ᠲᠠᠶᠢᠴᠢᠩ ᠭᠦᠷᠦᠨ ᠤ  ᠦᠶ᠎ᠡ ᠶᠢᠨ  ᠪᠠᠭᠠᠷᠢᠨ ᠨᠤᠳᠤᠭ ᠤᠨ  ᠴᠠᠭᠠᠨ ᠮᠦᠷᠡᠨ ᠤ  ᠰᠠᠪᠠ ᠭᠠᠵᠠᠷ  ᠠᠭᠤᠷ ᠠᠮᠢᠰᠬᠤᠯ ᠤᠨ  ᠲᠤᠬᠠᠢ ᠦᠬᠦᠯᠡᠭ᠊
ᠨᠡᠶᠢᠲᠡᠯᠡᠭᠰᠡᠨ ᠴᠠᠭ᠄
2020/7/13
                                       ᠡᠦ ᠶᠦᠩ ᠱᠠᠨ    ᠲᠤᠭᠳᠠᠬᠤ   ᠲᠤᠪᠴᠢ ᠠᠭᠤᠯᠠᠭ᠎ᠠ  ᠄  ᠡᠷᠳᠡᠨ   ᠤ ᠵᠦᠩ ᠶᠤᠸᠠᠨ ᠤᠷᠤᠨ ᠤ  ᠶᠤᠰᠤᠯᠠᠯᠳᠤ ᠨᠤᠮ  ︽ᠠᠭᠤᠷ ᠠᠮᠢᠰᠬᠤᠯ  ︾   ᠢ  ᠦᠨᠳᠤᠰᠦ ᠪᠤᠯᠭᠠᠨ  ᠪᠠᠭᠠᠷᠢᠨ ᠤ ᠴᠠᠭᠠᠨᠮᠦᠷᠡᠨ   ᠤ ᠰᠠᠪᠠ ᠭᠠᠵᠠᠷ ᠢ  ᠤᠶᠠᠯᠳᠠᠭᠤᠯᠵᠤ  ᠨᠢᠭᠡ ᠵᠢᠯ ᠤᠨ  ᠲᠦᠷᠪᠡᠨ ᠤᠯᠠᠷᠢᠯ ᠤᠨ 12 ᠰᠠᠷ᠎ᠠ ᠶᠢᠨ  ᠲᠤᠳᠤᠷ᠎ᠠ  ᠴᠠᠭ ᠠᠭᠤᠷ᠂  ᠠᠮᠢ ᠠᠬᠤᠢ᠂  ᠨᠡᠶᠢᠭᠡᠮ ᠭᠤᠷᠪᠠ ᠶᠢᠨ  ᠬᠠᠷᠢᠴᠠᠭ᠎ᠠ︔  ᠲᠡᠭᠷᠢ᠂ ᠠᠭᠠᠷ᠂  ᠨᠡᠶᠢᠭᠡᠮ ᠭᠤᠷᠪᠠ ᠶᠢᠨ  ᠬᠤᠪᠢᠷᠠᠯᠳᠠ   ᠢ  ᠲᠠᠷᠢᠶᠠᠯᠠᠩ᠂ ᠤᠢ ᠰᠢᠭᠤᠢ᠂  ᠮᠠᠯ  ᠮᠠᠯᠵᠢᠯ  ᠂ ᠤᠰᠤᠨ ᠠᠰᠢᠭᠯᠠᠯᠳᠠ ᠵᠡᠷᠭᠡ ᠶᠢᠨ  ᠬᠦᠵᠢᠭᠦ ᠵᠢᠮ᠎ᠡ ᠶᠤᠰᠤ︔  ᠪᠠᠶᠢᠭᠠᠯᠢ ᠶᠢᠨ  ᠦᠵᠡᠭᠳᠡᠯ᠂  ᠬᠦᠮᠦᠨ ᠲᠦᠷᠦᠯᠬᠢᠳᠠᠨ ᠤ ᠦᠢᠯᠡ ᠠᠵᠢᠯᠯᠠᠭ᠎ᠠ᠂  ᠪᠠᠶᠢᠭᠠᠯᠢ ᠶᠢ ᠦᠭᠡᠷᠴᠢᠯᠡᠬᠦ᠂  ᠨᠡᠶᠢᠭᠡᠮ ᠤᠨ  ᠬᠦᠭᠵᠢᠯᠳᠡ ᠶᠢ ᠠᠬᠢᠭᠤᠯᠬᠤ   ᠶᠢ ᠦᠭᠦᠯᠡᠪᠡ  ᠃ ᠲᠦᠯᠬᠢᠬᠦᠷ ᠦᠭᠡ᠄   ᠨᠠᠷᠠᠨ ᠤ ᠡᠷᠬᠢᠯᠳᠡ  ᠂ ᠴᠠᠭ ᠠᠭᠤᠷ  ᠂ ᠲᠦᠷᠪᠡᠨ ᠤᠯᠠᠷᠢᠯ᠂  ᠬᠦᠮᠦᠨ ᠲᠦᠷᠦᠯᠬᠢᠳᠡᠨ ᠤ ᠦᠢᠯᠡ ᠠᠵᠢᠯᠯᠠᠭ᠎ᠠ᠂  ᠨᠡᠶᠢᠭᠡᠮ ᠤᠨ  ᠬᠦᠭᠵᠢᠯᠳᠡ᠃  ᠲᠤᠰ ᠵᠤᠬᠢᠶᠠᠯ ᠳᠤ  ᠶᠠᠷᠢᠭᠳᠠᠬᠤ ᠴᠭᠠᠨ ᠮᠦᠷᠡᠨ ᠤ ᠰᠠᠪᠠ ᠭᠠᠵᠠᠷ ᠬᠡᠮᠡᠭᠴᠢ  ᠭᠤᠤᠯᠳᠠᠬᠤ  ᠲᠦᠪ ᠡᠷᠬᠡᠳᠦ  ᠵᠤᠤ 〔1〕᠂  ᠰᠦᠷᠦᠭ ᠤᠨ  ᠲᠠᠯ᠎ᠠ  ᠂ ᠠᠭᠤᠢ ᠲᠠᠯ᠎ᠠ ᠶᠢ ᠵᠢᠭᠠᠵᠦ  ᠪᠠᠷᠤᠭ 620 ᠲᠦᠷᠪᠡᠯᠵᠢᠨ  ᠺᠢᠯᠤᠮᠧᠲ᠋ᠠᠷ  ᠲᠠᠯᠠᠪᠠᠢ ᠲᠠᠢ  ᠃  ᠡᠷᠳᠡᠨ   ᠤ  ᠵᠦᠩ ᠶᠤᠸᠠᠨ ᠤᠷᠤᠨ   ᠤ  ᠶᠤᠰᠤᠯᠠᠯᠳᠤ ᠨᠤᠮ ᠤᠨ  ᠠᠷᠪᠠᠳᠤᠭᠠᠷ ᠡᠪᠭᠡᠮᠡᠯ 49 ᠳ᠋ᠤᠭᠡᠷ ᠵᠤᠷᠪᠤᠰ   ᠤᠨ  ︽ᠠᠭᠤᠷ ᠠᠮᠢᠰᠬᠤᠯ  ︾   ᠤᠨ 3 ᠳ᠋ᠤᠭᠠᠷ ᠡᠪᠬᠡᠮᠡᠯ   ᠤᠨ 6  ᠳ᠋ᠤᠭᠠᠷ  ᠵᠤᠷᠪᠤᠰ   ᠲᠤ  ᠴᠠᠭ ᠠᠭᠤᠷ  ᠂  ᠠᠮᠢ ᠠᠬᠤᠢ  ᠂   ᠨᠡᠶᠢᠭᠡᠮ ᠭᠤᠷᠪᠠ ᠶᠢᠨ  ᠬᠠᠷᠢᠴᠠᠭ᠎ᠠ᠂  ᠲᠡᠭᠷᠢ  ᠂   ᠠᠭᠠᠷ  ᠂ ᠨᠡᠶᠢᠭᠡᠮ ᠭᠤᠷᠪᠠ ᠶᠢᠨ  ᠬᠤᠪᠢᠷᠯᠳᠠ᠂  ᠲᠠᠷᠢᠶᠠᠯᠠᠩ᠂ ᠤᠢ ᠰᠢᠭᠤᠢ᠂  ᠮᠠᠯ ᠮᠠᠯᠵᠢᠯ  ᠂ ᠤᠰᠤᠨ ᠠᠰᠢᠭᠯᠠᠯᠳᠠ ᠵᠡᠷᠭᠡ ᠶᠢᠨ  ᠵᠤᠬᠢᠴᠠᠩᠭᠤᠢ  ᠭᠦᠭᠵᠢᠬᠦ ᠵᠢᠮ᠎ᠡ ᠶᠤᠰᠤ   ᠶᠢ ᠬᠦᠨ ᠬᠦᠨᠵᠠᠬᠡᠢ ᠰᠤᠳᠤᠯᠵᠦ  ᠂  ᠨᠢᠭᠡ ᠵᠢᠯ ᠤᠨ  ᠠᠭᠤᠷ ᠠᠮᠢᠰᠬᠤᠯ   ᠢ 12 ᠰᠠᠷ᠎ᠠ  ᠢᠶᠠᠷ  ᠬᠤᠪᠢᠶᠠᠵᠦ 〔2〕᠂ ᠨᠢᠭᠡ ᠰᠠᠷ᠎ᠠ ᠳᠤ  ᠨᠢᠭᠡ ᠦᠵᠡᠭᠳᠡᠯ   ᠲᠠᠢ  ᠂  ᠬᠦᠮᠦᠨ ᠲᠦᠷᠦᠯᠬᠢᠳᠡᠨ ᠤ  ᠦᠢᠯᠡ  ᠠᠵᠢᠯᠯᠠᠭ᠎ᠠ   ᠶᠢ ᠠᠷᠪᠠᠨ ᠬᠤᠶᠠᠷ  ᠦᠶ᠎ᠡ   ᠪᠠᠷ ᠵᠤᠬᠢᠰᠳᠠᠢ  ᠬᠦᠳᠡᠯᠡᠯᠡᠴᠡᠵᠦ  ᠪᠠᠶᠢᠭᠠᠯᠢ ᠲᠠᠢ ᠵᠤᠬᠢᠴᠠᠬᠤ  ᠂ ᠪᠠᠶᠢᠭᠠᠯᠢ   ᠶᠢ ᠦᠭᠡᠷᠴᠢᠯᠡᠬᠦ  ᠂ ᠨᠡᠶᠢᠭᠡᠮ  ᠬᠦᠭᠵᠢᠯᠳᠡ ᠶᠢ  ᠠᠭᠢᠭᠤᠯᠬᠤ ᠶᠢ  ᠰᠠᠶᠢᠳᠦᠷ ᠦᠭᠦᠯᠡᠪᠡ  ᠃ ᠠᠳᠡ ᠪᠢᠳᠡ  ᠲᠠᠶᠢᠴᠢᠩ ᠬᠦᠷᠦᠨ ᠤ  ᠪᠠᠳᠠᠷᠠᠭᠤᠯᠳᠦ ᠲᠦᠷᠦ ᠶᠢᠨ  ᠠᠷᠪᠠᠨ ᠨᠠᠢᠮᠠᠨ ᠤᠨ  ︵1892︶   ᠠᠴᠠ  ᠬᠤᠷᠢᠨ ᠨᠠᠢᠮᠠᠨ ᠤᠨ  ︵1902︶ ᠤ ᠴᠠᠭ ᠠᠭᠤᠷ   ᠤᠨ  ᠲᠡᠮᠳᠡᠭᠡᠯᠡᠯ   ᠢᠶᠠᠷ  ᠦᠨᠳᠦᠰᠦ  ᠪᠤᠯᠭᠠᠨ  ᠪᠭᠠᠷᠢᠨ ᠤ ᠴᠠᠭᠠᠨ ᠮᠦᠷᠡᠨ ᠤ ᠰᠠᠪᠠ ᠭᠠᠵᠠᠷ ᠳᠠᠬᠢ  ᠨᠢᠭᠡ ᠵᠤᠤ  ᠂ ᠬᠤᠶᠠᠷ ᠲᠠᠯ᠎ᠠ   ᠶᠢᠨ  ᠠᠭᠤᠷ ᠠᠮᠢᠰᠬᠤᠯ   ᠤᠨ  ᠲᠤᠬᠠᠢ  ᠶᠠᠷᠢᠶ᠎ᠠ᠃ ︽ᠶᠤᠰᠤᠯᠠᠯᠳᠤ ᠨᠤᠮ  ︾   ᠤᠨ  ︽ᠠᠭᠤᠷ ᠠᠮᠢᠰᠬᠤᠯ  ︾ ᠤᠨ  ᠵᠤᠷᠪᠤᠰ   ᠲᠤ   ᠨᠢᠭᠡ ᠵᠢᠯ ᠤᠨ  ᠠᠷᠪᠠᠨ ᠬᠤᠶᠠᠷ ᠰᠠᠷ᠎ᠠ ᠶᠢ  ᠲᠦᠷᠪᠡ  ᠬᠤᠪᠢᠶᠠᠵᠦ  ᠂ ᠶᠡᠷᠦ ᠨᠢ ᠲᠦᠷᠪᠡᠨ ᠤᠯᠠᠷᠢᠯ ᠭᠡᠵᠦ  ᠲᠠᠭᠤᠳᠠᠳᠠᠭ  ᠂ ᠨᠢᠭᠡᠨ  ᠤᠯᠠᠷᠢᠯ ᠳᠤ  ᠭᠤᠷᠪᠠᠨ ᠰᠠᠷ᠎ᠠ   ᠲᠠᠢ  ᠪᠦᠭᠡᠳ  ᠲᠤᠰ ᠲᠤᠰ   ᠡᠬᠢ᠂  ᠲᠤᠮᠳᠠ  ᠂ ᠰᠡᠭᠦᠯᠴᠢ  ᠭᠡᠵᠦ ᠭᠤᠷᠪᠠᠨ ᠰᠠᠷ᠎ᠠ ᠬᠤᠪᠢᠶᠠᠨ᠎ᠠ᠂  ︽ᠶᠤᠰᠤᠯᠠᠯᠳᠤ ᠨᠤᠮ︾  ᠬᠠᠳᠤᠨ ᠭᠤᠤᠯ ᠤᠨ  ᠠᠭᠤᠷ ᠠᠮᠢᠰᠬᠤᠯ ᠢ  ᠦᠨᠳᠦᠰᠦᠯᠡᠵᠦ  ᠪᠢᠯᠢᠭ ᠤᠨ  ᠤᠯᠠᠷᠢᠯ ᠤᠨ 1᠂2᠂3 ᠰᠠᠷ᠎ᠠ ᠶᠢ ᠬᠠᠪᠤᠷ ᠤᠨ  ᠤᠯᠠᠷᠢᠯ ᠤᠨ  ᠡᠬᠢ  ᠂  ᠲᠤᠮᠳᠠ  ᠂ ᠰᠡᠭᠦᠯᠴᠢ   ᠶᠢᠨ  ᠭᠤᠷᠪᠠᠨ ᠰᠠᠷ᠎ᠠ ᠭᠡᠳᠡᠭ᠃ 4᠂5᠂6 ᠰᠠᠷ᠎ᠠ ᠶᠢ ᠲᠤᠰ ᠲᠤᠰ  ᠵᠤᠨ ᠤ ᠤᠯᠠᠷᠢᠯ ᠤᠨ   ᠡᠬᠢ᠂  ᠲᠤᠮᠳᠠ᠂  ᠰᠡᠭᠦᠯᠴᠢ   ᠶᠢᠨ  ᠭᠤᠷᠪᠠᠨ‌‍ᠰᠠᠷ᠎ᠠ ᠭᠡᠵᠦ  ᠂ 7᠂8᠂9 ᠰᠠᠷ᠎ᠠ ᠶᠢ ᠲᠤᠰ ᠲᠤᠰ ᠨᠠᠮᠦᠷ ᠤᠨ  ᠤᠯᠠᠷᠢᠯ ᠤᠨ  ᠡᠬᠢ᠂   ᠲᠤᠮᠳᠠ᠂  ᠰᠡᠭᠦᠯᠴᠢ ᠶᠢᠨ  ᠭᠤᠷᠪᠠᠨ ᠰᠠᠷ᠎ᠠ  ᠭᠡᠵᠦ  ᠂10᠂11᠂12 ᠰᠠᠷ᠎ᠠ ᠶᠢ  ᠲᠤᠰ ᠲᠤᠰ  ᠡᠪᠦᠯ ᠤᠨ  ᠡᠬᠢ᠂  ᠲᠤᠮᠳᠠ᠂  ᠰᠡᠭᠦᠯᠴᠢ   ᠶᠢᠨ  ᠭᠤᠷᠪᠠᠨ ᠰᠠᠷ᠎ᠠ ᠭᠡᠳᠡᠭ᠃  ᠪᠠᠭᠠᠷᠢᠨ ᠤ ᠴᠠᠭᠠᠨ ᠮᠦᠷᠡᠨ ᠤ ᠰᠠᠪᠠ  ᠭᠠᠵᠠᠷ  ᠤᠨ  ᠭᠤᠷᠪᠠᠨ ᠵᠤᠤ  ᠲᠠᠯ᠎ᠠ   ᠶᠢᠨ  ᠴᠠᠭ ᠠᠭᠤᠷ ᠤᠨ   ᠬᠠᠯᠠᠭᠤᠨ ᠬᠦᠢᠳᠡᠨ ᠢ  ᠲᠠᠶᠢᠴᠢᠩ  ᠬᠦᠷᠦᠨ ᠤ  ᠲᠡᠮᠳᠡᠭᠡᠯᠡᠯ ᠲᠠᠢ ᠬᠠᠷᠢᠴᠠᠭᠤᠯᠠᠨ  ᠦᠭᠦᠯᠡᠪᠡᠯ  ᠬᠠᠪᠤᠷ ᠤᠨ  ᠤᠯᠠᠷᠢᠯ  ᠪᠤᠯᠪᠠᠯ 3᠂4᠂5 ᠰᠠᠷ᠎ᠠ  ︔  ᠵᠤᠨ ᠤ  ᠤᠯᠠᠷᠢᠯ 6᠂7᠂8 ᠰᠠᠷ᠎ᠠ  ︔ ᠨᠠᠮᠦᠷ ᠤᠨ  ᠤᠯᠠᠷᠢᠯ 9᠂10᠂ 11 ᠰᠠᠷ᠎ᠠ  ︔  ᠡᠪᠦᠯ ᠤᠨ  ᠤᠯᠠᠷᠢᠯ 12᠂1 ᠂2 ᠰᠠᠷ᠎ᠠ〔3〕 ᠶᠢ  ᠲᠤᠰ ᠲᠤᠰ ᠪᠠᠭᠳᠠᠭᠠᠨ᠎ᠠ᠃  ᠰᠠᠷ᠎ᠠ ᠪᠦᠷᠢ ᠶᠢᠨ  ᠠᠭᠤᠷ ᠠᠮᠢᠰᠬᠤᠯ ᠢ  ᠲᠡᠭᠷᠢ ᠶᠢᠨ   ᠲᠦᠷᠢ᠂   ᠠᠭᠠᠷ ᠤᠨ  ᠮᠠᠶ᠋ᠢᠭ᠂  ᠪᠤᠳᠠᠰ ᠤᠨ  ᠦᠵᠡᠭᠳᠡᠯ ᠭᠡᠵᠦ ᠲᠤᠰ ᠲᠤᠰ   ᠲᠤᠨᠢ ᠢᠯᠭᠠᠨ  ᠲᠤᠭᠳᠠᠭᠠᠵᠠᠢ᠃  ᠡᠭᠦᠨ ᠳᠤ ᠲᠡᠭᠷᠢ ᠶᠢᠨ  ᠲᠦᠷᠢ  ᠂  ᠠᠭᠠᠷ ᠤᠨ  ᠮᠠᠶ᠋ᠢᠭ ᠢᠶᠠᠷ ᠭᠤᠤᠯ ᠪᠤᠯᠭᠠᠵᠤ᠂    