᠯᠠ ᠶᠢ ᠰᠢᠷᠳᠡᠬᠦ | ᠳᠤ ᠠᠯᠤᠰ ᠲᠤ ᠲᠤᠨᠤᠯᠵᠢᠬᠤ ᠲᠤᠯᠢᠨ ᠴᠠᠭᠠᠨ ᠨᠠᠭᠤᠷ ᠤᠨ ᠮᠠᠨᠳᠠᠯ ᠲᠡᠭᠡᠬᠦᠷ ᠬᠠᠪᠤᠷ ᠤᠨ ᠶᠠᠪᠤᠭᠠᠨ ᠵᠡᠷᠭᠡᠯᠭᠡᠨ | ᠲᠤᠡᠠᠯᠠᠨ ᠪᠦᠵᠢᠭᠡᠯᠡᠵᠤ ᠠᠭᠤᠯᠠᠰ ᠤᠨ ᠪᠠᠷᠠ ᠶᠢ ᠤᠷᠣᠰᠬᠠᠨ ᠮᠢᠷᠠᠯᠵᠢᠭᠤᠯᠣᠨᠠ᠃ ᠡᠨᠡᠬᠦ ᠠᠯᠢᠶᠠᠷᠠᠬᠠᠨ ᠵᠢᠷᠪᠢᠬᠢᠨᠡᠬᠦ | ᠵᠡᠷᠭᠡᠯᠭᠡᠨ ᠤ ᠨᠠᠭᠠᠭᠤᠷ ᠦᠬᠡᠷ ᠠᠳᠤᠭᠤ ᠲᠠᠷᠬᠠᠨ ᠪᠡᠯᠴᠡᠭᠡᠳ ᠵᠣ ᠨᠢᠷᠤᠭᠤ ᠪᠠᠨ ᠲᠡᠨᠢᠢᠯᠭᠡᠨ ᠰᠡᠬᠦᠯ | ᠭᠤᠶᠠᠳᠡᠯᠬᠢᠯᠡᠵᠤ᠂ ᠰᠢᠨᠡ ᠰᠤᠷᠭᠤᠭ ᠡᠪᠡᠰᠤ ᠨᠣᠭᠤᠭᠠᠨ ᠳᠤ ᠭᠡᠳᠡᠰᠤ ᠨᠢ ᠴᠠᠳᠪᠠᠴᠤ ᠰᠡᠳᠬᠢᠯ ᠨᠢ ᠴᠠᠳᠬᠤ | ᠦᠭᠡᠢ ᠨᠠᠰᠢ ᠴᠠᠰᠢ ᠦᠨᠤᠷᠯᠡᠨ ᠲᠤᠭᠤᠷᠢᠵᠣ᠂ ᠰᠤᠯᠠᠷᠬᠠᠰᠡᠨ ᠡᠷᠡᠤ ᠪᠠᠨ ᠲᠤᠷᠡ ᠲᠠᠢ ᠲᠤᠷᠡ ᠦᠭᠡᠢ ᠬᠦᠳᠡᠯᠭᠡᠭᠡᠵᠤ | ᠂ ᠰᠠᠬᠤᠯᠢᠭ ᠤᠷᠭᠤᠡᠠᠰᠡᠨ ᠡᠪᠡᠰᠣ ᠨᠣᠭᠤᠭᠠᠨ ᠤ ᠲᠣᠮᠳᠡ ᠠᠴᠠ ᠶᠠᠭᠤ ᠨᠢᠭᠡ ᠶᠢ ᠨᠢ ᠡᠷᠢᠵᠣ ᠪᠡᠶᠢᠭᠠ ᠪᠤᠯᠤᠯᠳᠠᠢ | ᠭᠠᠭᠴᠠ ᠬᠤᠶᠠᠷ ᠢᠶᠠᠷ ᠴᠢᠮᠬᠢᠯᠡᠨᠠ᠃ | ᠬᠠᠪᠤᠷ ᠤᠨ ᠨᠠᠷᠠᠨ ᠤ ᠲᠦᠭᠡᠮᠡᠯ ᠢᠯᠴᠢᠨ ᠳᠤ ᠲᠦᠮᠡᠨ ᠪᠣᠳᠠᠰ ᠠᠮᠢᠵᠢᠷᠠᠨ ᠨᠠᠬᠢᠶᠠᠯᠠᠵᠤ ᠲᠡᠭᠷᠢ ᠶᠢᠨ | ᠬᠡᠰᠢᠭ ᠭᠠᠵᠡᠷ ᠤᠨ ᠰᠢᠮᠡ ᠶᠢ ᠬᠦᠷᠳᠡᠭᠰᠡᠨ ᠤᠷᠭᠤᠮᠠᠯ ᠠᠴᠠ ᠣᠰᠤᠨ ᠴᠢᠬᠢᠭᠯᠢᠭ ᠠᠭᠤᠷ ᠠᠭᠤᠷᠰᠢᠨ ᠵᠠᠳᠠᠷᠠᠵᠤ | ᠲᠠᠯᠠ ᠶᠢᠨ ᠬᠥᠯ ᠢᠶᠠᠷ ᠵᠡᠷᠭᠡᠯᠭᠡᠨ ᠪᠤᠯᠤᠨ ᠮᠢᠷᠠᠯᠵᠢᠵᠣ ᠤᠳᠠ ᠤᠯᠢᠶᠠᠰᠤᠨ ᠤ ᠨᠠᠪᠴᠢ ᠮᠦᠴᠢᠷ ᠤᠭ᠍ᠶᠣᠷᠡᠨ | ᠲᠡᠯᠡᠭᠡᠷᠡᠭᠡᠳ ᠬᠠᠶᠠ ᠲᠤᠪᠳᠤᠯᠡᠨ ᠢᠷᠡᠬᠦ ᠨᠠᠶᠢᠷᠰᠤᠭ ᠵᠢᠪᠠᠷ ᠤᠨ ᠠᠶᠠ ᠪᠠᠷ ᠭᠠᠨᠭ᠍ᠬᠤᠨ ᠨᠠᠶᠢᠭᠤᠵᠤ ᠬᠠᠵᠢᠭᠤ ᠶᠢᠨ | ᠠᠭᠤᠯᠠᠨ ᠣᠢ ᠳᠤ ᠦᠪᠤᠭᠡᠯᠵᠢ ᠪᠦᠪᠤᠳᠤᠨᠡᠨ ᠭᠦᠬᠦᠭᠡ ᠳᠤᠩᠭᠤᠳᠡᠨ ᠨᠢᠰᠤᠯᠴᠡᠭᠡᠳ ᠮᠢᠩᠭᠠᠨ ᠶᠠᠩᠵᠤ ᠶᠢᠨ | ᠵᠢᠬᠦᠷᠳᠤᠨ ᠰᠢᠪᠠᠭᠤᠳ ᠪᠦᠳᠤᠬᠦᠨ ᠨᠠᠷᠢᠨ ᠢᠶᠠᠷ ᠭᠥᠭ ᠠᠶᠠᠯᠭᠤ ᠨᠡᠶᠢᠯᠡᠬᠦᠯᠤᠨ ᠡᠭᠡᠰᠢᠭᠯᠡᠬᠦ ᠨᠢ ᠶᠠᠭ《 | ᠡᠵᠢ》 ᠶᠢᠨ ᠪᠦᠪᠡᠢ ᠶᠢᠨ ᠳᠠᠭᠤᠣ ᠰᠢᠭ ᠰᠡᠳᠬᠢᠯ ᠢ ᠠᠷᠭᠠᠳᠠᠵᠤ ᠪᠤᠳᠣᠯ ᠢ ᠰᠤᠡᠠᠳᠤᠭᠤᠷᠠᠭᠤᠯᠣᠡᠠᠰᠡᠨ ᠡᠭᠡᠰᠢᠭ | ᠲᠠᠭᠤ ᠶᠢ ᠨᠢ ᠴᠢᠩᠬᠢᠨᠠᠨ ᠴᠢᠯᠠᠭᠤᠳᠣ ᠶᠢᠨ ᠬᠥᠳᠣᠯ ᠲᠡᠭᠡᠬᠦᠷ ᠴᠠᠩᠬᠡᠷᠡᠯᠡᠨ ᠬᠠᠷᠬᠠᠳᠡᠬᠤ ᠵᠢᠷᠤᠬᠡᠨ ᠱᠤᠪᠬᠤ | ᠠᠭᠤᠯᠠᠰ ᠢ ᠬᠠᠷᠠᠵᠣ ᠨᠤᠵᠣᠭᠤᠷᠡᠨ ᠰᠠᠭᠤᠬᠤ ᠳᠤ ᠲᠡᠷᠡ ᠰᠠᠶᠢᠬᠠᠨ ᠴᠠᠩᠬᠡᠷ ᠠᠭᠤᠯᠠ ᠴᠡᠴᠡᠭᠲᠦ ᠲᠠᠯᠠ ᠳᠤ ᠬᠡᠵᠢᠶᠡ | ᠴᠦ ᠤᠴᠢᠬᠤ ᠲᠤᠬᠢᠶᠠᠯ ᠪᠦᠷᠢᠮᠣᠰᠤᠨ ᠠᠯᠠᠭᠠ ᠪᠤᠯᠵᠡᠢ ᠭᠡᠵᠤ ᠪᠤᠳᠣᠡᠠᠰᠠᠭᠠᠷ ᠬᠠᠯᠠᠭᠤᠨ ᠴᠢᠯᠠᠭᠤᠨ ᠤ | ᠳᠠᠭᠠᠭᠠᠴᠢᠳᠠᠢ ᠢᠯᠴᠢᠨ ᠳᠤ ᠲᠦᠭᠡᠨᠡᠭᠳᠡᠭᠰᠡᠨ ᠬᠦᠭᠰᠢᠨ ᠪᠡᠶᠡ ᠡᠷᠬᠡ ᠦᠭᠡᠢ ᠰᠤᠯᠠᠷᠠᠵᠤ᠂ ᠨᠢᠳᠤᠨ ᠰᠤᠷᠮᠤᠣᠰᠤ | ᠠᠶᠠᠨᠳᠠᠭᠠᠨ ᠮᠦᠷᠬᠦᠯᠳᠣᠵᠤ ᠪᠡᠶᠡ ᠰᠡᠳᠬᠢᠯ ᠢᠶᠠᠨ ᠡᠷᠬᠦᠵᠣ ᠶᠠᠳᠠᠨ ᠬᠡᠳᠤ ᠲᠠᠬᠢᠨ ᠡᠪᠰᠢᠶᠡᠭᠰᠡᠨ ᠢᠶᠠᠷ ᠨᠤᠶᠢᠷ ᠤᠨ | ᠶᠡᠷᠳᠢᠨᠴᠤ ᠳᠤ ᠬᠦᠳᠤᠯᠡᠭᠳᠡᠨ ᠤᠷᠣᠯᠠ᠃ | ᠮᠠᠨᠳᠤᠬᠤ ᠨᠠᠷᠡᠨ ᠤ ᠭᠡᠷᠡᠯ ᠳᠤ ᠲᠦᠮᠡᠨ ᠵᠤᠶᠢᠯ ᠤᠨ ᠥᠡᠭᠭᠡ ᠪᠠᠷ ᠰᠣᠯᠤᠩᠭᠠᠷᠬᠠᠰᠡᠨ ᠤᠷᠳᠣ ᠠᠮᠠ | ᠤᠷᠣᠭᠤᠳᠡᠨ ᠤᠷᠣᠬᠤ ᠳᠤ ᠡᠷᠡ ᠬᠦᠮᠣᠨ ᠤ ᠵᠢᠷᠭᠠᠯ ᠤᠨ ᠤᠷᠣᠢ ᠳᠤᠨᠢ ᠭᠠᠷᠴᠢᠬᠠᠡᠠᠰᠡᠨ ᠶᠤᠮ ᠰᠢᠭ ᠰᠡᠳᠬᠢᠯ | ᠭᠦᠭᠰᠤᠵᠣ ᠶᠠᠮᠠᠷ ᠨᠢᠭᠡᠨ ᠶᠠᠭᠤᠮᠠᠨ ᠳᠤ ᠶᠠᠭᠠᠷᠠᠵᠤ ᠪᠡᠶᠢᠮᠠᠷ ᠪᠤᠳᠣᠡᠠᠳᠠᠭᠠᠳ ᠲᠦᠷᠤᠭᠡᠨ ᠲᠡᠭᠡᠷᠡ ᠪᠠᠨ ᠪᠤᠰᠣᠨ | ᠦᠨᠳᠡᠶᠢᠵᠣ ᠲᠠᠭᠤ ᠠᠶᠠᠯᠤᠨ ᠰᠡᠷᠬᠦᠵᠣ ᠮᠣᠷᠢᠨ ᠤ ᠪᠠᠨ ᠲᠠᠯᠣ ᠤᠷᠣᠭᠤ ᠲᠠᠰᠢᠭᠤᠷ ᠲᠠᠯᠪᠢᠵᠣ ᠵᠢᠷᠡᠶᠢᠯᠭᠡᠵᠣ ᠶᠠᠪᠤᠬᠤ | ᠳᠤ`ᠠᠯᠤᠰ ᠤᠨ ᠪᠠᠷᠠ ᠠᠴᠠ ᠴᠠᠩᠬᠡᠷᠡᠯᠡᠨ ᠬᠠᠷᠬᠠᠳᠠᠬᠤ ᠵᠢᠷᠤᠭᠡᠨ ᠱᠤᠪᠬᠤ ᠠᠭᠤᠯᠠᠰ ᠨᠢᠭᠡ ᠮᠠᠳᠠᠬᠦ ᠳᠤ ᠬᠠᠷᠠᠭᠠᠨ ᠤ | ᠡᠮᠤᠨᠠ ᠡᠬᠦᠯᠡᠨ ᠳᠤ ᠳᠠᠯᠳᠠᠯᠬᠠᠳᠠᠨ ᠴᠤᠷᠣᠯᠵᠢᠨ ᠨᠠᠷᠠᠨ ᠤ ᠲᠦᠮᠡᠨ ᠰᠠᠴᠤᠷᠠᠭ ᠲᠤ ᠤᠯᠠᠮ ᠴᠦ ᠤᠯᠠᠪᠠᠷᠠᠳᠠᠨ | ᠭᠦᠬᠡᠷᠡᠵᠣ ᠲᠠᠯᠠ ᠵᠣ ᠭᠡᠰᠡᠨ ᠦᠭᠡᠢ ᠲᠡᠭᠦᠰ ᠦᠵᠡᠮᠵᠢ ᠰᠣᠳᠤᠨ ᠥᠡᠭᠭᠡ ᠪᠠᠷ ᠨᠤᠭᠤᠭᠠᠷᠠᠵᠤ ᠡᠷᠢᠯ ᠤᠨ ᠬᠦᠮᠣᠨ ᠤ | ᠨᠢᠳᠦ ᠶᠢ ᠪᠠᠶᠠᠰᠬᠠᠨᠠ᠃ ᠡᠯᠳᠡᠪ ᠵᠣᠶᠢᠯ ᠤᠨ ᠬᠤᠷᠴᠠ ᠰᠤᠷᠭᠤᠭ ᠦᠨᠤᠷ ᠠᠭᠤᠰᠬᠢ ᠵᠢᠷᠣᠬᠡᠨ ᠳᠤ ᠤᠷᠣᠳᠠᠯᠠ | ᠰᠡᠩᠬᠢᠨᠡᠬᠦ ᠳᠤ ᠬᠡᠳᠣᠨ ᠡᠳᠤᠷ ᠢᠶᠠᠷ ᠮᠣᠷᠢᠨ ᠨᠢᠷᠤᠭᠤᠨ ᠲᠡᠭᠡᠷᠡ ᠰᠡᠭᠡᠬᠦᠯᠵᠤ ᠶᠠᠪᠤᠡᠠᠰᠡᠨ ᠶᠠᠳᠠᠷᠠᠭᠠ ᠴᠢᠯᠡᠭᠡ ᠶᠢ | ᠦᠯᠳᠤᠨ ᠵᠠᠶᠢᠯᠠᠭᠤᠯᠵᠤ᠂ ᠪᠤᠯᠴᠢᠩ ᠰᠢᠷᠪᠣᠰᠣᠨ ᠤ ᠡᠷᠴᠢ ᠬᠦᠴᠤ ᠶᠢ ᠲᠠᠮᠢᠷᠵᠢᠭᠤᠯᠵᠡᠢ᠃ ᠰᠢᠬᠦᠳᠡᠷᠢ ᠶᠢᠨ | ᠮᠦᠬᠦᠯᠢᠭ ᠪᠦᠮᠪᠤᠭᠡᠨᠡᠬᠦᠯᠤᠭ᠍ᠰᠡᠨ ᠲᠤᠷᠭᠠᠨ ᠴᠡᠴᠡᠭ ᠤᠨ ᠲᠡᠭᠡᠬᠦᠷ ᠥᠡᠭᠭᠡᠳᠤ ᠡᠷᠪᠡᠬᠡᠢ ᠨᠦᠭᠦᠳ ᠪᠠᠭᠤᠵᠤ ᠰᠠᠭᠤᠨ | ᠲᠡᠷᠪᠡᠯᠵᠢᠨ ᠨᠢᠰᠴᠤ ᠠᠰᠬᠠ ᠦᠨᠳᠣᠷ ᠬᠠᠳᠠ ᠴᠢᠯᠠᠭᠤᠨ ᠤ ᠵᠠᠪᠰᠠᠷ ᠢᠶᠠᠷ ᠠᠰᠬᠠᠷᠠᠨ ᠪᠠᠭᠤᠬᠤ ᠬᠦᠷᠬᠢᠷᠡ ᠪᠢᠳᠡᠬᠦᠤ | ᠲᠠᠭᠤᠨ ᠢᠶᠠᠷ ᠱᠤᠣᠬᠢᠨ ᠡᠭᠡᠰᠢᠭᠡᠯᠡᠵᠤ ᠬᠦᠰᠡᠯ ᠤᠨ ᠰᠠᠶᠢᠬᠠᠨ ᠶᠡᠷᠳᠢᠨᠴᠤ ᠶᠢ ᠪᠣᠢ ᠪᠤᠯᠭᠠᠵᠤᠨᠢᠳᠣᠨ ᠬᠠᠷᠠᠴᠠ ᠡᠷᠬᠡ | ᠦᠭᠡᠢ ᠪᠤᠯᠢᠶ᠋ᠬᠠᠳᠠᠵᠤ᠂ ᠰᠡᠳᠬᠢᠯ ᠰᠠᠨᠠᠭᠠ ᠰᠤᠡᠠᠳᠤᠭᠤᠷᠡᠨ ᠪᠡᠶᠢᠬᠤ ᠳᠤ ᠣᠨᠤᠡᠠᠰᠡᠨ ᠮᠣᠷᠢ ᠴᠦ ᠤᠷᠣᠡᠠᠰᠢ | ᠠᠯᠬᠤᠬᠤ ᠪᠠᠨ ᠪᠤᠯᠢᠵᠣ᠂ ᠰᠠᠬᠤᠯᠢᠭ ᠵᠤᠵᠠᠭᠠᠨ ᠣᠷᠭᠤᠡᠠᠰᠡᠨ ᠡᠪᠡᠰᠤ ᠨᠤᠭᠤᠭᠠᠨ ᠠᠴᠠ ᠣᠷᠡᠨ ᠬᠤᠨᠭ᠍ᠰᠢᠶᠠᠷ ᠢᠶᠠᠨ | ᠰᠠᠯᠭᠠᠯ ᠦᠭᠡᠢ ᠬᠤᠪᠳᠣᠡᠠᠰᠢᠨ ᠵᠤᠯᠭᠠᠨᠠ᠃ | ᠶᠤᠰᠣᠳᠠᠢ ᠭᠤᠶᠤ ᠰᠠᠶᠢᠬᠠᠨ ᠵᠢᠷᠤᠭ ᠤᠨ ᠶᠡᠷᠳᠢᠨᠴᠤ ᠭᠡᠵᠤ ᠡᠨᠡ ᠯᠠ ᠪᠡᠶᠢᠬᠠ᠃ ᠡᠶᠢᠮᠤ ᠰᠠᠶᠢᠬᠠᠨ | ᠣᠡᠭᠭᠤᠨ ᠲᠠᠷᠬᠠᠨ ᠪᠠᠷ ᠢᠶᠠᠨ ᠪᠡᠶᠢᠭᠠ ᠨᠤᠳᠤᠭ ᠢ ᠤᠯᠠᠨ ᠵᠢᠯ ᠤᠨ ᠡᠮᠤᠨᠡ ᠵᠠᠯᠠᠭᠤ ᠶᠢᠨ ᠨᠢᠳᠦ ᠪᠠᠷ ᠰᠢᠷᠪᠡᠵᠣ | ᠪᠡᠶᠢᠡᠠᠰᠡᠨ ᠪᠣᠯ ᠦᠳᠡᠯᠬᠦ ᠶᠢᠨ ᠦᠵᠤᠬᠦᠷ ᠵᠤᠭᠤᠰ ᠢᠶᠠᠨ ᠪᠢᠷᠠᠭᠠᠳ ᠡᠮᠤᠨᠡᠳᠣ ᠤᠷᠣᠨ ᠪᠠᠷ ᠣᠴᠢᠵᠤ ᠦᠵᠡᠬᠦ | ᠪᠤᠯᠵᠡᠢ᠃ ᠣᠴᠢᠷ ᠨᠢ ᠮᠠᠨ ᠤ ᠠᠷᠤ ᠭᠠᠵᠠᠷ ᠤᠨ ᠬᠦᠮᠤᠨ ᠪᠠᠶᠢᠭᠠᠯᠢ ᠡᠶᠡ ᠵᠤᠬᠢᠴᠡᠯ ᠢᠶᠠᠨ ᠠᠯᠳᠠᠵᠤ᠂ ᠬᠦᠮᠤᠨ ᠤ | ᠬᠢᠨᠢ ᠰᠠᠨᠠᠭᠠ ᠰᠠᠳᠬᠢᠯ ᠬᠡᠳᠤᠷᠬᠢ ᠬᠤᠪᠢᠨᠴᠢᠷ ᠲᠡᠭᠡᠷᠡ ᠪᠠᠨ ᠤᠯᠠᠮ ᠬᠤᠪᠳᠤᠭ ᠰᠢᠨᠤᠬᠠᠢ ᠪᠤᠯᠣᠡᠠᠰᠡᠨ ᠠᠴᠠ | ᠦᠬᠡᠶᠡᠮᠣᠷᠴᠢ ᠪᠡᠶᠢᠳᠠᠭ ᠨᠤᠳᠤᠭ ᠤᠰᠣᠨ ᠤ ᠪᠠᠨ ᠦᠷᠤ ᠵᠢᠷᠤᠬᠡ ᠶᠢ ᠨᠢ ᠬᠠᠶᠢᠷᠠ ᠨᠠᠶᠢᠷ ᠦᠭᠡᠢ ᠠᠭᠤᠳᠠᠯᠠᠨ | ᠮᠠᠯᠳᠣᠡᠠᠰᠠᠭᠠᠷ ᠪᠡᠶᠢᠵᠤ᠂ ᠲᠤᠬᠤ ᠨᠢ ᠬᠠᠯᠴᠠᠭᠠᠶᠢᠷᠠᠵᠤ ᠰᠠᠬᠠᠯ ᠨᠢ ᠰᠢᠩᠭᠡᠷᠡᠭᠰᠡᠨ ᠡᠪᠣᠭᠡᠨ ᠨᠠᠳᠠ ᠰᠢᠭ᠋ ᠡᠷᠡᠤ | ᠡᠪᠤᠳᠣᠭ᠌ ᠨᠡᠶᠢᠯᠡᠭᠡᠳ ᠡᠮᠰᠡᠭᠡᠷ ᠬᠠᠮᠰᠢᠭᠡᠷ ᠪᠤᠯᠵᠣ ᠮᠢᠩᠭᠠᠨ ᠠᠳᠤᠷᠢᠶᠠ᠂ ᠲᠦᠮᠡᠨ ᠬᠤᠨᠢᠶᠠᠰᠤ ᠪᠠᠷ ᠲᠦᠬᠦᠷᠡᠵᠡᠢ | ᠭᠡᠵᠤ ᠪᠤᠳᠣᠡᠠᠰᠠᠭᠠᠷ ᠮᠣᠷᠢᠨ ᠤ ᠪᠠᠨ ᠥᠯ ᠢ ᠳᠠᠷᠤᠬᠤ ᠪᠠᠷ ᠪᠠᠭᠤᠵᠤ᠂ᠴᠤᠯᠪᠤᠭᠤᠷ ᠢᠶᠠᠨ ᠲᠠᠬᠢᠮ ᠤᠨ ᠵᠠᠪᠰᠠᠷ ᠢᠶᠠᠨ | ᠬᠠᠪᠴᠢᠭᠤᠯᠵᠣ ᠥᠷᠭᠡᠨ ᠨᠤᠭᠤᠭᠠᠨ ᠲᠠᠯᠠ ᠲᠡᠭᠡᠷᠡ ᠵᠠᠪᠠᠯᠠᠨ ᠰᠠᠭᠤᠵᠤ ᠭᠠᠨᠭ᠍ᠰᠠ ᠬᠠᠪᠳᠠᠭᠠ ᠭᠠᠯ ᠤᠨ ᠬᠡᠲᠡ | ᠭᠤᠷᠪᠠ ᠪᠠᠨ ᠬᠠᠪᠢᠷᠠᠯᠳᠠᠭᠤᠯᠵᠣ ᠡᠬᠡᠯᠡᠭᠰᠡᠨ ᠬᠤᠷᠢᠭᠠᠳ ᠨᠠᠰᠣᠨ ᠳᠤ ᠪᠠᠨ ᠭᠠᠭᠴᠠ ᠤᠳᠠᠭᠠ ᠬᠦᠷᠤᠵᠤ | ᠥᠡᠭᠭᠡᠷᠡᠭᠰᠡᠨ ᠵᠡᠬᠦᠳᠣᠨ ᠴᠡᠩᠭᠡᠷ ᠲᠠᠯᠠ ᠵᠢᠷᠤᠬᠡᠨ ᠱᠤᠪᠬᠤ ᠠᠭᠤᠯᠠᠰ ᠯᠠ ᠡᠨᠡ ᠪᠡᠶᠢᠬᠤ ᠳ᠋ᠠ ᠭᠡᠵᠣ ᠡᠷᠬᠡ ᠦᠭᠡᠢ | ᠪᠤᠳᠣᠡᠠᠳᠠᠯᠠ᠃ | ᠴᠡᠩᠭᠡᠷᠡᠯᠡᠨ ᠬᠠᠷᠬᠠᠳᠠᠨᠠ | ᠴᠡᠴᠡᠭ ᠵᠢᠮᠢᠰ ᠲᠠᠢ ᠠᠭᠤᠯᠠ ᠡ᠃ | ᠴᠢᠩ ᠵᠣᠷᠢᠭ ᠢ ᠪᠤᠳᠣᠪᠠᠯ | ᠴᠢᠩᠬᠢᠵᠣ ᠪᠤᠯᠣᠮᠠᠷ ᠠᠭᠤᠯᠠ ᠡ᠃ | ᠭᠡᠬᠦ ᠲᠠᠭᠤᠣ ᠶᠢᠨ ᠢᠷᠠᠭᠤᠬᠠᠨ ᠡᠭᠡᠰᠢᠭ ᠨᠢ ᠵᠢᠬᠦᠷᠳᠣᠨ ᠰᠢᠪᠠᠭᠤᠳ ᠤᠨ ᠤᠷᠠᠨ ᠲᠤᠩᠭᠤᠳᠣᠯᠭᠠ ᠲᠠᠢ ᠭᠦᠭ | ᠨᠡᠶᠢᠯᠡᠵᠣ ᠠᠶᠠ ᠵᠤᠬᠢᠴᠠᠭᠠᠳ ᠬᠠᠳᠠ ᠠᠭᠤᠯᠠ ᠶᠢᠨ ᠳᠠᠯᠳᠠ ᠤᠢ ᠬᠦᠪᠴᠢ ᠶᠢᠨ ᠭᠦᠨ ᠠᠴᠠ ᠬᠠᠶᠠ ᠬᠤᠯᠠ | ᠬᠠᠶᠠ ᠣᠶᠢᠷᠠ ᠪᠤᠯᠵᠣ ᠦᠨᠤᠰᠣᠭᠡᠳ ᠥᠡᠭᠬᠡᠷᠡᠬᠦ ᠡᠪᠡᠶᠡᠷᠡᠬᠦᠤ ᠵᠦᠭᠡᠯᠡᠨ ᠵᠢᠪᠠᠷ ᠤᠨ ᠢᠯᠪᠡᠯᠳᠡ ᠪᠠᠷ ᠴᠢᠬᠢᠨ | ᠬᠡᠨᠭᠭᠡᠷᠡᠭᠡ ᠶᠢ ᠲᠡᠯᠡᠳᠴᠤ᠂ ᠴᠡᠭᠡᠵᠢᠨ ᠮᠤᠬᠤᠷ ᠲᠤ ᠵᠠᠮᠬᠠᠷᠠᠵᠤ ᠵᠥᠡᠭ ᠪᠢᠯᠢᠭ ᠢᠶᠠᠷ ᠢᠶᠠᠨ ᠰᠤᠡᠠᠳᠠᠵᠤ ᠵᠠᠬᠦᠳᠤ | ᠬᠦᠰᠡᠯ ᠢᠶᠠᠷ ᠢᠶᠠᠨ ᠵᠢᠷᠭᠠᠨᠠ᠃ | ᠠᠯᠠᠠᠯᠠᠨ ᠬᠠᠷᠬᠠᠳᠠᠨᠠ | ᠠᠯᠢᠮᠠ ᠵᠢᠮᠢᠰ ᠲᠠᠢ ᠠᠭᠤᠯᠠ ᠡ᠃ | ᠠᠮᠠᠷᠠᠭ ᠬᠤᠨᠭ᠍ᠭᠤᠷ ᠬᠦᠣ ᠲᠠᠢ ᠪᠠᠨ | ᠠᠮᠢᠳᠤᠷᠡᠵᠣ ᠪᠤᠯᠣᠮᠠᠷ ᠠᠭᠤᠯᠠ ᠡ᠃ ᠬᠡᠵᠣ ᠵᠠᠯᠭᠠᠨ ᠳᠠᠭᠤᠯᠠᠬᠤ ᠴᠣᠪᠤᠭᠤ ᠴᠣᠯᠬᠢᠨ | ᠡᠭᠡᠰᠢᠭ ᠨᠢ ᠵᠢᠷᠤᠬᠡᠨ ᠱᠤᠪᠬᠤ ᠠᠭᠤᠯᠠᠨ ᠤ ᠤᠷᠣᠢ ᠲᠡᠭᠡᠭᠦᠷ ᠵᠠᠯᠠᠯᠡᠨ ᠴᠤᠣᠷᠢᠶᠠᠳᠤᠵᠣ ᠡᠷᠢᠯ ᠤᠨ ᠬᠦᠮᠣᠨ ᠳᠤ | ᠡᠯᠳᠡᠪ ᠪᠤᠳᠣᠭᠤᠯᠵᠣ ᠶᠠᠭᠤ ᠨᠢᠭᠡ ᠶᠢ ᠰᠠᠨᠠᠭᠤᠯᠵᠣ ᠮᠣᠷᠢ ᠪᠠᠨ ᠬᠦᠳᠤᠯᠣᠭᠡᠳ ᠲᠡᠷᠡ ᠵᠦᠭ ᠳᠤ ᠤᠴᠢᠪᠡᠯ ᠦᠨᠳᠣᠷ | ᠣᠷᠭᠤᠡᠠᠰᠡᠨ ᠡᠪᠡᠰᠣ ᠨᠤᠭᠤᠭᠠᠨ ᠤ ᠲᠣᠮᠳᠡ ᠵᠤᠶᠢᠯ ᠪᠦᠷᠢ ᠶᠢᠨ ᠴᠡᠴᠡᠭ ᠬᠤᠸᠠᠷ ᠨᠦᠭᠡᠯᠣᠭᠡᠳ ᠢᠷᠡᠬᠦ ᠬᠠᠯᠠᠭᠤᠨ | ᠵᠢᠪᠠᠷ ᠲᠤ ᠨᠣᠮᠢᠨ ᠲᠤᠯᠬᠢᠶᠠ ᠬᠠᠶᠠᠯᠠᠨ ᠨᠠᠶᠢᠭᠤᠨ ᠭᠠᠨᠭ᠍ᠬᠤᠵᠣ ᠤᠳᠠ ᠣᠯᠢᠶᠠᠰᠣᠨ ᠤ ᠨᠢᠯᠬᠠ ᠮᠦᠴᠢᠷ ᠪᠦᠰᠡᠬᠦᠢ | ᠬᠦᠮᠤᠨ ᠤ ᠴᠢᠮᠡᠭ ᠪᠤᠯᠣᠡᠠᠰᠡᠨ ᠡᠭᠡᠮᠤᠭ᠌ ᠰᠤᠶᠢᠬᠡ ᠰᠢᠭ ᠣᠨᠵᠢᠭᠠᠨᠠᠵᠣ ᠬᠠᠷᠬᠠᠳᠠᠨᠠ᠃ ᠠᠶᠠᠨ ᠤ ᠰᠢᠪᠠᠭᠤᠳ | ᠶᠠᠳᠠᠷᠠᠭᠠ ᠴᠢᠯᠡᠭᠡ ᠪᠠᠨ ᠲᠠᠶᠢᠯᠤᠨ ᠵᠢᠬᠦᠷ ᠳᠠᠯᠠᠪᠴᠢ ᠪᠠᠨ ᠰᠡᠭᠰᠤᠷᠡᠨ ᠪᠦᠵᠢᠭᠡᠯᠡᠬᠦ ᠳᠤ ᠤᠰᠣᠨ ᠲᠠᠷᠭᠤ ᠡᠬᠢᠯᠡᠨ | ᠰᠢᠮᠡᠵᠢᠭᠡᠳ ᠤᠭᠤᠴᠠ ᠨᠢᠷᠤᠭᠤᠨ ᠨᠢ ᠲᠡᠨᠢᠢᠭᠰᠡᠨ ᠮᠠᠯ ᠰᠥᠷᠦᠭ ᠭᠤᠣᠯ ᠠᠴᠠ ᠭᠠᠷᠴᠤ ᠬᠦᠳᠡᠭᠡᠯᠡᠨ ᠪᠡᠯᠴᠢᠬᠦ ᠳᠤ | ᠣᠨᠠᠭᠠ ᠳᠠᠭᠠ ᠠᠯᠢᠶᠠᠷᠬᠠᠨ ᠲᠤᠡᠠᠯᠠᠵᠣ ᠪᠠᠷᠢᠭᠤ ᠰᠢᠳᠤᠯᠡᠭ ᠣᠭᠤᠳᠤᠩᠬᠢᠨᠡᠨ ᠡᠷᠭᠢ ᠮᠣᠳᠤ ᠮᠦᠷᠬᠦᠨ ᠰᠢᠷᠣᠢ | ᠰᠠᠵᠢᠯᠡᠨ ᠤᠷᠬᠢᠷᠡᠨᠠ᠃ | ᠨᠢᠭᠡ ᠯᠠ ᠭᠥᠭ ᠢᠶᠠᠷ ᠬᠦᠭᠵᠢᠮᠳᠡᠨ ᠣᠷᠤᠰᠠᠬᠤ ᠭᠤᠣᠯ ᠤᠨ ᠬᠦᠪᠡᠭᠡᠨ ᠳᠤ ᠬᠦᠵᠣᠬᠦᠤ ᠪᠠᠷ ᠢᠶᠠᠨ | ᠣᠷᠢᠶ᠋ᠬᠠᠰᠡᠨ ᠣᠯᠠᠭᠠᠨ ᠠᠯᠴᠢᠭᠤᠷ ᠨᠢ ᠰᠠᠯᠬᠢᠨ ᠤ ᠠᠶᠠ ᠪᠠᠷ ᠲᠡᠷᠡᠪᠡᠯᠵᠡᠨ ᠬᠡᠶᠢᠰᠡᠭᠡᠳ ᠨᠤᠭᠤᠭᠠᠨ ᠲᠡᠷᠯᠢᠭ ᠲᠠᠢ | ᠨᠢ ᠥᠩᠭᠡ ᠢᠯᠭᠠᠷᠠᠭᠠᠳ ᠨᠢᠳᠣᠨ ᠳᠤ ᠡᠭᠡᠯᠢ ᠲᠠᠢ ᠬᠠᠷᠬᠠᠳᠠᠬᠤ ᠭᠡᠤᠬᠡᠨ ᠲᠤᠯᠣᠭᠠᠢ ᠦᠨᠳᠡᠶᠢᠬᠦ ᠦᠭᠡᠢ ᠨᠢᠭᠡ | ᠨᠢᠭᠡ ᠵᠡᠬᠦᠤ ᠪᠠᠷ ᠬᠤᠸᠠᠷ ᠬᠠᠳᠬᠤᠵᠣ ᠰᠠᠭᠤᠬᠤ ᠶᠢᠨ ᠲᠠᠭᠤ ᠣᠶᠠᠬᠠᠨ ᠲᠤᠩᠭᠠᠯᠠᠭ ᠬᠤᠭᠤᠯᠢ ᠪᠠᠷ | ᠤᠶᠡᠭᠭᠠᠯᠠᠭᠤᠯᠣᠨ ᠲᠠᠭᠤᠯᠠᠵᠤ᠂ ᠨᠠᠮᠠᠶᠢ ᠶᠢ ᠬᠦᠷᠴᠤ ᠣᠴᠢᠳᠡᠯᠠ ᠬᠠᠷᠠᠵᠣ ᠴᠦ ᠪᠠᠰᠠ ᠦᠵᠡᠭᠰᠡᠨ ᠦᠭᠡᠢ | ᠬᠤᠸᠠᠷ ᠢᠶᠠᠨ ᠬᠠᠳᠬᠤᠬᠤ ᠪᠠᠷ ᠢᠶᠠᠨ ᠬᠠᠳᠬᠤᠵᠣ᠂ ᠲᠠᠭᠤᠯᠠᠬᠤ ᠪᠠᠷ ᠢᠶᠠᠨ ᠲᠠᠭᠤᠯᠠᠵᠣ ᠪᠠᠶᠠᠷ ᠲᠠᠢ ᠬᠢᠨ ᠰᠠᠭᠤᠨᠠ᠃ | | ᠨᠠᠷᠠᠰᠣ ᠬᠠᠯᠢᠰᠣ ᠮᠣᠳᠤ ᠨᠢ | ᠨᠠᠪᠴᠢ ᠪᠠᠨ ᠲᠠᠭᠠᠭᠠᠳ ᠭᠠᠨᠭ᠍ᠬᠤᠨᠠ᠃ | ᠨᠠᠭᠠᠯᠢᠩᠬᠠᠢ ᠬᠤᠨᠭ᠍ᠭᠤᠷ ᠬᠦᠣ ᠲᠠᠢ ᠪᠠᠨ | ᠨᠠᠰᠣᠨ ᠤ ᠲᠣᠷᠰᠢ ᠳᠤ ᠪᠠᠨ ᠵᠢᠷᠭᠠᠨᠠ᠃ ᠬᠡᠵᠣ ᠤᠯᠠᠮ ᠴᠦ ᠤᠶᠠᠷᠳᠡᠯ ᠰᠠᠶᠢᠬᠠᠨ | ᠠᠶᠠᠯᠠᠭᠤᠯᠣᠨ ᠪᠡᠶᠢᠬᠤ ᠳᠤ ᠬᠡᠣᠭᠡᠨ ᠤ ᠮᠤᠶᠢᠯ ᠬᠠᠷᠬᠠᠨ ᠨᠢᠳᠣ ᠨᠢ ᠬᠠᠳᠬᠤᠮᠠᠯ ᠬᠤᠸᠠᠷ ᠤᠨ ᠲᠡᠭᠡᠬᠦᠷ | ᠠᠭᠤᠯᠠᠨ ᠠᠴᠠ ᠣᠨᠳᠤᠷᠬᠠᠰᠡᠨ ᠭᠤᠷᠤᠬᠠ ᠶᠢᠨ ᠣᠰᠤ ᠰᠢᠭ ᠮᠡᠯᠮᠡᠷᠡᠨ ᠲᠤᠨᠣᠯᠵᠢᠵᠣ᠂ ᠰᠠᠷᠭᠠᠢ ᠴᠡᠴᠡᠭ ᠤᠨ | ᠲᠠᠯᠪᠢ ᠰᠢᠭ ᠵᠢᠮᠢᠭᠡᠷ ᠶᠠᠭᠠᠪᠳᠤᠷ ᠣᠷᠤᠭᠤᠯ ᠤᠨ ᠢᠶᠠᠨ ᠲᠡᠭᠡᠬᠦᠷ ᠪᠡᠶᠠᠷ ᠵᠢᠷᠭᠠᠯ ᠤᠨ ᠮᠦᠰᠢᠶᠡᠳᠤ ᠲᠤᠠᠡᠯᠠᠭᠤᠯᠣᠨ | ᠵᠢᠭᠠᠬᠠᠨ ᠵᠠᠪᠰᠠᠷᠯᠠᠭᠳᠠᠬᠤ ᠶᠢᠨ ᠡᠷᠬᠡᠨ ᠳᠤ ᠣᠷᠤᠰᠤᠨ ᠭᠠᠷᠤᠡᠠᠰᠡᠨ ᠤᠶᠠᠬᠠᠨ ᠡᠭᠡᠰᠢᠭ ᠠᠯᠤᠰ ᠤᠨ ᠠᠯᠤᠰ ᠲᠤ | ᠬᠠᠨᠭ᠍ᠬᠢᠨᠠᠨ ᠴᠤᠣᠷᠢᠶᠠᠯᠠᠨᠠ᠃ | ᠸᠠ — ᠡᠨᠡ ᠬᠡᠣᠭᠡᠨ ᠬᠡᠵᠤ ᠶᠤᠰᠣᠳᠡᠢ ᠡᠬᠡ ᠲᠡᠯᠡᠬᠢ ᠶᠢᠨ ᠬᠠᠶᠢᠷᠠ ᠬᠡᠰᠢᠭ ᠦᠵᠡᠰᠭᠦᠯᠠᠩ ᠭᠤᠸᠠ | ᠪᠦᠬᠦᠨ ᠢ ᠦᠪᠡᠯᠡᠨ ᠠᠪᠴᠤ ᠲᠦᠷᠤᠴᠢᠭ᠍ᠰᠡᠨ ᠭᠡᠮᠡᠷ ᠡ᠃ ᠬᠡᠵᠣ ᠪᠤᠳᠣᠨ ᠶᠠᠭᠤ ᠬᠡᠯᠡᠬᠦ ᠪᠠᠨ ᠣᠯᠵᠤ ᠶᠠᠳᠡᠨ | ᠠᠯᠮᠢᠷᠡᠨ ᠬᠡᠰᠡᠭ ᠵᠤᠡᠠᠰᠣᠳᠡᠯᠠ ᠬᠠᠯᠠᠭᠤᠨ ᠨᠠᠷᠡᠨ ᠤ ᠡᠪᠡᠶᠡᠷᠡᠬᠦᠤ ᠢᠯᠴᠢᠨ ᠳᠤ ᠠᠮᠢᠵᠢᠷᠡᠯ ᠢᠶᠠᠨ ᠤᠯᠣᠡᠠᠰᠡᠨ ᠢᠯᠠᠭᠠ | ᠰᠢᠮᠠᠭᠤᠯ ᠳᠤ ᠬᠠᠳᠬᠤᠡᠠᠳᠠᠨ ᠲᠤᠯᠣᠭᠠᠢ ᠬᠠᠶᠠᠯᠠᠨ ᠰᠡᠬᠦᠯ ᠰᠢᠷᠪᠡᠵᠣ ᠵᠤᠡᠠᠰᠤᠡᠠᠰᠡᠨ ᠮᠣᠷᠢ ᠲᠤᠷᠬᠢᠬᠤᠯᠠᠷ ᠭᠡᠣᠬᠡᠨ | ᠰᠠᠶ᠋ᠢ ᠠᠶᠤᠵᠣ ᠰᠣᠴᠢᠬᠤ ᠡᠷᠡᠬᠡᠨ ᠳᠤ ᠶᠠᠭᠠᠪᠳᠣᠷ ᠰᠠᠶᠢᠬᠠᠨ ᠨᠢᠭᠤᠷ ᠴᠢᠷᠠᠢ ᠨᠢ ᠮᠢᠨᠴᠢᠢᠨ ᠤᠯᠠᠶᠢᠵᠤ ᠪᠠᠷᠬᠢᠷᠡᠵᠣ | ᠴᠦ ᠴᠢᠳᠠᠬᠤ ᠦᠭᠡᠢ ᠲᠤᠣᠭᠠᠷᠠᠵᠤ ᠴᠦ ᠴᠢᠳᠠᠬᠤ ᠦᠭᠡᠢ ᠰᠠᠨᠳᠤᠷᠠᠩᠬᠠᠨ ᠪᠤᠰᠠᠬᠤ ᠳᠤ ᠤᠶᠣᠵᠤ ᠪᠡᠶᠢᠡᠠᠰᠡᠨ | ᠤᠶᠣᠳᠡᠯ ᠢᠶᠠᠨ ᠭᠤᠣᠯ ᠤᠨ ᠤᠰᠣᠨ ᠳᠤ ᠠᠯᠳᠠᠭᠠᠳ ᠤᠷᠣᠭᠤᠯᠴᠢᠬᠠᠯᠠ᠃ | ᠤᠷᠣᠰᠠᠬᠠᠯ ᠳᠠᠭᠠᠭᠠᠳ ᠬᠦᠪᠦᠭᠰᠡᠭᠡᠷ ᠬᠤᠯᠠᠳᠬᠤ ᠭᠡᠤᠬᠡᠨ ᠤᠶᠣᠳᠡᠯ ᠢ ᠠᠪᠴᠤ ᠦᠭᠬᠦ ᠪᠠᠷ ᠪᠢ | ᠭᠤᠣᠯ ᠤᠨ ᠤᠰᠣᠨ ᠳᠤ ᠦᠰᠤᠷᠡᠨ ᠤᠷᠣᠳᠡᠯᠠ᠂ ᠶᠠᠭᠤ ᠪᠤᠯᠣᠡᠠᠰᠡᠨ ᠢ ᠬᠤᠯᠠ ᠬᠤᠶᠢᠨᠠ ᠣᠬᠠᠭᠠᠷᠬᠠᠰᠡᠨ ᠭᠡᠤᠬᠡᠨ | ᠬᠤᠭᠤᠯᠠᠢ ᠡᠷᠢᠶᠡᠨᠳᠤᠬᠦᠯᠤᠨ《 ᠪᠤᠯᠢᠭᠠᠴᠢ ᠡ︕ ᠭᠤᠣᠯ ᠤᠨ ᠤᠷᠣᠰᠡᠬᠠᠯ ᠰᠢᠷᠤᠬᠦᠨ ᠮᠦᠷᠳᠡᠭᠡᠨ ᠭᠦᠨ ᠰᠢᠤ︕ | 》 ᠠᠶᠤᠯᠳᠠᠢ᠂ ᠪᠤᠰᠢᠭᠤ ᠭᠠᠷᠴᠤ ᠢᠷᠡ᠃ ᠭᠡᠵᠣ ᠰᠠᠯᠭᠠᠨᠠᠨ ᠴᠢᠴᠡᠷᠡᠭᠰᠡᠨ ᠪᠡᠶᠡ ᠪᠠᠨ ᠲᠤᠡᠠᠳᠠᠭᠠᠵᠤ ᠶᠠᠳᠠᠨ | ᠪᠠᠷᠬᠢᠷᠠᠵᠤ ᠪᠡᠶᠢᠯᠠ᠃ᠪᠢ | ᠤᠷᠣᠰᠠᠬᠠᠯ ᠲᠠᠭᠠᠭᠠᠳ ᠲᠡᠮᠡᠣᠯᠬᠦ ᠳᠤ ᠬᠡᠳᠤ ᠳᠠᠬᠢᠨ ᠪᠦᠳᠤᠷᠢᠴᠤ ᠤᠨ᠋ᠬᠠᠰᠡᠨ ᠴᠦ ᠤᠷᠠᠭᠠ ᠪᠠᠨ ᠲᠤᠯᠤᠨ ᠪᠤᠰᠴᠤ | ᠤᠰᠣᠨ ᠲᠡᠭᠡᠬᠦᠷ ᠤᠯᠠᠭᠠᠨ ᠨᠤᠭᠤᠭᠠᠨ ᠢᠶᠠᠨ ᠮᠢᠷᠠᠯᠵᠢᠭᠤᠯᠣᠨ ᠤᠷᠣᠰᠠᠬᠤ ᠲᠠᠮᠠᠬᠢᠨ ᠬᠠᠪᠳᠠᠭᠠ ᠶᠢ ᠤᠷᠠᠭᠠ ᠶᠢᠨ | ᠦᠵᠣᠭᠦᠷ ᠢᠶᠠᠷ ᠢᠶᠠᠨ ᠡᠯᠬᠦᠨ ᠠᠪᠴᠤ ᠭᠤᠣᠯ ᠤᠨ ᠡᠷᠭᠢ ᠥᠭᠡᠳᠡ ᠰᠠᠵᠢᠨ ᠭᠠᠷᠭᠠᠳᠠᠯᠠ ᠦᠪᠡᠷ ᠢᠶᠠᠨ ᠭᠦᠨ | ᠴᠦᠡᠭᠭᠦᠯ ᠳᠤ ᠪᠦᠳᠤᠷᠡᠨ ᠤᠨᠠᠵᠤ ᠬᠡᠳᠤ ᠲᠠᠬᠢᠨ ᠤᠰᠣ ᠵᠠᠯᠬᠢᠭᠠᠳ ᠬᠠᠭ᠋ᠠᠵᠤ ᠴᠤᠴᠢᠡᠠᠰᠡᠭᠠᠷ — ᠠᠮᠢ ᠠᠪᠤᠷᠠ︕ | ᠭᠡᠵᠤ ᠬᠠᠰᠬᠢᠷᠬᠠᠰᠡᠭᠠᠷ ᠰᠤᠴᠢᠨ ᠰᠡᠷᠡᠪᠡᠯ ᠵᠢᠷᠤᠭᠡ ᠠᠮᠠ ᠪᠠᠷ ᠭᠠᠷᠤᠮᠠᠷ ᠪᠤᠯᠬᠢᠯᠠᠪᠴᠤ ᠬᠠᠷᠢᠨ ᠲᠠᠷᠢᠬᠢ ᠲᠤᠯᠣᠭᠠᠢ | ᠰᠠᠪ ᠰᠠᠷᠠᠭᠤᠯᠬᠠᠨ ᠪᠡᠶᠢᠵᠡᠢ᠃ ᠪᠢ ᠬᠠᠷᠢᠨ ᠭᠠᠨᠭ᠍ᠰᠠ ᠳ᠋ᠠᠢ ᠪᠠᠨ ᠵᠠᠭᠤᠡᠠᠰᠡᠨ ᠬᠡᠪ ᠢᠶᠠᠷ ᠢᠶᠠᠨ ᠲᠡᠭᠡᠭᠰᠢ ᠬᠠᠷᠠᠭᠠᠳ | ᠤᠨᠳᠠᠴᠢᠬᠠᠡᠠᠰᠡᠨ ᠠᠴᠠ ᠠᠮᠠ ᠲᠦᠬᠦᠷᠠᠩ ᠬᠤᠷᠬᠠᠰᠡᠨ ᠰᠢᠯᠤᠰᠣᠨ ᠳᠤ ᠪᠠᠨ ᠬᠠᠭ᠋ᠠᠵᠤ᠂ ᠬᠠᠯᠠᠭᠤᠨ ᠨᠠᠷᠠᠨ ᠢᠯᠴᠢᠨ | ᠳᠤ ᠲᠦᠭᠡᠨᠡᠭᠳᠡᠭᠰᠡᠨ ᠠᠴᠠ ᠨᠢᠭᠡ ᠪᠡᠶᠡ ᠬᠠᠷᠠ ᠬᠦᠯᠤᠰᠣ ᠪᠠᠳᠬᠤᠷᠠᠨ ᠭᠠᠷᠴᠤ ᠶᠠᠭ ᠯᠠ ᠤᠰᠣᠨ ᠳᠤ | ᠤᠨᠠᠴᠢᠬᠠᠡᠠᠰᠡᠨ ᠭᠡᠮᠡᠷ ᠱᠠᠯ ᠬᠦᠯᠤᠷᠴᠢᠬᠡᠭᠰᠡᠨ ᠪᠡᠶᠢᠵᠡᠢ᠃ | ᠵᠠᠯᠠᠭᠤ ᠨᠠᠰᠣᠨ ᠤ ᠰᠠᠶᠢᠬᠠᠨ ᠲᠤᠷᠡᠳᠬᠠᠯ ᠭᠡᠵᠤ ᠵᠠᠬᠦᠳᠤᠨ ᠳᠤ ᠬᠤᠨᠣᠡᠠᠰᠢᠵᠤ᠂ ᠵᠢᠷᠤᠬᠡᠨ ᠳᠤ | ᠰᠡᠶᠢᠯᠤᠭ᠍ᠳᠡᠭᠡᠳ ᠪᠡᠶᠢᠬᠤᠯᠠᠷ ᠰᠡᠳᠬᠢᠯ ᠳᠤ ᠲᠤᠨᠣᠷᠬᠠᠰᠡᠨ ᠢᠷᠠᠭᠤ ᠰᠠᠶᠢᠬᠠᠨ ᠤᠨᠢᠶᠠᠷ ᠪᠣᠳᠠᠩ ᠤᠨ ᠳᠣᠮᠳᠠ ᠠᠴᠠ | ᠭᠡᠷᠠᠯᠳᠣᠭ᠍ᠰᠡᠨ ᠤᠯᠠᠭᠠᠨ ᠠᠯᠴᠢᠭᠤᠷ ᠨᠣᠭᠤᠭᠠᠨ ᠲᠡᠷᠡᠯᠢᠭ ᠲᠠᠢ ᠭᠡᠣᠬᠡᠨ ᠤ ᠲᠥᠷᠢ ᠵᠢᠷᠤᠭ ᠲᠠᠷᠢᠬᠢᠨ ᠳᠤ | ᠮᠥᠡᠭᠭᠡ ᠱᠤᠭᠤᠮᠠᠯᠠᠳᠠᠵᠤ ᠠᠭᠤᠯᠠ ᠬᠦᠪᠴᠢ ᠪᠠᠷ ᠨᠠᠮᠤᠭᠤᠬᠠᠨ ᠴᠤᠣᠷᠢᠶᠠᠳᠤᠬᠤ ᠠᠶᠠᠯᠭᠤ ᠡᠭᠡᠰᠢᠭ ᠨᠢ ᠴᠢᠬᠢᠨ ᠳᠤ | ᠪᠢᠰᠢ ᠵᠢᠷᠣᠬᠡᠨ ᠳᠤ ᠬᠠᠨᠭ᠍ᠬᠢᠨᠠᠵᠤ᠂ ᠵᠠᠯᠠᠭᠤ ᠨᠠᠰᠣᠨ ᠤ ᠵᠡᠬᠦᠳᠤᠨ ᠳᠤ ᠬᠠᠶᠠ ᠴᠠᠶᠠ ᠲᠤᠷᠠᠰᠤᠡᠠᠳᠠᠵᠤ ᠪᠡᠶᠢᠡᠠᠰᠡᠨ | ᠪᠣᠯᠤᠳᠣ ᠦᠳᠡᠯᠬᠦ ᠶᠢᠨ ᠦᠵᠤᠬᠦᠷ ᠴᠢᠯᠠᠭᠤᠵᠢᠵᠣ ᠪᠡᠶᠢᠭᠠ ᠲᠠᠷᠢᠬᠢᠨ ᠤ ᠪᠤᠷᠣ ᠬᠠᠯᠢᠰᠤᠨ ᠤ ᠵᠠᠭᠠᠭ ᠵᠠᠪᠰᠠᠷ ᠢᠶᠠᠷ | ᠰᠤᠶᠣᠭᠠᠯᠠᠨ ᠠᠮᠢᠯᠠᠵᠣ ᠪᠡᠶᠢᠳᠠᠭ ᠠᠴᠠ ᠤᠨᠳᠠᠬᠤ ᠯᠠ ᠪᠤᠯᠭᠠᠨ ᠳᠤ ᠵᠡᠬᠦᠳᠤᠯᠡᠭᠳᠡᠭᠡᠳ ᠪᠡᠶᠢᠬᠤ ᠪᠤᠯᠴᠢᠬᠠᠡᠠᠰᠡᠨ ᠢ | ᠶᠠᠭᠠᠬᠢᠶᠠ ᠡ᠃ ᠬᠤᠪᠢ ᠵᠠᠶᠠᠭᠠ ᠪᠠᠨ ᠬᠦᠯᠢᠶᠡᠵᠣ ᠬᠠᠨᠢ ᠶᠢᠨ ᠵᠢᠷᠭᠠᠯ ᠡᠳᠠᠯᠬᠦ ᠬᠠᠶᠢᠷᠠ ᠶᠢᠨ ᠪᠤᠯᠣᠮᠵᠢ ᠠᠯᠢ | ᠬᠡᠳᠤᠢ ᠶᠢᠨ ᠥᠡᠭᠭᠡᠷᠡᠭᠰᠡᠨ ᠭᠡᠯᠠ ᠴᠦ ᠦᠬᠦᠯᠡᠵᠣ ᠬᠡᠯᠡᠭᠰᠡᠨ ᠦᠨᠠᠨᠴᠢ ᠰᠡᠳᠬᠢᠯ ᠤᠨ ᠬᠢᠨᠢ ᠦᠭᠡ ᠰᠢᠯᠦᠭ | ᠦᠯᠡᠮᠵᠢ ᠬᠠᠶᠢᠷᠠ ᠶᠢᠨ ᠨᠢᠭᠤᠴᠠᠬᠠᠨ ᠡᠭᠡᠰᠢᠭ ᠨᠢ ᠦᠨᠳᠣᠷ ᠠᠭᠤᠯᠠᠨ ᠳᠤ ᠴᠤᠣᠷᠢᠶᠠᠯᠠᠭᠠᠳ ᠦᠷᠭᠡᠨ ᠲᠠᠯᠠ ᠳᠤ | ᠰᠢᠩᠭᠡᠵᠣ᠂ ᠠᠩᠬᠠᠨ ᠤ ᠬᠠᠶᠢᠷᠠ ᠶᠢᠨ ᠲᠤᠷᠠᠳᠬᠠᠯ ᠦᠯᠳᠤᠭᠡᠭᠰᠡᠨ ᠨᠢ ᠬᠤᠵᠢᠮ ᠤᠨ ᠠᠮᠢᠳᠤᠷᠡᠯ ᠤᠨ ᠦᠯᠵᠡᠢ | ᠣᠴᠠᠷᠡᠯ ᠠᠯᠳᠠᠭᠠ ᠠᠳᠡᠭᠳᠡᠯ᠂ ᠵᠢᠷᠤᠬᠡᠨ ᠳᠠᠬᠢ ᠮᠦᠷᠤᠭᠡᠳᠤᠯ᠂ ᠵᠡᠬᠦᠳᠤᠨ ᠳᠠᠬᠢ ᠳᠤᠷᠠᠰᠤᠮᠵᠢ ᠵᠡᠷᠭᠡ ᠠᠯᠢ | ᠪᠦᠬᠦᠨ ᠤ ᠮᠢᠨᠢ ᠡᠬᠢ ᠡᠬᠦᠰᠪᠦᠷᠢ ᠨᠢ ᠮᠡᠳᠣ ᠪᠤᠳᠣᠡᠠᠳᠠᠬᠤ ᠪᠤᠯᠵᠡᠢ᠃ | ᠭᠡᠤᠬᠡᠨ ᠲᠠᠢ ᠵᠢᠷᠪᠡᠯᠵᠢᠨ ᠤᠷᠣᠰᠠᠬᠤ ᠭᠤᠣᠯ ᠤᠨ ᠬᠦᠪᠡᠭᠡᠨ ᠳᠤ ᠲᠠᠨᠢᠯᠴᠠᠨ ᠦᠶᠡᠷᠡᠭᠡᠵᠣ᠂ ᠵᠢᠷᠤᠬᠡ | ᠰᠡᠳᠬᠢᠯ ᠢᠶᠠᠨ ᠠᠭᠤᠳᠠᠯᠡᠨ ᠨᠠᠶᠢᠵᠠᠷᠬᠠᠨ ᠵᠤᠭᠤᠡᠠᠳᠠᠵᠣ ᠰᠠᠭᠤᠬᠤ ᠳᠤ ᠬᠤᠷᠸᠠ ᠠᠴᠠ ᠦᠭᠡᠷᠠ ᠶᠠᠭᠤ ᠴᠦ ᠬᠦᠰᠡᠬᠦ | ᠦᠭᠡᠢ ᠭᠠᠭᠴᠠ ᠯᠠ ᠬᠤᠪᠣᠷ ᠤᠨ ᠡᠳᠣᠷ ᠢ ᠣᠳᠤ ᠨᠢᠭᠡ ᠪᠠᠭ᠋ᠠᠨ ᠤᠷᠳᠣ ᠪᠡᠶᠢᠭᠠᠰᠡᠢ ᠬᠡᠮᠡᠨ ᠲᠠᠭᠠᠳᠬᠠᠨ ᠰᠠᠭᠤᠬᠤ | ᠳᠤ《 ᠬᠠᠳᠬᠤᠮᠠᠯ ᠬᠤᠸᠠᠷ ᠲᠠᠢ ᠲᠠᠮᠠᠬᠡᠨ ᠬᠠᠪᠳᠠᠭᠠ》 ᠶᠢᠨ ᠡᠵᠡᠨ ᠨᠢ ᠬᠡᠨ ᠪᠣᠯᠬᠤ ᠶᠢ ᠰᠤᠷᠭᠠᠯᠪᠡᠯ ᠬᠡᠤᠭᠡᠨ ᠤ | ᠨᠢᠭᠤᠷ ᠤᠨ ᠰᠢᠷᠬᠡᠭ ᠪᠦᠬᠦᠨ ᠠᠴᠠ ᠨᠢ ᠪᠠᠶᠠᠷ ᠵᠢᠷᠭᠠᠯ ᠤᠨ ᠲᠤᠶᠠᠭᠠ ᠮᠢᠷᠠᠯᠵᠢᠭᠤᠯᠣᠨ ᠢᠴᠡᠮᠬᠢ ᠮᠦᠰᠢᠶᠡᠳᠤ | ᠲᠤᠳᠣᠷᠠᠭᠤᠯᠣᠨ《 ᠡᠵᠡᠨ ᠢ ᠨᠢ ᠪᠠᠰᠠ ᠤᠯᠣᠭᠠᠳᠣᠢ》 ᠰᠢᠤ ᠬᠡᠬᠦ ᠳᠤ ᠄ | 《 ᠲᠡᠭᠡᠪᠡᠯ ᠨᠠᠳᠠ ᠳᠤ ᠥᠭᠬᠦᠴᠢᠬᠡ ᠭᠡᠳ ᠪᠤᠯᠢᠶᠠ ᠠᠪᠬᠤ ᠶᠢ ᠵᠠᠪᠳᠠᠳᠠᠯᠠ》 ᠬᠡᠤᠬᠡᠨ ᠪᠡᠷᠢᠵᠣ | ᠪᠡᠶᠢᠡᠠᠰᠡᠨ ᠣᠶᠤᠳᠠᠯ ᠢᠶᠠᠨ ᠡᠯᠢᠭᠡᠨ ᠳᠡᠭᠡᠨ ᠴᠢᠩᠭᠠ ᠭᠡᠭᠴᠢ ᠲᠡᠪᠡᠷᠡᠵᠣ《 ᠤᠳᠣ ᠪᠡᠰᠠ ᠤᠶᠣᠵᠤ ᠪᠠᠷᠠᠭᠠᠳᠤᠢ ᠰᠢᠦ | ᠂ ᠲᠠ ᠲᠠᠬᠢᠭᠠᠳ ᠬᠡᠵᠢᠶᠡ ᠢᠷᠡᠳᠡᠭ ᠪᠣᠯ︖ ᠴᠢᠮᠠᠶᠢ ᠢᠷᠡᠬᠦ ᠪᠠᠷ ᠯᠠ ᠤᠶᠣᠴᠢᠭᠠᠳ ᠪᠡᠶᠢᠬᠤ ᠶᠢ ᠪᠣᠳᠤᠶᠠ 》 | ᠭᠡᠵᠣ ᠨᠢᠭᠤᠴᠠᠬᠠᠨ ᠰᠢᠪᠡᠨᠡᠵᠣ ᠪᠡᠶᠢᠯᠠ᠃ | ᠲᠡᠶᠢᠮᠣ ᠡ︕ ᠵᠡᠭᠦᠳᠤᠨ ᠴᠡᠩᠭᠡᠷ ᠲᠠᠯᠠ ᠵᠢᠷᠤᠬᠡᠨ ᠱᠤᠪᠬᠤ ᠠᠭᠤᠯᠠᠰ ᠤᠨ ᠲᠡᠷᠭᠡᠳᠡ ᠵᠠᠯᠠᠭᠤ | ᠨᠠᠰᠣᠨ ᠤ ᠪᠠᠨ ᠠᠩᠬᠠᠨ ᠤ ᠬᠠᠶᠢᠷᠠ ᠶᠢ ᠲᠠᠮᠠᠭᠠᠯᠠᠵᠤ᠂ ᠵᠢᠷᠪᠡᠯᠵᠢᠨ ᠤᠷᠣᠰᠠᠬᠤ ᠭᠤᠣᠯ ᠤᠨ ᠬᠢᠨᠢ ᠬᠦᠪᠡᠭᠡᠨ ᠳᠤ | ᠲᠦᠷᠤᠭᠦᠴᠢ ᠶᠢᠨ ᠪᠤᠯᠵᠤᠭᠠ ᠪᠠᠨ ᠲᠠᠩᠭᠠᠷᠢᠭᠠᠯᠠᠬᠤ ᠳᠠᠭᠠᠨ ᠠᠷᠡᠢ ᠴᠦ ᠰᠢᠯᠢ ᠪᠤᠡᠠᠳᠠ ᠶᠢᠨ ᠤᠷᠣᠢ ᠭᠠᠷᠤᠴᠢᠬᠠᠡᠠᠰᠡᠨ | ᠦᠭᠡᠢ ᠪᠤᠯᠪᠠᠴᠤ ᠰᠢᠷᠬᠢᠰᠢ ᠦᠭᠡᠢ ᠲᠤᠯᠬᠢᠶᠠᠯᠠᠨ ᠤᠷᠣᠰᠠᠬᠤ ᠭᠤᠣᠯ ᠤᠨ ᠤᠰᠣᠨ ᠳᠤ ᠨᠢ ᠰᠡᠬᠦᠳᠡᠷ ᠵᠢᠷᠤᠭ ᠢᠶᠠᠨ | ᠰᠢᠩᠭᠡᠵᠣ ᠲᠠᠯᠪᠢᠵᠡᠢ᠃ ᠲᠡᠶᠢᠮᠣ ᠳᠤ ᠪᠠᠨ ᠭᠤᠸᠠ ᠦᠵᠡᠰᠭᠦᠯᠠᠩ ᠢᠶᠠᠷ ᠲᠡᠳᠤᠢ ᠦᠭᠡᠢ ᠶᠠᠮᠠᠷ ᠨᠢᠭᠡᠨ ᠠᠮᠢ | ᠠᠮᠢᠰᠬᠤᠭᠠ ᠪᠠᠷ ᠮᠡᠯᠮᠡᠷᠡᠩᠬᠠᠨ ᠤᠷᠣᠰᠠᠬᠤ ᠳᠤ ᠪᠠᠨ ᠠᠯᠢᠪᠠ ᠭᠤᠨᠢᠭ ᠭᠠᠭᠴᠠᠭᠠᠷᠳᠡᠯ ᠤᠨ ᠴᠠᠭ ᠲᠤ | ᠲᠠᠶᠢᠳᠬᠤᠷᠡᠯ ᠤᠨ ᠵᠦᠭᠡᠯᠡᠨ ᠡᠭᠡᠰᠢᠭ ᠡᠬᠦᠰᠭᠡᠵᠣ《 ᠬᠦᠮᠤᠨ ᠤ ᠬᠦᠤ ᠴᠢᠨᠣ ᠰᠠᠨᠠᠵᠣ ᠰᠠᠷᠪᠡᠶᠢᠵᠣ ᠣᠴᠢᠬᠤ ᠭᠡᠰᠡᠨ | ᠬᠦᠮᠣᠨ ᠴᠢᠨᠢ ᠵᠡᠬᠦᠳᠤᠨ ᠴᠡᠩᠭᠡᠷ ᠲᠠᠯᠠ ᠵᠢᠷᠤᠭᠡᠨ ᠱᠤᠪᠬᠤ ᠠᠭᠤᠯᠠᠰ ᠤᠨ ᠵᠢᠷᠪᠡᠯᠵᠢᠨ ᠤᠷᠣᠰᠠᠬᠤ ᠭᠤᠣᠯ ᠤᠨ | ᠲᠡᠷᠭᠡᠳᠠ ᠲᠠᠨ ᠤ ᠬᠤᠶᠠᠭᠤᠯᠠ ᠶᠢᠨ ᠲᠠᠩᠭᠠᠷᠠᠭ ᠲᠠᠯᠪᠢᠡᠠᠰᠡᠨ ᠮᠠᠷᠳᠠᠭᠠ ᠦᠭᠡᠢ ᠪᠡᠶᠢᠵᠢ᠃ ᠲᠠ ᠯᠠ ᠤᠴᠢᠬᠤ | ᠶᠤᠰᠣᠳᠡᠢ ᠪᠡᠶᠢᠡᠠᠰᠡᠨ ᠰᠢᠦ︕ ᠭᠡᠵᠣ ᠶᠠᠮᠠᠷ ᠨᠢᠭᠡ ᠬᠦᠮᠣᠨ ᠰᠢᠪᠡᠨᠡᠭᠰᠡᠭᠡᠷ ᠡ᠃ | ᠮᠢᠨᠣ ᠰᠡᠳᠬᠢᠯ ᠳᠤ ᠠᠷᠪᠠᠨ ᠲᠠᠪᠤᠨ ᠤ ᠰᠠᠷᠠ ᠰᠢᠭ᠋ ᠲᠤᠳᠣᠷᠬᠠᠰᠡᠨ ᠬᠡᠣᠬᠡᠨ ᠣᠳᠤ ᠰᠢᠭ᠋ ᠬᠠᠷᠪᠤᠭᠠᠳ | ᠥᠡᠭᠭᠡᠷᠡᠭᠰᠡᠨ ᠴᠦ ᠴᠡᠭᠡᠵᠢ ᠵᠢᠷᠤᠭᠡᠨ ᠤ ᠮᠢᠨᠢ ᠲᠤᠳᠣᠷᠡ ᠲᠤᠷᠡᠰᠣᠯ ᠮᠦᠷᠤᠭᠡᠳᠤᠯ ᠤᠨ ᠣᠴᠢ ᠦᠰᠤᠷᠭᠡᠳᠡᠭ ᠠᠴᠠ | ᠮᠢᠨᠣ ᠡᠳᠣᠷ ᠤᠨ ᠪᠤᠳᠣᠯ ᠦᠳᠡᠰᠢ ᠶᠢᠨ ᠵᠡᠬᠦᠳᠡᠨ ᠠᠴᠠ ᠭᠠᠷᠳᠠᠭ ᠦᠭᠡᠢ᠂ ᠠᠮᠢ ᠪᠡᠶᠡ ᠪᠠᠷ ᠢᠶᠠᠨ ᠲᠠᠨᠵᠢᠯᠠᠵᠣ | ᠠᠪᠤᠡᠠᠰᠡᠨ 《 ᠬᠤᠸᠠᠷ ᠲᠠᠢ ᠬᠠᠪᠳᠠᠭᠠ》 ᠴᠦ ᠤᠳᠣ ᠪᠤᠰᠣᠳ ᠬᠦᠮᠤᠨ ᠵᠡᠬᠦᠬᠦ ᠪᠤᠯᠴᠢᠬᠠᠡᠠᠰᠡᠨ ᠪᠡᠶᠢᠯᠠᠬᠦᠢ | ᠭᠡᠵᠣ ᠪᠤᠳᠣᠳᠠᠭ ᠠᠴᠠ ᠶᠤᠮ ᠤᠤ ︖ ᠤᠨᠳᠠᠬᠤ ᠯᠠ ᠪᠤᠯᠭᠠᠨ ᠵᠡᠬᠦᠳᠤᠯᠡᠬᠦ ᠪᠤᠯᠵᠡᠢ᠃ ᠲᠡᠷᠡ ᠠᠯᠤᠰ ᠤᠨ | ᠵᠡᠬᠦᠳᠤᠨ ᠴᠠᠩᠭᠡᠷ ᠲᠠᠯᠠ ᠶᠢᠨ ᠡᠯᠢᠭᠡᠨ ᠳᠤ ᠵᠢᠷᠤᠬᠡᠨ ᠱᠤᠪᠬᠤ ᠠᠭᠤᠯᠠᠰ ᠤᠨ ᠲᠡᠷᠭᠡᠳᠡ ᠵᠥᠡᠭ ᠪᠢᠯᠢᠭ ᠢᠶᠠᠷ ᠢᠶᠠᠨ | ᠠᠭᠤᠯᠵᠢᠬᠤ ᠢᠷᠤᠭᠡᠯ ᠠᠳᠡ ᠬᠡᠵᠢᠶᠡᠳᠡ ᠦᠷᠬᠦᠯᠵᠢᠯᠡᠭᠰᠡᠭᠡᠷ ᠂᠂᠂᠂ | ᠬᠠᠶ᠋ᠢᠭ ᠄ ᠪᠠᠭᠠᠷᠢᠨ ᠪᠡᠷᠠᠭᠤᠨ ᠬᠤᠰᠢᠭᠤᠨ ᠤ ᠴᠠᠭᠠᠨᠠᠭᠤᠷ ᠪᠠᠯᠭᠠᠰᠤᠨ ᠤ | ᠯᠦᠤᠽᠢ ᠭᠠᠴᠠᠭᠠ | | 巴林右旗查干诺尔镇楼子嘎查---额尔 | 敦陶格套。 13848976738 | | |