ᠬᠤᠨᠢᠨ ᠤ ᠢᠲᠡᠭᠡᠨ ᠤᠮᠲᠠᠭᠠᠨ ᠤ ᠵᠠᠰᠠᠯ
ᠨᠡᠶᠢᠲᠡᠯᠡᠭᠰᠡᠨ ᠴᠠᠭ᠄
2016/12/28
      ᠬᠤᠨᠢ ᠪᠤᠯᠪᠠᠰᠤ ᠪᠦᠬᠦᠯᠢ ᠪᠡᠶ᠎ᠡ ᠪᠠᠷ ᠢᠶᠠᠨ ᠡᠷᠲᠡᠨᠢ ᠪᠤᠯᠠᠢ᠃ ᠨᠤᠤᠰᠤ ᠪᠠᠷ ᠨᠢ ᠢᠰᠡᠭᠡᠢ ᠬᠢᠵᠦ ᠡᠲᠦᠷ ᠲᠤᠲᠤᠮ ᠤᠨ ᠡᠳ᠋ᠯᠡᠯ ᠬᠡᠷᠡᠭᠯᠡᠯ ᠳᠤ ᠬᠡᠷᠡᠭᠯᠡᠬᠦ︔ ᠠᠷᠠᠰᠤ ᠪᠠᠷ ᠨᠢ ᠠᠷᠠᠰᠤᠯᠠᠬᠤ ᠵᠠᠰᠠᠯ ᠬᠢᠬᠦ᠂ ᠰᠤᠷ ᠡᠯᠳᠡᠬᠦ ᠵᠡᠷᠭᠡ︔ ᠬᠤᠨᠢᠨ ᠤ ᠪᠦᠬᠦᠯᠢ ᠶᠠᠰᠤᠨ ᠤ ᠱᠦᠯᠦ᠂ ᠰᠢᠮᠡᠲᠦ ᠭᠤᠷᠪᠠᠨ ᠶᠠᠰᠤᠨ ᠤ ᠲᠠᠩ᠂ ᠲᠦᠷᠪᠡᠨ ᠰᠢᠮᠡᠲᠦ ᠶᠢᠨ ᠲᠠᠩ ᠵᠡᠷᠭᠡ ᠮᠤᠩᠭᠤᠯ ᠡᠮᠴᠢ ᠶᠢᠨ ᠦᠷᠬᠦᠯᠵᠢ ᠬᠡᠷᠡᠭᠯᠡᠭᠲᠡᠲᠡᠭ ᠲᠠᠩ ᠠᠴᠠ ᠭᠠᠲᠠᠨ᠎ᠠ᠂ ᠬᠤᠨᠢᠨ ᠤ ᠲᠡᠯᠢᠭᠦᠦ᠂ ᠰᠦᠰᠦ᠂ ᠤᠯᠠᠭᠠᠨ ᠬᠤᠭᠤᠯᠠᠢ᠂ ᠬᠤᠷᠭᠤᠯ ᠢ ᠪᠠᠰᠠ ᠵᠠᠰᠠᠯ ᠳᠤ ᠬᠡᠷᠡᠭᠯᠡᠬᠦ ᠪᠤᠢ︔ ᠬᠤᠨᠢᠨ ᠤ ᠰᠢᠬᠢᠷ᠎ᠡ᠂ ᠲᠤᠯᠤᠭᠠᠢ ᠶᠢᠨ ᠶᠠᠰᠤ ᠶᠢ ᠰᠢᠲᠠᠭᠠᠵᠤ ᠨᠤᠨᠲᠠᠭᠯᠠᠭᠠᠳ ᠮᠠᠯ ᠤᠨ ᠰᠢᠷᠬᠠᠨ ᠳᠤ ᠲᠠᠯᠪᠢᠲᠠᠭ ᠰᠠᠨ᠃ ᠲᠤᠰ ᠦᠭᠦᠯᠡᠯ ᠳᠤ ᠭᠤᠤᠯᠲᠠᠭᠤ ᠬᠤᠨᠢᠨ ᠤ ᠢᠲᠡᠭᠡᠨ ᠤᠮᠲᠠᠭᠠᠨ ᠤ ᠵᠠᠰᠠᠯ ᠤᠨ ᠲᠤᠬᠠᠢ ᠲᠠᠨᠢᠯᠴᠠᠭᠤᠯᠵᠤ᠂ ᠡᠷᠬᠢᠮ ᠪᠦᠷᠭᠡᠴᠤᠳ ᠲᠠᠢ ᠪᠠᠨ ᠬᠤᠪᠢᠶᠠᠯᠴᠠᠶ᠎ᠠ︕ ᠲᠠᠨᠠᠷ ᠤᠨ ᠨᠠᠨᠲᠢᠨ ᠰᠠᠨᠠᠯ ᠢᠶᠠᠨ ᠲᠡᠪᠰᠢᠭᠦᠯᠬᠦ ᠶᠢ ᠬᠦᠰᠡᠵᠦ ᠪᠠᠶᠢᠨ᠎ᠠ᠃      ᠬᠤᠨᠢ ᠶᠢᠨ ᠮᠢᠬ᠎ᠠ ᠪᠤᠯᠪᠠᠰᠤ ᠠᠮᠲᠠᠯᠢᠭ ᠠᠮᠲᠠᠲᠠᠢ᠂ ᠶᠡᠭᠡ ᠬᠠᠯᠠᠭᠤᠨ ᠴᠢᠨᠠᠷᠲᠠᠢ᠂ ᠬᠤᠤᠷ᠎ᠠ ᠦᠭᠡᠢ᠃ ᠭᠤᠤᠯᠲᠠᠭᠤ ᠬᠤᠲᠤᠭᠤᠲᠤ ᠲᠡᠯᠢᠭᠦᠦ ᠶᠢ ᠪᠦᠯᠢᠶᠡᠳᠬᠡᠨ᠂ ᠲᠤᠯᠤᠭᠠᠢ ᠶᠢᠨ ᠬᠡᠢ ᠪᠠ ᠬᠡᠢ ᠠᠷᠪᠢᠳᠴᠦ ᠬᠦᠯᠦᠷᠡᠬᠦ᠂ ᠠᠷᠬᠠᠭᠯᠠᠨ ᠲᠠᠮᠢᠷᠲᠠᠵᠤ ᠪᠡᠶ᠎ᠡ ᠵᠢᠬᠡᠭᠦᠴᠡᠬᠦ ᠶᠢ ᠵᠠᠰᠠᠬᠤ ᠪᠦᠭᠡᠳ ᠰᠠᠪᠠ ᠶᠢ ᠰᠡᠯᠪᠢᠵᠦ ᠬᠦᠴᠦᠨ ᠲᠠᠮᠢᠷ ᠢ ᠰᠠᠶᠢᠵᠢᠷᠠᠭᠤᠯᠤᠮᠤᠢ᠃ ᠬᠤᠨᠢ ᠶᠢᠨ ᠲᠤᠯᠤᠭᠠᠢ ᠠᠨᠤ ᠰᠡᠷᠢᠭᠦᠨ ᠴᠢᠨᠠᠷᠲᠠᠢ᠂ ᠡᠨᠡ ᠢᠨᠤ ᠶᠠᠰᠤ ᠪᠠ ᠲᠤᠯᠤᠭᠠᠢ ᠲᠠᠷᠢᠬᠢᠨ ᠤ ᠬᠠᠯᠠᠭᠤᠷᠠᠯ ᠪᠠ ᠲᠤᠯᠤᠭᠠᠢ ᠲᠤᠶᠢᠷᠠᠬᠤ ᠵᠢᠴᠢ ᠡᠴᠡᠵᠦ ᠲᠤᠷᠠᠬᠤ ᠶᠢ ᠵᠠᠰᠠᠮᠤᠢ᠃ ᠬᠤᠨᠢ ᠶᠢᠨ ᠵᠢᠷᠤᠬᠡ ᠠᠨᠤ ᠵᠤᠪᠠᠨᠢᠬᠤ ᠤᠨᠲᠤᠭᠤᠴᠠᠬᠤ ᠮᠡᠲᠦ ᠶᠢᠨ ᠴᠡᠭᠡᠵᠢᠨ ᠤ ᠬᠡᠢ ᠶᠢ ᠵᠠᠰᠠᠮᠤᠢ᠃ ᠬᠤᠨᠢ ᠶᠢᠨ ᠡᠯᠢᠭᠡ ᠢᠨᠤ ᠰᠡᠷᠢᠭᠦᠨ ᠴᠢᠨᠠᠷᠲᠠᠢ᠂ ᠭᠤᠤᠯᠲᠠᠭᠤ ᠡᠯᠢᠭᠡᠨ ᠤ ᠬᠡᠢ ᠬᠠᠯᠠᠭᠤᠨ ᠪᠠ ᠨᠢᠲᠦ ᠤᠯᠠᠶᠢᠵᠦ ᠬᠠᠷᠠᠭ᠎ᠠ ᠪᠦᠲᠡᠬᠢᠷᠡᠬᠦ ᠶᠢ ᠵᠠᠰᠠᠮᠤᠢ᠃ ᠬᠤᠨᠢᠨ ᠴᠢᠰᠤ ᠠᠨᠤ ᠡᠮᠡᠭᠲᠡᠶᠢᠴᠤᠳ ᠰᠡᠭᠦᠳᠡᠷ ᠡᠪᠡᠳᠴᠢᠨ ᠲᠤᠰᠴᠦ ᠴᠢᠰᠤᠨ ᠲᠠᠮᠢᠷ ᠲᠤᠷᠤᠢ ᠶᠢ ᠵᠠᠰᠠᠵᠦ᠂ ᠨᠢᠷᠠᠶᠢᠯᠠᠭᠰᠠᠨ ᠤ ᠬᠤᠶᠢᠨ᠎ᠠ ᠴᠢᠰᠤ ᠠᠯᠲᠠᠭᠰᠠᠨ ᠠᠴᠠ ᠮᠠᠨᠠᠷᠠᠵᠤ ᠲᠤᠨᠤᠷᠠᠬᠤ ᠶᠢᠨ ᠲᠤᠶᠢᠯ ᠳᠤ ᠬᠦᠷᠬᠦ ᠦᠶ᠎ᠡ ᠳᠤᠷ ᠨᠢᠭᠡᠨ ᠱᠧᠩ ᠢ ᠤᠤᠭᠤᠯᠭᠠᠲᠤᠭᠠᠢ᠃ ᠬᠤᠨᠢ ᠶᠢᠨ ᠲᠠᠪᠤᠨ ᠴᠤᠯᠤ ᠠᠨᠤ ᠬᠦᠮᠦᠨ ᠤ ᠲᠠᠪᠤᠨ ᠴᠤᠯᠤ ᠶᠢᠨ ᠲᠠᠮᠢᠷ ᠢ ᠨᠡᠮᠡᠭᠲᠡᠭᠦᠯᠦᠮᠤᠢ᠃ ᠬᠤᠨᠢ ᠶᠢᠨ ᠪᠦᠭᠡᠷ᠎ᠡ ᠢᠨᠤ ᠪᠦᠭᠡᠷ᠎ᠡ ᠶᠢᠨ ᠲᠠᠮᠢᠷ ᠲᠤᠷᠤᠶᠢᠲᠠᠭᠰᠠᠨ ᠢ ᠰᠡᠯᠪᠢᠨ᠂ ᠲᠤᠰᠤᠯ ᠴᠢᠮᠦᠭᠡ ᠶᠢ ᠰᠠᠶᠢᠵᠢᠷᠠᠭᠤᠯᠤᠮᠤᠢ᠃ ᠬᠤᠨᠢ ᠶᠢᠨ ᠶᠠᠰᠤ ᠠᠨᠤ ᠬᠠᠯᠠᠭᠤᠨ ᠴᠢᠨᠠᠷᠲᠠᠢ ᠪᠠᠷ ᠢᠶᠠᠨ ᠤᠵᠢᠭᠯᠠᠨ ᠲᠠᠮᠢᠷᠲᠠᠵᠤ ᠬᠤᠲᠤᠭᠤᠲᠤᠨ ᠳᠤᠷ ᠬᠦᠢᠲᠡᠨ ᠡᠵᠡᠯᠡᠵᠦ ᠲᠤᠷᠠᠵᠤ ᠮᠠᠭᠤᠵᠢᠷᠠᠬᠤ ᠵᠡᠷᠭᠡ ᠶᠢ ᠵᠠᠰᠠᠮᠤᠢ᠃ ᠬᠤᠨᠢᠨ ᠴᠢᠮᠦᠭᠡ ᠢᠨᠤ ᠠᠮᠲᠠᠯᠢᠭ ᠠᠮᠲᠠᠲᠠᠢ᠂ ᠪᠦᠯᠢᠶᠡᠨ ᠴᠢᠨᠠᠷᠲᠠᠢ᠃ ᠭᠤᠤᠯᠲᠠᠭᠤ ᠡᠷᠡᠭᠲᠡᠢ ᠡᠮᠡᠭᠲᠡᠢ ᠶᠢᠨ ᠲᠤᠲᠤᠷ ᠬᠡᠮᠲᠤᠵᠦ᠂ ᠪᠢᠯᠢᠭ ᠤᠨ ᠲᠠᠮᠢᠷ ᠬᠦᠷᠦᠯᠴᠡᠬᠦ ᠦᠭᠡᠢ ᠶᠢ ᠵᠠᠰᠠᠬᠤ ᠪᠦᠭᠡᠳ ᠴᠢᠰᠤᠨ ᠰᠤᠲᠠᠯ ᠤᠨ ᠭᠦᠶᠦᠲᠡᠯ ᠢ ᠲᠤᠰᠠᠯᠠᠵᠤ ᠰᠠᠷ᠎ᠠ ᠶᠢᠨ ᠭᠬᠢᠷ  ᠳᠤ ᠲᠤᠰᠠᠯᠠᠮᠤᠢ᠃       ᠬᠤᠨᠢ ᠶᠢᠨ ᠲᠠᠷᠢᠬᠢ ᠶᠢ ᠦᠯᠡᠮᠵᠢ ᠢᠲᠡᠵᠦ ᠦᠯᠦ ᠪᠤᠯᠤᠮᠤᠢ᠃       ᠬᠤᠨᠢ ᠶᠢᠨ ᠲᠠᠷᠠᠭ ᠠᠨᠤ ᠤᠮᠲᠠᠭᠠᠰᠬᠤ ᠭᠡᠮ ᠢ ᠵᠠᠰᠠᠵᠤ᠂ ᠮᠠᠬᠠᠪᠤᠳ ᠲᠤᠷᠤᠢ ᠶᠢ ᠰᠡᠯᠪᠢᠮᠤᠢ᠃       1᠂ ᠬᠤᠨᠢ ᠶᠢᠨ ᠦᠭᠡᠬᠦ ᠪᠠ ᠪᠠᠯ ᠤᠨ ᠬᠠᠨᠲᠠ       ᠲᠠᠮᠢᠷ ᠲᠤᠷᠤᠢ ᠠᠷᠬᠠᠭ᠂ ᠪᠡᠯᠭᠡᠭᠦᠰᠦ ᠪᠠᠷ ᠡᠪᠡᠳᠬᠦ᠂ ᠬᠠᠨᠢᠶᠠᠬᠤ᠂ ᠠᠭᠤᠰᠬᠢ ᠶᠢᠨ ᠬᠠᠲᠠᠩᠬᠢᠷ᠂ ᠶᠠᠰᠤ ᠬᠠᠯᠠᠭᠤᠷᠠᠬᠤ ᠵᠡᠷᠭᠡ ᠡᠪᠡᠳᠴᠢᠨ ᠠᠨᠠᠭᠠᠮᠤᠢ᠃ ᠪᠤᠯᠭᠤᠭᠰᠠᠨ ᠬᠤᠨᠢ ᠶᠢᠨ ᠦᠭᠡᠬᠦ ᠲᠠᠪᠤᠨ ᠯᠠᠩ᠂ ᠪᠤᠯᠭᠤᠭᠰᠠᠨ ᠬᠤᠨᠢ ᠶᠢᠨ ᠴᠢᠮᠦᠭᠡ ᠲᠠᠪᠤᠨ ᠯᠠᠩ᠂ ᠴᠠᠭᠠᠨ ᠪᠠᠯ ᠲᠠᠪᠤᠨ ᠯᠠᠩ ᠢ ᠪᠤᠯᠭᠤᠵᠤ ᠴᠡᠪᠡᠷᠯᠡᠬᠦ᠂ ᠨᠤᠶᠢᠲᠠᠨ ᠭᠠ ᠶᠢᠨ ᠰᠢᠭᠦᠰᠦ ᠨᠢᠭᠡᠨ ᠭᠧ᠂ ᠨᠤᠶᠢᠲᠠᠨ ᠰᠠᠰᠧᠷ ᠤᠨ ᠰᠢᠭᠦᠰᠦ ᠲᠠᠪᠤᠨ ᠭᠧ᠃       ᠲᠡᠭᠡᠷᠡᠬᠢ ᠲᠠᠪᠤᠨ ᠵᠤᠶᠢᠯ ᠠᠴᠠ ᠤᠷᠢᠲᠠᠪᠠᠷ ᠬᠤᠨᠢ ᠶᠢᠨ ᠦᠭᠡᠬᠦ ᠶᠢ ᠪᠤᠴᠠᠯᠭᠠᠵᠤ ᠲᠠᠷᠠᠭ᠎ᠠ ᠠᠨᠤ ᠬᠤᠨᠢ  ᠶᠢᠨ ᠴᠢᠮᠦᠭᠡ ᠶᠢ ᠲᠠᠯᠪᠢᠵᠤ ᠪᠤᠴᠠᠯᠭᠠᠭᠰᠠᠭᠠᠷ ᠡᠭᠦᠨ ᠤ ᠲᠡᠭᠡᠷ᠎ᠡ ᠰᠠᠰᠧᠷ ᠬᠢᠭᠡᠳ ᠭᠠ ᠶᠢᠨ ᠰᠢᠭᠦᠰᠦ ᠶᠢ ᠲᠠᠯᠪᠢᠭᠠᠳ ᠲᠠᠰᠤᠷᠠᠯᠲᠠ ᠦᠭᠡᠢ ᠬᠤᠳᠬᠤᠵᠤ ᠵᠦᠭᠡᠯᠡᠨ ᠭᠠᠯ ᠲᠡᠭᠡᠷ᠎ᠡ ᠬᠡᠲᠦᠨᠲᠡ ᠪᠤᠴᠠᠯᠭᠠᠭᠠᠳ ᠬᠠᠨᠲᠠᠯᠠᠮᠤᠢ᠃ ᠡᠭᠦᠨ ᠢ ᠡᠲᠦᠷ ᠪᠦᠷᠢ ᠪᠦᠯᠢᠶᠡᠨ ᠠᠷᠢᠬᠢᠨ ᠳᠤᠷ ᠵᠢᠭᠤᠷᠠᠵᠤ ᠦᠯᠦᠨ ᠢᠶᠠᠷ ᠬᠠᠯᠪᠠᠭ᠎ᠠ ᠤᠤᠭᠤᠵᠤ᠂ ᠡᠰᠡᠭᠦᠯ᠎ᠡ ᠡᠭᠦᠨ ᠢᠶᠠᠷ ᠱᠦᠯᠦ ᠭᠠᠷᠭᠠᠬᠤ ᠪᠤᠶᠤ ᠰᠢᠩᠭᠡᠨ ᠪᠤᠲᠠᠭ᠎ᠠ ᠨᠠᠶᠢᠷᠠᠭᠤᠯᠵᠤ ᠢᠲᠡᠵᠦ ᠴᠦᠮ ᠪᠤᠯᠤᠮᠤᠢ᠃       2᠂ ᠬᠤᠨᠢ ᠶᠢᠨ ᠴᠤᠯᠤ ᠰᠠᠪᠠ ᠶᠢᠨ ᠵᠤᠭᠤᠰᠢ       ᠡᠨᠡ ᠢᠨᠤ ᠪᠦᠭᠡᠷᠡᠨ ᠲᠠᠮᠢᠷ ᠪᠠᠷᠠᠭᠲᠠᠭᠰᠠᠨ ᠠᠷᠬᠠᠭ ᠪᠠ ᠶᠠᠰᠤᠨ ᠤ ᠴᠢᠮᠦᠭᠡ ᠬᠤᠬᠢᠷᠠᠭᠰᠠᠨ ᠢ ᠵᠠᠰᠠᠮᠤᠢ᠃       ᠬᠤᠨᠢ ᠶᠢᠨ ᠡᠯᠢᠭᠡ ᠬᠦᠵᠡᠭᠡ ᠪᠦᠭᠡᠷ᠎ᠡ ᠵᠢᠷᠤᠬᠡ ᠠᠭᠤᠰᠬᠢ ᠲᠤᠰᠪᠤᠷᠢ ᠨᠢᠭᠡᠨ ᠪᠦᠬᠦᠯᠢ ᠶᠢ ᠤᠬᠢᠶᠠᠵᠤ ᠴᠡᠪᠡᠷᠯᠡᠨ᠂ ᠵᠦᠭᠡᠭᠡᠢ ᠨᠢᠭᠡᠨ ᠯᠠᠩ᠂ ᠫᠤᠸᠠᠷᠢ ᠨᠢᠭᠡᠨ ᠯᠠᠩ᠂ ᠪᠢᠪᠢᠯᠢᠩ ᠨᠢᠭᠡᠨ ᠯᠠᠩ᠂ ᠳ᠋ᠢᠭᠷᠾᠢ ︵ᠪᠤᠷᠴᠠᠭ ᠤᠨ ᠬᠢᠮᠡᠯ︶ ᠨᠢᠭᠡᠨ ᠭᠧ᠂ ᠵᠦᠷᠪᠠᠭ ᠬᠤᠶᠠᠷ ᠴᠢᠨ ᠢ ᠴᠠᠭᠠᠨ ᠭᠤᠤᠯ ᠢ ᠠᠪᠴᠦ ᠬᠠᠶᠠᠨ᠂ ᠭᠠᠮᠠᠷ ᠬᠤᠶᠠᠷ ᠴᠢᠨ᠂ ᠭᠠᠭᠤᠯᠠ ᠬᠤᠶᠠᠷ ᠪᠦᠬᠦᠯᠢ᠂ ᠰᠤᠩᠬᠢᠨ᠎ᠠ ᠲᠠᠪᠤᠨ ᠰᠢᠷᠭᠡᠭ᠃       ᠲᠡᠭᠡᠷᠡᠬᠢ ᠲᠠᠪᠤᠨ ᠵᠤᠶᠢᠯ ᠠᠴᠠ ᠤᠷᠢᠲᠠᠪᠠᠷ ᠡᠯᠢᠭᠡ ᠨᠦᠭᠦᠳ ᠢ ᠵᠦᠭᠡᠯᠡᠨ ᠭᠠᠯ ᠲᠡᠭᠡᠷ᠎ᠡ ᠪᠤᠴᠠᠯᠭᠠᠨ ᠪᠤᠯᠭᠤᠭᠠᠳ ᠱᠦᠯᠦᠨ ᠠᠴᠠ ᠱᠦᠭᠦᠵᠦ ᠠᠪᠤᠭᠰᠠᠨ ᠤ ᠬᠤᠶᠢᠨ᠎ᠠ ᠮᠦᠨ ᠬᠦ ᠡᠯᠢᠭᠡ ᠨᠦᠭᠦᠳ ᠢ ᠡᠮ ᠤᠨ ᠬᠠᠮᠲᠤ ᠬᠤᠨᠢ ᠶᠢᠨ ᠭᠦᠵᠡᠭᠡᠨ ᠳᠤᠷ ᠠᠬᠤᠭᠤᠯᠤᠨ ᠠᠮᠠᠰᠠᠷ ᠢ ᠨᠢ ᠤᠶᠤᠵᠤ ᠪᠢᠲᠡᠭᠦᠯᠦᠨ ᠱᠤ ᠤᠭᠤᠲᠠᠨ ᠳᠤᠷ ᠤᠭᠤᠲᠠᠯᠠᠭᠠᠳ ᠮᠦᠨ ᠪᠠᠰᠠ ᠪᠤᠴᠠᠯᠭᠠᠨ ᠪᠤᠯᠭᠤᠭᠰᠠᠨ ᠤ ᠰᠡᠭᠦᠯᠡᠷ ᠲᠠᠪᠤᠨ ᠠᠮᠲᠠ ᠨᠡᠮᠡᠵᠤ ᠨᠠᠶᠢᠷᠠᠭᠤᠯᠤᠨ ᠲᠤᠷ᠎ᠠ  ᠶᠢᠨ ᠠᠶᠠᠪᠠᠷ ᠠᠬᠢᠨ ᠲᠠᠬᠢᠨ ᠢᠲᠡᠵᠦ ᠪᠤᠯᠤᠮᠤᠢ᠃       3᠂ ᠬᠤᠨᠢᠨ ᠶᠠᠰᠤᠨ ᠤ ᠰᠢᠩᠭᠡᠨ ᠪᠤᠲᠠᠭ᠎ᠠ       ᠡᠨᠡ ᠪᠤᠯ ᠲᠠᠮᠢᠷ ᠲᠤᠷᠤᠢ ᠠᠷᠬᠠᠭ ᠠᠴᠠ ᠪᠡᠯᠭᠡᠭᠦᠰᠦ ᠡᠪᠦᠲᠦᠭ ᠢᠶᠠᠷ ᠬᠦᠴᠦᠨ ᠦᠭᠡᠢ ᠶᠢ ᠡᠮᠨᠡᠮᠤᠢ᠃       ᠬᠤᠨᠢ ᠶᠢᠨ ᠶᠠᠰᠤ ᠨᠢᠭᠡᠨ ᠪᠦᠬᠦᠯᠢ ᠶᠢ ᠪᠠᠯᠪᠠᠴᠢᠨ ᠬᠡᠮᠬᠡᠴᠢᠵᠦ᠂ ᠵᠦᠷᠪᠠᠭ ᠬᠤᠶᠠᠷ ᠴᠢᠨ ᠢ ᠲᠤᠲᠤᠷᠠᠬᠢ ᠴᠠᠭᠠᠨ ᠭᠤᠤᠯ ᠢ ᠠᠪᠴᠦ ᠬᠠᠶᠠᠨ᠂ ᠭᠠᠮᠠᠷ ᠬᠤᠶᠠᠷ ᠴᠢᠨ᠂ ᠭᠠᠭᠤᠯᠠ ᠬᠤᠶᠠᠷ ᠪᠦᠬᠦᠯᠢ᠂ ᠨᠤᠶᠢᠲᠠᠨ ᠭᠠ ᠨᠢᠭᠡᠨ ᠯᠠᠩ᠂ ᠲᠠᠪᠤᠰᠤ ᠦᠴᠦᠬᠡᠨ ᠲᠡᠲᠤᠢ᠃      ᠲᠡᠭᠡᠷᠡᠬᠢ ᠵᠤᠶᠢᠯ ᠤᠳ ᠢ ᠭᠤᠷᠪᠠᠨ ᠳ᠋ᠸᠤ ᠤᠰᠤᠨ ᠳᠤᠷ ᠲᠠᠯᠪᠢᠵᠦ ᠵᠦᠭᠡᠯᠡᠨ ᠭᠠᠯ ᠲᠡᠭᠡᠷ᠎ᠡ ᠪᠤᠴᠠᠯᠭᠠᠵᠤ ᠰᠦᠮᠦᠰᠦ ᠶᠢ ᠱᠦᠭᠦᠵᠦ ᠲᠤᠩᠭᠠᠯᠠᠭᠰᠢᠯᠠᠭᠤᠯᠤᠭᠠᠳ ᠰᠢᠩᠭᠡᠨ ᠪᠤᠲᠠᠭ᠎ᠠ ᠴᠢᠨᠠᠬᠤ ᠪᠤᠶᠤ ᠱᠦᠯᠦ ᠨᠠᠶᠢᠷᠠᠭᠤᠯᠵᠤ ᠴᠦᠮ ᠪᠤᠯᠤᠮᠤᠢ᠃      4᠂ ᠬᠤᠨᠢ ᠶᠢᠨ ᠨᠢᠷᠤᠭᠤᠨ ᠶᠠᠰᠤᠨ ᠤ ᠱᠦᠯᠦ     ᠡᠨᠡ ᠢᠨᠤ ᠤᠲᠠᠭᠠᠨ ᠡᠲᠦᠷ ᠢᠶᠠᠷ ᠲᠤᠭᠤᠭᠰᠢ ᠪᠡᠶ᠎ᠡ ᠶᠢᠨ ᠲᠠᠮᠢᠷ ᠲᠤᠷᠤᠶᠢᠲᠠᠭᠠᠳ ᠪᠦᠭᠡᠷ᠎ᠡ ᠪᠡᠯᠭᠡᠭᠦᠰᠦ ᠶᠢᠨ ᠬᠦᠨᠦᠭᠡᠭᠲᠡᠯ ᠢ ᠵᠠᠰᠠᠮᠤᠢ᠃     ᠡᠭᠦᠨ ᠳᠤᠷ ᠬᠤᠨᠢ ᠶᠢᠨ ᠨᠢᠷᠤᠭᠤᠨ ᠶᠠᠰᠤ ᠨᠢᠭᠡᠨ ᠪᠦᠬᠦᠯᠢ ᠶᠢ ᠪᠠᠯᠪᠠᠴᠢᠨ ᠬᠡᠮᠬᠡᠴᠢᠵᠦ᠂ ᠴᠠᠭᠠᠨ ᠭᠤᠶᠠ ᠨᠢᠭᠡᠨ ᠯᠠᠩ ᠢ ᠤᠬᠢᠶᠠᠭᠠᠳ ᠬᠡᠷᠴᠢᠮ ᠬᠡᠷᠴᠢᠵᠦ᠂ ᠭᠠᠭᠤᠯᠠ ᠭᠤᠷᠪᠠᠨ ᠪᠦᠬᠦᠯᠢ᠂ ᠪᠢᠪᠢᠯᠢᠩ ᠬᠤᠶᠠᠷ ᠴᠢᠨ᠃     ᠲᠡᠭᠡᠷᠡᠬᠢ ᠵᠤᠶᠢᠯ ᠤᠳ ᠢ ᠤᠰᠤᠨ᠎ᠠ ᠪᠤᠴᠠᠯᠭᠠᠭᠠᠳ ᠰᠢᠭᠠᠷᠤ ᠶᠢ ᠱᠦᠬᠦᠵᠦ ᠬᠠᠶᠠᠨ᠂ ᠰᠤᠩᠬᠢᠨ᠎ᠠ ᠶᠢᠨ ᠴᠠᠭᠠᠨ ᠪᠠ ᠲᠠᠪᠤᠨ ᠠᠮᠲᠠ ᠶᠢ ᠲᠡᠯᠪᠢᠵᠦ ᠠᠨᠢᠷᠠᠭᠤᠯᠤᠨ ᠵᠢᠴᠢ ᠭᠤᠯᠢᠷ ᠤᠨ ᠱᠧᠰᠧ ᠬᠢᠵᠦ ᠢᠲᠡᠮᠤᠢ᠃     5᠂ ᠴᠠᠭᠠᠨ ᠬᠤᠨᠢ ᠶᠢᠨ ᠪᠦᠭᠡᠷ᠎ᠡ ᠶᠢᠨ ᠱᠦᠯᠦ     ᠪᠡᠯᠬᠡᠰ ᠤᠨ ᠬᠦᠴᠦᠨ ᠪᠠᠭᠤᠷᠠᠵᠤ ᠪᠡᠯᠬᠡᠭᠦᠰᠦ ᠡᠪᠦᠲᠦᠭ ᠢᠶᠠᠷ ᠬᠦᠴᠦ ᠲᠠᠮᠢᠷ ᠦᠭᠡᠢ ᠶᠢ ᠡᠮᠨᠡᠮᠤᠢ᠃     ᠴᠠᠭᠠᠨ ᠬᠤᠨᠢ ᠶᠢᠨ ᠪᠦᠭᠡᠷ᠎ᠡ ᠬᠤᠶᠠᠷ ᠪᠦᠬᠦᠯᠢ ᠶᠢ ᠬᠡᠷᠴᠢᠮ ᠬᠡᠷᠴᠢᠵᠦ᠂ ᠴᠠᠭᠠᠨ ᠭᠤᠶᠠ ᠨᠢᠭᠡ᠊ ‍ᠨ ᠯᠠᠩ ᠢ ᠠᠷᠢᠬᠢᠨ ᠳᠤᠷ ᠲᠡᠪᠲᠦᠭᠡᠭᠡᠳ ᠬᠡᠷᠴᠢᠨ᠂ ᠬᠤᠨᠢ ᠶᠢᠨ ᠦᠭᠡᠬᠦ ᠲᠦᠷᠪᠡᠨ ᠯᠠᠩ ᠢ ᠬᠡᠷᠴᠢᠮ ᠬᠡᠷᠴᠢᠵᠦ᠂ ᠫᠤᠸᠠᠷᠢ ᠬᠤᠶᠠᠷ ᠴᠢᠨ᠂ ᠵᠦᠷᠪᠠᠭ ᠨᠢᠭᠡᠨ ᠴᠢᠨ ᠢ ᠴᠠᠭᠠᠨ ᠭᠤᠤᠯ ᠢ ᠠᠪᠴᠦ ᠬᠠᠶᠠᠨ᠂ ᠪᠢᠪᠢᠯᠢᠩ ᠭᠠᠭᠤᠯᠠ ᠲᠤᠰᠪᠤᠷᠢ ᠬᠤᠶᠠᠷ ᠴᠢᠨ᠃     ᠲᠡᠭᠡᠷᠡᠬᠢ ᠵᠤᠶᠢᠯ ᠤᠳ ᠢ ᠨᠡᠶᠢᠯᠡᠭᠦᠯᠵᠦ ᠨᠠᠶᠢᠷᠠᠭᠤᠯᠤᠭᠠᠳ ᠰᠤᠩᠬᠢᠨ᠎ᠠ ᠶᠢᠨ ᠴᠠᠭᠠᠨ ᠪᠠ ᠲᠠᠪᠤᠰᠤ ᠵᠢᠶᠠᠩ ᠵᠡᠷᠭᠡ ᠶᠢ ᠲᠠᠯᠪᠢᠵᠦ ᠱᠦᠯᠦ ᠭᠠᠷᠭᠠᠨ ᠭᠤᠯᠢᠷ ᠤᠨ ᠱᠧᠰᠧ ᠬᠢᠵᠦ ᠶᠡᠷᠦ ᠶᠢᠨ ᠮᠠᠶ᠋ᠢᠭ ᠤᠨ ᠱᠦᠯᠦ ᠲᠠᠢ ᠬᠤᠭᠤᠯᠠ ᠬᠢᠵᠦ ᠢᠲᠡᠮᠤᠢ᠃     6᠂ ᠬᠤᠨᠢᠨ ᠮᠢᠬᠠᠨ ᠱᠦᠯᠦ     ᠡᠨᠡ ᠢᠨᠤ ᠪᠦᠭᠡᠷ᠎ᠡ ᠶᠢᠨ ᠲᠠᠮᠢᠷ ᠪᠠᠭᠤᠷᠠᠵᠤ ᠬᠦᠴᠦᠨ ᠲᠠᠮᠢᠷ ᠰᠤᠯᠠᠷᠠᠵᠦ᠂ ᠬᠦᠯ ᠪᠡᠯᠬᠡᠭᠦᠰᠦ ᠪᠠᠷ ᠬᠦᠴᠦ ᠦᠭᠡᠢ ᠶᠢ ᠡᠮᠨᠡᠮᠤᠢ᠃ ᠬᠤᠨᠢᠨ ᠮᠢᠬ᠎ᠠ ᠬᠠᠭᠠᠰ ᠵᠢᠩ ᠢ ᠨᠠᠷᠢᠨ ᠬᠡᠷᠴᠢᠨ᠂ ᠯᠤᠤᠪᠠᠩ ᠨᠢᠭᠡᠨ ᠪᠦᠬᠦᠯᠢ ᠶᠢ ᠬᠡᠷᠴᠢᠮᠯᠡᠨ ᠬᠡᠷᠴᠢᠵᠦ᠂ ᠭᠠᠭᠤᠯᠠ ᠨᠢᠭᠡᠨ ᠴᠢᠨ᠂ ᠵᠦᠷᠪᠠᠭ ᠨᠢᠭᠡᠨ ᠴᠢᠨ ᠢ ᠴᠠᠭᠠᠨ ᠭᠤᠤᠯ ᠢ ᠠᠪᠴᠦ ᠬᠠᠶᠠᠨ᠂ ᠭᠠᠮᠠᠷ ᠨᠢᠭᠡᠨ ᠴᠢᠨ᠂ ᠪᠢᠪᠢᠯᠢᠩ ᠨᠢᠭᠡᠨ ᠴᠢᠨ᠂ ᠫᠤᠸᠠᠷᠢ ᠨᠢᠭᠡᠨ ᠴᠢᠨ᠂ ᠰᠤᠩᠬᠢᠨ᠎ᠠ ᠶᠢᠨ ᠴᠠᠭᠠᠨ ᠭᠤᠷᠪᠠᠨ ᠰᠢᠷᠭᠡᠭ᠃ ᠲᠡᠭᠡᠷᠡᠬᠢ ᠵᠤᠶᠢᠯ ᠤᠳ ᠢ ᠤᠰᠤᠨ᠎ᠠ ᠪᠤᠴᠠᠯᠭᠠᠨ᠂ ᠱᠦᠯᠦᠨ ᠳᠤᠷ ᠲᠠᠪᠤᠰᠤ ᠵᠢᠶᠠᠩ ᠬᠢᠭᠡᠳ ᠭᠤᠯᠢᠷ ᠤᠨ ᠵᠤᠭᠤᠰ ᠤᠨ ᠪᠤᠭᠤᠷᠰᠤᠭ ᠲᠠᠯᠪᠢᠨ ᠪᠤᠯᠭᠤᠵᠤ ᠢᠲᠡᠬᠦ ᠪᠤᠶᠤ ᠡᠰᠡᠭᠦᠯ᠎ᠡ ᠱᠦᠯᠦᠨ ᠲᠤᠲᠤᠷᠠᠬᠢ ᠰᠢᠭᠠᠷᠤ ᠶᠢ ᠱᠦᠭᠦᠵᠦ ᠭᠠᠷᠭᠠᠨ ᠲᠤᠩᠭᠠᠯᠠᠭᠰᠢᠯᠠᠭᠤᠯᠤᠭᠠᠳ ᠪᠤᠲᠠᠭ᠎ᠠ ᠬᠢᠵᠦ ᠪᠤᠴᠠᠯᠭᠠᠨ ᠰᠢᠩᠭᠡᠨ ᠪᠤᠲᠠᠭ᠎ᠠ ᠬᠢᠵᠦ ᠢᠲᠡᠪᠡᠴᠦ ᠪᠤᠯᠤᠮᠤᠢ᠃     7᠂ ᠬᠤᠨᠢ ᠶᠢᠨ ᠭᠦᠵᠡᠭᠡ ᠶᠢᠨ ᠢᠲᠡᠭᠡᠨ     ᠰᠠ ᠭᠠᠷᠠᠭ ᠲᠤᠰᠤᠭᠰᠠᠨ ᠪᠦᠬᠦᠨ ᠢ ᠵᠠᠰᠠᠮᠤᠢ᠃     ᠬᠤᠨᠢ ᠶᠢᠨ ᠭᠦᠵᠡᠭᠡ ᠨᠢᠭᠡ ᠶᠢ ᠤᠬᠢᠶᠠᠵᠤ ᠴᠡᠪᠡᠷᠯᠡᠨ᠂ ᠲᠤᠲᠤᠷᠭ᠎ᠠ ᠬᠤᠶᠠᠷ ᠭᠧ᠂ ᠰᠤᠩᠬᠢᠨ᠎ᠠ ᠶᠢᠨ ᠴᠠᠭᠠᠨ ᠬᠡᠲᠦᠨ ᠰᠢᠷᠭᠡᠭ᠂ ᠳ᠋ᠢᠭᠷᠾᠢ ᠬᠠᠭᠠᠰ ᠢ ᠪᠢᠲᠡᠭᠦᠷᠭᠡᠭ ᠮᠦᠬᠦᠯᠢᠭ ᠲᠠᠢ ᠶᠢ ᠰᠢᠯᠢᠵᠦ ᠬᠠᠶᠠᠭᠠᠳ ᠬᠠᠭᠤᠷᠴᠤ ᠴᠢᠬᠢᠭ ᠢ ᠭᠠᠷᠭᠠᠮᠤᠢ᠃ ᠨᠤᠶᠢᠲᠠᠨ ᠭᠠ ᠬᠤᠶᠠᠷ ᠴᠢᠨ ᠬᠠᠭᠠᠰ ᠢ ᠨᠠᠷᠢᠨ ᠬᠡᠷᠴᠢᠮᠤᠢ᠃      ᠲᠡᠭᠡᠷᠡᠬᠢ ᠪᠤᠲᠠᠭ᠎ᠠ ᠪᠠ ᠠᠮᠲᠠ ᠶᠢᠨ ᠵᠤᠶᠢᠯ ᠢ ᠲᠡᠭᠰᠢ ᠬᠤᠳᠬᠤᠵᠤ ᠨᠠᠶᠢᠷᠠᠭᠤᠯᠤᠭᠠᠳ ᠭᠦᠵᠡᠭᠡ ᠶᠢᠨ ᠲᠤᠲᠤᠷ᠎ᠠ ᠠᠬᠤᠭᠤᠯᠵᠤ ᠴᠢᠨᠠᠵᠤ ᠪᠤᠯᠭᠤᠨ ᠲᠠᠪᠤᠨ ᠠᠮᠲᠠ ᠪᠠᠷ ᠨᠠᠶᠢᠷᠠᠭᠤᠯᠵᠤ ᠦᠯᠦᠨ ᠢᠶᠠᠷ ᠢᠲᠡᠮᠤᠢ᠃      ᠯᠠᠪᠯᠠᠯᠲᠠ ᠪᠤᠯᠭᠠᠰᠠᠨ ᠮᠠᠲ᠋ᠧᠷᠢᠶᠠᠯ     1. ᠬᠦᠰᠡᠬᠦᠢ ᠨᠠᠷ ᠨᠠᠶᠢᠷᠠᠭᠤᠯᠵᠤ᠂ ᠬᠦᠬᠡᠯᠤᠤ ᠮᠤᠩᠭᠤᠯᠴᠢᠯᠠᠪᠠ᠂ ᠢᠲᠡᠭᠡᠨ ᠤᠮᠲᠠᠭᠠᠨ ᠤ ᠵᠢᠩᠬᠢᠨᠢ ᠲᠤᠪᠴᠢ ᠂ ᠬᠦᠬᠡᠬᠤᠲᠠ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1982 ᠤᠨ ᠤ 3 ᠰᠠᠷ᠎ᠠ ᠠᠩᠬᠠᠲᠤᠭᠠᠷ ᠬᠡᠪ᠂ 233—235.165—171. 190—191     2. ᠼᠧ᠂ ᠰᠦᠷᠦᠩᠵᠠᠪ᠂ ᠡᠮ ᠡᠮᠨᠡᠯᠭᠡ ᠶᠢᠨ ᠲᠡᠭᠡᠲᠦ ᠰᠤᠷᠭᠠᠭᠤᠯᠢ ᠳᠤ ᠬᠡᠷᠡᠭᠯᠡᠬᠦ ᠵᠢᠭᠠᠬᠤ ᠪᠢᠴᠢᠭ ᠮᠤᠩᠭᠤᠯ ᠠᠨᠠᠭᠠᠬᠤ ᠤᠬᠠᠭᠠᠨ ᠤ ᠲᠤᠲᠤᠷ ᠡᠮᠨᠡᠯᠭᠡ ᠶᠢᠨ ᠰᠤᠲᠤᠯᠤᠯ᠂ ᠪᠡᠭᠡᠵᠢᠩ᠄ ᠦᠨᠲᠦᠰᠦᠲᠡᠨ ᠤ ᠬᠡᠪᠯᠡᠯ ᠤᠨ ᠬᠤᠷᠢᠶ᠎ᠠ᠂ 1988 ᠤᠨ ᠤ 3 ᠰᠠᠷ᠎ᠠ ᠠᠩᠬᠠᠲᠤᠭᠠᠷ ᠬᠡᠪ᠂ 102     3. ᠴᠦᠯᠲᠦᠮ ᠤᠶᠤᠩᠭᠡᠷᠡᠯ᠂ ᠪᠠᠷᠭᠤ ᠨᠡᠭᠦᠲᠡᠯᠴᠢᠨ᠂ ᠬᠠᠶᠢᠯᠠᠷ᠄ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2005 ᠤᠨ ᠤ 10 ᠰᠠᠷ᠎ᠠ ᠠᠩᠬᠠᠲᠤᠭᠠᠷ ᠬᠡᠪ᠂ 91     4. ᠯᠤᠪᠰᠠᠩᠴᠤᠶᠢᠲᠠᠨ ᠵᠤᠬᠢᠶᠠᠵᠤ᠂ ᠬᠠ᠊᠂ ᠳ᠋ᠠᠮᠪᠢᠵᠠᠯᠰᠠᠨ ᠴᠤᠬᠤᠯᠪᠠ᠂ ᠮᠤᠩᠭᠤᠯ ᠤᠨ ᠵᠠᠩ ᠠᠭᠠᠯᠢ ᠶᠢᠨ ᠤᠶᠢᠯᠡᠪᠤᠷᠢ᠂ ᠬᠦᠬᠡᠬᠤᠲᠠ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1981 ᠤᠨ ᠤ 9 ᠰᠠᠷ᠎ᠠ ᠠᠩᠬᠠᠲᠤᠭᠠᠷ ᠬᠡᠪ᠂ 34 — 35 ︵ᠮ᠊ ᠡᠩᠬᠡᠵᠢᠷᠭᠠᠯ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号