ᠴᠡᠭᠡ ᠵᠠᠰᠠᠯ
ᠨᠡᠶᠢᠲᠡᠯᠡᠭᠰᠡᠨ ᠴᠠᠭ᠄
2016/12/28
     ᠴᠡᠭᠡ ᠵᠠᠰᠠᠯ ᠢᠶᠠᠷ ᠦᠷᠭᠦᠯᠵᠢ ᠳᠣᠬᠢᠶᠠᠯᠳᠣᠬᠤ ᠡᠪᠡᠳᠴᠢᠨ ᠢ ᠡᠮᠨᠡᠨ ᠵᠠᠰᠠᠭᠰᠠᠨ ᠮᠦᠴᠢᠳ ᠣᠶᠢᠯᠠᠭᠠᠯᠲᠠ      [ ᠠᠭᠤᠯᠭ᠎ᠠ ᠶᠢᠨ ᠳᠣᠪᠴᠢ ] ᠴᠡᠭᠡ ᠪᠤᠯ ᠮᠤᠩᠭᠤᠯ ᠦᠨᠳᠦᠰᠦᠳᠡᠨ ᠤ ᠠᠷᠠᠳ ᠳᠦᠮᠡᠨ ᠤ ᠤᠷᠤᠰᠢᠨ ᠠᠮᠢᠳᠤᠷᠠᠬᠤ ᠶᠠᠪᠤᠴᠠ ᠳᠤᠮᠳᠠ ᠡᠬᠦᠳᠦᠨ ᠪᠦᠳᠦᠬᠡᠵᠦ᠂ ᠦᠶ᠎ᠡ ᠤᠯᠠᠷᠢᠨ ᠬᠦᠭᠵᠢᠬᠦᠯᠦᠨ ᠳᠡᠯᠬᠡᠷᠡᠬᠦᠯᠵᠦ ᠢᠷᠡᠭᠰᠡᠨ ᠨᠢᠬᠡᠨ ᠵᠦᠢᠯ ᠤᠨ ᠪᠡᠶ᠎ᠡ ᠮᠠᠬᠠᠪᠤᠳ ᠢ ᠴᠢᠬᠢᠷᠠᠭᠵᠢᠭᠤᠯᠬᠤ ᠳᠡᠬᠡᠳᠦ ᠵᠡᠷᠬᠡ ᠶᠢᠨ ᠤᠮᠳᠠᠭᠠᠨ ᠮᠦᠨ᠃ ᠳᠡᠷᠡ ᠨᠢ ᠬᠡᠬᠦᠦ ᠶᠢᠨ ᠰᠦ ᠶᠢ ᠢᠰᠬᠡᠵᠦ ᠪᠤᠯᠪᠠᠰᠤᠷᠠᠭᠤᠯᠵᠦ ᠬᠢᠭᠰᠡᠨ ᠵᠦᠪᠬᠡᠨ ᠮᠤᠩᠭᠤᠯ ᠤᠷᠤᠨ ᠳᠤ ᠯᠡ ᠪᠠᠶᠢᠳᠠᠭ ᠤᠨᠴᠠ ᠭᠠᠷᠤᠯᠳᠠ ᠮᠦᠨ᠃ ᠮᠦᠨᠴᠤ ᠭᠡᠭᠦᠤ ᠪᠠᠷᠢᠵᠤ᠂ ᠴᠡᠭᠡ ᠢᠰᠭᠡᠬᠦ ᠨᠢ ᠠᠪᠠᠭ᠎ᠠ ᠠᠶᠢᠮᠠᠭ ᠲᠤ ᠯᠠ ᠪᠠᠶᠢᠳᠠᠭ ᠨᠢᠭᠡ ᠶᠤᠰᠤᠨ ᠤ ᠣᠯᠠᠮᠵᠢᠯᠠᠯᠲᠦ ᠵᠠᠩᠰᠢᠯ ᠳᠠᠳᠬᠠᠯ ᠪᠤᠯᠵᠤ ᠪᠦᠷᠢᠯᠳᠦᠭᠰᠡᠨ ᠶᠤᠮ᠃ ᠡᠷᠲᠡᠨ ᠤ ᠮᠤᠩᠭᠤᠯ ᠡᠮᠴᠢ ᠨᠠᠷ ᠴᠡᠭᠡ  ᠶᠢ ᠰᠢᠮ᠎ᠡ ᠳᠡᠵᠢᠬᠡᠯ ᠢᠶᠠᠷ ᠮᠠᠰᠢ ᠦᠨᠳᠦᠷ ᠪᠠᠶᠢᠵᠦ᠂ ᠳᠠᠮᠢᠷᠵᠢᠭᠤᠯᠬᠤ ᠪᠤᠯᠤᠨ ᠴᠢᠬᠢᠷᠠᠭᠵᠢᠭᠤᠯᠬᠤ ᠴᠢᠳᠠᠯ ᠲᠠᠢ ᠪᠦᠬᠡᠳ ᠡᠪᠡᠳᠴᠢᠨ ᠡᠮᠬᠡᠭ ᠢ ᠡᠳᠡᠬᠡᠨ ᠵᠠᠰᠠᠵᠦ᠂ ᠠᠮᠢ ᠨᠠᠰᠤ ᠶᠢ ᠤᠷᠳᠤᠳᠬᠠᠬᠤ ᠦᠢᠯᠡᠳᠦᠯ ᠲᠠᠢ ᠡᠮᠳᠦ ᠤᠮᠳᠠᠭᠠᠨ ᠬᠡᠵᠦ ᠬᠡᠷᠡᠭᠯᠡᠵᠦ ᠢᠷᠡᠭᠰᠡᠨ ᠳᠡᠤᠬᠡ ᠲᠠᠢ ᠶᠤᠮ᠃ ᠴᠡᠭᠡ ᠶᠢ ᠠᠰᠢᠭᠯᠠᠨ ᠡᠪᠡᠳᠴᠢᠨ ᠡᠮᠬᠡᠭ ᠢ ᠰᠡᠷᠬᠡᠶᠢᠯᠡᠬᠦ ᠪᠤᠶᠤ ᠡᠮᠨᠡᠨ ᠵᠠᠰᠠᠬᠤ ᠡᠮᠴᠢᠯᠡᠬᠡᠨ ᠤ ᠶᠡᠪᠤᠴᠠ ᠶᠢ ᠮᠤᠩᠭᠤᠯᠴᠤᠳ ᠴᠡᠭᠡ ᠵᠠᠰᠠᠯ ᠬᠡᠳᠡᠭ᠃ ᠴᠡᠭᠡ ᠵᠠᠰᠠᠯ ᠪᠤᠯ ᠮᠤᠩᠭᠤᠯ ᠡᠮ ᠡᠮᠨᠡᠯᠬᠡ ᠶᠢᠨ ᠤᠬᠠᠭᠠᠨ ᠤ ᠢᠳᠡᠬᠡᠨ ᠤᠮᠳᠠᠭᠠᠨ ᠤ ᠠᠨᠠᠭᠠᠯᠳᠠ ᠶᠢᠨ ᠳᠤᠳᠤᠷ᠎ᠠ ᠴᠢᠬᠤᠯᠠ ᠪᠠᠶᠢᠷᠢ ᠶᠢ ᠡᠵᠡᠯᠡᠬᠦ ᠤᠯᠠᠮᠵᠢᠯᠠᠯᠳᠤ ᠵᠠᠰᠠᠯ ᠪᠤᠯᠤᠨ᠎ᠠ᠃      [ ᠵᠠᠩᠭᠢᠯᠠᠭ᠎ᠠ ᠶᠢᠨ ᠦᠭᠡᠰ ] ᠬᠡᠬᠦᠦ ᠶᠢᠨ ᠰᠦ᠂ ᠴᠡᠭᠡ ᠵᠠᠰᠠᠯ᠂ ᠦᠷᠭᠦᠯᠵᠢ ᠳᠤᠬᠢᠶᠠᠯᠳᠦᠬᠤ ᠡᠪᠡᠳᠴᠢᠨ᠂ ᠴᠡᠭᠡᠷᠯᠡᠬᠦ ᠭᠡᠮ᠂ ᠡᠮᠴᠢᠯᠡᠭᠡᠨ ᠤ ᠠᠴᠢ ᠲᠤᠰᠠ      ᠮᠠᠨ ᠤ ᠰᠢᠯᠢᠨ ᠭᠤᠤᠯ ᠠᠶᠢᠮᠠᠭ ᠤᠨ ᠠᠪᠠᠭ᠎ᠠ ᠬᠤᠰᠢᠭᠤ ᠨᠢ ︽ᠬᠠᠨ ᠴᠡᠭᠡ ᠶᠢᠨ ᠨᠤᠳᠤᠭ ᠬᠡᠮᠡᠨ︾ ᠠᠯᠳᠠᠷᠰᠢᠵᠤ᠂ ᠡᠷᠲᠡ ᠢᠵᠠᠭᠤᠷ ᠠᠴᠠ ᠪᠠᠨ ᠠᠪᠤᠭᠠᠳ ᠵᠤᠨ ᠤ ᠰᠠᠶᠢᠬᠠᠨ ᠤᠯᠠᠷᠢᠯ ᠪᠣᠯᠬᠤ ᠳᠤ ᠠᠶᠢᠯ ᠪᠣᠯᠭᠠᠨ ᠨᠢᠭᠡ ᠠᠴᠠ ᠬᠡᠳᠦ ᠪᠤᠶᠤ ᠬᠡᠳᠦᠨ ᠠᠷᠪᠠᠨ ᠭᠡᠭᠦᠤ ᠪᠠᠷᠢᠵᠤ᠂ ᠴᠡᠭᠡ ᠢᠰᠭᠡᠨ ᠴᠠᠢ ᠶᠢᠨ ᠣᠷᠣᠨ ᠳᠤ ᠤᠤᠭᠤᠳᠠᠭ ᠵᠠᠩᠰᠢᠯ ᠲᠠᠢ ᠪᠠᠶᠢᠳᠠᠭ ᠢᠶᠠᠷ ᠢᠶᠠᠨ ᠴᠡᠭᠡ ᠨᠢ ᠬᠤᠯᠠ ᠣᠶᠢᠷ᠎ᠠ ᠳᠤ ᠠᠯᠳᠠᠷ ᠴᠤᠤ ᠮᠠᠨᠳᠦᠭ᠌ᠰᠠᠨ ᠪᠠᠶᠢᠨ᠎ᠠ᠃ ᠡᠭᠦᠨ ᠤ ᠳᠠᠭᠠᠤ᠂ ᠮᠣᠩᠭᠤᠯ ᠡᠮᠴᠢ ᠨᠠᠷ ᠤᠷᠲᠦ ᠤᠳᠠᠭᠠᠨ ᠠᠮᠢᠳᠦᠷᠠᠯ ᠦᠢᠯᠡᠳᠪᠦᠷᠢᠯᠡᠯ ᠦᠢᠯᠠᠳᠦᠯᠭᠡ ᠶᠢᠨ ᠳᠤᠮᠳᠠ ᠠᠴᠠ ᠴᠡᠭᠡ ᠶᠢ ᠠᠰᠢᠭᠯᠠᠨ ᠡᠪᠡᠳᠴᠢᠨ ᠡᠮᠬᠡᠭ ᠢ ᠰᠡᠷᠬᠡᠶᠢᠯᠡᠬᠦ ᠪᠤᠶᠤ ᠡᠮᠨᠡᠨ ᠵᠠᠰᠠᠬᠤ ᠣᠨᠴᠣᠭᠤᠢ ᠦᠢᠯᠡᠳᠦᠯ ᠢ ᠰᠡᠷᠡᠵᠤ ᠮᠡᠳᠡᠭᠰᠡᠨ ᠠᠴᠠ ᠡᠮᠴᠢᠯᠡᠭᠡᠨ ᠳᠡᠭᠡᠷ᠎ᠡ ᠬᠡᠷᠡᠭᠯᠡᠵᠦ ᠳᠤᠷᠰᠢᠯᠭ᠎ᠠ ᠬᠤᠷᠠᠮᠳᠦᠭᠤᠯᠵᠤ᠂ ᠠᠭᠠᠵᠢᠮ ᠳᠠᠭᠠᠨ ᠮᠣᠩᠭᠤᠯ ᠦᠨᠳᠦᠰᠦᠲᠡᠨ ᠤᠯᠠᠮᠵᠢᠯᠠᠯᠳᠦ ᠴᠡᠭᠡ ᠶᠢᠨ ᠵᠠᠰᠠᠯ ᠪᠤᠯᠵᠤ ᠪᠦᠷᠢᠯᠳᠦᠭᠰᠡᠨ ᠪᠠᠶᠢᠨ᠎ᠠ᠃      19 ᠳ᠋ᠦ᠋ᠭᠡᠷ ᠵᠠᠭᠤᠨ ᠤ ᠦᠶ᠎ᠡ ᠳᠤ ᠮᠤᠩᠭᠤᠯ ᠠᠨᠠᠭᠠᠬᠤ ᠤᠬᠠᠭᠠᠨ ᠤ ᠡᠷᠳᠡᠮᠳᠡᠨ ᠯᠤᠪᠰᠠᠩᠵᠤᠶᠢᠮᠪᠠᠯ ᠤᠨ ᠵᠤᠬᠢᠶᠠᠭᠰᠠᠨ ︽ᠮᠤᠩᠭᠤᠯ ᠡᠮ ᠡᠮᠨᠡᠯᠬᠡ ᠶᠢᠨ ᠳᠡᠬᠦᠪᠦᠷᠢ︾ ᠬᠡᠬᠦ ᠪᠢᠴᠢᠭ ᠲᠤ ᠬᠡᠬᠦᠦ ᠶᠢᠨ ᠰᠦ ᠪᠤᠯ ᠠᠭᠤᠰᠬᠢ ᠶᠢ ᠳᠦᠯᠵᠢᠬᠦᠯᠦᠨ᠂ ᠦᠶ᠎ᠡ ᠬᠡᠰᠢᠬᠦᠨ ᠤ ᠬᠡᠢ ᠡᠪᠡᠳᠴᠢᠨ ᠢ ᠠᠷᠢᠯᠭᠠᠨ᠎ᠠ︾ ᠬᠡᠵᠦ ᠳᠡᠮᠳᠡᠭᠯᠡᠵᠡᠢ᠃      ᠡᠮ ᠡᠮᠨᠡᠯᠬᠡ ᠶᠢᠨ ᠳᠤᠰᠬᠠᠢ ᠮᠡᠷᠬᠡᠵᠢᠯᠳᠡᠨ ᠪᠤᠯᠤᠨ ᠢᠳᠡᠬᠡᠨ ᠤᠮᠳᠠᠭᠠᠨ ᠤ ᠳᠤᠰᠬᠠᠢ ᠰᠤᠳᠤᠯᠭᠠᠳᠠᠨ ᠨᠠᠷ ᠰᠢᠨᠵᠢᠯᠡᠬᠦ ᠤᠬᠠᠭᠠᠨᠴᠢ ᠠᠷᠭ᠎ᠠ ᠪᠠᠷᠢᠯ ᠢᠶᠠᠷ ᠳᠠᠮᠵᠢᠨ ᠴᠡᠭᠡ ᠶᠢᠨ ᠬᠢᠮᠢ ᠶᠢᠨ ᠪᠦᠷᠢᠯᠳᠦᠬᠦᠨ ᠳᠤ ᠬᠦᠨᠵᠡᠬᠡᠢ ᠨᠠᠷᠢᠯᠢᠭ ᠵᠠᠳᠠᠯᠤᠯᠳᠠ ᠬᠢᠵᠦ᠂ ᠳᠡᠬᠦᠨ ᠤ ᠶᠠᠭᠠᠬᠢᠭᠠᠳ ᠬᠦᠮᠦᠨ ᠤ ᠪᠡᠶ᠎ᠡ ᠳᠤ ᠤᠨᠴᠠ ᠦᠢᠯᠡᠳᠦᠯ ᠦᠵᠡᠬᠦᠯᠳᠡᠭ ᠤᠭ ᠦᠨᠳᠦᠰᠦ ᠶᠢ ᠡᠷᠢᠯᠬᠢᠯᠡᠨ ᠪᠠᠶᠢᠨ᠎ᠠ᠃ ᠰᠤᠳᠤᠯᠭᠠᠨ ᠤ ᠳ᠋ᠦᠩ ᠳᠤ ᠴᠡᠭᠡ ᠳᠤ ᠤᠭᠤᠷᠠᠭ᠂ ᠰᠢᠬᠢᠷ᠂ ᠬᠠᠨᠤᠮᠠᠯ ᠪᠤᠰᠤ ᠦᠬᠡᠬᠦᠨ ᠬᠦᠴᠢᠯ᠂ ᠳᠤᠤᠷ᠎ᠠ ᠮᠤᠯᠧᠺᠦ᠋ᠨᠳᠦ ᠦᠬᠡᠬᠦᠨ ᠬᠦᠴᠢᠯ᠂ 0.5% — 1% ᠶᠢᠨ ᠰᠦᠨ ᠴᠡᠪᠡᠷ ᠬᠦᠴᠢᠯ ᠂ 1% ᠶᠢᠨ ᠳᠤᠤᠷ᠎ᠠ ᠨᠢᠭᠳᠠᠴᠠ ᠲᠠᠢ ᠡᠲ᠋ᠢᠯ ᠠᠯᠺᠦᠦᠯ ᠵᠢᠴᠢ ᠸᠢᠲ᠋ᠠᠮᠢᠨ A᠂ ᠸᠢᠲ᠋ᠠᠮᠢᠨ B1᠂ ᠸᠢᠲ᠋ᠠᠮᠢᠨ B2᠂ ᠸᠢᠲ᠋ᠠᠮᠢᠨ B6᠂ ᠸᠢᠲ᠋ᠠᠮᠢᠨ B12᠂ ᠸᠢᠲ᠋ᠠᠮᠢᠨ C᠂ ᠸᠢᠲ᠋ᠠᠮᠢᠨ E᠂ ᠸᠢᠲ᠋ᠠᠮᠢᠨ P᠂ ᠨᠠᠪᠴᠢᠨ ᠬᠦᠴᠢᠯ᠂ ᠬᠠᠨᠤᠮᠠᠯ ᠱᠦᠯᠳᠦ᠂ ᠺᠠᠯᠽᠢ᠂ ᠳᠡᠮᠦᠷ᠂ ᠮᠠᠭᠨᠢ᠂ ᠹᠤᠰᠹᠤᠷ᠂ ᠺᠠᠯᠢ᠂ ᠢᠦᠳ᠋᠂ ᠮᠠᠩᠭᠠᠨ᠂ ᠴᠠᠶᠢᠷ᠂ ᠬᠦᠷᠡᠯ᠂ ᠡᠾᠧᠷᠤᠮ ᠵᠡᠷᠬᠡ ᠬᠦᠮᠦᠨ ᠤ ᠪᠡᠶ᠎ᠡ ᠳᠤ ᠠᠰᠢᠭᠳᠠᠢ ᠡᠯᠧᠮᠧᠨ᠋ᠲ ᠨᠤᠭᠤᠳ ᠠᠭᠤᠯᠤᠭᠳᠠᠵᠦ ᠪᠠᠶᠢᠬᠤ ᠶᠢ ᠮᠡᠳᠡᠭᠰᠡᠨ ᠪᠠᠶᠢᠨ᠎ᠠ᠃ ᠡᠳᠡᠬᠡᠷ ᠪᠦᠷᠢᠯᠳᠦᠬᠦᠨ ᠨᠢ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭᠠᠨ ᠳᠤ ᠤᠷᠤᠯᠴᠠᠵᠦ ᠪᠠᠶᠢᠬᠤ ᠪᠦᠬᠡᠳ ᠬᠦᠮᠦᠨ ᠤ ᠪᠡᠶ᠎ᠡ ᠶᠢᠨ ᠠᠮᠢᠳᠤᠷᠠᠬᠤᠢ ᠶᠢᠨ ᠴᠢᠳᠠᠪᠤᠷᠢ ᠶᠢ ᠳᠡᠬᠡᠭᠰᠢᠯᠡᠬᠦᠯᠦᠨ ᠡᠪᠡᠳᠴᠢᠨ ᠢ ᠰᠡᠷᠬᠡᠶᠢᠯᠡᠬᠦ ᠪᠤᠶᠤ ᠵᠠᠰᠠᠨ ᠡᠳᠡᠬᠡᠷᠡᠬᠦᠯᠵᠦ ᠳᠡᠶᠢᠯᠳᠡᠭ ᠪᠠᠶᠢᠨ᠎ᠠ᠃ ᠴᠡᠭᠡ ᠳᠤᠳᠤᠷᠠᠬᠢ ᠬᠠᠨᠤᠮᠠᠯ ᠪᠤᠰᠤ ᠦᠬᠡᠬᠦᠨ ᠬᠦᠴᠢᠯ ᠨᠢ ᠰᠦᠰᠦᠨ ᠤ ᠭᠤᠨᠠᠨ ᠠᠯᠺᠦᠦᠯ ᠦᠨᠳᠦᠷᠵᠢᠭᠰᠡᠨ ᠴᠢᠰᠦᠨ ᠤ ᠬᠡᠮ ᠢ ᠠᠷᠢᠯᠭᠠᠨ᠂ ᠯᠤᠭᠰᠢᠭᠤᠨ ᠰᠤᠳᠠᠯ  ᠤᠨ ᠬᠠᠳᠠᠭᠤᠷᠠᠯ ᠢ ᠰᠡᠷᠬᠡᠶᠢᠯᠡᠨ ᠵᠠᠰᠠᠳᠠᠭ᠃ ᠴᠡᠭᠡ ᠳᠤᠳᠤᠷᠠᠬᠢ 0.5% — 1% ᠶᠢᠨ ᠰᠦᠨ ᠴᠡᠪᠡᠷ ᠬᠦᠴᠢᠯ  ᠨᠢ ᠡᠯᠢᠬᠡᠨ ᠳᠤ ᠰᠦᠰᠦᠨ ᠤ ᠭᠤᠨᠠᠨ ᠠᠯᠺᠦᠦᠯ ᠪᠦᠷᠢᠯᠳᠦᠬᠦ ᠶᠢ ᠬᠤᠷᠢᠭᠯᠠᠨ᠂ ᠴᠢᠰᠤᠨ ᠳᠤᠳᠤᠷᠠᠬᠢ ᠰᠦᠰᠦᠨ ᠤ ᠭᠤᠨᠠᠨ ᠠᠯᠺᠦᠦᠯ ᠤᠨ ᠶᠡᠷᠦᠩᠬᠡᠢ ᠬᠡᠮᠵᠢᠶ᠎ᠡ ᠶᠢ ᠪᠠᠭᠠᠰᠬᠠᠨ᠂ ᠴᠢᠰᠤᠨ ᠰᠤᠳᠠᠯ ᠢ ᠳᠡᠯᠡᠭᠳᠡᠬᠦᠯᠦᠨ ᠴᠢᠰᠤᠨ ᠳᠠᠷᠤᠯᠳᠠ  ᠶᠢ ᠪᠠᠭᠤᠷᠠᠭᠤᠯᠳᠠᠭ᠃ ᠴᠡᠭᠡ ᠳᠠᠬᠢ 1% ᠳᠤᠤᠷ᠎ᠠ ᠨᠢᠭᠳᠠᠴᠠᠳᠤ ᠡᠲ᠋ᠢᠯ ᠠᠯᠺᠦᠦᠯ ᠨᠢ ᠰᠦᠰᠦᠨ ᠤ ᠭᠤᠨᠠᠨ ᠠᠯᠺᠦᠦᠯ ᠢ ᠪᠠᠭᠤᠷᠠᠭᠤᠯᠤᠨ᠂ ᠯᠤᠭᠰᠢᠭᠤᠨ ᠰᠤᠳᠠᠯ ᠤᠨ ᠬᠠᠳᠠᠭᠤᠷᠠᠯ ᠢ ᠰᠡᠷᠬᠡᠶᠢᠯᠡᠬᠦ ᠦᠢᠯᠡᠳᠦᠯ ᠲᠠᠢ᠃ ᠴᠡᠭᠡ  ᠳᠠᠬᠢ ᠡᠾᠧᠷᠤᠮ ᠨᠢ ᠨᠤᠶᠢᠷ ᠤᠨ ᠪᠤᠯᠴᠢᠷᠬᠠᠢ ᠶᠢᠨ ᠠᠵᠢᠯᠯᠠᠭ᠎ᠠ ᠶᠢ ᠡᠷᠴᠢᠮᠵᠢᠬᠦᠯᠦᠨ ᠴᠢᠩᠭᠠᠳᠬᠠᠵᠦ᠂ ᠴᠢᠰᠤᠨ ᠬᠦᠶᠦᠳᠡᠯ ᠤᠨ ᠰᠤᠯᠢᠯᠴᠠᠭ᠎ᠠ ᠶᠢ ᠳᠦᠷᠬᠡᠳᠬᠡᠨ ᠠᠬᠢᠭᠤᠯᠳᠠᠭ ᠠᠴᠠ ᠰᠢᠬᠢᠷ ᠰᠢᠵᠢᠩ ᠡᠪᠡᠳᠴᠢᠨ ᠳᠤ ᠤᠨᠴᠠ ᠳᠤᠰᠠᠯᠠᠳᠠᠭ᠃ ᠴᠡᠭᠡ ᠳᠤᠳᠤᠷ᠎ᠠ ᠠᠭᠤᠯᠤᠭᠳᠠᠵᠦ ᠪᠠᠶᠢᠬᠤ ᠡᠯ᠎ᠡ ᠵᠦᠢᠯ ᠤᠨ ᠸᠢᠲ᠋ᠠᠮᠢᠨ ᠪᠤᠯᠤᠨ ᠡᠷᠤᠳᠡᠰᠦ ᠪᠤᠳᠠᠰ ᠨᠢ ᠴᠦ ᠦᠪᠡᠷ ᠦᠪᠡᠷ ᠤᠨ ᠦᠢᠯᠡᠳᠦᠯ ᠢᠶᠠᠨ ᠦᠵᠡᠬᠦᠯᠦᠨ ᠬᠦᠮᠦᠨ ᠤ ᠪᠡᠶ᠎ᠡ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠂ ᠳᠤᠩᠭᠠᠯᠠᠭ ᠴᠦᠪ ᠤᠨ ᠢᠯᠭᠠᠷᠠᠯᠳᠠ ᠳᠤ ᠤᠷᠤᠯᠴᠠᠨ᠂ ᠪᠡᠶ᠎ᠡ ᠶᠢᠨ ᠰᠢᠮ᠎ᠡ ᠳᠡᠵᠢᠬᠡᠯ ᠢ ᠬᠠᠩᠭᠠᠨ᠂ ᠬᠡᠮ ᠬᠤᠤᠷ ᠢ ᠠᠷᠢᠯᠭᠠᠨ᠂ ᠠᠷᠠᠰᠤ ᠶᠢ ᠵᠦᠬᠡᠯᠡᠷᠡᠬᠦᠯᠦᠨ᠂ ᠦᠳᠬᠡᠷᠡᠭᠰᠡᠨ ᠴᠢᠰᠤ ᠶᠢ ᠰᠢᠩᠬᠡᠷᠡᠬᠦᠯᠦᠨ᠂ ᠴᠢᠰᠤᠨ ᠬᠦᠶᠦᠳᠡᠯ ᠢ ᠰᠠᠶᠢᠵᠢᠷᠠᠭᠤᠯᠤᠨ᠂ ᠨᠤᠶᠢᠷ ᠢ ᠳᠡᠭᠰᠢᠳᠬᠡᠨ ᠰᠠᠶᠢᠵᠢᠷᠠᠭᠤᠯᠵᠦ᠂ ᠳᠠᠮᠢᠷ ᠢ ᠨᠦᠬᠦᠵᠦ᠂ ᠴᠤᠭ ᠰᠦᠯᠳᠡ ᠶᠢ ᠨᠡᠮᠡᠭᠳᠡᠬᠦᠯᠦᠨ᠂ ᠪᠡᠶ᠎ᠡ ᠮᠠᠬᠠᠪᠤᠳ ᠢ ᠴᠢᠬᠢᠷᠠᠭᠵᠢᠭᠤᠯᠤᠨ᠂ ᠡᠪᠡᠳᠴᠢᠨ ᠢ ᠡᠰᠡᠷᠬᠦᠴᠡᠬᠦ ᠴᠢᠳᠠᠪᠤᠷᠢ ᠶᠢ ᠳᠡᠬᠡᠭᠰᠢᠯᠡᠬᠦᠯᠬᠦ ᠦᠢᠯᠡᠳᠦᠯ ᠦᠵᠡᠬᠦᠯᠳᠡᠭ ᠪᠠᠶᠢᠨ᠎ᠠ᠃     ᠴᠡᠭᠡ ᠵᠠᠰᠠᠯ ᠤᠨ ᠳᠤᠬᠢᠷᠠᠬᠤ ᠡᠪᠡᠳᠴᠢᠨ᠄     ᠴᠡᠭᠡ ᠨᠢ ᠠᠮᠳᠠᠯᠢᠭ᠂ ᠢᠰᠬᠦᠯᠡᠩ᠂ ᠡᠬᠡᠬᠦᠨ ᠠᠮᠳᠠ ᠲᠠᠢ᠂ ᠪᠦᠯᠢᠶᠡᠨ ᠴᠢᠨᠠᠷ ᠲᠠᠢ᠂ ᠬᠡᠮ ᠬᠤᠤᠷ ᠢ ᠠᠷᠢᠯᠭᠠᠨ᠂ ᠮᠠᠬᠠᠪᠤᠳ ᠢ ᠳᠡᠭᠰᠢᠳᠬᠡᠬᠦ᠂ ᠰᠢᠩᠬᠡᠬᠡᠯᠳᠡ ᠶᠢ ᠰᠠᠶᠢᠵᠢᠷᠠᠭᠤᠯᠤᠨ᠂ ᠪᠡᠶ᠎ᠡ ᠮᠠᠬᠠᠪᠤᠳ ᠢ ᠴᠢᠬᠢᠷᠠᠭᠵᠢᠭᠤᠯᠬᠤ ᠤᠮᠳᠠᠭᠠᠨ ᠪᠤᠯᠬᠤ ᠪᠦᠬᠡᠳ᠂ ᠠᠮᠳᠠ ᠴᠢᠨᠠᠷ ᠢᠶᠠᠷ ᠢᠶᠠᠨ ᠭᠠᠯ ᠤᠨ ᠢᠯᠴᠢ ᠶᠢ ᠳᠡᠭᠰᠢᠳᠬᠡᠵᠦ᠂ ᠳᠤᠩᠭᠠᠯᠠᠭ ᠴᠦᠪ ᠢ ᠢᠯᠭᠠᠵᠦ᠂ ᠳᠤᠩᠭᠠᠯᠠᠭ ᠢ ᠤᠷᠤᠨ ᠳᠤᠨᠢ ᠤᠷᠤᠭᠤᠯᠵᠦ᠂ ᠰᠢᠨ᠎ᠡ ᠬᠠᠭᠤᠴᠢᠨ ᠤ ᠰᠤᠯᠢᠯᠴᠠᠭ᠎ᠠ  ᠶᠢ ᠰᠠᠶᠢᠵᠢᠷᠠᠭᠤᠯᠵᠦ᠂ ᠠᠷᠠᠰᠤ ᠶᠢ ᠵᠦᠬᠡᠯᠡᠷᠡᠬᠦᠯᠦᠨ᠂ ᠴᠢᠰᠤ ᠶᠢ ᠰᠢᠩᠬᠡᠷᠡᠬᠦᠯᠬᠦ᠂ ᠪᠦᠬᠡᠮᠨᠡᠷᠡᠵᠦ ᠪᠦᠭᠯᠡᠷᠡᠭᠰᠡᠨ ᠢ ᠬᠠᠶᠢᠯᠤᠭᠤᠯᠤᠨ ᠨᠡᠪᠳᠡᠷᠡᠬᠦᠯᠵᠦ᠂ ᠨᠤᠶᠢᠷ ᠢ ᠰᠠᠶᠢᠵᠢᠷᠠᠭᠤᠯᠵᠦ᠂ ᠬᠤᠤᠷᠳᠠᠯᠭ᠎ᠠ ᠶᠢ ᠳᠠᠶᠢᠯᠵᠦ᠂ ᠴᠢᠰᠤᠨ ᠳᠠᠮᠢᠷ ᠢ ᠨᠦᠬᠦᠬᠦ ᠪᠠ ᠴᠤᠭ ᠰᠦᠯᠳᠡ ᠶᠢ ᠨᠡᠮᠡᠭᠳᠡᠬᠦᠯᠬᠦ ᠦᠢᠯᠡᠳᠦᠯ ᠲᠠᠢ᠃ ᠤᠳᠤᠬᠠᠨ ᠳᠤ ᠡᠮᠴᠢᠯᠡᠬᠡᠨ ᠳᠤ ᠭᠤᠤᠯᠳᠠᠭᠤ ᠬᠤᠳᠤᠭᠤᠳᠤ ᠬᠡᠳᠡᠰᠦᠨ ᠤ ᠬᠠᠭᠤᠴᠢᠨ᠂ ᠰᠢᠩᠬᠡᠬᠡᠯᠳᠡ ᠶᠢᠨ ᠰᠢᠰᠲ᠋ᠧᠮ ᠤᠨ ᠰᠢᠷᠬᠠᠯᠭ᠎ᠠ᠂ ᠬᠤᠳᠤᠭᠤᠳᠤᠨ ᠤ ᠪᠤᠷᠤ ᠂ ᠮᠢᠬᠠᠨ ᠤ ᠬᠤᠤᠷ ᠵᠡᠷᠬᠡ ᠢᠳᠡᠬᠡᠨ ᠤ ᠬᠤᠤᠷ ᠢ ᠠᠷᠢᠯᠭᠠᠬᠤ᠂ ᠤᠳᠠᠭᠠᠨ ᠬᠤᠨᠤᠭ ᠡᠮ ᠤᠤᠭᠤᠭᠰᠠᠨ ᠠᠴᠠ ᠪᠤᠯᠤᠭᠰᠠᠨ ᠡᠮ ᠤᠨ ᠬᠤᠤᠷ ᠢ ᠠᠷᠢᠯᠭᠠᠵᠤ᠂ ᠪᠠᠺᠲ᠋ᠧᠷᠢᠳᠤ ᠰᠠᠭᠤᠯᠭ᠎ᠠ᠂ ᠠᠭᠤᠰᠬᠢᠨ ᠤ ᠰᠦᠷᠢᠶ᠎ᠡ᠂ ᠵᠢᠷᠦᠬᠡᠨ ᠤ ᠳᠢᠳᠢᠮ ᠰᠤᠳᠠᠯ ᠤᠨ ᠬᠠᠳᠠᠭᠤᠷᠠᠯ᠂ ᠴᠢᠰᠤ ᠡᠬᠡᠳᠡᠷᠡᠬᠦ᠂ ᠴᠢᠰᠤᠨ ᠳᠠᠷᠤᠯᠳᠠ ᠦᠨᠳᠦᠷ ᠡᠪᠡᠳᠴᠢᠨ᠂ ᠴᠢᠰᠤ ᠳᠤᠳᠠᠬᠤ ᠡᠪᠡᠳᠴᠢᠨ᠂ ᠲᠤᠯᠠᠢ᠂ ᠦᠶ᠎ᠡ ᠬᠡᠰᠢᠬᠦᠨ ᠤ ᠡᠪᠡᠳᠴᠢᠨ᠂ ᠰᠠᠷ᠎ᠠ ᠶᠢᠨ ᠭᠭᠢᠷ ᠳᠡᠭᠰᠢ ᠦᠬᠡᠢ ᠡᠪᠡᠳᠴᠢᠨ᠂ ᠱᠠᠮᠪᠠᠷᠠᠮ᠂ ᠬᠤᠷᠭᠤᠰᠤ ᠬᠠᠳᠠᠬᠤ᠂ ᠮᠡᠳᠡᠷᠡᠯ ᠤᠨ ᠴᠢᠨᠠᠷᠳᠠᠢ ᠳᠤᠯᠤᠭᠠᠢ ᠡᠪᠡᠳᠬᠦ᠂ ᠨᠠᠰᠤᠳᠠᠶᠢᠴᠤᠳ ᠤᠨ ᠬᠦᠯ ᠨᠢᠷᠤᠭᠤ ᠡᠪᠡᠳᠬᠦ᠂ ᠰᠢᠬᠢᠷ ᠰᠢᠵᠢᠩ᠂ ᠮᠡᠳᠡᠷᠡᠯ ᠤᠨ ᠳᠤᠷᠤᠶᠢᠳᠠᠯ ᠬᠡᠮ᠂ ᠪᠠᠮ ᠡᠪᠡᠳᠴᠢᠨ᠂ ᠤᠰᠤᠨ ᠬᠠᠪᠤᠩ᠂ ᠠᠷᠠᠰᠤᠨ ᠡᠰᠡᠷᠭᠡᠨ᠎ᠡ ᠵᠡᠷᠬᠡ ᠡᠪᠡᠳᠴᠢᠨ ᠳᠤ ᠴᠡᠭᠡ ᠵᠠᠰᠠᠯ ᠢ ᠬᠡᠷᠡᠭᠯᠡᠵᠦ ᠪᠤᠢ᠃      ᠴᠡᠭᠡ ᠵᠠᠰᠠᠯ ᠤᠨ ᠴᠡᠬᠡᠷᠯᠡᠬᠦ ᠡᠪᠡᠳᠴᠢᠨ᠄      ᠴᠡᠭᠡ ᠵᠠᠰᠠᠯ ᠨᠢ ᠪᠦᠯᠢᠶᠡᠨ ᠴᠢᠨᠠᠷᠳᠠᠢ ᠪᠤᠯᠬᠤᠷ ᠰᠢᠨᠡᠬᠡᠨ ᠶᠠᠰᠤ ᠬᠤᠭᠤᠷᠠᠵᠦ ᠬᠡᠮᠳᠦᠭᠰᠡᠨ ᠡᠪᠡᠳᠴᠢᠳᠡᠨ᠂ ᠠᠭᠤᠰᠬᠢᠨ ᠤ ᠦᠬᠡᠷᠢ ᠪᠠᠷ ᠡᠬᠢᠯᠡᠨ ᠬᠠᠯᠠᠭᠤᠷᠠᠵᠦ ᠪᠠᠶᠢᠭ᠎ᠠ ᠡᠪᠡᠳᠴᠢᠨ᠂ ᠪᠦᠬᠡᠷᠡᠨ ᠬᠠᠯᠠᠭᠤᠨ ᠶᠡᠬᠡᠳᠡᠢ ᠡᠪᠡᠳᠴᠢᠳᠡᠨ᠂ ᠨᠢᠶᠠᠨ ᠬᠢᠵᠢᠭ ᠡᠪᠡᠳᠴᠢᠨ ᠲᠠᠢ ᠡᠪᠡᠳᠴᠢᠳᠡᠨ ᠳᠤ ᠴᠡᠬᠡᠷᠯᠡᠨ᠎ᠡ᠃ ᠴᠡᠭᠡ ᠤᠤᠭᠤᠭᠰᠠᠨ ᠤ ᠳᠠᠷᠠᠭ᠎ᠠ ᠬᠡᠢ ᠴᠢᠰᠤᠨ ᠤ ᠬᠦᠶᠦᠳᠡᠯ ᠰᠠᠶᠢᠵᠢᠷᠠᠨ᠂ ᠳᠤᠷᠤᠭᠰᠢ ᠪᠠᠨ ᠪᠠᠭ᠎ᠠ ᠳᠤᠭᠤᠯᠠᠭᠤᠯᠬᠤ ᠪᠤᠯᠬᠤᠷ ᠬᠡᠪᠡᠯᠢ ᠵᠦᠬᠡᠯᠡᠨ᠂ ᠳᠠᠮᠢᠷ ᠬᠡᠳᠦ ᠳᠤᠷᠤᠢ᠂ ᠬᠦᠨᠳᠦ ᠡᠪᠡᠳᠴᠢᠳᠡᠨ ᠪᠠ ᠵᠢᠷᠮᠦᠰᠦᠨ ᠡᠮᠡᠭᠳᠡᠢ ᠳᠤ ᠴᠡᠬᠡᠷᠯᠡᠨ᠎ᠡ᠃      ᠴᠡᠭᠡ ᠵᠠᠰᠠᠯ ᠤᠨ ᠰᠤᠪᠢᠯᠠᠯᠳᠠ᠄      ᠴᠡᠭᠡ ᠵᠠᠰᠠᠯ ᠨᠢ ᠮᠤᠩᠭᠤᠯ ᠡᠮᠨᠡᠯᠬᠡ ᠶᠢᠨ ︽ᠳᠦᠷᠪᠡᠨ ᠶᠡᠷᠦᠨᠳᠡᠭ︾ ᠤᠨ ᠢᠳᠡᠬᠡᠨ ᠤᠮᠳᠠᠭᠠᠨ ᠤ ᠵᠠᠰᠠᠯ ᠳᠤ ᠪᠠᠭᠳᠠᠬᠤ ᠪᠤᠯᠬᠤᠷ ᠢᠳᠡᠬᠡᠨ ᠤᠮᠳᠠᠭᠠᠨ᠂ ᠶᠠᠪᠤᠳᠠᠯ ᠮᠦᠷ᠂ ᠡᠮ᠂ ᠵᠠᠰᠠᠯ ᠵᠡᠷᠬᠡ ᠳᠦᠷᠪᠡᠨ ᠳᠠᠯ᠎ᠠ ᠪᠠᠷ ᠰᠤᠪᠢᠯᠠᠯᠳᠠ ᠬᠢᠬᠦ ᠴᠢᠬᠤᠯᠠ ᠲᠠᠢ᠃      1. ᠢᠳᠡᠬᠡᠨ ᠤᠮᠳᠠᠭᠠᠨ ᠤ ᠳᠠᠯ᠎ᠠ ᠪᠠᠷ ᠴᠡᠭᠡ ᠤᠤᠭᠤᠵᠦ ᠡᠪᠡᠳᠴᠢᠨ ᠵᠠᠰᠠᠬᠤ ᠬᠤᠭᠤᠴᠠᠭᠠᠨ ᠳᠤ ᠬᠤᠷᠢᠨ ᠨᠢᠬᠡ ᠬᠤᠨᠤᠭ ᠪᠤᠶᠦ ᠴᠢᠨᠠᠭᠰᠢᠯᠠᠪᠠᠯ ᠵᠠᠭᠤᠨ ᠬᠤᠨᠤᠭ ᠤᠨ ᠳᠤᠳᠤᠷ᠎ᠠ ᠠᠷᠢᠬᠢ ᠤᠤᠭᠤᠬᠤ᠂ ᠭᠠᠰᠢᠭᠤᠨ ᠭᠤᠰᠢᠭᠤᠨ ᠢᠳᠡᠬᠡᠨ ᠤᠮᠳᠠᠭᠠᠨ ᠪᠠ ᠰᠢᠩᠬᠡᠬᠦ ᠳᠤ ᠪᠡᠷᠬᠡᠳᠡᠢ ᠳᠤᠰᠤᠯᠢᠭ ᠬᠤᠷᠴᠠ᠂ ᠡᠪᠳᠡᠷᠡᠵᠦ ᠨᠢᠩᠰᠢᠭᠰᠡᠨ ᠢᠳᠡᠬᠡᠨ ᠤᠮᠳᠠᠭᠠᠨ ᠢ ᠴᠡᠬᠡᠷᠯᠡᠨ᠎ᠡ᠃ ᠵᠢᠱᠢᠶᠡᠯᠡᠪᠡᠯ ᠰᠡᠷᠢᠬᠦᠨ ᠤ ᠳᠠᠯ᠎ᠠ ᠪᠠᠷ ᠰᠡᠷᠢᠬᠦᠨ ᠤᠮᠳᠠᠭᠠᠨ᠂ ᠳᠦᠮᠦᠰᠦ᠂ ᠭᠠᠭ᠋ᠠᠢ ᠶᠢᠨ ᠮᠢᠬ᠎ᠠ ᠵᠡᠷᠬᠡ ᠶᠢ ᠴᠡᠬᠡᠷᠯᠡᠨ᠎ᠡ᠃ ᠬᠠᠯᠠᠭᠤᠨ ᠤ ᠳᠠᠯ᠎ᠠ ᠪᠠᠷ ᠠᠳᠤᠭᠤᠨ ᠤ ᠮᠢᠬ᠎ᠠ᠂ ᠡᠯᠵᠢᠬᠡᠨ ᠤ ᠮᠢᠬ᠎ᠠ᠂ ᠨᠤᠬᠠᠢ ᠶᠢᠨ ᠮᠢᠬ᠎ᠠ ᠶᠢ ᠴᠡᠬᠡᠷᠯᠡᠨ᠎ᠡ᠃      ᠶᠡᠷᠦᠳᠡᠬᠡᠨ ᠰᠢᠩᠬᠡᠬᠦ ᠳᠤ ᠬᠢᠯᠪᠠᠷ᠂ ᠪᠦᠯᠢᠶᠡᠨ ᠵᠦᠬᠡᠯᠡᠨ ᠰᠢᠨ᠎ᠡ ᠰᠤᠷᠭᠤᠭ ᠢᠳᠡᠬᠡᠨ ᠤᠮᠳᠠᠭᠠᠨ ᠢ ᠡᠷᠬᠢᠮᠯᠡᠨ᠎ᠡ᠃ ᠮᠤᠩᠭᠤᠯᠴᠤᠳ ᠶᠡᠷᠦᠳᠡᠬᠡᠨ ᠴᠡᠭᠡ ᠤᠤᠭᠤᠵᠦ ᠪᠠᠶᠢᠬᠤ ᠬᠤᠭᠤᠴᠠᠭᠠᠨ ᠳᠤ ᠰᠢᠨ᠎ᠡ ᠬᠤᠨᠢᠨ ᠤ ᠮᠢᠬ᠎ᠠ ︵ᠬᠢᠵᠠᠭᠠᠯᠠᠩ ᠡᠷ᠎ᠡ ᠬᠤᠨᠢᠨ ᠮᠢᠬ᠎ᠠ︶ ᠪᠤᠶᠤ ᠬᠤᠨᠢᠨ ᠮᠢᠬᠠᠨ ᠱᠦᠯᠦ ᠭᠠᠷᠭᠠᠵᠦ ᠢᠳᠡᠵᠦ ᠤᠤᠭᠤᠳᠠᠭ᠃     2. ᠶᠠᠪᠤᠳᠠᠯ ᠮᠦᠷ ᠤᠨ ᠳᠠᠯ᠎ᠠ ᠪᠠᠷ ᠡᠪᠡᠳᠴᠢᠳᠡᠨ ᠠᠭᠤᠷᠯᠠᠵᠦ ᠵᠤᠪᠠᠭ᠋ᠤ ᠦᠬᠡᠢ ᠪᠠᠶᠢᠵᠦ᠂ ᠰᠡᠳᠬᠢᠯ ᠰᠠᠨᠠᠭ᠎ᠠ  ᠪᠠᠨ ᠠᠮᠤᠷ ᠳᠠᠶᠢᠪᠤᠩ ᠪᠠᠶᠢᠯᠭᠠᠬᠤ ᠬᠡᠷᠡᠭᠳᠡᠢ᠃ ᠰᠠᠯᠬᠢ ᠵᠢᠪᠠᠷ ᠲᠤ ᠴᠤᠬᠢᠭᠳᠠᠬᠤ᠂ ᠪᠤᠷᠤᠭᠠᠨ ᠳᠤ ᠨᠤᠷᠠᠬᠤ᠂ ᠴᠢᠬᠢᠭ ᠲᠠᠢ ᠨᠤᠶᠢᠳᠠᠨ ᠭᠠᠵᠠᠷ ᠰᠠᠭᠤᠬᠤ᠂ ᠭᠠᠯ ᠨᠠᠷᠠᠨ ᠳᠤ ᠬᠡᠳᠦᠷᠬᠡᠢ ᠰᠢᠷᠠᠭᠳᠠᠬᠤ᠂ ᠤᠰᠤᠨ ᠳᠤ ᠤᠷᠤᠬᠤ ᠵᠡᠷᠬᠡ  ᠶᠢ ᠴᠡᠬᠡᠷᠯᠡᠨ᠂ ᠴᠡᠭᠡ ᠰᠤᠪᠢᠯᠠᠯᠳᠠ ᠶᠢᠨ ᠬᠤᠭᠤᠴᠠᠭᠠᠨ ᠳᠠᠭᠠᠨ ᠰᠡᠳᠬᠢᠯ ᠳᠠᠭᠠᠭᠠᠯᠠᠮᠵᠢᠳᠠᠢ ᠭᠠᠵᠠᠷ ᠰᠤᠪᠢᠯᠠᠵᠦ᠂ ᠳᠤᠯᠠᠭᠠᠨ ᠤᠷᠴᠢᠨ ᠳᠤ ᠢᠯᠡᠬᠦᠦ ᠠᠯᠬᠤᠯᠠᠨ᠂ ᠬᠦᠯᠦᠰᠦ ᠭᠠᠷᠬᠤ ᠶᠢᠨ ᠳᠡᠳᠦᠢ ᠪᠡᠶ᠎ᠡ ᠶᠢᠨ ᠬᠦᠳᠡᠯᠬᠡᠬᠡᠨ ᠬᠢᠪᠡᠯ ᠰᠠᠶᠢᠨ᠃     3. ᠡᠮ ᠤᠨ ᠳᠠᠯ᠎ᠠ ᠪᠠᠷ ᠴᠡᠭᠡ ᠤᠤᠭᠤᠵᠦ ᠪᠠᠶᠢᠬᠤ ᠬᠤᠭᠤᠴᠠᠭᠠᠨ ᠳᠤ ᠴᠡᠭᠡ ᠶᠢᠨ ᠪᠦᠷᠢᠯᠳᠦᠬᠦᠨ ᠲᠠᠢ ᠬᠠᠷᠰᠢᠬᠤ ᠡᠮ ᠪᠤᠶᠤ ᠬᠡᠳᠦᠷᠬᠡᠢ ᠰᠡᠷᠢᠬᠦᠳᠡᠬᠦᠯᠬᠦ ᠬᠡᠢ ᠡᠬᠦᠰᠬᠡᠬᠦ ᠡᠮ ᠢ ᠤᠤᠭᠤᠵᠦ ᠪᠤᠯᠬᠤ ᠦᠬᠡᠢ᠃     4. ᠵᠠᠰᠠᠯ ᠤᠨ ᠳᠠᠯ᠎ᠠ ᠪᠠᠷ ᠬᠡᠪᠡᠯᠢ ᠶᠢᠨ ᠳᠤᠭᠤᠯᠠᠪᠤᠷᠢ᠂ ᠬᠠᠨᠠᠬᠤ ᠳᠦᠬᠡᠨᠡᠬᠦ ᠵᠠᠰᠠᠯ᠂ ᠰᠡᠪᠰᠤᠯᠡᠬᠦ ᠵᠡᠷᠬᠡ ᠵᠠᠰᠠᠯ ᠶᠢ ᠬᠢᠬᠦ ᠶᠢ ᠳᠠᠰᠤ ᠴᠡᠬᠡᠷᠯᠡᠨ᠎ᠡ᠃     ᠴᠡᠭᠡ ᠵᠠᠰᠠᠯ ᠤᠨ ᠡᠮᠴᠢᠯᠡᠬᠡᠨ ᠤ ᠬᠤᠭᠤᠴᠠᠭ᠎ᠠ ᠪᠠ ᠤᠤᠭᠤᠬᠤ ᠠᠷᠭ᠎ᠠ᠄     ᠴᠡᠭᠡ ᠤᠤᠭᠤᠵᠦ ᠡᠪᠡᠳᠴᠢᠨ ᠵᠠᠰᠠᠬᠤ ᠳᠤ ᠤᠯᠠᠩᠬᠢ ᠳᠠᠭᠠᠨ 14 ᠡᠳᠦᠷ᠂ 21 ᠡᠳᠦᠷ᠂ 28 ᠡᠳᠦᠷ ᠢᠶᠠᠷ ᠡᠮᠴᠢᠯᠡᠬᠡᠨ ᠤ ᠬᠤᠭᠤᠴᠠᠭ᠎ᠠ ᠪᠤᠯᠭᠠᠨ ᠡᠮᠴᠢᠯᠡᠳᠡᠭ᠃ ᠡᠩ ᠤᠨ ᠪᠠᠶᠢᠳᠠᠯ ᠳᠤ᠂ ᠡᠳᠦᠷ ᠲᠤ ᠨᠢᠭᠡ ᠤᠳᠠᠭ᠎ᠠ᠂ ᠤᠳᠠᠭ᠎ᠠ ᠪᠦᠷᠢ 500ml — 1000ml ᠤᠷᠴᠢᠮ ᠴᠡᠭᠡ ᠤᠤᠭᠤᠨ᠎ᠠ᠃ ᠬᠡᠪᠡᠴᠦ ᠵᠠᠷᠢᠮ ᠦᠶᠡᠰ ᠲᠤ ᠴᠡᠭᠡ ᠤᠤᠭᠤᠬᠤ ᠬᠡᠮᠵᠢᠶ᠎ᠡ ᠶᠢ ᠪᠡᠶ᠎ᠡ ᠮᠠᠬᠠᠪᠤᠳ ᠤᠨ ᠬᠢᠨᠢ ᠪᠠᠶᠢᠳᠠᠯ ᠢ ᠦᠨᠳᠦᠰᠦᠯᠡᠨ ᠵᠤᠬᠢᠬᠤ ᠬᠡᠮᠵᠢᠶ᠎ᠡ ᠪᠠᠷ ᠨᠡᠮᠡᠬᠦ ᠪᠤᠶᠤ ᠬᠠᠰᠤᠵᠦ ᠪᠤᠯᠤᠨ᠎ᠠ᠃ ᠶᠡᠷᠦᠳᠡᠬᠡᠨ ᠴᠡᠭᠡ ᠤᠤᠭᠤᠭᠰᠠᠨ ᠤ ᠳᠠᠷᠠᠭ᠎ᠠ ᠬᠦᠯᠦᠰᠦ ᠠᠷᠪᠢᠨ ᠭᠠᠷᠴᠤ᠂ ᠳᠤᠷᠤᠭᠰᠢ ᠪᠠᠭ᠎ᠠ ᠳᠤᠭᠤᠯᠠᠭᠤᠯᠬᠤ ᠪᠠ ᠰᠢᠬᠡᠰᠦ ᠤᠯᠠᠨ ᠪᠤᠯᠪᠠᠯ ᠰᠠᠶ᠋ᠢ ᠡᠮᠴᠢᠯᠡᠬᠡᠨ ᠤ ᠦᠷ᠎ᠡ ᠳ᠋ᠦᠩ ᠳᠤ ᠬᠦᠷᠦᠭᠰᠡᠨ ᠬᠡᠵᠦ ᠦᠵᠡᠳᠡᠭ      ᠨᠡᠡ ᠵᠢᠯ ᠮᠠᠨ ᠤ ᠡᠮᠨᠡᠯᠬᠡ ᠶᠢᠨ ᠬᠤᠷᠢᠶᠠᠨ ᠤ ᠴᠡᠭᠡ ᠵᠠᠰᠠᠯ ᠬᠢᠭᠰᠡᠨ ᠡᠪᠡᠳᠴᠢᠳᠡᠨ 4252 ᠬᠦᠮᠦᠨ ᠣᠳᠠᠭ᠎ᠠ ᠬᠦᠷᠴᠤ᠂ ᠡᠭᠦᠨ ᠳᠤ ᠴᠢᠰᠤᠨ ᠳᠠᠷᠤᠯᠳᠠ ᠦᠨᠳᠦᠷ ᠡᠪᠡᠳᠴᠢᠳᠡᠨ 510 ᠬᠦᠮᠦᠨ ᠣᠳᠠᠭ᠎ᠠ᠂ ᠵᠢᠷᠦᠬᠡᠨ  ᠤ ᠳᠢᠳᠢᠮ ᠰᠤᠳᠠᠯ ᠤᠨ ᠬᠠᠲᠠᠭᠤᠷᠠᠯ ᠤᠨ ᠡᠪᠡᠳᠴᠢᠳᠡᠨ 90 ᠬᠦᠮᠦᠨ ᠣᠳᠠᠭ᠎ᠠ᠂ ᠴᠢᠰᠤᠨ ᠤ ᠦᠬᠡᠬᠦ ᠦᠨᠳᠦᠷ ᠡᠪᠡᠳᠴᠢᠳᠡᠨ 180 ᠬᠦᠮᠦᠨ ᠣᠳᠠᠭ᠎ᠠ᠂ ᠰᠢᠬᠢᠷ ᠰᠢᠵᠢᠩ ᠡᠪᠡᠳᠴᠢᠳᠡᠨ 85 ᠬᠦᠮᠦᠨ ᠣᠳᠠᠭ᠎ᠠ᠂ ᠬᠤᠳᠣᠭᠤᠳᠦᠨ ᠤ ᠬᠡᠢ ᠰᠢᠷ᠎ᠠ ᠶᠢᠨ ᠡᠪᠡᠳᠴᠢᠳᠡᠨ 231 ᠬᠦᠮᠦᠨ ᠣᠳᠠᠭ᠎ᠠ᠂ ᠲᠤᠯᠠᠢ᠂ ᠦᠶ᠎ᠡ ᠬᠡᠰᠢᠬᠦᠨ ᠤ ᠡᠪᠡᠳᠴᠢᠳᠡᠨ 94 ᠬᠦᠮᠦᠨ ᠣᠳᠠᠭ᠎ᠠ᠂ ᠡᠯᠢᠭᠡ ᠰᠦᠰᠦᠨ ᠤ ᠬᠠᠯᠠᠭᠤᠨ ᠳᠤ 63 ᠬᠦᠮᠦᠨ ᠣᠳᠠᠭ᠎ᠠ᠂ ᠠᠭᠤᠰᠬᠢᠨ ᠬᠠᠯᠠᠭᠤᠨ ᠳᠤ 42 ᠬᠦᠮᠦᠨ ᠤᠳᠠᠭ᠎ᠠ᠂ ᠬᠠᠷᠰᠢᠮᠠᠲᠠᠭᠠᠢ ᠡᠪᠡᠳᠴᠢᠳᠡᠨ 21 ᠬᠦᠮᠦᠨ ᠣᠳᠠᠭ᠎ᠠ᠂ ᠦᠬᠡᠷ ᠢᠯᠳᠦ 7 ᠬᠦᠮᠦᠨ ᠣᠳᠠᠭ᠎ᠠ᠂ ᠬᠤᠳᠦᠭᠤᠳᠦᠨ ᠤ ᠪᠣᠷᠣ ᠡᠪᠡᠳᠴᠢᠳᠡᠨ 35 ᠬᠦᠮᠦᠨ ᠣᠳᠠᠭ᠎ᠠ᠂ ᠨᠤᠶᠢᠷ ᠬᠤᠯᠵᠢᠬᠤ ᠡᠪᠡᠳᠴᠢᠳᠡᠨ 14 ᠬᠦᠮᠦᠨ ᠣᠳᠠᠭ᠎ᠠ᠂ ᠠᠷᠠᠰᠤᠨ ᠡᠰᠡᠷᠭᠡᠨ᠎ᠡ 60 ᠬᠦᠮᠦᠨ ᠣᠳᠠᠭ᠎ᠠ᠂ ᠵᠠᠯᠠᠭᠤ᠂ ᠬᠡᠤᠬᠡᠨᠴᠤᠳ ᠤᠨ ᠪᠡᠶ᠎ᠡ ᠭᠤᠸᠠᠵᠢᠭᠤᠯᠬᠤ᠂ ᠨᠠᠰᠤᠲᠠᠶᠢᠴᠤᠳ ᠤᠨ ᠪᠡᠶ᠎ᠡ ᠲᠠᠮᠢᠷᠵᠢᠭᠤᠯᠬᠤ 2800 ᠭᠠᠷᠦᠢ ᠬᠦᠮᠦᠨ ᠣᠳᠠᠭ᠎ᠠ ᠳᠤ ᠬᠦᠷᠦᠭᠰᠡᠨ ᠪᠠᠶᠢᠨ᠎ᠠ᠃ ᠡᠭᠦᠨ ᠳᠤ ᠠᠩᠬ᠎ᠠ ᠠᠯᠬᠤᠮ ᠤᠶᠢᠯᠭᠠᠭᠰᠠᠨ ᠪᠠᠷ ᠴᠢᠰᠤᠨ ᠳᠠᠷᠤᠯᠳᠠ ᠦᠨᠳᠦᠷ ᠡᠪᠡᠳᠴᠢᠨ ᠤ ᠭᠤᠷᠪᠠᠳᠦᠭᠠᠷ ᠬᠤᠭᠤᠴᠠᠭᠠᠨ ᠤ ᠡᠪᠡᠳᠴᠢᠳᠡᠨ ᠳᠤ ᠦᠢᠯᠡᠳᠦᠯ ᠢᠶᠠᠷ ᠲᠡᠮᠡᠢ ᠲᠣᠳᠦᠷᠠᠬᠠᠢ ᠦᠭᠡᠢ ᠵᠡᠷᠭᠡ ᠪᠠᠶᠢᠳᠠᠯ ᠭᠠᠷᠭᠠᠪᠡᠯ ᠪᠤᠰᠤᠳ ᠬᠤᠭᠤᠴᠠᠭ᠎ᠠ ᠳᠤᠨᠢ ᠦᠢᠯᠡᠳᠦᠯ ᠢᠶᠠᠷ ᠨᠡᠯᠢᠶᠡᠳ ᠰᠠᠶᠢᠨ᠂ ᠰᠠᠶᠢᠵᠢᠷᠠᠯᠲᠠ ᠶᠢᠨ ᠨᠤᠷᠮ᠎ᠠ 83% ᠬᠦᠷᠴᠤ᠂ ᠤᠤᠭᠤᠬᠤ ᠪᠠᠨ ᠵᠣᠭᠰᠤᠭᠰᠠᠠᠨ ᠤ ᠲᠠᠷᠠᠭ᠎ᠠ ᠴᠢᠰᠤᠨ ᠳᠠᠷᠤᠯᠳᠠ ᠤᠷᠲᠦ ᠬᠤᠭᠤᠴᠠᠭ᠎ᠠ ᠳᠣᠭᠳᠠᠪᠦᠷᠢᠳᠠᠢ ᠪᠠᠶᠢᠨ᠎ᠠ᠃ ᠴᠢᠰᠤᠨ ᠤ ᠦᠬᠡᠬᠦ ᠦᠨᠳᠦᠷ ᠵᠢᠴᠢ ᠴᠢᠰᠤᠨ ᠤ ᠰᠢᠬᠢᠷ ᠦᠨᠳᠦᠷ ᠤᠨ ᠪᠠᠭᠤᠷᠠᠯᠲᠠ ᠶᠢᠨ ᠪᠠᠶᠢᠳᠠᠯ ᠨᠡᠯᠢᠶᠡᠳ ᠢᠯᠡᠷᠭᠡᠢ ᠪᠠᠶᠢᠵᠤ᠂ ᠰᠠᠶᠢᠵᠢᠷᠠᠯᠲᠠ ᠶᠢᠨ ᠨᠤᠷᠮ᠎ᠠ 85% ᠳᠡᠭᠡᠭᠰᠢ ᠪᠠᠶᠢᠨ᠎ᠠ᠃ ᠭᠠᠯ ᠤᠨ ᠢᠯᠴᠢ  ᠶᠢ ᠳᠡᠭᠰᠢᠳᠬᠡᠵᠦ᠂ ᠳᠤᠩᠭᠠᠯᠠᠭ ᠴᠦᠪ ᠢ ᠢᠯᠭᠠᠵᠦ᠂ ᠳᠤᠩᠭᠠᠯᠠᠭ ᠢ ᠤᠷᠤᠨ ᠳᠤᠨᠢ ᠤᠷᠤᠭᠤᠯᠵᠦ᠂ ᠰᠢᠨ᠎ᠡ ᠬᠠᠭᠤᠴᠢᠨ ᠤ ᠰᠤᠯᠢᠯᠴᠠᠭ᠎ᠠ ᠶᠢ ᠰᠠᠶᠢᠵᠢᠷᠠᠭᠤᠯᠵᠦ᠂ ᠠᠷᠠᠰᠤ ᠶᠢ ᠵᠦᠭᠡᠯᠡᠷᠡᠭᠦᠯᠬᠦ ᠵᠡᠷᠭᠡ ᠦᠢᠯᠡᠳᠦᠯ ᠠᠴᠠ ᠪᠤᠯᠵᠤ᠂ ᠬᠤᠳᠦᠭᠤᠳᠦ᠂ ᠡᠯᠢᠭᠡ᠂ ᠰᠦᠰᠦᠨ ᠤ ᠬᠠᠯᠠᠭᠤᠨ᠂ ᠮᠢᠬᠠᠨ ᠤ ᠬᠤᠤᠷ᠂ ᠬᠠᠷᠰᠢᠮᠠᠲᠠᠭᠠᠢ ᠡᠪᠡᠳᠴᠢᠨ᠂ ᠠᠷᠠᠰᠤᠨ ᠡᠰᠡᠷᠭᠡᠨ᠎ᠡ᠂ ᠬᠤᠳᠦᠭᠤᠳᠦᠨ ᠤ ᠪᠣᠷᠣ᠂ ᠦᠶ᠎ᠡ ᠬᠡᠰᠢᠬᠦᠨ ᠤ ᠡᠪᠡᠳᠴᠢᠨ ᠵᠡᠷᠭᠡ ᠦᠢᠯᠡᠳᠦᠯ ᠰᠠᠶᠢᠨ ᠪᠠᠶᠢᠵᠣ᠂ ᠨᠤᠶᠢᠷ ᠢ ᠰᠠᠶᠢᠵᠢᠷᠠᠭᠤᠯᠵᠦ᠂ ᠬᠤᠤᠷᠳᠠᠯᠭ᠎ᠠ ᠶᠢ ᠳᠠᠶᠢᠯᠵᠦ᠂ ᠴᠢᠰᠤᠨ ᠳᠠᠮᠢᠷ ᠢ ᠨᠦᠬᠦᠬᠦ ᠪᠠ ᠴᠤᠭ ᠰᠦᠯᠳᠡ ᠶᠢ ᠨᠡᠮᠡᠭᠳᠡᠭᠦᠯᠵᠦ᠂ ᠲᠤᠯᠠᠢ᠂ ᠨᠤᠶᠢᠷ ᠬᠤᠯᠵᠢᠬᠤ ᠡᠪᠡᠳᠴᠢᠨ ᠵᠢᠴᠢ ᠵᠠᠯᠠᠭᠤ᠂ ᠬᠡᠤᠬᠡᠨᠴᠤᠳ ᠤᠨ ᠪᠡᠶ᠎ᠡ ᠭᠤᠸᠠᠵᠢᠭᠤᠯᠬᠤ ᠂ ᠨᠠᠰᠤᠲᠠᠶᠢᠴᠤᠳ ᠤᠨ ᠪᠡᠶ᠎ᠡ ᠲᠠᠮᠢᠷᠵᠢᠭᠤᠯᠬᠤ ᠵᠢᠴᠢ ᠡᠪᠡᠳᠴᠢᠨ ᠡᠰᠡᠷᠭᠦᠴᠡᠬᠦ ᠴᠢᠳᠠᠪᠦᠷᠢ ᠶᠢ ᠨᠡᠮᠡᠭᠳᠡᠭᠦᠯᠬᠦ ᠪᠠᠶᠢᠭᠠᠯᠢᠯᠢᠭ ᠤᠮᠳᠠᠭᠠᠨ ᠮᠦᠨ ᠭᠡᠰᠡᠨ ᠢ ᠡᠮᠴᠢᠯᠡᠭᠡᠨ ᠤ ᠳᠤᠮᠳᠠ ᠨᠤᠲᠠᠯᠠᠭᠰᠠᠨ ᠶᠣᠮ᠃       ᠨᠡᠶᠢᠲᠡᠯᠢᠭ ᠵᠢᠱᠢᠶ᠎ᠡ 1᠂ ᠡᠪᠡᠳᠴᠢᠲᠡᠨ ᠴᠠ᠊ ××᠂ ᠡᠷᠡᠭᠲᠡᠢ᠂ 55 ᠨᠠᠰᠤᠲᠠᠢ᠂ ᠮᠣᠩᠭᠤᠯ ᠦᠨᠳᠦᠰᠦᠲᠡᠨ᠂᠂ ᠪᠢᠯᠭᠦᠲᠠᠢ ᠪᠠᠯᠭᠠᠰᠤᠨ ᠤ ᠰᠠᠭᠤᠭᠠᠯᠢ᠃ ᠴᠢᠰᠤᠨ ᠤ ᠦᠬᠡᠬᠦ ᠦᠨᠳᠦᠷ᠂ ᠴᠢᠰᠤᠨ ᠲᠠᠷᠤᠯᠲᠠ ᠦᠨᠳᠦᠷᠵᠢᠵᠤ 8 ᠵᠢᠯ ᠪᠣᠯᠵᠠᠢ᠃ ᠡᠳᠦᠷ ᠲᠤ 1000 ml ᠢᠶᠠᠷ ᠬᠤᠷᠢᠨ ᠨᠠᠢᠮᠠᠨ ᠡᠳᠦᠷ ᠤᠤᠭᠤᠯᠭᠠᠵᠤ᠂ ᠦᠭᠡᠷ᠎ᠡ ᠵᠦᠢᠯ ᠤᠨ ᠡᠮ ᠬᠡᠷᠡᠭᠯᠡᠭᠰᠡᠨ ᠦᠭᠡᠢ ᠪᠠᠶᠢᠳᠠᠯ ᠳᠣᠤᠷ᠎ᠠ ᠴᠢᠰᠤᠨ ᠤ ᠬᠡᠮᠵᠢᠭᠳᠡᠯ ᠮᠡᠳᠡᠭᠳᠡᠮ᠎ᠡ ᠳᠤᠷᠤᠭᠰᠢᠯᠠᠵᠤ᠂ ᠴᠢᠰᠤᠨ ᠳᠠᠷᠣᠯᠲᠠ ᠨᠢ 160 / 110 mmHg ᠪᠠᠶᠢᠭᠰᠠᠨ ᠠᠴᠠ ᠪᠠᠨ 28 ᠡᠳᠦᠷ ᠴᠡᠭᠡ ᠤᠤᠭᠤᠭᠰᠠᠨ ᠤ ᠳᠠᠷᠠᠭ᠎ᠠ᠂ ᠡᠮ ᠤᠤᠭᠤᠭᠰᠠ ᠦᠭᠡᠢ ᠪᠠᠶᠢᠳᠠᠯ ᠳᠣᠣᠷ᠎ᠠ ᠡᠷᠡᠭᠦᠯ ᠤᠨ ᠬᠡᠮᠵᠢᠶ᠎ᠡ ᠲᠡᠭᠡᠨ ᠣᠷᠣᠭᠰᠠᠨ ᠪᠠᠶᠢᠨ᠎ᠠ᠂ ᠴᠡᠭᠡ ᠤᠤᠭᠤᠬᠤ ᠶᠢᠨ ᠵᠣᠭᠰᠤᠭᠰᠠᠨ ᠤ ᠳᠠᠷᠠᠭ᠎ᠠ ᠴᠢᠰᠤᠨ ᠳᠠᠷᠣᠯᠲᠠ ᠨᠢ ᠤᠷᠲᠦ ᠬᠤᠭᠤᠴᠠᠭ᠎ᠠ ᠪᠠᠷ ᠳᠣᠭᠲᠠᠪᠦᠷᠢᠲᠠᠢ ᠪᠠᠶᠢᠨ᠎ᠠ᠃      ᠨᠡᠶᠢᠲᠡᠯᠢᠭ ᠵᠢᠱᠢᠶ᠎ᠡ 2᠂ ᠡᠪᠡᠳᠴᠢᠲᠡᠨ ᠠ᠊ ××᠂ ᠡᠷᠡᠭᠲᠡᠢ᠂ 12 ᠨᠠᠰᠤᠲᠠᠢ᠂ ᠮᠣᠩᠭᠤᠯ ᠦᠨᠳᠦᠰᠦᠲᠡᠨ᠃ ᠦᠷᠭᠦᠯᠵᠢ ᠨᠢᠷᠣᠭᠤ ᠳᠠᠯᠤ ᠮᠦᠷᠦ ᠪᠠᠷ ᠨᠢ ᠤᠯᠠᠭᠠᠨ ᠪᠢᠵᠢᠷᠡᠤ ᠭᠠᠷᠵᠤ ᠶᠡᠬᠡᠳᠡ ᠵᠠᠭᠲᠣᠭᠠᠨᠠᠵᠤ᠂ ᠡᠮ ᠤᠤᠭᠤᠵᠤ᠂ ᠡᠮ ᠲᠦᠷᠬᠢᠭᠰᠡᠨ ᠴᠦ ᠳᠡᠮᠡᠢ ᠲᠣᠰᠠ ᠪᠤᠯᠬᠤ ᠦᠭᠡᠢ ᠠᠷᠠᠰᠣᠨ ᠤ ᠡᠰᠡᠷᠭᠡᠨ᠎ᠡ ᠳᠤ 21 ᠡᠳᠦᠷ ᠴᠡᠭᠡ ᠤᠣᠯᠭᠤᠭᠠᠳ ᠤᠯᠠᠭᠠᠨ ᠪᠢᠵᠢᠷᠡᠤ ᠪᠠᠶᠢᠬᠤ ᠦᠭᠡᠢ ᠪᠣᠯᠵᠤ᠂ ᠵᠠᠭᠲᠦᠭᠠᠨᠠᠬᠤ ᠵᠡᠷᠭᠡ ᠢᠯᠡᠷᠡᠯ ᠦᠭᠡᠢ ᠪᠤᠯᠵᠤ᠂ ᠳᠠᠬᠢᠵᠤ ᠬᠦᠳᠡᠯᠤᠭ᠍ᠰᠡᠨ ᠦᠭᠡᠢ᠃      ᠮᠦᠨᠴᠣ ᠴᠡᠭᠡ ᠶᠢᠨ ᠵᠢᠰᠦ ᠭᠤᠶᠣᠯᠠᠬᠤ ᠲᠠᠯ᠎ᠠ ᠪᠠᠷ ︽ᠴᠡᠭᠡ ᠶᠢᠨ ᠠᠷᠠᠰᠤ ᠬᠦᠷᠦᠰᠣ ᠶᠢ ᠵᠦᠭᠡᠯᠡᠷᠡᠭᠦᠯᠦᠨ᠂ ᠴᠤᠭ ᠰᠦᠯᠳᠡ᠂ ᠦᠩᠭᠡ ᠵᠢᠪᠬᠤᠯᠠᠩ ᠲᠠᠢ ᠪᠤᠯᠭᠠᠬᠤ ᠦᠢᠯᠡᠳᠦᠯ ︾ ᠠᠴᠠ ᠪᠠᠨ ᠪᠤᠯᠵᠤ᠂ 14 — 21 ᠬᠤᠨᠤᠭ᠂ ᠡᠳᠦᠷ ᠲᠤ 500 — 1000ml ᠤᠤᠭᠤᠪᠠᠯ᠂ ᠴᠠᠷᠠᠢ ᠶᠢᠨ ᠦᠩᠭᠡ ᠰᠢᠩᠭᠡᠷᠡᠵᠤ᠂ ᠴᠢᠰᠤᠨ ᠤ ᠭᠦᠶᠦᠳᠡᠯ ᠰᠠᠶᠢᠵᠢᠷᠠᠨ᠂ ᠴᠤᠭ ᠵᠢᠪᠬᠤᠯᠠᠩ ᠲᠠᠢ ᠪᠣᠯᠵᠤ᠂ ᠨᠡᠩ ᠣᠯᠠᠨ ᠬᠦᠮᠦᠰ ᠤᠨ ᠬᠠᠯᠠᠭᠤᠨ ᠬᠦᠷᠢᠶᠡᠯᠡᠯ ᠣᠯᠣᠭᠰᠠᠨ ᠪᠠᠶᠢᠨ᠎ᠠ᠃       ᠶᠡᠷᠦᠩᠬᠡᠶᠢᠯᠡᠪᠡᠯ ᠴᠡᠭᠡ ᠵᠠᠰᠠᠯ ᠪᠤᠯ ᠮᠤᠩᠭᠤᠯ ᠡᠮᠨᠡᠯᠬᠡ ᠶᠢᠨ ᠤᠯᠠᠮᠵᠢᠯᠠᠯᠳᠤ ᠢᠳᠡᠬᠡᠨ ᠤᠮᠳᠠᠭᠠᠨ ᠤ ᠵᠠᠰᠠᠯ ᠪᠤᠯᠬᠤ᠂ ᠮᠦᠷᠳᠡᠬᠡᠨ ᠪᠠᠶᠢᠭᠠᠯᠢᠯᠢᠭ ᠵᠠᠰᠠᠯ ᠪᠤᠯᠤᠨ᠎ᠠ᠃ ᠬᠦᠮᠦᠰ ᠵᠤᠨ ᠨᠠᠮᠤᠷ ᠤᠨ ᠤᠯᠠᠷᠢᠯ ᠳᠤ ᠵᠤᠬᠢᠬᠤ ᠬᠡᠮᠵᠢᠶᠡᠨ  ᠤ ᠴᠡᠭᠡ ᠤᠤᠭᠤᠬᠤ ᠨᠢ ᠡᠪᠡᠳᠴᠢᠨ ᠡᠮᠬᠡᠭ ᠢ ᠰᠡᠷᠬᠡᠶᠢᠯᠡᠨ ᠡᠮᠨᠡᠵᠦ ᠴᠢᠳᠠᠬᠤ ᠮᠦᠷᠳᠡᠬᠡᠨ ᠡᠷᠡᠬᠦᠯ ᠬᠦᠮᠦᠨ ᠵᠢᠯ ᠪᠤᠯᠭᠠᠨ ᠳᠤᠭᠳᠠᠭᠰᠠᠨ ᠬᠤᠭᠤᠴᠠᠭ᠎ᠠ ᠲᠠᠢ ᠴᠡᠭᠡ ᠤᠤᠭᠤᠬᠤ ᠨᠢ ᠪᠡᠶ᠎ᠡ ᠮᠠᠬᠠᠪᠤᠳ ᠢ ᠳᠡᠭᠰᠢᠳᠬᠡᠨ᠂ ᠳᠠᠮᠢᠷ ᠢ ᠰᠡᠯᠪᠢᠵᠦ᠂ ᠢᠳᠡᠬᠡᠨ ᠤᠮᠳᠠᠭᠠᠨ ᠤ ᠬᠤᠤᠷ ᠢ ᠠᠷᠢᠯᠭᠠᠨ᠂ ᠡᠷᠡᠬᠦᠯ ᠪᠠᠶᠢᠬᠤ ᠶᠢᠨ ᠪᠠᠳᠤᠯᠭ᠎ᠠ ᠶᠢ ᠬᠠᠩᠭᠠᠵᠦ ᠪᠤᠯᠤᠨ᠎ᠠ ᠃ ᠢᠯᠠᠩᠭᠤᠶ᠎ᠠ ᠬᠦᠮᠦᠨ ᠳᠦᠷᠦᠯᠬᠢᠳᠡᠨ ᠪᠠᠺᠲ᠋ᠧᠷᠢ ᠶᠢ ᠡᠰᠡᠷᠬᠦᠴᠡᠬᠦ ᠡᠮ ᠵᠡᠷᠬᠡ ᠡᠮᠳᠦ ᠪᠤᠳᠠᠰ ᠤᠨ ᠬᠤᠤᠷ ᠬᠦᠨᠦᠬᠡᠯ ᠪᠤᠯᠤᠨ ᠢᠳᠡᠬᠡᠨ ᠤᠮᠳᠠᠭᠠᠨ ᠤ ᠦᠢᠯᠡᠳᠪᠦᠷᠢᠯᠡᠯ ᠤᠨ ᠶᠠᠪᠤᠴᠠ ᠳᠤᠮᠳᠠ ᠡᠬᠦᠰᠦᠭᠰᠡᠨ ᠬᠤᠤᠷ ᠬᠦᠨᠦᠬᠡᠯᠳᠤ ᠪᠤᠳᠠᠰ ᠢ ᠤᠯᠠᠮ ᠳᠤᠳᠤ ᠳᠠᠨᠢᠨ ᠠᠩᠬᠠᠷᠬᠤ ᠪᠤᠯᠤᠭᠰᠠᠨ ᠦᠨᠦᠳᠦᠷ᠂ ᠨᠡᠶᠢᠬᠡᠮ ᠳᠤ ᠡᠶᠢᠮᠦᠷᠬᠦ ᠦᠨᠳᠦᠷ ᠡᠮᠴᠢᠯᠡᠬᠡᠨ ᠤ ᠦᠷ᠎ᠡ ᠠᠰᠢᠭ ᠲᠠᠢ ᠪᠠᠶᠢᠭᠠᠯᠢᠯᠢᠭ ᠡᠮ ᠵᠠᠰᠠᠯ ᠨᠢ ᠬᠦᠮᠦᠰ ᠤᠨ ᠠᠩᠬᠠᠷᠤᠯ ᠢ ᠶᠡᠭᠡ ᠳᠠᠳᠠᠬᠤ ᠪᠤᠯᠤᠭᠰᠠᠨ ᠪᠠᠶᠢᠨ᠎ᠠ᠃ ᠳᠡᠶᠢᠮᠦ ᠪᠤᠯᠬᠤᠷ ᠮᠤᠩᠭᠤᠯ ᠠᠨᠠᠭᠠᠬᠤ ᠤᠬᠠᠭᠠᠨ ᠤ ᠴᠡᠭᠡ ᠵᠠᠰᠠᠯ ᠨᠢ ᠤᠯᠠᠮ ᠦᠷᠬᠡᠨ ᠬᠦᠭᠵᠢᠬᠦ ᠬᠠᠨᠳᠤᠰᠢ ᠲᠠᠢ ᠪᠦᠬᠡᠳ ᠰᠢᠨᠵᠢᠯᠡᠬᠦ ᠤᠬᠠᠭᠠᠨᠴᠢ ᠪᠠᠷ ᠦᠷᠬᠡᠨ ᠢᠶᠠᠷ ᠬᠡᠷᠡᠭᠯᠡᠪᠡᠯ ᠵᠤᠬᠢᠬᠤ ᠤᠯᠠᠮᠵᠢᠯᠠᠯᠳᠤ ᠢᠳᠡᠬᠡᠨ ᠤᠮᠳᠠᠭᠠᠨ ᠤ ᠵᠠᠰᠠᠯ ᠪᠤᠯᠤᠨ᠎ᠠ᠃ ︵ᠮᠦᠩᠬᠡᠪᠠᠶᠠᠷ︶
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号