ᠪᠤᠭ ᠮᠠᠯ ᠤᠨ ᠭᠡᠮ ᠢ ᠤᠷᠢᠳᠴᠢᠯᠡᠨ ᠮᠡᠳᠡᠬᠦ ᠠᠷᠭ᠎ᠠ ᠨᠤᠭᠤᠳ
ᠨᠡᠶᠢᠲᠡᠯᠡᠭᠰᠡᠨ ᠴᠠᠭ᠄
2016/12/28
    ᠡᠪᠤᠯ ᠬᠠᠪᠤᠷ ᠤᠨ ᠠᠭᠤᠷ ᠠᠮᠰᠬᠤᠯ ᠤᠨ ᠬᠤᠪᠢᠷᠠᠯᠳᠠ ᠪᠤᠯᠤᠨ ᠡᠪᠡᠰᠥ ᠪᠡᠯᠴᠢᠭᠡᠷ ᠤᠨ ᠮᠠᠭᠤᠳᠠᠬᠤ ᠶᠢ ᠳᠠᠭᠠᠯᠳᠤᠨ ᠮᠠᠯ ᠤᠨᠤᠭ᠎ᠠ ᠴᠤ ᠬᠢᠯᠪᠠᠷᠬᠠᠨ ᠭᠡᠮ ᠬᠢᠵᠢᠭ ᠲᠤ ᠨᠡᠷᠪᠡᠭᠳᠡᠳᠡᠭ ᠨᠢ ᠶᠠᠷᠢᠶᠠᠨ ᠥᠭᠡᠢ᠂ ᠮᠥᠨ ᠴᠤ ᠮᠠᠯ  ᠤᠨ ᠳᠠᠷᠭᠤ ᠬᠥᠴᠥ ᠶᠢ ᠪᠠᠳᠤᠯᠠᠬᠤ ᠠᠷᠠᠴᠢᠯᠠᠭ᠎ᠠ ᠮᠠᠯᠯᠠᠭ᠎ᠠ ᠶᠢᠨ ᠠᠵᠢᠯ ᠴᠤ ᠳᠤᠩ ᠴᠢᠬᠤᠯᠨ ᠪᠤᠯᠬᠤ ᠶᠤᠮ᠃ ᠡᠶᠢᠮᠥ ᠠᠴᠠ ᠮᠠᠯ ᠤᠨ ᠭᠡᠮ ᠬᠢᠵᠢᠭ ᠢ ᠤᠷᠢᠳᠴᠢᠯᠨᠨ ᠰᠡᠷᠭᠡᠶᠢᠯᠡᠵᠥ ᠮᠡᠳᠡᠵᠥ ᠠᠪᠬᠤ ᠴᠢᠬᠤᠯᠠᠳᠠᠢ᠄     1. ᠪᠤᠭ ᠮᠠᠯ ᠤᠨ ᠳᠠᠭᠤ ᠶᠢ ᠠᠩᠬᠠᠷᠤᠨ᠎ᠠ᠃ ᠮᠠᠯ ᠬᠤᠳᠠᠯᠠᠭᠰᠠᠨ ᠤ ᠳᠠᠷᠠᠭ᠎ᠠ ᠭᠡᠪᠢᠵᠥ ᠡᠬᠢᠯᠡᠳᠡᠭ ᠶᠤᠮ᠃ ᠡᠨ᠋ᠨ ᠥᠶ᠎ᠡ ᠳᠤ ᠬᠤᠨᠢ ᠢᠮᠠᠭ᠎ᠠ ᠠᠮᠢᠰᠬᠤᠭ᠎ᠠ ᠳᠠᠪᠬᠤᠴᠠᠵᠥ ᠬᠠᠨᠢᠶᠠᠬᠤ ᠪᠤᠶᠤ ᠠᠮᠢᠰᠬᠤᠯ ᠪᠥᠭᠯᠡᠷᠡᠬᠦ ᠳᠠᠭᠤᠨ ᠭᠠᠷᠴᠥ ᠪᠠᠶᠢᠪᠠᠯ ᠳᠠᠷᠤᠢ ᠮᠥᠭᠡᠷᠰᠤᠨ ᠬᠤᠭᠤᠯᠠᠢ ᠶᠢᠨ ᠥᠷᠪᠢᠰᠥᠯ ᠲᠠᠢ ᠪᠤᠯᠤᠭᠰᠠᠨ ᠪᠠ ᠡᠰᠡᠬᠦᠯ᠎ᠠ ᠠᠭᠤᠰᠬᠢ ᠳᠤᠨᠢ ᠭᠡᠮ ᠲᠠᠢ ᠪᠤᠯᠤᠭᠰᠠᠨ ᠪᠠᠶᠢᠵᠥ ᠮᠡᠳᠡᠨ᠎ᠠ᠃ ᠳᠤᠳᠤᠷ ᠡᠷᠭᠡᠳᠠᠨ ᠨᠢ ᠭᠡᠮᠳᠥᠭᠰᠠᠨ ᠪᠠᠶᠢᠪᠠᠯ ᠪᠥᠭᠰᠢᠨ ᠬᠠᠨᠢᠶᠠᠵᠥ ᠡᠬᠢᠯᠡᠳᠡᠭ᠃     2. ᠭᠡᠪᠳᠡᠷᠢ ᠶᠢ ᠨᠢ ᠪᠠᠶᠢᠴᠠᠭᠠᠨ ᠥᠵᠡᠬᠦ᠃ ᠪᠤᠭ ᠮᠠᠯ ᠢ ᠪᠡᠯᠴᠢᠭᠡᠷ ᠲᠤ ᠭᠠᠷᠭᠠᠭᠰᠠᠨ ᠤ ᠳᠠᠷᠠᠭ᠎ᠠ ᠭᠡᠪᠳᠡᠷᠢ  ᠶᠢ ᠨᠢ ᠪᠠᠶᠢᠴᠠᠭᠠᠨ ᠥᠵᠡᠵᠥ ᠭᠡᠷᠪᠡ ᠪᠠᠭᠠᠰᠥ ᠨᠢ ᠪᠥᠭᠡᠷᠡᠩᠬᠡᠢ ᠬᠥᠯᠢᠭᠡᠷ ᠰᠢᠭ ᠪᠠᠶᠢᠪᠠᠯ ᠭᠡᠮᠨᠡᠭᠰᠠᠨ ᠥᠭᠡᠢ ᠪᠠᠶᠢᠵᠥ᠂ ᠭᠡᠷᠪᠡ ᠴᠢᠰᠥ ᠲᠠᠢ᠂ ᠰᠢᠩᠭᠡᠨ ᠨᠢᠯᠴᠠᠭᠠᠢ ᠪᠠᠷ ᠪᠠᠭᠠᠵᠥ ᠪᠠᠶᠢᠪᠠᠯ ᠳᠡᠵᠢᠭᠡᠯ ᠪᠤᠯᠪᠠᠰᠤᠷᠠᠭᠤᠯᠬᠤ ᠡᠷᠭᠡᠳᠠᠨ ᠨᠢ ᠭᠡᠮᠨᠡᠭᠰᠠᠨ ᠪᠠᠶᠢᠵᠥ ᠮᠡᠳᠠᠨ᠎ᠠ᠃     3. ᠬᠤᠨᠢ ᠭᠡᠮᠨᠡᠪᠡᠯ ᠰᠥᠷᠥᠭ ᠠᠴᠠ ᠪᠠᠨ ᠰᠠᠯᠵᠥ ᠭᠠᠭᠴᠠᠭᠠᠷ ᠬᠤᠴᠤᠷᠠᠵᠥ ᠶᠠᠪᠤᠳᠠᠭ᠃     4. ᠢᠳᠡᠰᠢᠯᠡᠵᠥ ᠪᠠᠶᠢᠬᠤ ᠶᠢ ᠠᠩᠬᠠᠷᠬᠤ᠂ ᠵᠠᠷᠢᠮ ᠬᠤᠨᠢ ᠡᠪᠡᠰᠥᠨ ᠤ ᠥᠵᠥᠬᠦᠷ ᠢ ᠢᠳᠡᠵᠥ ᠪᠠᠶᠢᠪᠠᠴᠥ ᠵᠠᠯᠬᠢᠬᠤ ᠥᠭᠡᠢ ᠪᠠᠶᠢᠵᠥ᠂ ᠪᠠᠰᠨ ᠵᠠᠷᠢᠮ ᠨᠢ ᠭᠡᠳᠥ ᠶᠥᠷᠭᠡᠵᠥ ᠡᠷᠬᠢᠬᠦᠳᠤᠨ ᠵᠤᠭᠰᠤᠳᠠᠭ ᠶᠤᠮ᠃     ᠠᠷᠠᠴᠢᠯᠠᠵᠥ ᠪᠠᠶᠢᠭ᠎ᠠ ᠪᠤᠭ ᠮᠠᠯ ᠤᠳ ᠴᠢᠨᠢ ᠳᠡᠭᠡᠷ᠎ᠡ ᠳᠤᠷᠠᠳᠤᠭᠰᠠᠨ ᠡᠳᠡᠭᠡᠷ ᠢᠯᠡᠷᠡᠯ ᠭᠠᠷᠴᠥ ᠪᠠᠶᠢᠪᠠᠯ ᠳᠠᠷᠤᠶᠢᠬᠠᠨ ᠠᠷᠭ᠎ᠠ ᠭᠡᠮᠵᠢᠶ᠎ᠠ ᠠᠪᠴᠥ ᠡᠮᠨᠡᠨ ᠵᠠᠰᠠᠬᠤ ᠴᠢᠬᠤᠯᠠᠳᠠᠢ᠃ ᠭᠡᠷᠪᠡ ᠭᠡᠮ ᠬᠢᠵᠢᠭ ᠨᠢ ᠬᠥᠨᠳᠥᠷᠠᠨ ᠤᠯᠠᠰᠢᠷᠠᠨ ᠳᠡᠯᠭᠡᠷᠡᠬᠦ ᠳᠤ ᠬᠥᠷᠪᠡᠯ ᠬᠤᠬᠢᠷᠠᠯ ᠴᠤ ᠶᠡᠭᠡ ᠪᠤᠯᠬᠤ ᠠᠴᠠ ᠰᠡᠷᠭᠡᠶᠢᠯᠡᠬᠦ ᠭᠡᠷᠡᠭᠳᠠᠢ ᠶᠤᠮ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号