ᠨᠠᠨᠳᠢᠨ | ᠤᠷᠠᠩᠬᠠᠢ ᠲᠡᠪᠡᠯ ᠲᠠᠢ ᠡᠵᠢ ᠮᠢᠨᠢ | ᠤᠷᠠᠩᠬᠠᠢ ᠲᠡᠪᠡᠯ ᠲᠠᠢ ᠡᠵᠢ ᠲᠠᠢ ᠪᠠᠨ | ᠠᠭᠤᠯᠵᠠᠵᠦ ᠤᠴᠠᠷᠠᠬᠤ ᠠᠴᠠ ᠵᠤᠪᠠᠳᠠᠭ ᠴᠦ ᠪᠠᠶᠢᠯ᠎ᠠ | ᠤᠯᠠᠶᠢᠯᠭᠠᠵᠦ ᠨᠢᠭᠤᠷ ᠢ ᠪᠠᠷᠠᠴᠢᠬᠠᠬᠤ ᠠᠴᠠ | ᠤᠷᠤᠭᠤ ᠴᠢᠷᠠᠶᠢᠯᠠᠨ ᠵᠤᠭᠰᠤᠳᠠᠭ ᠯᠡ ᠪᠠᠶᠢᠯ᠎ᠠ᠃ | ᠨᠢᠮᠪᠠᠶᠢᠯᠠᠨ ᠬᠠᠳᠠᠭᠠᠯᠠᠭᠰᠠᠨ ᠵᠤᠭᠤᠰ ᠢ ᠨᠢ ᠯᠡ | ᠨᠢᠳᠦ ᠰᠠᠯᠭᠠᠯ ᠦᠭᠡᠢ ᠬᠠᠷᠠᠳᠠᠭ ᠪᠠᠶᠢᠯ᠎ᠠ | ᠨᠢᠭᠡ ᠨᠢᠭᠡ ᠮᠦᠩᠭᠦ ᠶᠢᠨ ᠠᠷᠪᠢᠯᠠᠯ ᠭᠡᠵᠦ | ᠨᠢᠭᠡ ᠯᠡ ᠮᠡᠳᠡᠭᠡ ᠦᠭᠡᠢ ᠪᠦᠷᠢᠯᠭᠡᠳᠡᠭ ᠯᠡ ᠪᠠᠶᠢᠯ᠎ᠠ᠃ | ᠠᠩᠬᠢ ᠶᠢᠨ ᠨᠦᠬᠦᠳ ᠤᠨ ᠨᠢᠳᠦᠨ ᠠᠴᠠ ᠲᠠᠯᠳᠠᠬᠠᠨ | ᠡᠵᠢ ᠪᠠᠨ ᠶᠠᠪᠤᠬᠤ ᠶᠢ ᠬᠦᠰᠡᠳᠡᠭ ᠯᠡ ᠪᠠᠶᠢᠯ᠎ᠠ | ᠤᠷᠠᠩᠬᠠᠢ ᠨᠠᠪᠳᠠᠷᠬᠠᠢ ᠲᠡᠪᠡᠯ ᠠᠴᠠ ᠨᠢ | ᠤᠴᠢᠷ ᠦᠭᠡᠢ ᠶᠡᠭᠡ ᠢᠴᠢᠳᠡᠭ ᠪᠠᠶᠢᠯ᠎ᠠ᠃ | ᠬᠤᠪᠢᠳᠠᠵᠦ ᠤᠯᠤᠭᠰᠠᠨ ᠮᠦᠩᠭᠦ ᠪᠠᠨ ᠲᠡᠭᠡᠭᠡᠳ | ᠬᠤᠭᠤᠯᠠᠨ ᠭᠡᠷ ᠲᠤ ᠦᠷᠦᠳᠡᠭ ᠪᠠᠶᠢᠯ᠎ᠠ | ᠬᠦᠭᠡᠷᠦᠬᠦᠢ ᠡᠵᠢ ᠶᠢᠨ ᠮᠢᠨᠢ ᠤᠷᠠᠩᠬᠠᠢ ᠲᠡᠪᠡᠯ | ᠬᠤᠨᠤᠭ ᠤᠨ ᠵᠡᠭᠦᠳᠦᠨ ᠳᠤ ᠴᠦ ᠤᠷᠤᠳᠠᠭ ᠦᠭᠡᠢ ᠪᠠᠶᠢᠯ᠎ᠠ᠃ | ᠬᠤᠳᠠ ᠵᠡᠭᠡᠯᠢ ᠶᠢᠨ ᠨᠠᠷᠬᠢᠶᠠᠨᠳᠦ ᠠᠮᠢᠳᠤᠷᠠᠯ ᠳᠤ | ᠮᠦᠩᠭᠦ ᠴᠦ ᠬᠤᠷᠳᠤᠬᠠᠨ ᠲᠠᠭᠤᠰᠳᠠᠭ ᠪᠠᠶᠢᠯ᠎ᠠ | ᠲᠤᠷᠤᠶᠢᠬᠠᠨ ᠲᠤᠤᠭᠠᠷᠳᠠᠭ ᠲᠠᠭᠤᠨ ᠤ ᠦᠩᠭᠡ ᠠᠴᠠ | ᠲᠠᠭᠤᠰᠤᠭᠰᠠᠨ ᠮᠦᠩᠭᠦ ᠶᠢ ᠮᠢᠨᠢ ᠭᠠᠳᠠᠷᠯᠠᠳᠠᠭ ᠪᠠᠶᠢᠯ᠎ᠠ | ᠡᠵᠢ ᠮᠢᠨᠢ︕ | ᠤᠷᠠᠩᠬᠠᠢ ᠲᠡᠪᠡᠯ ᠢᠶᠠᠨ ᠨᠠᠪᠳᠠᠯᠵᠠᠭᠤᠯᠤᠭᠰᠠᠭᠠᠷ | ᠠᠭᠤᠯᠵᠠᠬᠤ ᠪᠠᠷ ᠡᠵᠢ ᠮᠢᠨᠢ ᠢᠷᠡᠳᠡᠭ ᠪᠠᠶᠢᠯ᠎ᠠ | ᠮᠡᠨᠳᠦ ᠶᠢᠨ ᠵᠠᠬᠢᠶ᠎ᠠ ᠦᠭᠡᠢ ᠡᠵᠢ ᠳᠤ ᠪᠠᠨ | ᠮᠦᠩᠭᠦ ᠶᠢ ᠨᠢ ᠠᠪᠤᠨ᠎ᠠ ᠭᠡᠵᠦ ᠯᠡ ᠶᠠᠭᠠᠷᠠᠳᠠᠭ ᠴᠦ ᠪᠠᠶᠢᠯ᠎ᠠ᠃ | ᠠᠳᠬᠤᠨ ᠳᠠᠬᠢ ᠮᠦᠩᠭᠦ ᠪᠠᠨ ᠴᠢᠮᠠᠯᠠᠩᠬᠠᠨ | ᠠᠭᠠᠰᠢ ᠤᠨᠳᠤᠭᠠᠨ ᠴᠦ ᠬᠦᠷᠳᠡᠭ ᠪᠠᠶᠢᠯ᠎ᠠ | ᠠᠬᠢᠭᠠᠳ ᠤᠳᠠᠬᠤ ᠦᠭᠡᠢ ᠢᠷᠡᠨ᠎ᠡ ᠭᠡᠵᠦ | ᠠᠮᠠᠯᠠᠩᠬᠠᠨ ᠠᠮᠠᠯᠠᠩᠬᠠᠨ ᠪᠤᠴᠠᠳᠠᠭ ᠪᠠᠶᠢᠯ᠎ᠠ | ᠡᠵᠢ ᠮᠢᠨᠢ︕ | ᠤᠷᠠᠩᠬᠠᠢ ᠲᠡᠪᠡᠯ ᠲᠠᠢ ᠡᠵᠢ ᠮᠢᠨᠢ ᠲᠡᠭᠡᠭᠡᠳ | ᠤᠰᠤᠯᠳᠠᠭᠰᠠᠨ ᠬᠡᠥᠬᠡᠳ ᠰᠢᠭ ᠠᠶᠠᠷᠯᠠᠳᠠᠭ ᠪᠠᠶᠢᠯ᠎ᠠ | ᠮᠦᠩᠭᠦ ᠶᠢ ᠯᠡ ᠬᠠᠷᠠᠭᠰᠠᠨ ᠮᠢᠨᠤ ᠨᠢᠳᠦ | ᠮᠡᠯᠳᠡᠭᠡᠨᠡᠭᠰᠡᠨ ᠨᠢᠯᠪᠤᠰᠤ ᠶᠢ ᠨᠢ ᠤᠪᠠᠶᠢᠯᠠᠭᠠ ᠦᠭᠡᠢ ᠯᠡ ᠪᠠᠶᠢᠯ᠎ᠠ᠃ | ᠰᠢᠨᠡᠭᠡᠨ ᠲᠡᠪᠡᠯ ᠤᠨ ᠮᠦᠩᠭᠦ ᠪᠠᠨ ︽ᠬᠠᠷᠠᠮᠨᠠᠨ︾ | ᠦᠷ᠎ᠡ ᠳᠤ ᠪᠠᠨ ᠭᠡᠵᠦ ᠯᠡ ᠢᠯᠡᠭᠡᠳᠡᠭ ᠪᠠᠶᠢᠯ᠎ᠠ | ᠰᠢᠳᠡᠵᠦ ᠠᠮᠵᠢᠭ᠎ᠠ ᠦᠭᠡᠢ ᠤᠷᠠᠩᠬᠠᠢ ᠲᠡᠪᠡᠯ ᠢᠶᠠᠨ | ᠦᠪᠡᠷ ᠢᠶᠠᠨ ᠡᠵᠢ ᠮᠢᠨᠢ ᠡᠮᠦᠰᠳᠡᠭ ᠯᠡ ᠪᠠᠶᠢᠯ᠎ᠠ᠃ | ᠠᠮᠳᠠᠳᠠᠨ ᠪᠦᠬᠦᠨ ᠢ ᠬᠤᠷᠤᠭᠠᠵᠦ ᠴᠢᠳᠠᠯ ᠦᠭᠡᠢ | ᠠᠯᠳᠠᠷᠠᠢ ᠦᠷ᠎ᠡ ᠳᠤ ᠪᠠᠨ ᠨᠦᠭᠡᠴᠡᠯᠡᠳᠡᠭ ᠴᠦ ᠪᠠᠶᠢᠯ᠎ᠠ | ᠤᠶᠤᠵᠦ ᠴᠢᠳᠠᠭ᠎ᠠ ᠦᠭᠡᠢ ᠤᠷᠠᠩᠬᠠᠢ ᠲᠡᠪᠡᠯ ᠢᠶᠠᠨ | ᠡᠵᠢ ᠮᠢᠨᠢ ᠡᠮᠦᠰᠦᠭᠡᠳ ᠶᠠᠭᠠᠷᠠᠳᠠᠭ ᠯᠡ ᠪᠠᠶᠢᠯ᠎ᠠ᠃ | ᠤᠬᠠᠭ᠎ᠠ ᠦᠭᠡᠢ ᠶᠠᠪᠤᠭᠰᠠᠨ ᠤᠨ ᠰᠠᠷ᠎ᠠ ᠤᠳ | ᠤᠷᠠᠩᠬᠠᠢ ᠲᠡᠪᠡᠯ ᠳᠤ ᠨᠢ ᠪᠦᠪᠡᠶᠢᠯᠡᠭᠳᠡᠵᠦ ᠯᠡ ᠪᠠᠶᠢᠯ᠎ᠠ | ᠤᠷᠠᠭᠳᠠᠵᠦ ᠨᠡᠪᠳᠠᠷᠠᠭᠰᠠᠨ ᠲᠠᠪᠡᠯ ᠢᠶᠠᠨ ᠰᠢᠭ ᠯᠡ | ᠤᠬᠠᠭᠠᠨᠳᠦ ᠡᠵᠢ ᠮᠢᠨᠢ ᠦᠳᠡᠯᠡᠵᠦ ᠯᠡ ᠪᠠᠶᠢᠯ᠎ᠠ᠃ | ᠡᠮᠵᠡᠭᠯᠡᠬᠦᠯᠵᠦ ᠶᠠᠪᠤᠭᠰᠠᠨ ᠲᠡᠷᠡ ᠬᠦ ᠨᠠᠰᠤ ᠮᠢᠨᠢ | ᠡᠩᠭᠡᠷ ᠬᠤᠷᠮᠤᠢ ᠳᠤ ᠨᠢ ᠰᠢᠩᠭᠡᠭᠡᠰᠦᠳᠡᠢ ᠯᠡ ᠪᠠᠶᠢᠯ᠎ᠠ | ᠡᠯᠡᠭᠳᠡᠵᠦ ᠬᠠᠭᠤᠴᠢᠷᠠᠭᠰᠠᠨ ᠤᠷᠠᠩᠬᠠᠢ ᠲᠡᠪᠡᠯ ᠠᠴᠠ ᠨᠢ | ᠡᠵᠢ ᠶᠢᠨ ᠮᠢᠨᠢ ᠬᠠᠶᠢᠷ᠎ᠠ ᠪᠢᠯᠬᠠᠯᠠᠭᠠᠳ ᠯᠡ ᠪᠠᠶᠢᠯ᠎ᠠ ᠂᠂᠂ ᠂᠂᠂ ᠂᠂᠂ | | | ᠬᠠᠶ᠋ᠢᠭ᠄ ᠪᠠᠭᠠᠷᠢᠨ ᠪᠠᠷᠠᠭᠤᠨ ᠬᠤᠰᠢᠭᠤᠨ ᠤ | ᠪᠤᠷᠤᠡᠤᠰᠤ ᠮᠤᠩᠭᠤᠯ ᠪᠠᠭ᠎ᠠ ᠰᠤᠷᠭᠠᠭᠤᠯᠢ | | |