ᠨᠢᠭᠡ ᠰᠠᠷ᠎ᠠ ᠶᠢᠨ  ᠲᠤᠳᠤᠷ᠎ᠠ ᠪᠠᠰᠠ  ᠨᠠᠷᠠᠨ ᠤ ᠡᠷᠳᠡ  ᠤᠷᠦᠢ ᠬᠤᠶᠠᠷ  ᠴᠠᠭ ᠮᠡᠴᠢᠳ   ᠲᠤ  ᠲᠡᠭᠷᠢ ᠶᠢᠨ  ᠤᠳᠤᠳ  ᠵᠦᠭ ᠰᠢᠯᠵᠢᠨ ᠬᠠᠨᠳᠦᠬᠤ ᠲᠤᠬᠠᠢ  ᠵᠢᠴᠢ  ᠲᠤᠬᠠᠢ ᠶᠢᠨ  ᠦᠶ᠎ᠡ ᠶᠢᠨ  ᠠᠭᠤᠷ ᠠᠮᠢᠰᠬᠤᠯ   ᠤᠨ  ᠬᠠᠯᠠᠭᠤᠨ ᠬᠦᠢᠳᠡᠨ᠂  ᠠᠷᠭ᠎ᠠ ᠪᠢᠯᠢᠭ ᠤᠨ  ᠬᠤᠭᠤᠷᠤᠨᠳᠦᠬᠢ  ᠬᠤᠪᠢᠷᠠᠯᠳᠠ ᠶᠢ ᠢᠯᠭᠠᠨ ᠲᠤᠭᠳᠠᠭᠠᠵᠦ  ᠪᠠᠰᠠ ᠠᠮᠢᠳᠠᠨ  ᠤᠷᠭᠤᠮᠠᠯ  ᠂ ᠭᠠᠵᠠᠷ ᠵᠦᠢ᠂  ᠤᠰᠤᠨ   ᠤ   ᠬᠦᠳᠡᠯᠬᠦ  ᠵᠡᠷᠭᠡ ᠶᠢᠨ  ᠬᠤᠪᠢᠷᠠᠯᠳᠠ  ᠪᠠ ᠪᠠᠶᠢᠭᠠᠯᠢ᠂  ᠪᠤᠳᠠᠰ ᠤᠨ   ᠰᠢᠨᠵᠢ ᠶᠢ ᠵᠤᠬᠢᠴᠠᠩᠭᠤᠢ  ᠲᠡᠮᠳᠡᠭ ᠪᠤᠯᠭᠠᠨ  ᠵᠤᠬᠢᠰ ᠲᠠᠢ  ᠲᠤᠬᠢᠷᠠᠭᠤᠯᠵᠠᠢ  ᠃   ᠠᠳᠡ ᠪᠢᠳᠠ  ᠪᠠᠭᠠᠷᠢᠨ ᠤ ᠴᠠᠭᠠᠨ ᠮᠦᠷᠨᠨ ᠤ ᠰᠠᠪᠠ ᠭᠠᠵᠠᠷ ᠤᠨ  ᠭᠤᠷᠪᠠᠨ ᠵᠤᠤ  ᠲᠠᠯ᠎ᠠ ᠪᠠᠷ  ᠭᠤᠤᠯ ᠰᠡᠳᠦᠪ ᠪᠤᠯᠭᠠᠨ  ᠨᠠᠷᠠᠨ ᠤ ᠡᠷᠭᠢᠯᠳᠡ ︵ᠨᠠᠷᠠ  ᠶᠢᠰᠦᠨ ᠭᠠᠷᠠᠭ   ᠢᠶᠠᠨ ᠲᠠᠭᠠᠭᠤᠯᠤᠨ  ᠨᠢᠭᠡ ᠮᠢᠨᠦ᠋ᠲ ᠳᠤ 16 ᠲᠦᠮᠨᠨ ᠺᠢᠯᠤᠮᠧᠲ᠋ᠠᠷ ᠤᠨ  ᠬᠤᠷᠳᠤᠴᠠ ᠪᠠᠷ ᠲᠡᠭᠷᠢ ᠶᠢᠨ  ᠤᠶᠤᠳᠠᠯ ᠤᠨ  ᠪᠠᠭᠠᠳᠤᠷ   ᠠᠷᠰᠢ  ᠤᠳᠤ ᠵᠦᠭ ᠰᠢᠯᠵᠢᠨ᠎ᠡ᠃ ᠡᠭᠦᠨ ᠳᠤ  ᠲᠡᠯᠡᠬᠡᠢ ᠶᠢᠨ ᠪᠦᠮᠪᠦᠷᠴᠡᠭ  ᠬᠤᠷᠢᠨ ᠲᠠᠪᠤᠨ ᠡᠳᠦᠷ ᠪᠤᠯᠬᠤ ᠳᠤ ᠨᠠᠷᠠ  ᠦᠪᠡᠷ ᠢᠶᠠᠨ ᠨᠢᠭᠡ ᠡᠷᠬᠢᠨ᠎ᠡ︶  ᠪᠠᠷᠢᠮᠵᠢᠶ᠎ᠠ ᠪᠤᠯᠭᠠᠵᠤ  ᠠᠭᠤᠷ ᠠᠮᠢᠰᠬᠤᠯ ᠤᠨ  ᠪᠠᠶᠢᠳᠠᠯ ᠢ  ᠲᠤᠳᠤᠷᠬᠠᠶᠢᠯᠠᠨ ᠦᠭᠦᠯᠡᠬᠦ ᠨᠢ 1᠂  ᠬᠠᠪᠤᠷ ᠤᠨ  ᠭᠤᠷᠪᠠᠨ ᠰᠠᠷ᠎ᠠ ᠬᠠᠪᠤᠷ ᠤᠨ  ᠭᠤᠷᠪᠠᠨ ᠰᠠᠷ᠎ᠠ ᠶᠢᠨ  ᠡᠬᠢᠨ ᠤ ᠰᠠᠷ᠎ᠠ ᠳᠤ  ᠨᠠᠷᠠ  ᠭᠡᠷ ᠬᠠᠨ᠎ᠠ  ᠲᠦᠷᠪᠡᠨ ᠤᠳᠤ  ᠵᠦᠭ  ᠬᠠᠨᠳᠦᠵᠦ  ᠂ ᠨᠠᠷᠠ ᠰᠢᠩᠭᠡᠬᠦ ᠳᠤ   ᠠᠪᠠᠨ  ᠭᠡᠷ ᠤᠨ  ᠭᠤᠷᠪᠠᠨ ᠤᠳᠤ ᠵᠦᠭ ᠰᠢᠯᠵᠢᠵᠦ  ᠦᠷ ᠴᠠᠶᠢᠬᠤ ᠳᠤ   ᠲᠡᠭᠷᠢ ᠶᠢᠨ  ᠲᠠᠬᠢᠶ᠎ᠠ   ᠶᠢᠨ  ᠭᠤᠷᠪᠠᠨ ᠤᠳᠤ ᠵᠦᠭ ᠰᠢᠯᠵᠢᠵᠦ  ᠂ ᠡᠨᠡ  ᠬᠠᠪᠤᠷᠤᠨ ᠡᠬᠢᠨ ᠰᠠᠷ᠎ᠠ ᠶᠢᠨ  ᠲᠦᠯᠦᠭᠡᠯᠡᠭᠴᠢ ᠤᠳᠤ ᠪᠤᠯᠪᠠᠯ  ᠭᠡᠷ  ᠬᠠᠨ᠎ᠠ  ᠤᠳᠤ ᠶᠢᠨ  ᠨᠢᠰᠬᠦ  ᠮᠤᠷᠢᠨ  ᠰᠠᠭᠤᠳᠠᠯ ᠤᠨ  ᠠᠷᠰᠢ ᠶᠢᠨ  ᠰᠠᠭᠤᠳᠠᠯ ᠤᠨ 2 ᠤᠷᠦᠢ ᠲᠤᠬᠢᠭᠤᠷ ᠲᠤᠯᠤᠭᠠᠨ ᠤᠳᠤ  ᠵᠦᠭ  ᠬᠠᠨᠳᠦᠨ᠎ᠠ  ᠂ ᠦᠷᠯᠦᠭᠡ  ᠬᠢᠯᠢᠨᠴᠢᠳᠦ  ᠶᠢᠰᠦᠨ ᠰᠠᠭᠤᠳᠠᠯ ᠵᠦᠭ ᠬᠠᠨᠳᠦᠨ᠎ᠠ᠃   ᠡᠨᠡᠬᠦ  ᠬᠠᠪᠤᠷ  ᠲᠡᠭᠷᠢ ᠶᠢᠨ  ᠲᠦᠷᠢ   ᠪᠤᠯ  ᠠᠭᠤᠷ ᠠᠮᠢᠰᠬᠤᠯ   ᠲᠤᠷᠤᠭᠰᠢ  ᠪᠠᠭᠤᠷᠠᠵᠦ  ᠂  ᠭᠠᠵᠠᠷ ᠤᠨ  ᠠᠭᠤᠷ ᠲᠡᠭᠡᠭᠰᠢ  ᠮᠠᠨᠳᠤᠵᠦ  ᠂ ᠲᠡᠭᠷᠢ ᠭᠠᠵᠠᠷ  ᠲᠡᠭᠰᠢ ᠵᠤᠬᠢᠴᠠᠨ᠎ᠠ  ᠂ ᠠᠭᠠᠷ ᠤᠨ  ᠮᠠᠶ᠋ᠢᠭ ᠨᠢ  ᠵᠡᠭᠦᠨ   ᠤ ᠰᠠᠯᠬᠢᠨ  ᠬᠦᠢᠳᠡᠨ ᠠᠭᠤᠷ   ᠢ    ᠲᠠᠷᠤᠵᠦ  ᠲᠦᠮᠡᠨ ᠪᠤᠳᠠᠰ ᠰᠡᠷᠡᠨ᠎ᠡ᠃  ᠪᠤᠳᠠᠰ ᠤᠨ  ᠦᠵᠡᠭᠳᠡᠯ ᠪᠤᠯᠪᠠᠯ  ᠡᠪᠡᠰᠦ ᠮᠤᠳᠤ ᠨᠠᠬᠢᠶᠠᠯᠵᠦ  ᠂ ᠭᠠᠯᠠᠭᠤ ᠰᠢᠪᠠᠭᠤᠨ  ᠤᠮᠠᠷᠠᠰᠢ  ᠨᠡᠭᠦᠵᠦ  ᠂ ᠲᠠᠷᠢᠶᠠᠨ   ᠤ ᠠᠵᠢᠯ  ᠡᠬᠢᠯᠡᠨ᠎ᠡ  ᠃  ᠬᠠᠪᠤᠷ ᠤᠨ  ᠡᠬᠢᠨ ᠰᠠᠷ᠎ᠠ ᠳᠤ ᠵᠠᠰᠠᠭ ᠲᠦᠷᠦ ᠶᠢᠨ  ᠵᠢᠶᠦ᠋ᠨ ᠸᠠᠩ  ᠪᠡᠶ᠎ᠡ   ᠪᠠᠷ ᠢᠶᠠᠨ  ᠲᠠᠯ᠎ᠠ ᠭᠠᠵᠠᠷ ᠬᠦᠷᠴᠦ ᠲᠡᠭᠷᠢ ᠳᠤ ᠲᠠᠭᠠᠳᠬᠠᠨ᠂ ᠬᠠᠭᠠᠨ ᠡᠵᠡᠨ ᠤ ᠬᠠᠶᠢᠷ᠎ᠠ ᠬᠠᠯᠠᠮᠵᠢ ᠬᠦᠷᠳᠡᠬᠦ ᠶᠢ ᠬᠦᠰᠡᠵᠦ  ᠂ ᠮᠠᠯ ᠲᠠᠷᠢᠶᠠᠯᠠᠩ ᠬᠦᠭᠵᠢᠬᠦᠯᠬᠦ  ᠬᠤᠷᠠᠯ ᠴᠤᠭᠯᠠᠭᠠᠨ ᠪᠤᠯᠵᠦ ᠰᠢᠨ᠎ᠡ ᠨᠢᠭᠡᠨ ᠵᠢᠯ ᠡᠬᠢᠯᠡᠬᠦ ᠶᠢ  ᠲᠤᠩᠬᠠᠯᠠᠨ᠎ᠠ᠃  ᠵᠢᠶᠦ᠋ᠨ ᠸᠠᠩ ᠤᠨ  ᠵᠠᠷᠯᠢᠭ ᠢᠶᠠᠷ  ᠡᠯ᠎ᠡ ᠱᠠᠳᠦ ᠶᠢᠨ  ᠨᠤᠶᠠᠳ  ᠬᠦᠳᠡᠭᠡ ᠪᠠᠭᠤᠵᠦ  ᠮᠠᠯᠴᠢᠨ ᠲᠠᠷᠢᠶᠠᠴᠢᠨ ᠳᠤ  ᠡᠪᠡᠰᠦ ᠪᠡᠯᠴᠢᠭᠡᠷ ᠲᠠᠷᠢᠶᠠᠨ ᠤ ᠠᠵᠢᠯ ᠤᠨ  ᠮᠡᠷᠭᠡᠵᠢᠯ ᠶᠢ ᠵᠢᠭᠠᠨ  ᠦᠭᠭᠦᠨ᠎ᠡ᠃  ᠬᠠᠪᠤᠷ ᠤᠨ  ᠡᠬᠢᠨ  ᠰᠠᠷ᠎ᠠ ᠳᠤ  ᠪᠠᠭᠠᠷᠢᠨ ᠤ ᠴᠠᠭᠠᠨᠮᠦᠷᠡᠨ  ᠲᠠᠭᠠᠤ ᠵᠤᠤ ᠲᠠᠯ᠎ᠠ ᠭᠠᠵᠠᠷ ᠲᠤ  ᠬᠠᠯᠠᠭᠤᠨ ᠬᠦᠢᠳᠡᠨ ᠲᠤᠭᠳᠠᠪᠤᠷᠢ ᠦᠭᠡᠢ᠂  ᠠᠭᠤᠷ ᠠᠮᠢᠰᠬᠤᠯ  ᠤᠨ  ᠬᠤᠪᠢᠷᠠᠯᠳᠠ ᠶᠡᠭᠡ  ᠃ ᠲᠠᠪᠤᠨ ᠡᠳᠦᠷ ᠤᠨ  ᠬᠠᠯᠠᠭᠤᠨ ᠬᠦᠢᠳᠡᠨ ᠤ  ᠲᠤᠮᠳᠠᠴᠢ   ᠪᠠᠷ —2.6 — —6.5℃᠂ ᠬᠦᠷᠦᠰᠦ ᠰᠢᠷᠦᠢ  ᠡᠳᠦᠷ  ᠭᠡᠰᠴᠦ  ᠰᠦᠨᠢ  ᠬᠦᠯᠳᠡᠬᠦ ᠴᠠᠭ ᠦᠶ᠎ᠡ ᠪᠤᠯᠵᠦ ᠬᠠᠪᠤᠷ ᠤᠨ  ᠪᠤᠷᠤᠭᠠᠨ ᠪᠠᠭ᠎ᠠ ᠪᠠᠭ᠎ᠠ ᠪᠠᠷ  ᠱᠠᠭᠠᠬᠢᠨ᠎ᠠ᠃   ᠭᠠᠵᠠᠷ   ᠤᠨ  ᠠᠭᠤᠷ   ᠲᠡᠭᠡᠭᠰᠢ ᠮᠠᠨᠳᠤᠨ  ᠵᠡᠷᠭᠡᠯᠭᠡᠨᠰᠢᠨ᠎ᠡ᠃  ᠡᠨᠡ  ᠡᠬᠢᠨ   ᠤ ᠬᠠᠪᠤᠷ ᠳᠤ ᠵᠤᠨ ᠤ  ᠠᠭᠠᠷ  ᠲᠡᠭᠳᠡᠪᠡᠯ ᠪᠤᠷᠤᠭᠠᠨ ᠤᠰᠤ  ᠲᠤᠬᠢᠷᠠᠮᠵᠢ ᠦᠭᠡᠢ  ᠂ ᠨᠠᠮᠦᠷ ᠤᠨ  ᠠᠭᠠᠷ ᠲᠡᠭᠳᠡᠪᠡᠯ   ᠲᠤᠭᠰᠢᠨ ᠰᠠᠯᠬᠢᠨ  ᠰᠢᠷᠦᠭᠦᠨ ᠪᠤᠷᠤᠭᠠᠨ   ᠲᠠᠢ᠂ ᠡᠪᠦᠯ ᠤᠨ  ᠠᠭᠠᠷ ᠲᠡᠭᠳᠡᠪᠡᠯ ᠴᠠᠰᠤ ᠬᠢᠷᠠᠭᠤ ᠶᠢᠨ  ᠭᠠᠮᠰᠢᠭ  ᠪᠤᠯᠵᠤ ᠡᠪᠡᠰᠦ ᠪᠡᠯᠴᠢᠭᠡᠷ ᠳᠤ ᠬᠤᠬᠢᠷᠠᠯ ᠲᠠᠢ᠃ ᠬᠠᠪᠤᠷ ᠤᠨ  ᠲᠤᠮᠳᠠᠴᠢ  ᠰᠠᠷ᠎ᠠ ᠳᠤ  ᠨᠠᠷᠠ  ᠲᠡᠭᠷᠢ ᠶᠢᠨ  ᠭᠠᠭ᠋ᠠᠢ   ᠶᠢᠨ 16 ᠣᠳᠤ ᠵᠦᠭ ᠬᠠᠨᠳᠦᠵᠦ  ᠂ ᠨᠠᠷᠠ  ᠰᠢᠩᠭᠡᠬᠦᠢ ᠳᠤ  ᠴᠢᠨ᠋ᠸ᠎ᠠ   ᠤᠳᠤ   ᠶᠢᠨ  ᠵᠡᠭᠦᠨ ᠡᠮᠦᠨ᠎ᠡ  ᠲᠡᠭᠷᠢ   ᠶᠢᠨ  ᠨᠤᠮᠦ ᠵᠦᠭ ᠰᠢᠯᠵᠢᠵᠦ  ᠂ ᠬᠠᠪᠤᠷ ᠤᠨ  ᠲᠤᠮᠳᠠᠴᠢ ᠰᠠᠷ᠎ᠠ ᠶᠢᠨ  ᠲᠦᠯᠦᠭᠡᠯᠡᠭᠴᠢ ᠤᠳᠤ ᠪᠤᠯᠪᠠᠯ  ᠲᠡᠭᠷᠢ ᠶᠢᠨ  ᠲᠠᠬᠢᠨᠢ ᠪᠠ  ᠬᠤᠤᠰ ᠵᠢᠭᠠᠰᠦ 76᠂ ᠤᠷᠦᠢ ᠶᠢᠨ  ᠦᠶ᠎ᠡ ᠶᠢᠨ  ᠬᠤᠤᠰ ᠰᠠᠭᠤᠳᠠᠯ 8 ᠤᠳᠤ ᠵᠦᠭ ᠬᠠᠨᠳᠦᠵᠦ  ᠂ ᠦᠷᠯᠦᠭᠡ ᠶᠢᠨ  ᠦᠶ᠎ᠡ ᠳᠤ  ᠬᠦᠮᠦᠨ ᠰᠠᠭᠤᠳᠠᠯ ᠳᠤ 6 ᠤᠳᠤ ︵ᠡᠮᠦᠨ᠎ᠡ ᠲᠤᠬᠢᠭᠤᠷ  ︶ ᠵᠦᠭ ᠬᠠᠨᠳᠦᠨ᠎ᠠ᠃   ᠬᠠᠪᠤᠷ ᠤᠨ  ᠲᠤᠮᠳᠠᠴᠢ  ᠰᠠᠷ᠎ᠠ ᠳᠤ   ᠭᠠᠵᠠᠷ ᠤᠨ  ᠠᠭᠤᠷ ᠲᠡᠭᠡᠭᠰᠢ ᠮᠠᠨᠳᠦᠵᠦ  ᠲᠡᠭᠷᠢ ᠭᠠᠵᠠᠷ ᠵᠤᠬᠢᠴᠠᠬᠤ ᠴᠠᠭ ᠪᠤᠯᠤᠨ᠎ᠠ᠃  ᠠᠭᠠᠷ   ᠤᠨ  ᠮᠠᠶ᠋ᠢᠭ ᠠᠨᠤ  ᠠᠶᠤᠩᠭ᠎ᠠ ᠨᠢᠵᠢᠬᠢᠨᠡᠵᠦ ᠪᠤᠷᠤᠭᠠᠨ  ᠡᠬᠢᠯᠡᠨ᠎ᠡ᠃  ᠪᠤᠳᠠᠰ ᠤᠨ  ᠦᠵᠡᠭᠳᠡᠯ ᠠᠨᠤ  ᠬᠤᠷᠤᠬᠠᠢ ᠰᠢᠪᠠᠵᠢ ᠢᠴᠡᠭᠡᠨ   ᠠᠴᠠ  ᠭᠠᠷᠴᠦ  ᠬᠠᠷᠢᠶᠠᠴᠢ  ᠨᠢᠰᠬᠦ ᠨᠢ ᠬᠠᠷᠠᠭᠳᠠᠨ᠎ᠠ᠃  ᠲᠤᠭᠤᠷ ᠤᠨ  ᠴᠡᠴᠡᠭ  ᠲᠡᠯᠭᠡᠷᠡᠨ᠎ᠡ ᠃  ᠮᠠᠯᠴᠢᠨ ᠲᠠᠷᠢᠶᠠᠴᠢᠨ ᠭᠡᠷ ᠡᠷᠦᠭᠡ ᠰᠦᠮ᠎ᠡ ᠭᠡᠶᠢᠳ ᠢᠶᠠᠨ  ᠰᠢᠨᠡᠳᠭᠡᠨ᠎ᠡ᠃  ᠃ ᠵᠠᠰᠠᠭ ᠲᠦᠷᠦ ᠶᠢᠨ  ᠵᠢᠶᠦ᠋ᠨ ᠸᠠᠩ ᠲᠡᠷᠢᠭᠦᠳᠠᠢ ᠮᠠᠯᠴᠢᠨ ᠠᠷᠠᠳ ᠬᠤᠷᠠᠵᠦ  ᠠᠭᠤᠯᠠ  ᠲᠠᠯ᠎ᠠ ᠪᠠᠷ ᠶᠡᠭᠡ ᠪᠠᠷ ᠤᠳᠤᠷᠯᠠᠨ᠎ᠠ᠃ 〔4〕᠃ ᠡᠨᠡᠬᠦ ᠦᠶᠡᠰ  ᠡᠨᠡ ᠰᠠᠷ᠎ᠠ ᠶᠢᠨ  ᠠᠷᠪᠠᠨ ᠭᠤᠷᠪᠠᠨ ᠳᠤ  ᠪᠠᠶᠢᠰᠠ ᠸᠠᠩ ᠲᠦᠰᠢᠮᠡᠳ ᠲᠠᠢ ᠪᠠᠨ  ᠰᠤᠪᠠᠢ ᠬᠠᠨ ᠠᠭᠤᠯᠠ   ᠶᠢ ᠲᠠᠬᠢᠨ᠎ᠠ᠂ ᠪᠠᠭᠠᠷᠢᠨ ᠤ ᠴᠠᠭᠠᠨ ᠮᠦᠷᠡᠨ ᠤ  ᠲᠠᠭᠠᠤ ᠭᠠᠵᠠᠷ  ᠲᠠᠪᠤᠨ ᠡᠳᠦᠷ ᠤᠨ   ᠲᠤᠮᠳᠠᠴᠢ  ᠲᠤᠯᠠᠭᠠᠨ ᠨᠢ 6.5 —12.5℃  ᠪᠤᠯᠵᠦ ᠲᠠᠷᠢᠶᠠᠯᠠᠬᠤ ᠤᠷᠤᠨ ᠳᠤ ᠪᠤᠭᠤᠳᠠᠢ ᠴᠢᠬᠢᠯᠡᠵᠦ  ᠂ ᠰᠢᠰᠢ ᠨᠠᠷᠢᠮᠦ ᠡᠬᠢᠯᠡᠵᠦ ᠲᠠᠷᠢᠨ᠎ᠠ ᠃   ᠬᠠᠪᠤᠷ ᠤᠨ  ᠲᠤᠮᠳᠠᠴᠢ ᠪᠠᠷ ᠬᠡᠷᠪᠡ ᠵᠤᠨ ᠤ ᠠᠭᠠᠷ  ᠲᠡᠭᠳᠡᠪᠡᠯ ᠶᠡᠭᠡ ᠭᠠᠩ  ᠭᠠᠮᠰᠢᠭ ᠲᠠᠢ᠃  ᠨᠠᠮᠦᠷ ᠤᠨ  ᠠᠭᠠᠷ ᠲᠡᠭᠳᠡᠪᠡᠯ  ᠶᠡᠭᠡ  ᠪᠤᠷᠤᠭᠠᠨ  ᠪᠤᠯᠵᠦ ᠬᠦᠢᠳᠡᠨ  ᠠᠭᠤᠷ ᠲᠡᠭᠳᠡᠨ᠎ᠡ᠃  ᠡᠪᠦᠯ ᠤᠨ  ᠠᠭᠠᠷ ᠲᠡᠭᠳᠡᠪᠡᠯ  ᠠᠷᠭ᠎ᠠ ᠶᠢᠨ  ᠠᠮᠢᠰᠬᠤᠯ  ᠪᠠᠭᠤᠷᠠᠵᠦ  ᠪᠤᠭᠤᠳᠠᠢ  ᠵᠡᠷᠭᠡ ᠵᠤᠨ ᠤ ᠲᠠᠷᠢᠶ᠎ᠡ ᠪᠤᠯᠪᠠᠰᠤᠷᠠᠬᠤ ᠳᠤ ᠮᠠᠭᠤ᠃ ᠬᠠᠪᠤᠷ ᠤᠨ  ᠰᠡᠭᠦᠯᠴᠢ ᠰᠠᠷ᠎ᠠ   ᠳᠤ ᠨᠠᠷᠠ ᠴᠠᠭᠠᠨ ᠢᠮᠠᠭ᠎ᠠ 3 ᠤᠳᠤ ᠵᠦᠭ ᠬᠠᠨᠳᠦᠵᠦ  ᠂ ᠨᠠᠷᠠ ᠰᠢᠩᠭᠡᠬᠦᠢ ᠳᠤ  ᠲᠤᠬᠢᠭᠤᠷ ᠲᠤᠯᠤᠭᠠᠨ ᠤᠳᠦ ᠵᠦᠭ  ᠰᠢᠯᠵᠢᠵᠦ᠂ ᠦᠷ ᠴᠠᠶᠢᠬᠤ ᠳᠤ  ᠬᠡᠩᠭᠡᠷᠭᠡ ᠤᠳᠤ ᠵᠦᠭ  ᠰᠢᠯᠵᠢᠵᠦ  ᠂ ᠬᠠᠪᠤᠷ ᠤᠨ  ᠬᠦᠢᠳᠡᠨ ᠠᠮᠢᠰᠬᠤᠯ  ᠮᠦᠨ  ᠠᠷᠢᠯᠤᠭ᠎ᠠ ᠦᠭᠡᠢ  ᠃  ᠲᠡᠭᠷᠢ ᠶᠢᠨ  ᠲᠦᠷᠢ  ᠠᠨᠤ  ᠠᠷᠭ᠎ᠠ   ᠶᠢᠨ  ᠠᠭᠤᠷ ᠪᠠᠰᠠ ᠮᠠᠨᠳᠤᠬᠤ ᠦᠭᠡᠢ᠃  ᠰᠤᠯᠤᠩᠭ᠎ᠠ ᠦᠵᠡᠭᠳᠡᠵᠦ  ᠂ ᠠᠭᠠᠷ ᠤᠨ  ᠮᠠᠶ᠋ᠢᠭ ᠨᠢ ᠪᠤᠷᠤᠭᠠᠨ ᠲᠠᠢ   ᠪᠦᠭᠡᠳ ᠤᠰᠤᠨ ᠤ ᠠᠭᠤᠷ  ᠲᠡᠭᠡᠭᠰᠢ ᠲᠡᠭᠳᠡᠨ᠎ᠡ᠃  ᠪᠤᠳᠠᠰ ᠤᠨ  ᠦᠵᠡᠭᠳᠡᠯ ᠠᠨᠤ  ᠪᠦᠪᠡᠭᠡᠯᠵᠢ  ︵ᠦᠪᠦᠭᠡᠯᠵᠢ︶  ᠰᠢᠪᠠᠭᠤ ᠮᠤᠳᠤ ᠲᠦᠩ ᠳᠤ  ᠢᠨᠠᠭᠰᠢ‌‍ᠴᠢᠨᠠᠭᠰᠢ  ᠨᠢᠰᠴᠦ  ᠲᠦᠮᠡᠨ ᠪᠤᠳᠠᠰ ᠠᠮᠢᠯᠠᠨ᠎ᠠ᠃  ᠪᠠᠭᠠᠷᠢᠨ ᠤ ᠴᠠᠭᠠᠮᠦᠷᠡᠨ   ᠲᠠᠭᠠᠤ  ᠵᠤᠤ  ᠭᠠᠵᠠᠷ ᠤᠷᠤᠨ   ᠲᠠᠪᠤᠨ ᠡᠳᠦᠷ ᠤᠨ  ᠲᠤᠮᠳᠠᠴᠢ  ᠲᠤᠯᠭᠠᠨ ᠤ  ᠬᠡᠮᠵᠢᠶ᠎ᠡ ᠨᠢ15.1 —16.5℃ ᠪᠤᠯᠵᠦ᠂ ᠰᠢᠵᠢᠷᠭᠡᠨ᠎ᠡ ᠡᠪᠡᠰᠦ  ᠴᠡᠴᠡᠭᠯᠡᠵᠦ  ᠬᠤᠷᠤᠬᠠᠢ ᠰᠢᠪᠠᠵᠢ ᠡᠪᠡᠰᠦ ᠮᠤᠳᠤ ᠶᠢ   ᠰᠦᠢᠳᠬᠡᠵᠦ ᠡᠬᠢᠯᠡᠨ᠎ᠡ᠃  ᠮᠦᠨ ᠬᠠᠪᠤᠷ  ᠵᠤᠨ ᠤ  ᠠᠭᠠᠷ   ᠲᠡᠭᠳᠡᠪᠡᠯ  ᠠᠷᠠᠳ  ᠢᠷᠭᠡᠳ ᠡᠪᠡᠳᠴᠢᠨ ᠲᠠᠬᠤᠯ   ᠳᠤ ᠨᠡᠷᠪᠡᠭᠳᠡᠵᠦ  ᠂ ᠪᠤᠷᠤᠭᠠᠨ ᠬᠤᠷ᠎ᠠ ᠴᠠᠭ ᠲᠠᠭᠠᠨ   ᠪᠤᠷᠤᠭᠠᠯᠠᠬᠤ ᠦᠭᠡᠢ᠂  ᠤᠢ ᠮᠤᠳᠤ ᠬᠤᠪᠬᠠᠶᠢᠷᠠᠨ᠎ᠠ  ᠂ ᠨᠠᠮᠦᠷ ᠤᠨ  ᠠᠭᠠᠷ ᠲᠡᠭᠳᠡᠪᠡᠯ  ᠡᠳᠦᠷ ᠲᠤᠳᠤᠮ  ᠡᠭᠦᠯᠡ  ᠪᠦᠷᠬᠦᠶᠢᠵᠦ  ᠮᠠᠭᠤ ᠪᠤᠷᠤᠭᠠᠨ  ᠰᠢᠪᠰᠢᠨ᠎ᠡ᠃ ᠡᠪᠦᠯ  ᠤᠨ  ᠠᠭᠠᠷ ᠲᠡᠭᠳᠡᠪᠡᠯ  ᠬᠦᠢᠳᠡᠨ ᠠᠮᠢᠰᠬᠤᠯ  ᠬᠦᠭᠵᠢᠨ  ᠡᠪᠡᠰᠦ ᠮᠤᠳᠤ ᠰᠢᠷᠠᠯᠠᠨ ᠬᠤᠪᠬᠠᠶᠢᠷᠠᠨ᠎ᠠ᠃ ᠬᠠᠪᠤᠷ ᠤᠨ  ᠰᠡᠭᠦᠯᠴᠢ ᠶᠢᠨ  ᠰᠠᠷ᠎ᠠ ᠳᠤ   ᠵᠠᠰᠠᠭ ᠲᠦᠷᠦ ᠶᠢᠨ  ᠵᠢᠶᠦ᠋ᠨ  ᠸᠠᠩ  ᠲᠦᠰᠢᠮᠡᠯ  ᠢᠷᠭᠡᠳ   ᠢᠶᠠᠨ ᠲᠠᠭᠠᠭᠤᠯᠠᠨ  ᠪᠠᠭᠠᠷᠢᠨ ᠤ ᠭᠤᠤᠯ ᠬᠠᠶᠢᠷᠬᠠᠨ  ᠮᠠᠷᠴᠢᠨ ᠰᠦᠮᠪᠤᠷ  ︵ᠪᠠᠰᠠ ᠵᠠᠯᠰᠠᠩ ᠰᠦᠮᠪᠤᠷ ᠭᠡᠨ᠎ᠡ᠂  ᠦᠨᠳᠦᠷ ᠤᠯᠠᠭᠠᠨ ᠭᠡᠰᠡᠨ ᠤᠳᠬᠠᠳᠠᠢ︶  ᠠᠭᠤᠯᠠᠨ ᠳᠤ ᠭᠠᠷᠴᠦ ᠦᠬᠢᠨ ᠲᠡᠭᠷᠢ ᠶᠢ ᠲᠠᠬᠢᠵᠦ  ᠂ ᠰᠦᠯᠳᠡ ᠰᠢᠳᠦᠭᠡᠨ  ᠬᠦᠭᠡ ᠴᠢᠨ᠋ᠸ᠎ᠠ ︵1997 ᠤᠨ ᠳᠤ  ᠪᠢᠳᠡ  ᠪᠡᠶᠡᠪᠡᠷ ᠪᠠᠨ ᠲᠤᠰ ᠴᠢᠨ᠋ᠸ᠎ᠠ ᠶᠢ ᠬᠠᠷᠠᠪᠠ︶   ᠳᠤ ᠮᠦᠷᠭᠦᠨ ᠲᠠᠬᠢᠯ ᠲᠠᠯᠪᠢᠨ᠎ᠠ᠃2. ᠵᠤᠨ ᠤ ᠭᠤᠷᠪᠠᠨ ᠰᠠᠷ᠎ᠠ   ᠵᠤᠨ   ᠤ  ᠡᠬᠢᠨ  ᠰᠠᠷ᠎ᠠ ᠳᠤ   ᠨᠠᠷᠠ  ᠲᠡᠭᠷᠢ ᠶᠢᠨ  ᠪᠤᠯᠠᠩᠬᠢᠷ 8 ᠤᠳᠤ ᠵᠦᠭ ᠬᠠᠨᠳᠦᠨ᠎ᠠ᠂  ᠨᠠᠷᠠ ᠰᠢᠩᠭᠡᠬᠦ  ᠶᠢᠨ  ᠦᠶ᠎ᠡ ᠳᠤ   ᠠᠯᠳᠠᠨ ᠦᠭᠡᠷ ᠰᠠᠭᠤᠳᠠᠯ 8 ᠤᠳᠤ ᠵᠦᠭ ᠰᠢᠯᠵᠢᠵᠦ  ᠂ ᠦᠷ ᠴᠠᠶᠢᠬᠤ ᠳᠤ ᠪᠤᠯᠤᠷ  ᠯᠤᠩᠬᠤ ᠤᠳᠤ  ᠵᠦᠭ ᠰᠢᠯᠵᠢᠵᠦ  ᠂  ᠮᠦᠨ ᠵᠤᠨ ᠲᠦᠯᠦᠭᠡᠯᠡᠭᠴᠢ  ᠤᠳᠤ ᠬᠡᠩᠭᠡᠷᠭᠡ  ᠤᠳᠤ  ᠂   ᠤᠷᠦᠢ ᠶᠢᠨ  ᠦᠶ᠎ᠡ  ᠳᠤ  ᠤᠷᠳᠤ ᠮᠤᠭᠠᠢ  ᠰᠠᠭᠤᠳᠠᠯ 22 ᠤᠳᠤ ᠵᠦᠭ ᠬᠠᠨᠳᠦᠨ᠎ᠠ᠃ ᠦᠷᠯᠦᠭᠡ ᠶᠢᠨ  ᠦᠶ᠎ᠡ ᠳᠤ  ᠪᠤᠯᠤᠷ  ᠯᠤᠩᠬᠤ  ᠬᠤᠨᠤᠭ ᠤᠨ 4 ᠤᠳᠤ ᠵᠦᠭ ᠬᠠᠨᠳᠦᠨ᠎ᠠ  ᠃ ᠲᠡᠭᠷᠢ ᠶᠢᠨ  ᠲᠦᠷᠢ ᠠᠨᠤ  ᠠᠷᠭ᠎ᠠ ᠪᠠᠳᠠᠷᠩᠭᠤᠢ  ᠪᠢᠯᠢᠭ ᠨᠢᠭᠤᠭᠳᠠᠨ᠎ᠠ᠂ ᠠᠭᠠᠷ ᠤᠨ  ᠮᠠᠶ᠋ᠢᠭ ᠠᠨᠤ  ᠠᠭᠤᠷ ᠠᠮᠢᠰᠬᠤᠯ ᠲᠤᠭᠳᠠᠩᠭᠤᠢ  ᠪᠤᠯᠵᠦ ᠰᠠᠯᠬᠢ ᠲᠤᠭᠤᠰᠤ ᠲᠡᠭᠳᠡᠬᠦ ᠦᠭᠡᠢ  ᠂ ᠪᠤᠳᠠᠰ ᠤᠨ  ᠦᠵᠡᠭᠳᠡᠯ ᠨᠢ ᠨᠡᠭᠦᠳᠡᠯ ᠤᠨ  ᠰᠢᠪᠠᠭᠤ  ᠪᠤᠴᠠᠵᠦ  ᠢᠷᠡᠵᠦ᠂ ᠯᠠᠭᠤ ᠭᠤᠯᠢᠶ᠎ᠡ ᠶᠢᠨ  ᠲᠠᠭᠤᠨ ᠰᠤᠨᠤᠰᠳᠠᠵᠦ  ᠂ ᠦᠮᠡᠬᠢ ᠡᠪᠡᠰᠦ  ᠲᠦᠷᠭᠡᠨ  ᠤᠷᠭᠤᠨ᠎ᠠ᠃  ᠮᠦᠨ ᠵᠤᠨ ᠵᠠᠰᠭ ᠲᠦᠷᠦ ᠶᠢᠨ  ᠵᠢᠶᠦ᠋ᠨ ᠸᠠᠩ  ᠵᠠᠷᠯᠢᠭ  ᠪᠠᠭᠤᠯᠭᠠᠵᠦ  ᠂ ᠮᠠᠯᠴᠢᠨ ᠲᠠᠷᠢᠶᠠᠴᠢᠨ ᠡᠷᠭᠡᠪᠰᠢ  ᠮᠠᠯ ᠠᠳᠤᠭᠤ ᠪᠠᠨ  ᠰᠠᠶᠢᠳᠦᠷ ᠠᠷᠠᠴᠢᠯᠠᠵᠦ  ᠂ ᠲᠠᠪᠤᠨ ᠲᠠᠷᠢᠶ᠎ᠠ ᠪᠠᠨ  ᠠᠷᠴᠢᠵᠦ ᠴᠢᠬᠢ ᠲᠠᠯᠪᠢᠬᠤ ᠬᠡᠷᠡᠭᠳᠠᠢ  ᠂  ᠸᠠᠩ   ᠤᠨ ᠤᠷᠳᠤᠨ ᠤ  ᠨᠤᠶᠠᠳ  ᠲᠦᠰᠢᠮᠡᠳ ᠮᠠᠯᠴᠢᠨ ᠲᠠᠷᠢᠶᠠᠴᠢᠨ ᠤ  ᠲᠤᠮᠳᠠ ᠤᠴᠢᠵᠦ ᠦᠢᠯᠡᠴᠢᠯᠡᠬᠦ  ᠠᠵᠢᠯ ᠬᠢᠬᠦ ᠬᠡᠷᠡᠭᠳᠡᠢ᠃  ᠪᠠᠰᠠ ᠡᠨᠡ ᠵᠤᠨ ᠤ 13 ︵ᠭᠤᠸᠠᠨ ᠯᠤᠤᠶᠧ ᠭᠠᠩ ᠴᠢᠳᠬᠦᠷ   ᠢ  ᠲᠠᠷᠤᠵᠤ  ᠲᠠᠶᠢᠯᠤᠭᠰᠠᠨ  ᠡᠳᠦᠷ︶   ᠤ ᠡᠳᠦᠷ  ᠪᠠᠭᠠᠷᠢᠨ  ᠵᠢᠶᠦ᠋ᠨ ᠸᠠᠩ  ᠪᠠᠶᠢᠰᠠ  ᠸᠠᠩ ᠬᠤᠶᠠᠭᠤᠯᠠ  ᠠᠷᠠᠳ ᠢᠷᠭᠡᠳ ᠲᠠᠢ ᠪᠠᠨ  ᠪᠠᠭᠠᠷᠢᠨ ᠤ ᠲᠠᠪᠤᠨ ᠶᠡᠭᠡ ᠬᠠᠶᠢᠷᠬᠠᠨ ᠤ  ᠨᠢᠭᠡ ᠪᠤᠯᠬᠤ  ᠠᠷᠦ ᠬᠠᠶᠢᠷᠬᠠᠨ  ᠠᠭᠤᠯᠠ   ᠶᠢᠨ   ᠤᠷᠬᠢᠯ  ︵1897.2 ᠮᠧᠲ᠋ᠠᠷ︶ ᠲᠡᠭᠡᠷ᠎ᠡ ᠭᠠᠷᠴᠦ  ᠭᠤᠤᠯ ᠤᠪᠤᠭ᠎ᠠ ᠪᠠ  ᠡᠮᠦᠨ᠎ᠡ  ᠭᠤᠷᠪᠠᠨ ᠤᠪᠤᠭ᠎ᠠ  ᠂ ᠵᠡᠭᠦᠨ ᠭᠤᠷᠪᠠᠨ ᠤᠪᠤᠭ᠎ᠠ   ᠶᠢ ᠲᠠᠬᠢᠵᠦ 〔5〕 ᠪᠠᠰᠠ ᠶᠡᠭᠡ  ᠦᠯᠦᠭᠡ ᠲᠠᠷᠤᠨ᠎ᠠ〔6〕᠃ ᠵᠤᠨ   ᠤ  ᠡᠬᠢᠨ ᠰᠠᠷ᠎ᠠ ᠳᠤ  ᠪᠠᠭᠠᠷᠢᠨ ᠤ ᠴᠠᠭᠠᠨ ᠮᠦᠷᠡᠨ  ᠲᠠᠭᠤ ᠵᠤᠤ ᠭᠠᠵᠠᠷ  ᠤᠨ  ᠲᠤᠯᠠᠭᠠᠨ ᠬᠦᠢᠳᠡᠨ   ᠤ ᠲᠤᠮᠳᠠᠴᠢ  ᠬᠡᠮᠵᠢᠶ᠎ᠡ ᠨᠢ 17.1 — —18.4℃᠃  ᠡᠨᠡᠬᠦ ᠰᠠᠷ᠎ᠠ ᠳᠤ ᠬᠡᠷᠪᠡ ᠬᠠᠪᠤᠷ ᠤᠨ  ᠠᠭᠤᠷ ᠲᠡᠭᠳᠡᠪᠡᠯ  ᠴᠠᠷᠴᠠᠬᠠᠢ ᠶᠢᠨ  ᠠᠶᠤᠯ ᠲᠠᠢ  ᠮᠦᠷᠳᠡᠭᠡᠨ  ᠲᠤᠭᠰᠢᠨ ᠪᠤᠷᠤᠭᠠᠨ ᠲᠠᠢ  ᠃ ᠨᠠᠮᠦᠷ  ᠤᠨ  ᠠᠭᠠᠷ ᠲᠡᠭᠳᠡᠪᠡᠯ  ᠪᠤᠷᠤᠭᠠᠨ ᠵᠦᠰᠡᠷᠡᠵᠦ ᠲᠠᠪᠤᠨ ᠲᠠᠷᠢᠶ᠎ᠡ  ᠦᠯᠦ ᠪᠤᠯᠪᠠᠰᠤᠷᠠᠨ᠎ᠠ᠃  ᠡᠪᠦᠯ ᠤᠨ  ᠠᠭᠠᠷ ᠲᠡᠭᠳᠡᠪᠡᠯ  ᠡᠪᠡᠰᠦ ᠬᠤᠪᠬᠠᠶᠢᠷᠠᠬᠤ   ᠪᠦᠭᠡᠳ ᠶᠡᠭᠡ ᠦᠶᠡᠷ ᠤᠨ  ᠭᠠᠮᠰᠢᠭ ᠲᠠᠢ᠃ ᠵᠤᠨ ᠤ ᠲᠤᠮᠳᠠᠴᠢ ᠰᠠᠷ᠎ᠠ ᠳᠤ   ᠨᠠᠷᠠ  ᠤᠯᠠᠭᠠᠨ ᠰᠢᠪᠠᠭᠤ 7ᠰᠠᠭᠤᠳᠠᠯ 8 ᠤᠳᠤ ᠵᠦᠭ  ᠬᠠᠨᠳᠦᠨ᠎ᠠ   ᠨᠠᠷᠠ  ᠰᠢᠩᠭᠡᠬᠦ   ᠳᠤ ᠬᠦᠭᠡ ᠯᠤᠤ 7 ᠰᠠᠭᠤᠳᠠᠯ   ᠤᠨ 4 ᠤᠳᠤ ᠵᠦᠭ  ᠰᠢᠯᠵᠢᠵᠦ  ᠂ ᠦᠷ ᠴᠠᠶᠢᠬᠤ   ᠳᠤ ᠲᠤᠬᠢᠭᠤᠷ ᠲᠤᠯᠤᠭᠠᠨ ᠤᠳᠤ   ᠶᠢᠨ   ᠪᠠᠷᠢᠭᠤᠯ  ᠤᠳᠤ ᠵᠦᠭ ᠰᠢᠯᠵᠢᠨ᠎ᠡ  ᠃  ᠲᠤᠰ ᠰᠠᠷ᠎ᠠ ᠳᠤ  ᠲᠦᠯᠦᠭᠡᠯᠡᠭᠴᠢ ᠤᠳᠤ  ᠠᠨᠤ  ᠤᠳᠠ ᠬᠤᠨᠤᠭ ᠤᠳᠤ  ᠂ ᠤᠷᠦᠢ ᠦᠬᠢᠨ  ᠭᠡᠷ 4  ᠤᠳᠤ ᠵᠦᠭ  ᠬᠠᠨᠳᠦᠵᠦ  ᠦᠷᠯᠦᠭᠡ   ᠪᠤᠯᠤᠷ  ᠯᠤᠩᠬᠤ ᠰᠠᠭᠤᠳᠠᠯ  ᠂ ᠨᠢᠰᠬᠦ ᠮᠤᠷᠢᠨ   ᠰᠠᠭᠤᠳᠠᠯ QW ︵ᠲᠡᠯᠡᠬᠡᠢ ᠶᠢᠨ  ᠪᠦᠰᠡᠯᠡᠭᠦᠷ︶  ᠵᠦᠭ ᠬᠠᠨᠳᠦᠨ᠎ᠠ᠃   ᠡᠨᠡ‌‍ᠰᠠᠷ᠎ᠠ   ᠶᠢᠨ  ᠲᠡᠭᠷᠢ ᠶᠢᠨ  ᠲᠦᠷᠢ  ᠠᠨᠤ ᠠᠷᠭ᠎ᠠ ᠪᠢᠯᠢᠭ  ᠬᠤᠶᠠᠷ ᠲᠡᠮᠡᠴᠡᠯᠳᠦᠨ  ᠮᠦᠬᠦᠵᠦ ᠰᠦᠨᠦᠬᠦ ᠨᠢ  ᠲᠦᠯᠦᠪᠰᠢᠷᠡᠨ᠎ᠡ᠃  ᠠᠭᠠᠷ ᠤᠨ  ᠮᠠᠶ᠋ᠢᠭ ᠨᠢ  ᠨᠡᠯᠢᠶᠡᠳ ᠬᠠᠯᠠᠭᠤᠨ  ᠴᠠᠭ ᠪᠤᠯᠵᠦ  ᠪᠤᠷᠤᠭᠠᠨ ᠡᠯᠪᠡᠭᠰᠢᠨ᠎ᠡ᠃  ᠪᠤᠳᠠᠰ ᠤᠨ  ᠦᠵᠡᠭᠳᠡᠯ ᠨᠢ  ᠲᠡᠮᠵᠢᠯᠭᠡᠨ᠎ᠡ ᠬᠤᠷᠤᠬᠠᠢ ᠦᠷᠡᠵᠢᠵᠦ  ᠂ ᠡᠪᠡᠰᠦ ᠮᠤᠳᠤ  ᠲᠦᠷᠭᠡᠨ ᠤᠷᠭᠤᠨ᠎ᠠ᠃  ᠮᠦᠨ ᠰᠠᠷ᠎ᠠ ᠳᠤ ᠵᠠᠰᠠᠭ ᠲᠦᠷᠦ ᠶᠢᠨ  ᠵᠢᠶᠦ᠋ᠨ ᠸᠠᠩ    ᠲᠤᠰ ᠤᠨ ᠤ ᠰᠢᠨ᠎ᠡ ᠪᠤᠭᠤᠳᠠᠢ ᠶᠢ ᠠᠮᠳᠠᠯᠠᠨ᠎ᠠ  ᠃  ᠪᠠᠰᠠ ᠪᠠᠶᠢᠰᠠ ᠸᠠᠩ   ᠬᠠᠳᠤᠨ ᠲᠠᠢ ᠪᠠᠨ  ᠬᠦᠢᠳᠡᠨ ᠨᠠᠭᠤᠷ ᠤᠨ  ᠲᠠᠯ᠎ᠠ ᠳᠤ  ᠬᠡᠳᠦᠨ ᠭᠠᠷᠠᠭ  ᠵᠤᠰᠠᠯᠠᠩ ᠢᠶᠠᠷ  ᠰᠠᠭᠤᠨ᠎ᠠ〔7〕᠃   ᠡᠨᠡ ᠴᠠᠭ ᠲᠤ  ᠪᠠᠭᠠᠷᠢᠨᠴᠤᠳ   ᠠᠳᠤᠭᠤ ᠮᠠᠯ ᠢᠶᠠᠨ  ᠬᠦᠢᠰᠦ ᠢᠯᠭᠠᠨ  ᠰᠦᠷᠦᠭ ᠲᠠᠯᠪᠢᠨ᠎ᠠ᠃  ᠪᠠᠭᠠᠷᠢᠨ ᠤ ᠴᠠᠭᠠᠨ ᠮᠦᠷᠡᠨ  ᠲᠠᠭᠠᠤ  ᠤᠷᠤᠨ   ᠤ ᠲᠠᠪᠤᠨ ᠡᠳᠦᠷ ᠤᠨ  ᠲᠤᠮᠳᠠᠴᠢ ᠲᠤᠯᠠᠭᠠᠨ  ᠬᠦᠢᠳᠡᠨ   ᠨᠢ 21.4 —22.3℃᠃  ᠲᠤᠰ ᠤᠷᠤᠨ ᠳᠤ  ᠬᠠᠯᠠᠭᠤᠨ ᠤ  ᠤᠷᠬᠢᠯ ᠪᠤᠯᠵᠦ  ᠪᠤᠷᠤᠭᠠᠨ ᠤ  ᠬᠤᠭᠤᠴᠠᠭ᠎ᠠ ᠢᠷᠡᠨ᠎ᠡ᠃   ᠲᠤᠰ ᠰᠠᠷ᠎ᠠ ᠬᠡᠷᠪᠡ  ᠬᠠᠪᠤᠷ ᠤᠨ  ᠠᠭᠠᠷ ᠲᠡᠭᠳᠡᠪᠡᠯ  ᠲᠠᠪᠤᠨ ᠲᠠᠷᠢᠶ᠎ᠠ ᠪᠤᠯᠪᠠᠰᠤᠷᠠᠬᠤ  ᠨᠢ ᠤᠳᠠᠭᠠᠰᠢᠷᠠᠨ᠎ᠠ᠃   ᠨᠠᠮᠦᠷ ᠤᠨ  ᠠᠭᠠᠷ ᠲᠡᠭᠳᠡᠪᠡᠯ  ᠡᠪᠡᠰᠦ ᠮᠤᠳᠤ ᠡᠷᠳᠡ ᠬᠤᠪᠬᠠᠶᠢᠷᠠᠵᠦ  ᠦᠷ᠎ᠡ ᠵᠢᠮᠢᠰ ᠤᠷᠢᠳᠴᠢᠯᠠᠨ  ᠪᠤᠯᠪᠠᠰᠤᠷᠠᠨ᠎ᠠ᠃   ᠡᠪᠦᠯ ᠤᠨ  ᠠᠭᠠᠷ ᠲᠡᠭᠳᠡᠪᠡᠯ  ᠬᠠᠷ᠎ᠠ ᠬᠢᠷᠠᠭᠤ 〔8〕 ᠪᠠᠭᠤᠵᠦ  ᠲᠦᠮᠨᠨ ᠪᠤᠳᠠᠰ  ᠰᠦᠢᠳᠭᠡᠭᠳᠡᠨ᠎ᠡ᠃   ᠪᠠᠭᠠᠷᠢᠨ ᠵᠢᠶᠦ᠋ᠨ ᠸᠠᠩ  ᠲᠤᠰ ᠰᠠᠷ᠎ᠠ ᠶᠢᠨ  ᠠᠷᠪᠠᠨ   ᠨᠢᠭᠡᠨ  ᠡᠳᠦᠷ ᠲᠤ  ᠮᠠᠨᠵᠦ   ᠶᠢᠨ  ᠢᠨᠵᠢ ᠵᠢᠴᠢ ᠲᠦᠰᠢᠮᠡᠯ ᠲᠠᠢ ᠪᠠᠨ  ᠪᠠᠶᠠᠨ ᠬᠦᠨᠳᠡᠯᠡᠨ ᠠᠭᠤᠯᠠᠨ   ᠶᠢᠨ  ᠲᠠᠪᠤᠨ ᠠᠷᠰᠢ   ᠳᠤ ᠰᠡᠴᠡᠨ ᠲᠡᠭᠡᠳᠦ ᠬᠦᠷᠦᠨ  ᠬᠦᠩᠵᠦ ᠳᠤ ᠠᠷᠢᠬᠢ ᠰᠦᠷᠴᠢᠵᠦ  ᠲᠠᠬᠢᠯ ᠲᠠᠯᠪᠢᠵᠦ   ᠰᠦᠭᠦᠳᠦᠨ  ᠮᠦᠷᠭᠦᠨ ᠭᠠᠰᠢᠭᠤᠳᠠᠨ ᠲᠤᠷᠠᠰᠬᠠᠨ᠎ᠠ᠂ ᠪᠠᠰᠠ  ᠪᠠᠶᠠᠨ ᠬᠠᠨ  ᠬᠠᠶᠢᠷᠬᠠᠨ   ᠳᠤ ᠶᠡᠭᠡ ᠲᠠᠬᠢᠯᠭ᠎ᠠ ᠬᠢᠨ᠎ᠡ᠃ ᠵᠤᠨ ᠤ ᠰᠡᠭᠦᠯᠴᠢ ᠰᠠᠷ᠎ᠠ ᠳᠤ   ᠨᠠᠷᠠ  ᠤᠯᠠᠭᠠᠨ ᠰᠢᠪᠠᠭᠤ ᠬᠤᠨᠤᠭ ᠤᠨ 3 ᠳ᠋ᠤᠭᠠᠷ ᠰᠠᠭᠤᠳᠠᠯ 8 ᠤᠳᠤ ᠵᠦᠭ ᠬᠠᠨᠳᠦᠨ᠎ᠠ᠃  ᠨᠠᠷᠠ ᠰᠢᠩᠭᠡᠬᠦ ᠳᠤ  ᠬᠦᠭᠡ ᠯᠤᠤ  ᠬᠤᠨᠤᠭ   ᠤᠨ 5 ᠳ᠋ᠤᠭᠠᠷ ᠰᠠᠭᠤᠳᠠᠯ ᠤᠨ 3 ᠤᠳᠤ ᠵᠦᠭ  ᠰᠢᠯᠵᠢᠵᠦ ᠦᠷ ᠴᠠᠶᠢᠬᠤ ᠳᠤ   ᠲᠤᠬᠢᠭᠤᠷ ᠲᠤᠯᠤᠭᠠᠨ ᠤᠳᠤᠨ ᠤ ᠪᠠᠷᠢᠭᠤᠯ  ᠤᠳᠤ ᠵᠦᠭ  ᠰᠢᠯᠵᠢᠨ᠎ᠡ᠃   ᠮᠦᠨ ᠰᠠᠷ᠎ᠠ ᠶᠢᠨ  ᠲᠦᠯᠦᠭᠡᠯᠡᠭᠴᠢ ᠤᠳᠤ ᠠᠨᠤ  ᠭᠡᠷ ᠤᠳᠤ  ᠂ ᠤᠷᠦᠢ ᠶᠢᠨ  ᠦᠶ᠎ᠡ ᠳᠤ  ᠲᠡᠭᠷᠢ ᠶᠢᠨ  ᠬᠢᠯᠢᠨᠴᠢᠳᠦ  ᠤᠳᠤ ᠵᠦᠭ ᠬᠠᠨᠳᠦᠵᠦ  ᠂ ᠦᠷᠯᠦᠭᠡ  ᠲᠡᠭᠷᠢ ᠶᠢᠨ   ᠭᠠᠭ᠋ᠠᠢ ᠰᠠᠭᠤᠳᠠᠯ ᠵᠦᠭ ᠬᠠᠨᠳᠤᠨ᠎ᠠ  ᠃  ᠲᠡᠭᠷᠢ ᠶᠢᠨ  ᠲᠦᠷᠢ  ᠠᠨᠤ  ᠠᠷᠭ᠎ᠠ  ᠪᠠᠳᠠᠷᠠᠯ ᠤᠨ  ᠲᠦᠢᠯ ᠳᠤ ᠬᠦᠷᠴᠦ᠂  ᠠᠭᠠᠷ ᠤᠨ  ᠮᠠᠶ᠋ᠢᠭ  ᠬᠠᠯᠠᠭᠤᠨ ᠰᠠᠯᠬᠢ ᠲᠠᠢ   ᠪᠤᠷᠤᠭᠠᠨ ᠡᠯᠪᠡᠭᠰᠢᠨ᠎ᠡ᠃  ᠪᠤᠳᠠᠰ ᠤᠨ  ᠦᠵᠡᠭᠳᠡᠯ ᠠᠨᠤ  ᠬᠦᠷᠡᠯᠵᠭᠡᠨ᠎ᠡ  ᠭᠡᠷ ᠤᠨ   ᠬᠠᠨ᠎ᠠ ᠳᠤ ᠡᠭᠦᠷᠯᠡᠵᠦ  ᠡᠯᠢᠶ᠎ᠡ ᠬᠠᠷᠴᠠᠭᠠᠢ  ᠦᠨᠳᠦᠷ  ᠤᠭᠳᠠᠷᠭᠤᠢ ᠳᠤ  ᠬᠠᠯᠢᠨ  ᠨᠢᠰᠦᠨ᠎ᠡ᠃  ᠪᠠᠭᠠᠷᠢᠨ ᠤ ᠴᠠᠭᠠᠨ ᠮᠦᠷᠡᠨ  ᠲᠠᠭᠠᠤ ᠤᠷᠤᠨ   ᠳᠤ ᠲᠠᠪᠤᠨ ᠡᠳᠦᠷ ᠤᠨ  ᠲᠤᠮᠳᠠᠴᠢ ᠲᠤᠯᠭᠠᠨ  ᠬᠦᠢᠳᠡᠨ ᠤ ᠬᠡᠮᠵᠢᠶ᠎ᠡ ᠨᠢ 17.6 —20.6℃  ᠂ ᠲᠤᠰ ᠰᠠᠷ᠎ᠠ ᠳᠤ  ᠵᠤᠨ ᠤ  ᠬᠠᠯᠠᠭᠤᠨ ᠵᠢᠭᠠᠬᠠᠨ ᠪᠠᠭᠤᠷᠠᠵᠦ  ᠡᠳᠦᠷ ᠰᠦᠨᠢ ᠶᠢᠨ   ᠲᠤᠯᠭᠠᠨ ᠬᠦᠢᠳᠡᠨ   ᠤ ᠬᠡᠮᠵᠢᠶ᠎ᠡ ᠵᠦᠷᠢᠵᠦ ᠡᠬᠢᠯᠡᠨ᠎ᠡ  ᠃  ᠵᠠᠰᠠᠭ ᠲᠦᠷᠦ ᠶᠢᠨ  ᠵᠢᠶᠦ᠋ᠨ ᠸᠠᠩ ᠠᠷᠠᠳ ᠣᠯᠠᠨ ᠳᠠᠭᠠᠨ  ᠵᠠᠷᠯᠢᠭ ᠪᠤᠯᠵᠦ  ︿ᠪᠢᠳᠡᠬᠢ ᠰᠢᠷᠦᠢ ᠬᠦᠳᠡᠯᠭᠡ  ᠂ ᠪᠢᠳᠡᠬᠢ ᠮᠤᠳᠤ ᠤᠭᠳᠤᠯᠠ  ᠂  ᠪᠡᠳᠡᠬᠢ  ᠬᠤᠮᠤᠷᠭᠠᠨ ᠠᠪᠠ ᠳᠤ ᠶᠠᠪᠤ  ᠂  ᠠᠯᠢᠪᠠ ᠬᠦᠴᠦᠨ ᠢᠶᠠᠨ ᠮᠠᠯ ᠲᠠᠷᠢᠶᠠᠯᠠᠩ ᠳᠤ ᠲᠠᠯᠪᠢᠵᠦ ᠬᠦᠴᠦᠯᠡᠬᠦ ᠬᠡᠷᠡᠭᠳᠠᠢ  ᠃   ᠡᠨᠡᠬᠦ ᠰᠡᠬᠦᠯᠴᠢ ᠶᠢᠨ ᠰᠠᠷ᠎ᠠ ᠳᠤ ᠬᠡᠷᠪᠡ   ᠬᠠᠪᠤᠷ ᠤᠨ  ᠠᠭᠠᠷ ᠲᠡᠭᠳᠡᠪᠡᠯ  ᠲᠠᠪᠤᠨ ᠲᠠᠷᠢᠶ᠎ᠡ ᠡᠷᠳᠡ ᠪᠤᠯᠪᠠᠰᠤᠷᠠᠨ᠎ᠠ᠃  ᠨᠠᠮᠤᠷ ᠤᠨ  ᠠᠭᠠᠷ ᠲᠡᠭᠳᠡᠪᠡᠯ  ᠡᠪᠡᠰᠦ ᠪᠡᠯᠴᠢᠭᠡᠷ  ᠲᠠᠪᠤᠨ ᠲᠠᠷᠢᠶ᠎ᠡ  ᠤᠰᠤᠨ ᠳᠤ  ᠲᠡᠪᠳᠦᠵᠦ  ᠤᠨᠠᠯᠳᠠ ᠪᠠᠭᠠᠰᠤᠨ᠎ᠠ᠃  ᠬᠡᠷᠪᠡ ᠡᠪᠦᠯ ᠤᠨ  ᠠᠭᠠᠷ ᠲᠡᠭᠳᠡᠪᠡᠯ  ᠬᠦᠢᠳᠡᠨ ᠰᠠᠯᠬᠢᠨ  ᠪᠠᠶᠢᠨ ᠲᠠᠬᠢᠨ  ᠲᠡᠭᠳᠡᠵᠦ  ᠡᠯᠢᠶ᠎ᠡ ᠬᠠᠷᠴᠠᠭᠠᠢ  ᠱᠤᠤᠬᠢᠵᠦ ᠪᠠᠴᠢᠮᠳᠠᠨ᠎ᠠ  ᠃ 3  ᠨᠠᠮᠦᠷ ᠤᠨ  ᠭᠤᠷᠪᠠᠨ ᠰᠠᠷ᠎ᠠ ᠨᠠᠮᠦᠷ ᠤᠨ ᠡᠬᠢᠨ ᠰᠠᠷ᠎ᠠ ᠳᠤ  ᠨᠠᠷᠠ  ᠤᠯᠠᠭᠠᠨ ᠰᠢᠪᠠᠭᠤ 7 ᠬᠤᠨᠤᠭ6 ᠳ᠋ᠤᠭᠠᠷ ᠰᠠᠭᠤᠳᠠᠯ   ᠤᠨ 22 ᠤᠳᠤ ᠵᠦᠭ ᠬᠠᠨᠳᠦᠨ᠎ᠠ᠃  ᠨᠠᠷᠨ ᠰᠢᠩᠭᠭᠡᠬᠦ ᠦᠶᠡᠰ  ᠲᠤᠬᠢᠭᠤᠷ ᠲᠤᠯᠤᠭᠠᠨ ᠤᠳᠤᠨ ᠤ  ᠪᠠᠷᠢᠭᠤᠯ  ᠤᠳᠤ ᠵᠦᠭ ᠰᠢᠯᠵᠢᠵᠦ  ᠂ ᠦᠷ ᠴᠠᠶᠢᠬᠤ ᠳᠤ  ᠴᠠᠭᠠᠨ ᠪᠠᠷᠰ75 ᠳ᠋ᠤᠭᠠᠷ ᠰᠠᠭᠤᠳᠠᠯ ᠤᠨ 8 ᠤᠳᠤ ᠵᠦᠭ ᠰᠢᠯᠵᠢᠵᠦ  ᠂  ᠲᠤᠰ ᠰᠠᠷ᠎ᠠ ᠶᠢᠨ  ᠲᠦᠯᠦᠭᠡᠯᠡᠭᠴᠢ ᠤᠳᠤ ᠨᠢ ᠠᠪᠤᠷᠭᠤ  ᠵᠡᠷᠭᠡᠳᠦ  ᠰᠠᠭᠤᠳᠠᠯ ᠪᠠ  ᠤᠷᠳᠤ ᠮᠤᠭᠠᠢ ᠶᠢᠨ ᠰᠠᠭᠤᠳᠠᠯ 22 ᠤᠳᠤ  ᠂ ᠤᠷᠦᠢ ᠶᠢᠨ  ᠦᠶ᠎ᠡ ᠳᠤ  ᠬᠦᠮᠦᠨ ᠮᠤᠷᠢᠨ ᠰᠠᠭᠤᠳᠠᠯ 6 ᠤᠳᠤ  ᠵᠦᠭ ᠬᠠᠨᠳᠤᠵᠦ  ᠂ ᠦᠷᠯᠦᠭᠡ  ᠦᠬᠡᠷ ᠰᠠᠭᠤᠳᠠᠯ 8 ᠤᠳᠤ ᠵᠦᠭ ᠬᠠᠨᠳᠤᠨ᠎ᠠ᠃   ᠲᠤᠰ ᠰᠠᠷ᠎ᠠ ᠶᠢᠨ  ᠲᠡᠭᠷᠢ ᠶᠢᠨ ᠲᠦᠷᠢ ᠠᠨᠤ  ᠠᠷᠭ᠎ᠠ ᠶᠢᠨ  ᠵᠠᠮ ᠢᠪᠴᠦᠷᠡᠵᠦ  ᠂ ᠪᠢᠯᠢᠭ ᠤᠨ  ᠵᠠᠮ ᠤᠯᠠᠮ  ᠦᠷᠭᠡᠳᠨ᠎ᠡ  ᠃  ᠠᠭᠠᠷ ᠤᠨ  ᠮᠠᠶ᠋ᠢᠭ ᠨᠢ  ᠰᠡᠷᠢᠭᠦᠨ ᠰᠠᠯᠬᠢᠨ  ᠡᠬᠢᠯᠡᠵᠦ  ᠬᠢᠷᠠᠭᠤ ᠪᠠᠭᠤᠨ᠎ᠠ  ᠃  ᠪᠤᠳᠠᠰ ᠤᠨ  ᠦᠵᠡᠭᠳᠡᠯ   ᠨᠢ  ᠵᠡᠷᠭᠢᠷ᠎ᠡ ᠬᠤᠷᠤᠬᠠᠢ  ᠲᠠᠰᠤᠷᠠᠯᠳᠠ ᠦᠭᠡᠢ  ᠲᠤᠤᠭᠠᠷᠴᠦ  ᠲᠠᠪᠤᠨ ᠲᠠᠷᠢᠶ᠎ᠠ ᠦᠳᠦᠷᠮ᠎ᠡ ᠳᠤ ᠬᠤᠷᠢᠶᠠᠭᠳᠠᠨ᠎ᠠ᠃  ᠪᠠᠭᠠᠷᠢᠨ ᠤ ᠴᠠᠭᠠᠨ ᠮᠦᠷᠡᠨ  ᠲᠠᠭᠠᠤ  ᠵᠤᠤ ᠲᠠᠯ᠎ᠠ   ᠶᠢᠨ  ᠲᠠᠪᠤᠨ ᠡᠳᠦᠷ ᠤᠨ  ᠲᠤᠮᠳᠠᠴᠢ ᠲᠤᠯᠭᠠᠨ  ᠬᠦᠢᠳᠡᠨ ᠤ ᠬᠡᠮᠵᠢᠶ᠎ᠡ ᠨᠢ10.0 —15.7℃᠂ ᠤᠯᠢᠶᠠᠰᠤ ᠮᠤᠳᠤ ᠶᠢᠨ  ᠨᠠᠪᠴᠢ ᠬᠦᠢᠳᠡᠨ  ᠰᠠᠯᠬᠢᠨ ᠳᠤ ᠰᠢᠷᠠᠯᠠᠨ  ᠤᠨᠠᠨ᠎ᠠ᠃  ᠡᠨᠡ ᠰᠠᠷ᠎ᠠ   ᠳᠤ  ᠬᠡᠷᠪᠡ ᠬᠠᠪᠤᠷ  ᠤᠨ  ᠠᠭᠠᠷ ᠲᠡᠭᠳᠡᠪᠡᠯ ᠶᠡᠭᠡ ᠭᠠᠩ ᠭᠠᠮᠰᠢᠭ ᠲᠠᠢ  ᠂ ᠬᠡᠷᠪᠡ ᠵᠤᠨ ᠤ   ᠠᠭᠠᠷ ᠲᠡᠭᠳᠡᠪᠡᠯ  ᠬᠠᠯᠠᠭᠤᠨ ᠬᠦᠢᠳᠡᠨ ᠲᠡᠭᠰᠢ ᠦᠭᠡᠢ  ᠂ ᠠᠷᠠᠳ ᠢᠷᠭᠡᠳ  ᠡᠪᠡᠳᠴᠢᠨ ᠲᠠᠬᠤᠯ   ᠳᠤ ᠨᠡᠷᠪᠡᠭᠳᠡᠨ᠎ᠡ᠃  ᠭᠡᠷᠪᠡ ᠡᠪᠦᠯ ᠤᠨ  ᠠᠭᠤᠷ ᠲᠡᠭᠳᠡᠪᠡᠯ ᠪᠢᠯᠢᠭ ᠤᠨ  ᠠᠮᠢᠰᠬᠤᠯ  ᠶᠡᠭᠡᠳᠡᠵᠦ  ᠬᠤᠷᠤᠬᠠᠢ ᠰᠢᠪᠠᠵᠢ ᠦᠷᠡᠵᠢᠨ᠎ᠡ᠃ ᠨᠠᠮᠦᠷ ᠤᠨ  ᠲᠤᠮᠳᠠᠴᠢ ᠰᠠᠷ᠎ᠠ ᠳᠤ  ᠨᠠᠷᠠᠨ   ᠬᠦᠭᠡ ᠯᠤᠤ 7 ᠬᠤᠨᠤᠭ   ᠶᠢᠨ ᠲᠡᠷᠢᠭᠦᠨ ᠰᠠᠭᠤᠳᠠᠯ ᠵᠦᠭ  ᠬᠠᠨᠳᠤᠵᠦ  ᠨᠠᠷᠠ ᠰᠢᠩᠭᠡᠬᠦᠢ   ᠳᠤᠷ ᠦᠬᠡᠷ ᠰᠠᠭᠤᠳᠠᠯ 8 ᠤᠳᠤ ᠵᠦᠭ ᠰᠢᠯᠵᠢᠵᠦ  ᠂ ᠦᠷ ᠴᠠᠶᠢᠬᠤ ᠳᠤ  ᠴᠠᠭᠠᠨ ᠪᠠᠷᠰ ᠬᠤᠨᠤᠭ ᠤᠨ 6 ᠳ᠋ᠤᠭᠠᠷ ᠰᠠᠭᠤᠳᠠᠯ ᠤᠨ 3 ᠤᠳᠤ ᠵᠦᠭ ᠰᠢᠯᠵᠢᠵᠦ  ᠂ ᠲᠤᠰ ᠰᠠᠷ᠎ᠠ   ᠶᠢᠨ  ᠲᠦᠯᠦᠭᠡᠯᠡᠭᠴᠢ ᠤᠳᠤ ᠠᠨᠤ ᠦᠬᠢᠨ ᠭᠡᠷ ᠰᠠᠭᠤᠳᠠᠯ2 ᠤᠳᠤ  ᠂  ᠤᠷᠦᠢ ᠶᠢᠨ  ᠦᠶ᠎ᠡ ᠳᠤ  ᠭᠤᠤᠯ ᠬᠡᠩᠭᠡᠷᠭᠡ 2 ᠤᠳᠤ ᠵᠦᠭ  ᠬᠠᠨᠳᠤᠵᠦ  ᠂ ᠦᠷᠯᠦᠭᠡ  ᠠᠪ ᠡᠭᠦᠳᠡ3 ᠤᠳᠤ ᠵᠦᠭ  ᠬᠠᠨᠳᠦᠨ᠎ᠠ  ᠂  ᠡᠨᠡ  ᠨᠠᠮᠦᠷ  ᠲᠡᠭᠷᠢ ᠶᠢᠨ  ᠲᠦᠷᠢ ᠨᠢ  ᠬᠦᠢᠳᠠᠨ ᠠᠭᠤᠷ  ᠴᠢᠩᠭᠠᠷᠠᠵᠦ  ᠂ ᠠᠷᠭ᠎ᠠ ᠶᠢᠨ   ᠲᠦᠷᠢ  ᠡᠳᠦᠷ ᠢᠷᠡᠬᠦᠶ᠎ᠡ ᠲᠤᠷᠦᠶᠢᠳᠠᠨ᠎ᠠ᠃  ᠠᠭᠠᠷ ᠤᠨ  ᠮᠠᠶ᠋ᠢᠭ ᠨᠢ  ᠬᠠᠯᠠᠭᠤᠨ ᠴᠠᠭ ᠲᠡᠭᠦᠰᠴᠦ᠂ ᠨᠠᠮᠦᠷ ᠤᠨ  ᠰᠡᠷᠢᠭᠦᠨ ᠰᠠᠯᠬᠢᠨ ᠲᠡᠭᠳᠡᠵᠦ  ᠂  ᠠᠶᠤᠩᠭ᠎ᠠ ᠨᠢᠵᠢᠬᠢᠨᠡᠬᠦ  ᠪᠠᠨ ᠪᠤᠯᠢᠨ᠎ᠠ᠃  ᠪᠤᠳᠠᠰ ᠤᠨ  ᠦᠵᠡᠭᠳᠡᠯ ᠨᠢ  ᠬᠠᠷᠢᠶᠠᠴᠢ ᠡᠮᠦᠨᠡᠰᠢ ᠨᠡᠭᠦᠳᠡᠯᠡᠨ  ᠂  ᠨᠤᠭᠤᠰᠤ ᠭᠠᠯᠠᠭᠤ ᠢᠨᠠᠭᠰᠢ ᠴᠢᠨᠠᠭᠰᠠᠢ ᠭᠠᠩᠭᠠᠯᠠᠨ   ᠨᠢᠰᠦᠨ᠎ᠡ᠃  ᠲᠤᠰ ᠰᠠᠷ᠎ᠠ  ᠪᠠᠭᠠᠷᠢᠨ  ᠴᠠᠭᠠᠨᠮᠦᠷᠡᠨ  ᠲᠠᠭᠠᠤ  ᠵᠤᠤ ᠲᠠᠯ᠎ᠠ   ᠶᠢᠨ  ᠲᠠᠪᠤᠨ ᠡᠳᠦᠷ ᠤᠨ  ᠲᠤᠮᠳᠠᠴᠢ ᠲᠤᠯᠭᠠᠨ  ᠬᠦᠢᠳᠡᠨ   ᠤ ᠬᠡᠮᠵᠢᠶ᠎ᠡ ᠨᠢ2.7 —9.4℃ ᠪᠤᠯᠵᠦ  ᠬᠦᠷᠦᠰᠦ  ᠰᠢᠷᠦᠢ ᠬᠦᠯᠳᠡᠵᠦ ᠡᠬᠢᠯᠡᠨ᠎ᠡ᠃  ᠲᠤᠰ ᠰᠠᠷ᠎ᠠ ᠳᠤ ᠭᠡᠷᠪᠡ ᠪᠤᠷᠤᠭᠠᠨ  ᠠᠷᠪᠢᠳᠪᠠᠯ  ᠢᠷᠡᠭᠡᠳᠦᠢ ᠴᠠᠭ ᠲᠤ  ᠡᠪᠡᠰᠦ ᠮᠤᠳᠤ ᠰᠠᠶᠢᠨ ᠤᠷᠭᠤᠨ᠎ᠠ  ᠃  ᠬᠡᠷᠪᠡ ᠵᠤᠨ   ᠤ ᠠᠭᠠᠷ ᠲᠡᠭᠳᠡᠪᠡᠯ  ᠭᠠᠩ ᠭᠠᠮᠰᠢᠭ ᠲᠠᠢ  ᠂ ᠬᠤᠷᠤᠬᠠᠢ ᠰᠢᠪᠠᠵᠢ  ᠲᠠᠯᠳᠠᠯᠠᠬᠤ ᠭᠠᠵᠠᠷ ᠦᠭᠡᠢ  ᠂ ᠲᠠᠪᠤᠨ ᠲᠠᠷᠢᠶ᠎ᠡ   ᠤ ᠭᠡᠭᠡᠭᠳᠡᠭᠰᠡᠨ  ᠦᠷ᠎ᠡ  ᠲᠠᠬᠢᠵᠦ ᠨᠠᠬᠢᠶᠠᠯᠠᠨ᠎ᠠ  ᠂  ᠭᠡᠷᠪᠡ ᠡᠪᠦᠯ  ᠤᠨ ᠠᠭᠠᠷ ᠲᠡᠭᠳᠡᠪᠡᠯ  ᠶᠡᠭᠡ ᠰᠠᠯᠬᠢᠨ ᠤ ᠭᠠᠮᠰᠢᠭ ᠲᠠᠢ᠃ ᠨᠠᠮᠦᠷ ᠤᠨ  ᠰᠡᠭᠦᠯᠴᠢ ᠰᠠᠷ᠎ᠠ ᠳᠤ   ᠨᠠᠷᠠ ᠬᠦᠭᠡ ᠯᠤᠤ 7 ᠬᠤᠨᠤᠭ ᠤᠨ 4 ᠳ᠋ᠤᠭᠡᠷ ᠰᠠᠭᠤᠳᠠᠯ 2 ᠤᠳᠤ ᠵᠦᠭ ᠬᠠᠨᠳᠦᠵᠦ  ᠂ ᠨᠠᠷᠠ  ᠰᠢᠩᠭᠡᠬᠦᠢ ᠲᠤᠷ  ᠤᠯᠠᠭᠠᠨ ᠬᠦᠴᠦᠳᠦ 7  ᠬᠤᠨᠤᠭ ᠤᠨ 4 ᠳ᠋ᠤᠭᠡᠷ ᠰᠠᠭᠤᠳᠠᠯ ᠤᠨ 2 ᠤᠳᠤ ᠵᠦᠭ ᠰᠢᠯᠵᠢᠵᠦ  ᠂ ᠦᠷ ᠴᠠᠶᠢᠬᠤ ᠳᠤ ᠤᠯᠠᠭᠠᠨ  ᠰᠢᠪᠠᠭᠤ 7 ᠬᠤᠨᠤᠭ ᠤᠨ 3 ᠳ᠋ᠤᠭᠠᠷ ᠰᠠᠭᠤᠳᠠᠯ ᠤᠨ 8 ᠤᠳᠤ ᠵᠦᠭ ᠰᠢᠯᠵᠢᠵᠦ  ᠲᠦᠯᠦᠭᠡᠯᠡᠭᠴᠢ ᠤᠳᠤ ᠠᠨᠤ  ᠲᠡᠭᠷᠢ ᠶᠢᠨ  ᠬᠢᠯᠢᠨᠴᠢᠳᠦ 4 ᠤᠳᠤ  ᠂ ᠤᠷᠦᠢ ᠶᠢᠨ  ᠦᠶ᠎ᠡ ᠳᠤ  ᠪᠤᠯᠤᠷ ᠯᠤᠩᠬᠤ  ᠰᠠᠭᠤᠳᠠᠯ B᠂ ᠪᠠᠭ᠎ᠠ ᠮᠤᠷᠢᠨ ᠰᠠᠭᠤᠳᠠᠯ D ᠵᠦᠭ ᠬᠠᠨᠳᠦᠨ᠎ᠠ᠂ ᠦᠷᠯᠦᠭᠡ  ᠤᠷᠳᠤ ᠮᠤᠭᠠᠢ  ᠰᠠᠭᠤᠳᠠᠯ 8 ᠤᠳᠤ ᠵᠦᠭ ᠬᠠᠨᠳᠦᠨ᠎ᠠ  ᠃  ᠡᠨᠡ  ᠨᠠᠮᠦᠷ  ᠲᠡᠭᠷᠢ ᠶᠢᠨ  ᠲᠦᠷᠢ ᠠᠨᠤ ᠠᠷᠭ᠎ᠠ  ᠪᠠᠭᠤᠷᠠᠵᠦ  ᠪᠢᠯᠢᠭ ᠪᠠᠳᠠᠷᠠᠵᠦ ᠡᠬᠢᠯᠡᠨ᠎ᠡ᠃  ᠠᠭᠠᠷ ᠤᠨ  ᠮᠠᠶ᠋ᠢᠭ ᠨᠢ ᠬᠢᠷᠠᠭᠤ ᠶᠡᠭᠡᠳᠴᠦ  ᠬᠦᠢᠳᠡᠨ ᠴᠠᠭ  ᠡᠬᠢᠯᠡᠵᠦ  ᠮᠦᠰᠦ  ᠦᠵᠡᠭᠳᠡᠨ᠎ᠡ  ᠃  ᠪᠤᠳᠠᠰ ᠤᠨ  ᠦᠵᠡᠭᠳᠡᠯ ᠠᠨᠤ   ᠭᠠᠯᠠᠭᠤ ᠰᠢᠪᠠᠭᠤᠳ  ᠡᠮᠦᠨᠡᠰᠢ  ᠨᠡᠭᠦᠨ  ᠲᠠᠭᠤᠰᠤᠨ᠎ᠠ᠃   ᠨᠠᠮᠦᠷ ᠤᠨ  ᠰᠡᠭᠦᠯᠴᠢ ᠰᠠᠷ᠎ᠠ ᠳᠤ  ᠵᠠᠰᠠᠭ ᠲᠦᠷᠦ ᠶᠢᠨ   ᠵᠢᠶᠦ᠋ᠨ ᠸᠠᠩ  ᠂ ᠪᠠᠶᠢᠰᠠ  ᠸᠠᠩ ᠰᠢᠨ᠎ᠡ ᠠᠮᠦ ᠠᠮᠳᠠᠯᠠᠵᠦ  ᠲᠡᠭᠦᠰ ᠪᠦᠷᠢᠳᠬᠡᠯᠳᠦ  ᠰᠦᠮ᠎ᠡ  ᠪᠠ ᠬᠢᠯᠪᠠᠷ ᠵᠤᠤ ᠳᠤ    ᠬᠦᠵᠢ ᠵᠤᠯᠠ  ᠡᠷᠭᠦᠵᠦ  ᠂ ᠵᠢᠶᠦ᠋ᠨ ᠸᠠᠩ  ᠪᠠᠶᠢᠰᠠ ᠸᠠᠩ ᠬᠤᠶᠠᠷ  ᠪᠠᠰᠠ ᠲᠦᠰᠢᠮᠡᠯ ᠲᠠᠢ ᠪᠠᠨ  ᠴᠢᠦ ᠱᠠᠨ   ᠬᠠᠶᠢᠷᠬᠠᠨ ᠳᠤ ᠯᠢᠶᠤᠤ ᠤᠯᠤᠰ   ᠤᠨ  ᠦᠶ᠎ᠡ ᠶᠢᠨ  ᠪᠠᠷᠰ  ᠪᠦᠭᠬᠦᠬᠦ   ᠠᠭᠤᠯᠠ ᠶᠡᠭᠡ ᠲᠠᠯᠠᠨ ᠳᠤ ᠶᠡᠬᠡᠪᠡᠷ  ᠃ 〔9〕 ᠡᠨᠡ  ᠨᠠᠮᠦᠷ ᠤᠨ  ᠰᠡᠭᠦᠯᠴᠢ ᠶᠢᠨ   ᠰᠠᠷ᠎ᠠ ᠳᠤ  ᠬᠠᠪᠤᠷ ᠤᠨ  ᠠᠭᠠᠷ ᠲᠡᠭᠳᠡᠪᠡᠯ  ᠬᠠᠯᠠᠭᠤᠨ ᠰᠠᠯᠬᠢᠨ ᠲᠠᠢ  ᠂ ᠬᠦᠮᠦᠨ ᠤ ᠪᠡᠶ᠎ᠡ  ᠠᠯᠵᠠᠭᠤᠷᠠᠵᠦ ᠬᠦᠳᠡᠯᠬᠦ ᠲᠤᠷ᠎ᠠ ᠦᠭᠡᠢ  ᠂ ᠬᠡᠷᠪᠡ ᠵᠤᠨ ᠤ ᠠᠭᠠᠷ  ᠮᠠᠨᠳᠤᠪᠠᠯ  ᠢᠷᠡᠭᠡᠳᠦᠢ ᠴᠠᠭ ᠲᠤ  ᠶᠡᠭᠡ ᠤᠰᠤᠨ ᠭᠠᠮᠰᠢᠭ ᠲᠠᠢ  ᠂   ᠠᠷᠠᠳ ᠢᠷᠭᠡᠳ  ᠬᠠᠯᠳᠠᠪᠦᠷᠢᠳᠤ  ᠡᠪᠡᠳᠴᠢᠨ   ᠳᠤ ᠨᠡᠷᠪᠡᠭᠳᠡᠬᠦ  ᠪᠤᠯᠤᠯᠴᠠᠭ᠎ᠠ   ᠲᠠᠢ᠂  ᠬᠡᠷᠪᠡ ᠡᠪᠦᠯ ᠤᠨ ᠠᠭᠠᠷ   ᠲᠡᠭᠳᠡᠪᠡᠯ  ᠭᠠᠵᠠᠷ ᠰᠢᠷᠦᠢ  ᠬᠠᠭᠠᠷᠠᠵᠦ ᠠᠩ ᠵᠠᠪᠰᠠᠷ ᠭᠠᠷᠤᠨ᠎ᠠ᠃ 4᠂ ᠡᠪᠦᠯ ᠤᠨ  ᠭᠤᠷᠪᠠᠨ ᠰᠠᠷ᠎ᠠ ᠡᠪᠦᠯ ᠤᠨ  ᠡᠬᠢᠨ ᠰᠠᠷ᠎ᠠ ᠳᠤ  ᠨᠠᠷᠠ   ᠲᠡᠭᠷᠢ ᠶᠢᠨ  ᠲᠠᠬᠢᠶ᠎ᠠ  9 ᠤᠳᠤ ᠵᠦᠭ ᠬᠠᠨᠳᠤᠨ᠎ᠠ  ᠂ ᠨᠠᠷᠠ  ᠰᠢᠩᠭᠡᠬᠦᠢ   ᠳᠤᠷ  ᠤᠯᠠᠭᠠᠨ ᠪᠠᠭᠠᠳᠤᠷ 7 ᠬᠤᠨᠤᠭ 5 ᠳ᠋ᠤᠭᠠᠷ ᠰᠠᠭᠤᠳᠠᠯ 3 ᠤᠳᠤ ᠵᠦᠭ ᠰᠢᠯᠵᠢᠵᠦ  ᠦᠷ ᠴᠠᠶᠢᠬᠤ ᠳᠤ ᠡᠮᠦᠨ᠎ᠡ  ᠲᠤᠬᠢᠭᠤᠷ ᠲᠤᠯᠤᠭᠠᠨ ᠤᠳᠤ    ᠵᠦᠭ ᠬᠠᠨᠳᠤᠨ᠎ᠠ  ᠃ ᠲᠦᠯᠦᠭᠡᠯᠡᠭᠴᠢ ᠤᠳᠤ ᠠᠨᠤ  ᠲᠡᠭᠷᠢ ᠶᠢᠨ  ᠬᠢᠯᠢᠴᠢᠨᠳᠦ  8 ᠤᠳᠤ  ᠂ ᠤᠷᠦᠢ ᠭᠡᠷ  ᠬᠤᠨᠤᠭ 4 ᠤᠳᠤ  ᠵᠦᠭ ᠬᠠᠨᠳᠤᠵᠦ  ᠦᠷᠯᠦᠭᠡ  ᠲᠤᠬᠢᠭᠤᠷ ᠲᠤᠯᠤᠭᠠᠨ ᠤᠳᠤ  ᠵᠦᠭ ᠬᠠᠨᠳᠤᠨ᠎ᠠ᠃  ᠲᠤᠰ ᠰᠠᠷ᠎ᠠ ᠳᠤ  ᠲᠡᠭᠷᠢ ᠶᠢᠨ  ᠲᠦᠷᠢ ᠨᠢ  ᠠᠷᠭ᠎ᠠ ᠶᠢᠨ  ᠠᠭᠤᠷ  ᠬᠤᠳᠬᠤᠯᠳᠤᠨ  ᠭᠠᠵᠠᠷ  ᠰᠢᠷᠦᠢ ᠬᠦᠯᠳᠡᠬᠦ  ᠪᠤᠯᠤᠨ᠎ᠠ᠃  ᠠᠭᠠᠷ ᠤᠨ  ᠮᠠᠶ᠋ᠢᠭ ᠠᠨᠤ  ᠭᠠᠵᠠᠷ ᠤᠨ  ᠬᠦᠷᠦᠰᠦ ᠬᠦᠯᠳᠡᠵᠦ ᠭᠤᠤᠯ  ᠮᠦᠰᠦ ᠲᠠᠢ ᠪᠤᠯᠤᠨ᠎ᠠ᠃  ᠪᠤᠳᠠᠰ ᠤᠨ  ᠦᠵᠡᠭᠳᠡᠯ ᠠᠨᠤ   ᠵᠢᠭᠦᠷᠳᠡᠨ ᠰᠢᠪᠠᠭᠤ  ᠴᠦᠭᠡᠷᠡᠵᠦ᠂ ᠪᠠᠭᠠᠪᠠᠭᠠᠢ ᠲᠤᠷᠤᠬᠤ ᠢᠴᠡᠭᠡᠯᠡᠨ᠎ᠡ᠃  ᠪᠠᠭᠠᠷᠢᠨ ᠤ ᠴᠠᠭᠠᠨᠮᠦᠷᠡᠨ   ᠲᠠᠭᠠᠤ ᠵᠤᠤ ᠲᠠᠯ᠎ᠠ ᠶᠢᠨ ᠲᠠᠪᠤᠨ ᠡᠳᠦᠷ ᠤᠨ  ᠲᠤᠮᠳᠠᠴᠢ ᠲᠤᠯᠠᠭᠠᠨ ᠬᠦᠢᠳᠡᠨ   ᠤ  ᠬᠡᠮᠵᠢᠶ᠎ᠡ ᠨᠢ  —4.9 —— —9.4℃᠂ ᠲᠤᠰ ᠰᠠᠷ᠎ᠠ ᠳᠤ  ᠵᠠᠰᠠᠭ ᠲᠦᠷᠦ  ᠶᠢᠨ  ᠵᠢᠶᠦ᠋ᠨ ᠸᠠᠩ  ᠠᠯᠪᠠᠳᠤ  ᠬᠠᠷᠢᠶᠠᠳᠤ ᠲᠠᠭᠠᠨ   ︽ᠤᠨᠤᠭ᠎ᠠ ᠬᠦᠯᠦᠭ  ᠂ ᠵᠠᠷ ᠵᠠᠪᠰᠡᠭ   ᠢᠶᠠᠨ  ᠰᠢᠨᠡᠳᠬᠡᠨ ᠪᠡᠯᠡᠳᠭᠡᠵᠦ  ᠂ ᠴᠢᠷᠡᠭ ᠤᠨ  ᠵᠢᠭᠰᠠᠭᠠᠯ ᠳᠤ ᠪᠤᠯᠪᠠᠰᠤᠷᠠᠵᠦ   ᠬᠡᠷᠪᠡ ᠲᠠᠶᠢᠨ ᠲᠠᠵᠢᠨ ᠡᠭᠦᠰᠪᠡᠯ ᠤᠯᠤᠰ  ᠭᠡᠷ   ᠲᠤ  ᠬᠦᠴᠦᠨ ᠢᠶᠠᠨ ᠡᠷᠭᠦᠬᠦ  ᠬᠡᠷᠭᠳᠡᠢ︾  ᠭᠡᠵᠦ ᠵᠠᠷᠯᠢᠭ ᠪᠤᠯᠤᠨ᠎ᠠ  ᠃ ᠡᠨᠡ  ᠡᠪᠦᠯ ᠤᠨ  ᠡᠬᠢᠨ ᠰᠠᠷ᠎ᠠ ᠳᠤ ᠬᠡᠷᠪᠡ  ᠬᠠᠪᠤᠷ ᠤᠨ ᠠᠭᠠᠷ ᠲᠡᠭᠳᠡᠪᠡᠯ  ᠬᠦᠢᠳᠠᠨ ᠤ ᠡᠷᠴᠢ ᠪᠠᠭᠤᠷᠠᠵᠦ   ᠭᠠᠵᠠᠷ ᠤᠨ  ᠠᠭᠤᠷ ᠲᠡᠭᠡᠭᠰᠢ  ᠮᠠᠨᠳᠤᠨ᠎ᠠ  ᠂  ᠬᠡᠷᠪᠡ ᠵᠤᠨ ᠤ  ᠠᠭᠠᠷ ᠲᠡᠭᠳᠡᠪᠡᠯ  ᠰᠢᠷᠦᠭᠦᠨ ᠰᠠᠯᠬᠢ ᠲᠡᠭᠳᠡᠨ  ᠬᠤᠷᠦᠬᠠᠢ ᠰᠢᠪᠠᠵᠢ ᠠᠮᠢᠯᠠᠨ᠎ᠠ᠃ ᠬᠡᠷᠪᠡ ᠨᠠᠮᠦᠷ ᠤᠨ  ᠠᠭᠠᠷ  ᠲᠡᠭᠳᠡᠪᠡᠯ  ᠴᠠᠰᠤ ᠬᠢᠷᠠᠭᠤ ᠲᠡᠭᠰᠢ ᠦᠭᠡᠢ᠃ ᠡᠪᠦᠯ ᠤᠨ  ᠲᠤᠮᠳᠠ ᠰᠠᠷ᠎ᠠ ᠳᠤ  ᠨᠠᠷᠠ  ᠡᠮᠦᠨ᠎ᠡ ᠲᠤᠬᠢᠭᠤᠷ ᠲᠤᠯᠤᠭᠠᠨ ᠤᠳᠤ  ᠵᠦᠭ ᠬᠠᠨᠳᠤᠨ᠎ᠠ᠂  ᠨᠠᠷᠠ ᠰᠢᠩᠭᠡᠬᠦᠢ ᠦᠶᠡᠰ  ᠭᠡᠷ ᠬᠤᠨᠤᠭ 4 ᠤᠳᠤ ᠵᠦᠭ ᠰᠢᠯᠵᠢᠵᠦ  ᠂ ᠦᠷ ᠴᠠᠶᠢᠬᠤ ᠳᠤ  ᠤᠯᠠᠭᠠᠨ ᠰᠢᠪᠠᠭᠤ 7 ᠬᠤᠨᠤᠭ   ᠶᠢᠨ  ᠡᠴᠦᠰ ᠤᠨ ᠰᠠᠭᠤᠳᠠᠯ 4 ᠤᠳᠤ ᠵᠦᠭ ᠰᠢᠯᠵᠢᠵᠦ  ᠂ ᠲᠤᠰ ᠰᠠᠷ᠎ᠠ   ᠶᠢᠨ ᠲᠦᠯᠦᠭᠡᠯᠡᠭᠴᠢ  ᠤᠳᠤ ᠠᠨᠤ ᠬᠦᠮᠦᠨ ᠮᠤᠷᠢᠨ ᠰᠠᠭᠤᠳᠠᠯ 8 ᠤᠳᠤ  ᠂ ᠤᠷᠦᠢ ᠶᠢᠨ  ᠦᠶ᠎ᠡ ᠳᠤ ᠨᠢᠰᠬᠦ ᠮᠤᠷᠢᠨ  ᠬᠤᠨᠤᠭ Y ᠪᠠ ᠦᠬᠢᠨ ᠠᠷᠰᠢ  ᠬᠤᠨᠤᠭD ᠵᠦᠭ ᠬᠠᠨᠳᠤᠵᠦ  ᠦᠷᠯᠦᠭᠡ ᠦᠶ᠎ᠡ ᠳᠤ  ᠬᠡᠷᠢᠶ᠎ᠡ  ᠬᠤᠨᠤᠭ4 ᠤᠳᠤ ᠵᠦᠭ  ᠬᠠᠨᠳᠤᠨ᠎ᠠ᠂   ᠲᠤᠰ ᠰᠠᠷ᠎ᠠ  ᠲᠡᠭᠷᠢ ᠶᠢᠨ  ᠲᠦᠷᠢ  ᠠᠨᠤ ᠠᠷᠭ᠎ᠠ ᠪᠢᠯᠢᠭ ᠲᠡᠮᠡᠴᠡᠯᠳᠦᠵᠦ  ᠲᠡᠭᠷᠢ ᠭᠠᠵᠠᠷ ᠤᠨ  ᠠᠭᠤᠷ ᠠᠮᠢᠰᠬᠤᠯ ᠬᠠᠭᠠᠨᠳᠠᠨ᠎ᠠ  ᠃ ᠠᠭᠠᠷ ᠤᠨ  ᠮᠠᠶ᠋ᠢᠭ  ᠠᠨᠤ  ᠭᠠᠵᠠᠷ ᠤᠨ  ᠬᠦᠷᠦᠰᠦ ᠲᠡᠭᠡᠭᠦᠷ  ᠠᠭᠤᠷ ᠪᠦᠭᠡᠯᠡᠷᠡᠭᠳᠡᠨ᠎ᠡ᠂ ᠪᠤᠳᠠᠰ  ᠤᠨ  ᠦᠵᠡᠭᠳᠡᠯ  ᠠᠨᠤ ᠪᠤᠯᠠᠭ ᠤᠨ  ᠤᠰᠤ ᠴᠠᠷᠴᠠᠨ᠎ᠠ  ᠃  ᠲᠤᠰ ᠰᠠᠷ᠎ᠠ ᠳᠤ ᠪᠠᠭᠠᠷᠢᠨ ᠤ  ᠴᠠᠭᠠᠨ ᠮᠦᠷᠡᠨ  ᠲᠠᠭᠠᠤ ᠵᠤᠤ ᠲᠠᠯ᠎ᠠ ᠶᠢᠨ  ᠲᠠᠪᠤᠨ ᠡᠳᠦᠷ ᠤᠨ  ᠲᠤᠮᠳᠠᠴᠢ  ᠲᠤᠯᠠᠭᠠᠨ ᠬᠦᠢᠳᠡᠨ   ᠤ  ᠬᠡᠮᠵᠢᠶ᠎ᠡ ᠨᠢ  —6.3—— —21℃ ᠪᠤᠯᠵᠦ  ᠶᠠᠰᠤ ᠶᠠᠩᠬᠢᠨᠠᠮ᠎ᠠ ᠬᠦᠢᠳᠡᠷᠡᠨ᠎ᠡ᠃   ᠲᠤᠰ ᠰᠠᠷ᠎ᠠ ᠳᠤ ᠬᠡᠷᠪᠡ  ᠬᠠᠪᠤᠷ ᠤᠨ   ᠠᠭᠠᠷ ᠲᠡᠭᠳᠡᠪᠡᠯ  ᠴᠠᠷᠴᠠᠬᠠᠢ ᠦᠷᠡᠵᠢᠵᠦ ᠡᠪᠡᠰᠦ ᠪᠡᠯᠴᠢᠭᠡᠷ ᠲᠠᠪᠤᠨ ᠲᠠᠷᠢᠶ᠎ᠠ ᠳᠤ  ᠬᠦᠨᠦᠭᠡᠯᠳᠠᠢ᠃  ᠬᠡᠷᠪᠡ ᠵᠤᠨ  ᠤ ᠠᠭᠠᠷ ᠲᠡᠭᠳᠡᠪᠡᠯ  ᠪᠦᠬᠦ ᠤᠷᠤᠨ ᠳᠤ ᠭᠠᠩ ᠭᠠᠮᠰᠢᠭ ᠲᠠᠢ᠂  ᠨᠠᠮᠦᠷ ᠤᠨ  ᠠᠭᠠᠷ ᠲᠡᠭᠳᠡᠪᠡᠯ ᠪᠤᠷᠤᠭᠠᠨ ᠰᠠᠶᠢᠳᠠᠢ ᠪᠤᠯᠪᠠᠴᠦ  ᠨᠤᠭᠤᠭ᠎ᠠ ᠲᠦᠮᠦᠰᠦ ᠳᠤ ᠮᠠᠭᠤ  ᠃ ᠡᠪᠦᠯ ᠤᠨ ᠰᠡᠭᠦᠯᠴᠢ ᠶᠢᠨ  ᠰᠠᠷ᠎ᠠ ᠳᠤ   ᠨᠠᠷᠠ  ᠦᠬᠢᠨ ᠰᠠᠭᠤᠳᠠᠯ ᠵᠦᠭ  ᠬᠠᠨᠳᠤᠨ᠎ᠠ᠃  ᠨᠠᠷᠠ ᠰᠢᠩᠭᠡᠬᠦᠢ ᠳᠤ  ᠴᠠᠭᠠᠨ ᠪᠠᠷᠰ 7 ᠤᠳᠤ  ᠬᠤᠨᠤᠭ   ᠤᠨ 2 