ᠭᠦᠲᠡᠭᠡ ᠶᠢᠨ ᠬᠠᠪᠤᠷ
ᠨᠡᠶᠢᠲᠡᠯᠡᠭᠰᠡᠨ ᠴᠠᠭ᠄
2020-07-21
                                              ᠵᠠᠶᠠᠭᠠᠲᠤ ᠬᠠᠪᠤᠷ ᠤᠨ ᠤᠷᠢ ᠨᠠᠭᠠᠰᠢᠯᠠᠵᠤ ᠤᠷᠢᠬᠠᠨ ᠰᠠᠯᠭᠢ ᠢᠯᠪᠠᠨ᠎ᠠ᠂ ᠬᠠᠰ ᠤᠨ ᠴᠠᠭᠠᠨ ᠴᠠᠰᠤ ᠬᠠᠨᠴᠤᠢ ᠬᠤᠷᠮᠠᠢ ᠨᠢ ᠰᠠᠮᠠᠷᠠᠨ᠎ᠠ᠃ ᠬᠠᠯᠢᠶ᠎ᠠ ᠶᠢᠨ ᠤᠰᠤ ᠨᠢ ᠲᠠᠯᠠᠷᠠᠵᠤ ᠠᠩᠭᠠᠮᠠᠯ ᠭᠦᠷᠤᠰᠤ ᠲᠠᠭᠤᠯᠠᠨ᠎ᠠ᠂ ᠬᠠᠭᠲᠠ ᠭᠦᠷ ᠤᠨ ᠲᠤᠤᠷ᠎ᠠ ᠠᠴᠠ ᠢᠷᠭᠤᠢ ᠨᠢᠲᠤᠯᠠᠵᠤ ᠢᠨᠢᠶᠠᠨ᠎ᠠ᠃ ᠬᠠᠪᠤᠷ ᠤᠨ ᠲᠡᠭᠷᠢ ᠬᠠᠶᠠ ᠬᠠᠭᠠᠰ ᠬᠤᠭᠤᠰ ᠲᠠᠢ ᠲᠤᠭᠰᠢᠷᠠᠨ᠎ᠠ᠂ ᠬᠠᠷ᠎ᠠ ᠰᠢᠭᠤᠷᠠᠭ᠎ᠠ ᠲᠡᠭᠲᠡᠵᠤ ᠬᠠᠶᠢᠷ ᠡᠯᠡᠰᠤ ᠪᠤᠲᠠᠷᠠᠨ᠎ᠠ᠂ ᠬᠠᠲᠠᠮ ᠡᠵᠢ ᠨᠢ ᠬᠠᠯᠠ ᠲᠠᠢ ᠴᠦ ᠬᠠᠶᠢᠷ᠎ᠠ ᠨᠢ ᠴᠠᠭᠠᠨ᠎ᠠ ᠪᠠᠶᠢᠲᠠᠭ ᠰᠢᠭ᠋᠂ ᠬᠠᠪᠤᠷ ᠤᠨ ᠠᠭᠠᠰᠢ ᠴᠦ ᠶᠠᠪᠤᠭᠠᠨ ᠳᠠᠭᠠᠨ ᠬᠠᠯᠠᠭᠤᠨ ᠵᠤᠨ ᠢ ᠠᠪᠴᠢᠷᠠᠨ᠎ᠠ᠃ ᠭᠠᠵᠠᠷ ᠤᠨ ᠠᠭᠤᠷ ᠪᠠᠲᠠᠷᠠᠵᠤ ᠲᠡᠭᠷᠢ ᠢᠶᠠᠨ ᠡᠷᠭᠦᠵᠤ ᠪᠤᠰᠤᠨ᠎ᠠ᠃ ᠭᠠᠳᠢᠷᠠᠰᠤᠨ ᠪᠠᠯᠭᠠᠰᠤ ᠤᠷᠭᠤᠵᠤ ᠵᠠᠷᠭᠡᠯᠡᠭᠡᠭᠡᠨ ᠵᠡᠭᠡᠯᠠᠵᠤ ᠨᠡᠭᠦᠨ᠎ᠠ᠃ ᠭᠠᠯᠠᠭᠤ ᠲᠡᠭᠡᠰᠤᠯᠠᠨ ᠵᠠᠯᠯᠠᠵᠤ ᠬᠠᠷᠠᠵᠢ ᠶᠢᠨ ᠭᠦᠪᠡᠭᠡᠨ ᠳᠤ ᠪᠠᠭᠤᠨ᠎ᠠ᠂ ᠭᠠᠭᠴᠠ ᠶᠢᠨ ᠬᠠᠪᠤᠷᠵᠢᠶᠠᠨ ᠪᠠᠭᠤᠴᠠ ᠳᠤ ᠠᠯᠠᠭ ᠲᠤᠩᠭ᠎ᠠ ᠵᠢᠷᠭᠡᠨ᠎ᠠ᠃ ᠤᠰᠤᠨ ᠤ ᠲᠤᠩᠭᠠᠯᠠᠭ ᠳᠤ ᠲᠤᠰᠤᠭᠠᠳ ᠰᠠᠷᠠᠨ ᠵᠢᠰᠤ ᠪᠠᠨ ᠭᠠᠶᠢᠬᠠᠨ᠎ᠠ᠂ ᠤᠲᠠᠨ ᠨᠠᠮᠠᠭᠠᠨ ᠳᠤ ᠡᠯᠭᠦᠭᠡᠳ ᠰᠠᠯᠭᠢ ᠵᠢᠭᠦᠲᠤ ᠶᠢᠨ ᠮᠠᠨᠠᠨ᠎ᠠ᠃ ᠤᠨᠲᠠᠵᠤ ᠰᠠᠷᠡᠭᠰᠠᠨ ᠬᠠᠨᠭ᠍ᠭᠠᠢ ᠳᠤ ᠠᠭᠤᠯᠠ ᠨᠤᠶᠢᠷᠮᠠᠭ ᠡᠪᠰᠢᠶᠠᠨ᠎ᠠ᠂ ᠤᠨᠢᠶᠠᠷ ᠭᠦᠲᠡᠩ ᠳᠤ ᠲᠦᠭᠡᠷᠡᠭᠡᠳ ᠲᠠᠯ᠎ᠠ ᠨᠠᠷ᠎ᠠ ᠪᠠᠨ ᠲᠠᠭᠤᠲᠠᠨ᠎ᠠ᠃ ᠠᠲᠤᠭᠤᠨ ᠵᠢᠯ᠎ᠠ ᠲᠡᠭᠡᠷ᠎ᠠ ᠰᠠᠭᠤᠭᠠᠳ ᠱᠠᠭᠠᠵᠠᠭᠠᠢ ᠪᠠᠶᠢᠨ ᠪᠠᠶᠢᠨ ᠱᠠᠭᠰᠢᠨ᠎ᠠ᠂ ᠠᠶᠢᠯᠴᠢᠨ  ᠬᠠᠪᠤᠷ ᠬᠤᠯᠠ ᠠᠴᠠ ᠠᠷᠤ ᠶᠢᠨ ᠭᠦᠲᠡᠭᠡ ᠳᠤ ᠰᠠᠭᠠᠲᠤᠨ᠎ᠠ  ᠃ ᠠᠯᠠᠭᠴᠢ ᠦᠨᠢᠶ᠎ᠠ ᠬᠠᠰᠢᠶᠠᠨ ᠳᠠᠭᠠᠨ ᠬᠤᠶᠠᠷ ᠲᠤᠭᠤᠯ ᠢᠭᠡᠷᠯᠠᠨ᠎ᠠ᠂ ᠠᠵᠢᠯᠴᠢ ᠪᠤᠷᠤ ᠠᠪᠠᠭ᠋ᠠᠢ ᠠᠶᠢᠷᠠᠭ ᠤᠨ ᠪᠠᠷᠭᠡᠯᠠ ᠢᠶᠠᠨ ᠵᠡᠰᠠᠨ᠎ᠠ᠃ ᠠᠮᠵᠢᠵᠤ ᠬᠠᠪᠤᠷ ᠳᠠᠭᠠᠨ ᠵᠠᠪᠲᠤᠪᠠᠯ ᠠᠳᠬᠤᠨ ᠳᠤ ᠨᠠᠮᠤᠷ ᠦᠯᠡᠲᠡᠨ᠎ᠠ᠂ ᠠᠵᠢᠯ ᠤᠬᠠᠭᠠᠨ ᠬᠤᠤᠰᠯᠠᠪᠠᠯ ᠠᠮᠢᠲᠤᠷᠠᠯ ᠦᠭᠡᠲᠠ ᠪᠠᠨ ᠪᠤᠯᠤᠨ᠎ᠠ᠃ ᠠᠪᠤ ᠭᠦᠤ ᠲᠠᠢ ᠪᠠᠨ ᠬᠤᠶᠠᠭᠤᠯᠠ ᠦᠷᠢᠶ᠎ᠠ ᠲᠠᠭ᠎ᠠ ᠪᠠᠨ ᠪᠠᠷᠢᠯᠠᠨ᠎ᠠ᠂ ᠠᠶᠢᠯ ᠤᠨ ᠤᠯᠠᠨ ᠪᠦᠭᠦᠲᠡᠭᠡᠷ ᠤᠨ ᠠᠵᠢᠨ ᠲᠠᠷᠢᠶᠠᠨ ᠳᠠᠭᠠᠨ ᠶᠠᠭᠠᠷᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号