ᠳ᠋ᠤᠭᠠᠷ ᠰᠠᠭᠤᠳᠠᠯ ᠤᠨ 3 ᠤᠳᠤ ᠵᠦᠭ ᠰᠢᠯᠵᠢᠵᠦ  ᠂ ᠦᠷ ᠴᠠᠶᠢᠬᠤ ᠳᠤ  ᠬᠦᠭᠡ ᠯᠤᠤ7 ᠬᠤᠨᠤᠭ ᠶᠢᠨ  3 ᠳ᠋ᠤᠭᠠᠷ ᠰᠠᠭᠤᠳᠠᠯ  ᠤᠳᠤ ᠵᠦᠭ ᠰᠢᠯᠵᠢᠵᠦ  ᠂  ᠲᠦᠯᠦᠭᠡᠯᠡᠭᠴᠢ ᠤᠳᠤ  ᠦᠬᠢᠨ  ᠰᠠᠭᠤᠳᠠᠯ ᠤᠳᠤ  ᠂ ᠤᠷᠦᠢ  ᠴᠠᠭᠠᠨ ᠢᠮᠠᠭ᠎ᠠ 3 ᠤᠳᠤ ᠵᠦᠭ  ᠬᠠᠨᠳᠤᠨ  ᠂ ᠦᠷᠯᠦᠭᠡ  ᠲᠡᠭᠷᠢ  ᠶᠢᠨ  ᠵᠢᠩᠭᠡᠯᠡᠭᠦᠷ 4 ᠤᠳᠤ ᠵᠦᠭ ᠬᠠᠨᠳᠤᠨ᠎ᠠ᠃ ᠲᠤᠰᠠ ᠰᠠᠷ᠎ᠠ ᠶᠢᠨ  ᠲᠡᠭᠷᠢ ᠶᠢᠨ  ᠲᠦᠷᠢ  ᠨᠠᠷᠠ   ᠰᠠᠷ᠎ᠠ ᠰᠢᠷ᠎ᠠ ᠵᠠᠮ ᠤᠨ 12 ᠤᠳᠤᠨ   ᠤ ᠪᠤᠯᠤᠷ ᠯᠤᠩᠬᠤ 4 ᠤᠳᠤ  ᠤᠴᠠᠷᠠᠯᠳᠤᠨ᠎ᠠ᠃  ᠲᠡᠯᠡᠬᠡᠢ   ᠶᠢᠨ  ᠪᠦᠮᠪᠦᠷᠴᠡᠭ 365 ᠭᠷᠠᠳᠦ᠋ᠰ  ᠡᠷᠬᠢᠵᠦ   ᠰᠢᠨ᠎ᠡ ᠨᠢᠭᠡᠨ ᠵᠢᠯ ᠤᠨ  ᠡᠬᠢ  ᠪᠤᠯᠤᠨ᠎ᠠ᠃  ᠲᠤᠰ ᠰᠠᠷ᠎ᠠ  ᠲᠡᠭᠷᠢ ᠶᠢᠨ ᠲᠦᠷᠢ  ᠠᠨᠤ  ᠪᠢᠯᠢᠭ ᠤᠨ  ᠠᠮᠢᠰᠬᠤᠯ  ᠪᠠᠭᠠᠬᠠᠨ ᠪᠠᠭᠤᠷᠠᠨ᠎ᠠ᠃  ᠠᠭᠠᠷ ᠤᠨ  ᠮᠠᠶ᠋ᠢᠭ᠄ ᠮᠦᠰᠦ   ᠤᠶᠠᠷᠠᠨ᠎ᠠ᠃  ᠪᠤᠳᠠᠰ  ᠤᠨ  ᠦᠵᠭᠳᠡᠯ ᠠᠨᠤ  ᠬᠠᠷᠢᠶᠠᠴᠢ  ᠪᠤᠴᠠᠵᠦ ᠢᠷᠡᠨ᠎ᠡ᠃  ᠱᠠᠭᠠᠵᠠᠭᠠᠢ ᠡᠭᠦᠷ ᠪᠠᠷᠢᠨ᠎ᠠ᠃  ᠪᠠᠭᠠᠷᠢᠨ ᠤ ᠴᠠᠭᠠᠨᠮᠦᠷᠡᠨ  ᠲᠠᠭᠠᠤ ᠵᠤᠤ  ᠲᠠᠯ᠎ᠠ ᠭᠠᠵᠠᠷ  ᠲᠠᠪᠤᠨ ᠡᠳᠦᠷ ᠤᠨ   ᠲᠤᠯᠭᠭᠠᠨ ᠬᠦᠢᠳᠡᠨ   ᠤ ᠲᠤᠮᠳᠠᠴᠢ ᠬᠡᠮᠵᠢᠶ᠎ᠡ —3.9—— —18.0℃ ᠪᠤᠯᠵᠤ   ᠬᠦᠷᠦᠰᠦ  ᠰᠢᠷᠦᠢ  ᠰᠦᠨᠢ   ᠳᠡᠭᠡᠨ ᠬᠦᠯᠳᠡᠵᠦ ᠡᠳᠦᠷ ᠭᠡᠰᠦᠨ᠎ᠡ᠃  ᠲᠤᠰ ᠰᠠᠷ᠎ᠠ ᠳᠤ  ᠬᠡᠷᠪᠡ ᠬᠠᠪᠤᠷ ᠤᠨ  ᠠᠭᠠᠷ ᠲᠡᠭᠳᠡᠪᠡᠯ  ᠠᠷᠠᠳ ᠢᠷᠭᠡᠳ ᠡᠪᠡᠳᠴᠢᠨ ᠲᠠᠬᠤᠯ ᠠᠴᠠ  ᠬᠢᠴᠢᠶᠠᠬᠦ ᠬᠡᠷᠡᠭᠳᠠᠢ  ᠃  ᠬᠡᠷᠪᠡ ᠨᠠᠮᠦᠷ ᠤᠨ   ᠠᠭᠠᠷ  ᠲᠡᠭᠳᠡᠪᠡᠯ  ᠬᠤᠷᠤᠬᠠᠢ ᠰᠢᠪᠠᠵᠢ ᠦᠷᠡᠵᠢᠵᠦ  ᠡᠪᠡᠰᠦ ᠪᠡᠯᠴᠢᠭᠡᠷ ᠲᠠᠪᠤᠨ ᠲᠠᠷᠢᠶᠠᠨ ᠳᠤ  ᠬᠦᠨᠦᠭᠡᠯᠳᠠᠢ  ᠃  ᠲᠤᠰ ᠰᠠᠷ᠎ᠠ ᠳᠤ   ᠵᠠᠰᠠᠭ ᠲᠦᠷᠦ ᠶᠢᠨ  ᠵᠢᠶᠦ᠋ᠨ ᠸᠠᠩ  ᠠᠷᠠᠳ  ᠤᠯᠠᠨ ᠲᠠᠢ ᠪᠠᠨ  ᠬᠠᠮᠳᠦ ᠮᠡᠷᠭᠡᠨ ᠠᠭᠤᠯᠠᠨ 〔10〕 ᠶᠢ ᠲᠠᠬᠢᠬᠤ ᠶᠢᠨ  ᠬᠠᠮᠳᠦ   ᠪᠠᠯᠠᠷ ᠰᠢᠭᠤᠢ ᠳᠤ ᠬᠦᠷᠴᠦ  ᠶᠡᠬᠡᠪᠡᠷ ᠬᠤᠮᠤᠷᠭᠠᠯᠠᠨ᠎ᠠ 〔11〕᠃ ︽ ᠶᠤᠰᠤᠯᠠᠯᠳᠤ ᠨᠤᠮ  ︾ ᠳᠤ   ᠨᠢᠭᠡ ᠵᠢᠯ  ᠭᠤᠷᠪᠠ  ᠭᠤᠷᠪᠠᠨ ᠰᠠᠷ᠎ᠠ ᠪᠠᠷ   ᠨᠠᠷᠠ   ᠶᠢ ᠡᠷᠬᠢᠨ ᠬᠤᠪᠢᠷᠠᠬᠤ  ᠵᠢᠮ᠎ᠡ ᠶᠤᠰᠤ ᠶᠢ  ᠰᠠᠶᠢᠳᠤᠷ ᠲᠤᠳᠤᠷᠬᠠᠶᠢᠯᠠᠨ ᠦᠭᠦᠯᠡᠵᠦ  ᠂ ᠲᠡᠭᠷᠢ  ᠂ ᠠᠭᠠᠷ᠂ ᠪᠤᠳᠠᠰ  ᠭᠤᠷᠪᠠ ᠶᠢ  ᠮᠠᠯ ᠲᠠᠷᠢᠶᠠᠯᠠᠩ ᠤᠨ  ᠠᠵᠢᠯ ᠲᠠᠢ ᠬᠤᠯᠪᠤᠨ ᠦᠭᠦᠯᠡᠵᠦ  ᠂ ᠠᠭᠤᠷ ᠠᠮᠢᠰᠬᠤᠯ  ᠂  ᠠᠮᠢ ᠠᠬᠤᠢ᠂  ᠨᠡᠶᠢᠭᠡᠮ ᠭᠤᠷᠪᠠ  ᠶᠢ ᠰᠢᠰᠲ᠋ᠧᠮ ᠲᠠᠢ  ᠲᠠᠨᠢᠯᠠᠴᠠᠭᠤᠯᠵᠦ  ᠬᠦᠮᠦᠨ ᠲᠦᠷᠦᠯᠬᠢᠳᠡᠨ ᠪᠠᠶᠢᠭᠠᠯᠢ ᠲᠠᠢ ᠲᠤᠬᠢᠷᠠᠯᠴᠠᠬᠤ  ᠤᠬᠠᠮᠰᠠᠷ ᠲᠠᠢ ᠪᠤᠳᠤᠯᠭ᠎ᠠ ᠶᠢ ᠦᠭᠦᠯᠡᠪᠡ᠃  ᠡᠭᠦᠨ ᠳᠤ ᠠᠭᠤᠷ ᠠᠮᠢᠰᠭᠤᠯ  ᠂ ᠠᠮᠢ ᠠᠬᠤᠢ  ᠂ ᠨᠡᠶᠢᠭᠡᠮ ᠭᠤᠷᠪᠠ ᠶᠢᠨ  ᠬᠤᠭᠤᠷᠤᠳᠤ  ᠬᠠᠷᠢᠯᠴᠠᠨ ᠬᠤᠯᠪᠤᠯᠳᠤᠨ  ᠨᠦᠯᠦᠭᠡᠯᠡᠭᠳᠡᠬᠦ   ᠵᠢᠮ᠎ᠡ ᠶᠤᠰᠤ ᠶᠢ  ᠨᠠᠷᠢᠨ ᠨᠢᠭᠳᠠ ᠲᠠᠶᠢᠯᠪᠤᠷᠢᠯᠠᠵᠤ  ᠠᠯᠢ ᠨᠢᠭᠡ ᠨᠢ ᠬᠤᠪᠢᠷᠠᠯᠳᠠ ᠭᠠᠷᠪᠠᠯ  ᠪᠤᠰᠤᠳ ᠬᠡᠳᠦ ᠪᠠᠨ  ᠨᠦᠯᠦᠭᠡᠯᠡᠵᠦ  ᠠᠭᠤᠷ ᠠᠮᠢᠰᠬᠤᠯ  ᠡᠳᠡᠭᠡᠳ ᠵᠢᠭᠳᠡᠢ  ᠪᠤᠯᠵᠦ  ᠡᠳᠦᠷ ᠰᠠᠷ᠎ᠠ  ᠰᠤᠯᠢᠯᠴᠠᠭᠳᠠᠵᠦ ᠮᠠᠯ ᠲᠠᠷᠢᠶᠠᠯᠠᠩ ᠤᠨ  ᠠᠵᠤ ᠠᠬᠤᠢ   ᠨᠦᠯᠦᠭᠡᠯᠡᠭᠳᠡᠨ᠎ᠡ᠃  ᠵᠢᠰᠢᠶᠡᠯᠡᠪᠡᠯ  ᠨᠠᠮᠦᠷ ᠤᠨ  ᠤᠯᠠᠷᠢᠯ ᠳᠤ  ᠡᠪᠦᠯ ᠤᠨ  ᠠᠭᠠᠷ ᠮᠠᠨᠳᠤᠬᠤ  ᠪᠤᠶᠤ  ᠵᠤᠨ ᠠᠭᠠᠷ ᠮᠠᠨᠳᠤᠪᠠᠯ  ᠠᠷᠭ᠎ᠠ ᠪᠢᠯᠢᠭ   ᠬᠤᠶᠠᠷ ᠬᠡᠪ ᠤᠨ  ᠪᠠᠶᠢᠳᠠᠯ ᠢᠶᠠᠨ ᠠᠯᠳᠠᠵᠦ᠂ ᠪᠠᠶᠢᠭᠠᠯᠢ   ᠶᠢᠨ  ᠬᠡᠪᠴᠢᠶ᠎ᠡ ᠨᠢ ᠬᠦᠮᠦᠨ ᠲᠦᠷᠦᠯᠬᠢᠳᠡᠨ  ᠳᠤ ᠠᠰᠢᠭ ᠦᠭᠡᠢ ᠪᠠᠶᠢᠳᠠᠯ  ᠵᠦᠭ ᠬᠠᠨᠳᠤᠨ᠎ᠠ᠃ ᠵᠡᠭᠦᠯᠳᠡ 〔1〕 ᠲᠦᠪ ᠡᠷᠭᠡᠳᠦ ᠵᠤᠤ  ᠄ ᠪᠠᠭᠠᠷᠢᠨ   ᠤ ᠰᠤᠪᠤᠷᠭ᠎ᠠ ᠰᠤᠮᠤ ᠠᠴᠠ  ᠯᠢᠨᠰᠢ ᠰᠢᠶᠠᠨ   ᠤ ᠲᠠᠪᠢᠨ  ᠭᠡᠷ  ᠪᠠᠯᠭᠠᠰᠤ   ᠶᠢᠨ  ᠬᠤᠭᠤᠷᠤᠨᠳᠤᠬᠢ   ᠴᠠᠭᠠᠨ  ᠮᠦᠷᠡᠨ   ᠤ ᠰᠠᠪᠠ ᠭᠠᠵᠠᠷ  ᠲᠠᠭᠠᠤ  ᠲᠠᠯ᠎ᠠ ᠭᠠᠵᠠᠷ ᠢ  ᠵᠢᠭᠠᠨ᠎ᠠ᠃  ︽ ᠯᠢᠶᠤᠤ ᠤᠯᠤᠰ ᠤᠨ ᠲᠡᠦᠭᠡ  ︾  ︵辽史) ᠳᠤ ︿中会川﹀ ᠭᠡᠵᠦ ᠲᠡᠮᠳᠡᠭᠯᠡᠵᠦ ᠪᠠᠶᠢᠨ᠎ᠠ᠃   ︵ᠶᠤᠸᠠᠨ ᠤ ᠲᠤᠭᠳᠠᠬᠤ ᠵᠡᠷᠭᠡ ᠶᠢᠨ  ᠬᠦᠮᠦᠰ ᠤᠨ  ᠪᠢᠴᠢᠭᠰᠡᠨ  ︽ᠯᠢᠶᠤᠤ ᠤᠯᠤᠰ ᠤᠨ  ᠲᠡᠦᠭᠡ︾ 247  ᠂255 ᠵᠡᠷᠭᠡ ᠨᠢᠭᠤᠷ ᠲᠤ  ᠃  ᠵᠦᠩᠬᠤᠸᠠ ᠪᠢᠴᠢᠭ ᠤᠨ  ᠬᠤᠷᠢᠶ᠎ᠠ   ᠶᠢᠨ 1974 ᠤᠨ ᠤ 10 ᠰᠠᠷ᠎ᠠ ᠶᠢᠨ ᠨᠢᠭᠡᠳᠦᠭᠡᠷ ᠬᠡᠪᠯᠡᠯ  ︶  ᠃〔2〕 ᠨᠢᠭᠡ ᠵᠢᠯ ᠤᠨ  ᠲᠦᠷᠪᠡᠨ ᠤᠯᠠᠷᠢᠯ 12 ᠰᠠᠷ᠎ᠠ  ᠄ ᠴᠢᠩ ᠤᠯᠤᠰ ᠤᠨ ᠪᠠᠳᠠᠷᠭᠤᠤᠯᠳᠤ ᠲᠦᠷᠦ ᠶᠢᠨ 33 ᠳ᠋ᠤᠭᠠᠷ ᠤᠨ ᠳᠤ ᠬᠡᠪᠡᠯᠡᠭᠰᠡᠨ ︽ᠮᠤᠩᠭᠤᠯ ᠤᠨ  ᠲᠡᠮᠳᠡᠭᠯᠡᠯ  ︾ 113᠂120᠂123 ᠳ᠋ᠤᠭᠠᠷ ᠨᠢᠭᠤᠷ ᠤᠨ  ᠪᠠᠭᠠᠷᠢᠨ ᠤᠷᠤᠨ ᠤ   ᠴᠠᠭ  ᠬᠤᠭᠤᠴᠠᠭ᠎ᠠ ᠶᠢᠨ ᠲᠡᠮᠳᠡᠭᠯᠡᠯ   ᠢ 1963 ᠤᠨ   ᠤ 11 ᠳ᠋ᠤᠭᠡᠷ ᠰᠠᠷ᠎ᠠ ᠳᠤ ᠬᠡᠪᠯᠡᠭᠰᠡᠨ  ︽ᠵᠤᠤ ᠤᠳᠠ  ᠠᠶᠢᠮᠠᠭ ᠤᠨ  ᠲᠠᠷᠢᠶᠠᠯᠠᠩ ᠤᠨ  ᠮᠡᠷᠭᠡᠵᠢᠯ ᠤᠨ  ᠭᠠᠷ ᠲᠡᠪᠳᠡᠷ  ︾ 4 —12 ᠳ᠋ᠤᠭᠠᠷ ᠨᠢᠭᠤᠷ ᠲᠤ ᠲᠡᠮᠳᠡᠭᠯᠡᠭᠰᠡᠨ ᠪᠠᠭᠠᠷᠢᠨ ᠪᠠᠷᠠᠭᠤᠨ ᠬᠤᠰᠢᠭᠤᠨ   ᠤ ᠠᠭᠤᠷ ᠠᠮᠢᠰᠬᠤᠯ   ᠲᠠᠢ ᠬᠠᠷᠢᠴᠠᠭᠤᠯᠵᠤ ᠤᠶᠠᠯᠳᠠᠭᠤᠯᠵᠤ  ᠳ᠋ᠦᠩᠨᠡᠭᠰᠡᠨ ᠲᠡᠮᠳᠡᠭᠯᠡᠯ  ᠃ 〔3〕 ᠡᠨᠡᠬᠦ  ᠲᠦᠷᠪᠡᠨ ᠤᠯᠠᠷᠢᠯ ᠤᠨ ᠰᠠᠷ᠎ᠠ ᠶᠢᠨ ᠲᠤᠭᠳᠠᠭᠠᠭᠰᠠᠨ  ᠄ ᠡᠳᠦᠭᠡ ᠲᠡᠯᠡᠭᠡᠢ  ᠲᠡᠭᠡᠷ᠎ᠡ ᠬᠡᠷᠡᠭᠯᠡᠵᠦ ᠪᠠᠶᠢᠭ᠎ᠠ ᠬᠠᠯᠠᠭᠤᠨ ᠬᠦᠢᠳᠡᠨ ᠤ ᠬᠡᠮᠵᠢᠶ᠎ᠡ 22℃ ᠠᠴᠠ  ᠲᠡᠭᠡᠭᠰᠢ ᠬᠠᠯᠠᠭᠤᠨ ᠨᠢ  ᠵᠤᠨ ᠤ ᠤᠯᠠᠷᠢᠯ᠂ 10℃  ᠠᠴᠠ ᠲᠤᠷᠤᠭᠰᠢ ᠬᠠᠯᠠᠭᠤᠨ ᠨᠢ  ᠡᠪᠦᠯ ᠤᠨ  ᠤᠯᠠᠷᠢᠯ᠂  ᠡᠨᠡ  ᠬᠤᠶᠠᠷ ᠲᠤᠭᠠᠨ ᠤ  ᠬᠤᠭᠤᠷᠤᠨᠳᠤᠬᠢ  ᠬᠠᠯᠭᠤᠨ   ᠢ  ᠬᠠᠪᠤᠷ᠂ ᠨᠠᠮᠦᠷ   ᠤᠨ  ᠤᠯᠠᠷᠢᠯ  ᠬᠡᠬᠦ ᠲᠤᠭᠳᠠᠭᠠᠯ ᠢ  ᠪᠠᠷᠢᠮᠳᠠᠯᠠᠵᠤ ᠪᠢᠴᠢᠵᠠᠢ᠃ 〔4〕 ᠤᠳᠤᠷᠯᠠᠨ᠎ᠠ  ᠂ ᠬᠠᠪᠤᠷ ᠤᠨ  ᠠᠪᠠ  ︵春蒐) ᠶᠢ ᠵᠢᠭᠠᠨ᠎ᠠ᠃ ︵︽ᠲᠠᠪᠤᠨ ᠵᠦᠢᠯ ᠤᠨ  ᠦᠰᠦᠭ ᠬᠠᠪᠰᠤᠷᠤᠭᠰᠠᠨ  ᠮᠠᠨᠵᠦ ᠦᠭᠡᠨ ᠤ ᠲᠤᠯᠢ  ᠪᠢᠴᠢᠭ  ︾ ᠤᠨ 1000 ᠳ᠋ᠤᠭᠠᠷ ᠨᠢᠭᠤᠷ   ᠲᠤ ᠬᠢᠳᠠᠳ   ᠢᠶᠠᠨ ︵春蒐) ᠭᠡᠵᠦ᠂  — —1957 ᠤᠨ ᠤ 8  ᠰᠠᠷ᠎ᠠ ᠳᠤ  ᠦᠨᠳᠦᠰᠤᠳᠡᠨ   ᠤ ᠬᠡᠪᠯᠡᠯ ᠤᠨ  ᠬᠤᠷᠢᠶ᠎ᠠ︶〔5〕 ᠠᠷᠤ  ᠬᠠᠶᠢᠷᠬᠠᠨ ︽ ᠯᠢᠶᠤᠤ ᠤᠯᠤᠰ ᠤᠨ  ᠪᠢᠴᠢᠭ  ︾ ᠲᠤ   ︽ᠲᠤᠮᠳᠠ ᠬᠦᠢᠳᠡᠨ ᠠᠭᠤᠯᠠ︾  ᠭᠡᠳᠡᠭ᠂ ᠭᠤᠤᠯ ᠤᠪᠤᠭ᠎ᠠ ᠪᠠ  ᠡᠮᠦᠨ᠎ᠡ  ᠬᠤᠶᠢᠨ᠎ᠠ ᠵᠡᠭᠦᠨ ᠪᠠᠷᠠᠭᠤᠨ  ᠲᠠᠯ᠎ᠠ ᠳᠠᠭᠠᠨ  ᠲᠤᠰ ᠲᠤᠰ ᠭᠤᠷᠪᠠᠨ  ᠤᠪᠤᠭ᠎ᠠ                  ¤  ᠭᠡᠰᠢᠭᠳᠡᠨ                  ¤  ᠬᠤᠰᠢᠭᠤᠨ   ᠤ                  ¤ ᠭᠤᠷᠪᠠᠨ ᠤᠪᠤᠭ᠎ᠠ¤ ¤ ¤        ¤                                ¤ ¤ ¤ ᠪᠠᠭᠠᠷᠢᠨ     ᠪᠠᠷᠠᠭᠤᠨ                  ¤   ᠪᠠᠭᠠᠷᠢᠨ                       ᠪᠠᠷᠠᠭᠤᠨ     ᠦᠵᠦᠮᠦᠴᠢᠨ ᠤ            ¤  ᠵᠡᠭᠦᠨ ᠬᠤᠰᠢᠭᠤᠨ   ᠤ             ᠬᠤᠰᠢᠭᠤᠨ ᠤ     ᠭᠤᠷᠪᠠᠨ ᠤᠪᠤᠭ᠎ᠠ          ¤ ᠭᠤᠷᠪᠠᠨ ᠤᠪᠤᠭ᠎ᠠ                 ᠭᠤᠷᠪᠠᠨ ᠤᠪᠤᠭ᠎ᠠ                                                               ᠤᠳᠤ ᠮᠤᠩᠭᠤᠯᠴᠤᠳ  ᠪᠢᠯᠢᠭ ᠤᠨ  ᠤᠯᠠᠷᠢᠯ ᠤᠨ  ᠲᠠᠪᠤᠨ ᠰᠠᠷ᠎ᠠ ᠶᠢᠨ 22 ᠳᠤ  ᠠᠭᠤᠯᠠᠨ ᠳᠤ ᠭᠠᠷᠴᠦ ᠤᠪᠤᠭ᠎ᠠ ᠲᠠᠬᠢᠵᠦ ᠪᠠᠶᠢᠨ᠎ᠠ᠃ ︵︽ᠪᠠᠭᠠᠷᠢᠨ ᠵᠡᠭᠦᠨ ᠬᠤᠰᠢᠭᠤᠨ   ᠤ  ᠪᠠᠳᠠᠷᠭᠤᠤᠯᠳᠤ ᠲᠦᠷᠦ ᠶᠢᠨ 33 ᠤᠨ   ᠤ ᠮᠠᠯᠵᠢᠯ ᠤᠨ   ᠵᠢᠷᠤᠭ︶〔6〕ᠦᠯᠦᠭᠡ ᠲᠠᠷᠤᠨ᠎ᠠ  ᠄  ᠵᠤᠨ   ᠤ ᠠᠪᠠ  ︽ᠲᠠᠪᠤᠨ ᠵᠦᠢᠯ ᠤᠨ  ᠦᠰᠦᠭ ᠬᠠᠪᠰᠤᠷᠭᠠᠭᠰᠠᠨ ᠮᠠᠨᠵᠦ ᠦᠭᠡᠨ ᠤ ᠲᠤᠯᠢ ᠪᠢᠴᠢᠭ  ︾ ᠤᠨ 1001 ᠳ᠋ᠤᠭᠠᠷ ᠨᠢᠭᠤᠷ ᠲᠤ  ᠬᠢᠳᠠᠳ ᠢᠶᠠᠷ  ︵夏苗)  — —᠂1957 ᠤᠨ ᠤ 8 ᠳ᠋ᠤᠭᠠᠷ ᠰᠠᠷ᠎ᠠ ᠶᠢᠨ   ᠦᠨᠳᠤᠰᠦᠳᠡᠨ ᠤ  ᠬᠡᠪᠯᠡᠯ ᠤᠨ  ᠬᠤᠷᠢᠶ᠎ᠠ  ︶〔7〕 ᠬᠦᠢᠳᠠᠨ ᠨᠠᠭᠤᠷ ᠤᠨ  ᠲᠠᠯ᠎ᠠ  ᠄ ᠤᠳᠤ ᠶᠢᠨ  ᠳ᠋ᠠᠴᠢᠨ ᠪᠤᠯᠠᠭ ᠠᠴᠠ ᠬᠤᠶᠢᠰᠢ  ᠠᠭᠳᠠᠷᠭ᠎ᠠ ᠶᠢᠨ  ᠨᠠᠭᠤᠷ ᠠᠴᠠ   ᠡᠮᠦᠨ᠎ᠡ ᠲᠠᠯ᠎ᠠ ᠶᠢ ᠵᠢᠭᠠᠨ᠎ᠠ᠃   ︽ᠯᠢᠶᠤᠤ ᠤᠯᠤᠰ ᠤᠨ  ᠲᠡᠦᠭᠡ︾ ᠳᠤ  ᠬᠢᠳᠠᠳ ᠢᠶᠠᠷ ︵凉淀) ᠭᠡᠵᠦ  ᠂   ︽ᠯᠢᠶᠤᠤ ᠤᠯᠤᠰ ᠤᠨ  ᠲᠡᠦᠭᠡ︾ ᠶᠢᠨ  ᠭᠠᠵᠠᠷ ᠵᠦᠢ   ᠶᠢᠨ 443 ᠳ᠋ᠤᠭᠠᠷ ᠨᠢᠭᠤᠷ   ᠲᠤ ——  ᠵᠦᠩᠬᠤᠸᠠ ᠪᠢᠴᠢᠭ ᠤᠨ  ᠲᠤᠪᠴᠢᠶ᠎ᠠ   ᠶᠢᠨ 1974 ᠤᠨ 10 ᠰᠠᠷ᠎ᠠ   ᠶᠢᠨ  ᠠᠩᠬᠠᠳᠤᠭᠠᠷ ᠬᠡᠪᠯᠡᠯ 〔8〕 ᠬᠠᠷ᠎ᠠ ᠬᠢᠷᠠᠭᠤ  ᠄ ᠨᠠᠮᠦᠷ ᠤᠨ  ᠰᠡᠭᠦᠯᠴᠢ ᠪᠠᠷ  ᠬᠢᠷᠠᠭᠤ  ᠦᠵᠡᠭᠳᠡᠬᠦ ᠦᠭᠡᠢ ᠪᠠᠷ  ᠡᠪᠡᠰᠦ ᠪᠡᠯᠴᠢᠭᠡᠷ  ᠲᠠᠪᠤᠨ ᠲᠠᠷᠢᠶ᠎ᠠ ᠬᠦᠯᠳᠡᠬᠦ ᠶᠢ ᠵᠢᠭᠠᠨ᠎ᠠ᠃  ᠬᠢᠳᠠᠳ ᠢᠶᠠᠷ 黑霜  ᠭᠡᠵᠦ  ︽ᠮᠠᠨᠠᠨ ᠪᠤᠳᠠᠩ ᠪᠤᠷᠤᠩ   ᠤᠨ  ᠲᠠᠭᠤᠤ  ︾   ᠶᠢᠨ 80 ᠳ᠋ᠤᠭᠠᠷ ᠨᠢᠭᠤᠷ  ᠂ 2002 ᠤᠨ ᠤ  ᠵᠦᠩ   ᠵᠧᠩ  ᠬᠡᠪᠯᠡᠯ ᠤᠨ  ᠬᠤᠷᠢᠶ᠎ᠠ᠂  (硬冻)〔9〕 ᠡᠶᠢᠯᠡᠨ᠎ᠡ᠄ ᠨᠠᠮᠦᠷ ᠤᠨ  ᠠᠪᠠ ︽ᠲᠠᠪᠤᠨ ᠵᠦᠢᠯ ᠤᠨ  ᠦᠰᠦᠭ ᠬᠠᠪᠰᠤᠷᠭᠠᠭᠰᠠᠨ ᠮᠠᠨᠵᠦ ᠦᠭᠡᠨ ᠤ ᠲᠤᠯᠢ ᠪᠢᠴᠢᠭ  ︾ ᠤᠨ 1001 ᠳ᠋ᠤᠭᠠᠷ ᠨᠢᠭᠤᠷ ᠲᠤ  ᠬᠢᠳᠠᠳ ᠢᠶᠠᠷ ︵秋狝) — —᠂1957 ᠤᠨ ᠤ 8 ᠳ᠋ᠤᠭᠠᠷ ᠰᠠᠷ᠎ᠠ ᠶᠢᠨ   ᠦᠨᠳᠤᠰᠦᠳᠡᠨ ᠤ  ᠬᠡᠪᠯᠡᠯ ᠤᠨ  ᠬᠤᠷᠢᠶ᠎ᠠ  ︶  ᠂ ᠶᠡᠭᠡ ᠲᠠᠯᠠᠨ   ︽ᠯᠢᠶᠤᠤ ᠤᠯᠤᠰ ᠤᠨ  ᠪᠢᠴᠢᠭ︾ ᠲᠤ ︽ᠴᠢᠦ ᠱᠠᠨ︾ ᠭᠡᠵᠤ ᠲᠡᠮᠳᠡᠭᠡᠯᠠᠵᠠᠢ  ᠃ 〔10〕 ᠮᠠᠷᠭᠡᠨ ᠠᠭᠤᠯᠠ  ︐ ᠤᠳᠤ ᠶᠢᠨ  ᠪᠠᠭᠠᠷᠢᠨ ᠪᠠᠷᠠᠭᠤᠨ ᠬᠤᠰᠢᠭᠤᠨ   ᠤ  ᠰᠠᠶᠢᠬᠠᠨ ᠬᠠᠨ ᠠᠭᠤᠯᠠ  ᠂   ︵ᠶᠤᠸᠠᠨ ᠤ ᠲᠤᠭᠳᠠᠬᠤ ᠵᠡᠷᠭᠡ ᠶᠢᠨ  ᠬᠦᠮᠦᠰ ᠤᠨ  ᠪᠢᠴᠢᠭᠰᠡᠨ  ︽ᠯᠢᠶᠤᠤ ᠤᠯᠤᠰ ᠤᠨ  ᠲᠡᠦᠭᠡ︾ 444 ᠳ᠋ᠤᠭᠠᠷ ᠨᠢᠭᠤᠷ ᠲᠤ  ᠃  ᠵᠦᠩᠬᠤᠸᠠ ᠪᠢᠴᠢᠭ ᠤᠨ  ᠬᠤᠷᠢᠶ᠎ᠠ   ᠶᠢᠨ 1974 ᠤᠨ ᠤ 10 ᠰᠠᠷ᠎ᠠ ᠶᠢᠨ ᠨᠢᠭᠡᠳᠦᠭᠡᠷ ᠬᠡᠪᠯᠡᠯ  ︶  ᠡᠷᠳᠡᠨ ᠤ ᠬᠢᠳᠠᠳ ᠰᠤᠷᠪᠤᠯᠵᠢ ᠪᠢᠴᠢᠭ ᠲᠤ ︵黑山或缅山) ᠭᠡᠵᠦ ᠲᠡᠮᠳᠡᠭᠡᠯᠡᠵᠠᠢ᠃〔11〕 ᠬᠤᠮᠤᠷᠭᠠᠯᠠᠨ᠎ᠠ᠄ ᠡᠪᠦᠯ ᠤᠨ  ᠠᠪᠠ ︽ᠲᠠᠪᠤᠨ ᠵᠦᠢᠯ ᠤᠨ  ᠦᠰᠦᠭ ᠬᠠᠪᠰᠤᠷᠭᠠᠭᠰᠠᠨ ᠮᠠᠨᠵᠦ ᠦᠭᠡᠨ  ᠤ ᠲᠤᠯᠢ ᠪᠢᠴᠢᠭ  ︾ ᠤᠨ 1000 ᠳ᠋ᠤᠭᠠᠷ ᠨᠢᠭᠤᠷ ᠲᠤ  ᠬᠢᠳᠠᠳ ᠢᠶᠠᠷ   ︵冬狩) — — ᠦᠨᠳᠤᠰᠦᠳᠡᠨ   ᠤ ᠬᠡᠪᠯᠡᠯ ᠤᠨ  ᠬᠤᠷᠢᠶ᠎ᠠ ᠲᠡᠭᠡᠷᠡᠬᠢ ᠵᠡᠭᠦᠯᠳᠡ ᠠᠴᠠ  ᠭᠠᠳᠠᠨ᠎ᠠ ᠪᠠᠰᠠ  ︽ᠶᠤᠰᠤᠯᠠᠯᠳᠤ ᠨᠤᠮ  ︾ ᠤᠨ  ᠴᠠᠭ ᠠᠭᠤᠷ ᠤᠨ  ᠦᠭᠦᠯᠡᠯ   ︵ᠡᠷᠳᠡᠨ ᠤ ᠭᠠᠤᠯᠢᠨ ᠪᠠᠷ︶  ︽辞海》(上海辞书出版社) 1980 ᠤᠨ   ᠤ8 ᠰᠠᠷ᠎ᠠ ᠶᠢᠨ  ᠨᠢᠭᠡᠳᠦᠭᠡᠷ ᠬᠡᠪᠯᠡᠯ  ︽ᠤᠯᠠᠨ ᠵᠢᠯ ᠤᠨ  ᠴᠠᠭ ᠤᠯᠠᠷᠢᠯ ᠤᠨ   ᠪᠢᠴᠢᠭ  ︾ ︵2002 ᠤᠨ   ᠤ 8 ᠰᠠᠷ᠎ᠠ ᠶᠢᠨ ᠾᠧ ᠪᠧᠢ  ᠮᠤᠵᠢ ᠶᠢᠨ  ᠠᠷᠠᠳ ᠤᠨ  ᠬᠡᠪᠯᠡᠯ ᠤᠨ  ᠬᠤᠷᠢᠶ᠎ᠠ   ᠶᠢᠨ 3 ᠳ᠋ᠤᠭᠠᠷ ᠬᠡᠪᠯᠡᠯ  ︶ ᠰᠤᠷᠪᠤᠯᠵᠢᠯᠠᠭᠰᠠᠨ ᠬᠦᠮᠦᠨ  ᠄  ᠪᠠᠭᠠᠷᠢᠨ ᠤ  ᠵᠤᠯᠠᠴᠢᠨ ᠰᠦᠮ᠎ᠡ ᠶᠢᠨ  ᠪᠠᠼᠡᠷ ᠯᠠᠮᠠ    ᠂ ᠰᠡᠪᠡᠭ᠂  ᠨᠤᠷᠪᠤ᠂  ᠰᠢᠷᠠᠪᠵᠠᠮᠰᠦ  ᠃  ᠮᠤᠳᠤᠨ ᠡᠬᠢ   ᠶᠢᠨ  ᠵᠠᠩᠴᠤᠪ  ᠂  ᠵᠠᠮᠰᠦ  ᠂  ᠭᠤᠮᠪᠤᠵᠠᠪ  ᠃  ᠯᠦᠩ ᠲᠸᠦ ᠱᠠᠨ ᠤ  ᠵᠠᠩ ᠢᠦᠢ ᠯᠢᠨ᠂  ᠵᠢᠶᠠ  ᠢᠦᠢ ᠹᠧᠩ  ︵ᠢᠨᠵᠢ ᠮᠠᠨᠵᠦ  ︶  ᠃ ᠵᠢᠦ  ᠯᠢᠶᠠᠨ ᠵᠤᠸᠠᠩ   ᠤᠨ  ᠲᠠᠮᠠᠷᠢᠨ  ᠂  ᠪᠠᠢ ᠹᠧᠩ ᠱᠠᠨ ︵ᠮᠤᠩᠭᠤᠯ ᠦᠨᠳᠦᠰᠦᠳᠡᠨ︶᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号