ᠬᠤᠩᠭᠤᠷ ᠠᠶᠠᠯᠭᠤ
ᠨᠡᠶᠢᠲᠡᠯᠡᠭᠰᠡᠨ ᠴᠠᠭ᠄
2020-07-01
ᠠᠷᠭᠠᠳᠠᠭᠠᠳ ᠣᠶᠢᠷᠠᠲᠤᠭᠤᠯᠪᠠᠴᠤ ᠠᠬᠢᠭᠠᠳ ᠪᠠᠰᠠ ᠬᠤᠯᠠᠳᠠᠴᠢᠬᠠᠳᠠᠭᠠᠶᠠᠷᠬᠠᠨ ᠲᠦᠷᠦᠭᠰᠡᠨ ᠬᠥᠮᠥᠨ ᠤ ᠦᠷ᠎ᠡ ᠴᠢ ᠮᠢᠨᠤ ᠳ᠋ᠠᠠᠷᠪᠠᠨ ᠲᠠᠪᠤᠨ ᠤ ᠰᠠᠷᠠ ᠰᠢᠭ᠋ ᠮᠡᠯᠲᠡᠭᠡᠷ ᠨᠢᠳᠦ ᠲᠠᠢᠠᠭᠠᠰᠢ ᠵᠠᠩ ᠨᠢ ᠨᠢᠯᠬᠠᠷᠠᠭ ᠰᠡᠳᠬᠢᠯ ᠤᠨ ᠠᠷᠭᠠᠮᠵᠢᠶ᠎ᠠ ᠮᠢᠨᠤ᠃ᠲᠠᠩᠬᠢᠰ ᠭᠡᠰᠡᠨ ᠨᠠᠰᠤ ᠮᠢᠨᠢ ᠲᠠᠪᠢ ᠶᠢᠨ ᠳᠠᠪᠠᠭ᠎ᠠ ᠶᠢ ᠳᠠᠪᠠᠵᠤᠲᠠᠩᠬᠢᠯ ᠭᠡᠰᠡᠨ ᠴᠢᠨᠤ ᠳᠦᠷᠢ ᠨᠢᠳᠦᠨ᠎ᠡ ᠲᠣᠳᠣᠷᠠᠬᠤ ᠶᠢ ᠶᠠᠭᠠᠬᠢᠬᠤ ᠪᠣᠢ︖ᠲᠡᠭᠷᠢ ᠶᠢᠨ ᠴᠠᠭᠠᠨ᠎ᠠ ᠠᠴᠠ ᠪᠢᠳᠡᠨ ᠬᠤᠶᠠᠷ ᠬᠤᠯᠪᠣᠭ᠎ᠠ ᠲᠠᠢ ᠢᠷᠡᠭᠰᠡᠨ ᠨᠢ ᠦᠭᠡᠢ ᠦᠦᠲᠠᠯᠪᠢᠵᠤ ᠪᠠᠷᠢᠬᠤ ᠶᠢᠨ ᠬᠤᠭᠤᠷᠣᠨᠳᠤ ᠪᠣᠳᠣᠭᠳᠠᠭᠠᠳ ᠪᠠᠶᠢᠬᠤ ᠴᠢᠨᠢ ᠶᠠᠭᠤ ᠪᠣᠢ᠃ᠤᠶᠠᠨ ᠵᠦᠭᠡᠯᠡᠨ ᠠᠭᠠᠰᠢᠨ ᠳᠤ ᠴᠢᠨᠢ ᠤᠰᠤᠨ ᠤ ᠯᠢᠶᠠᠩᠬᠤᠸ᠎ᠠ ᠭᠤᠩᠬᠠᠯᠵᠠᠮ᠎ᠠᠤᠷᠲᠤ ᠴᠠᠭ ᠤᠨ ᠶᠠᠳᠠᠷᠠᠭ᠎ᠠ ᠶᠢ ᠳᠠᠪᠠᠵᠤ ᠨᠢᠭᠤᠷ ᠲᠤ ᠴᠢᠨᠢ ᠦᠷᠴᠢᠯᠡᠭᠡ ᠰᠠᠭᠤᠵᠠᠢᠠᠭᠤᠯᠵᠠᠵᠤ ᠨᠢᠭᠡ ᠶᠠᠷᠢᠯᠴᠠᠵᠤ ᠰᠡᠳᠬᠢᠯ ᠤᠨ ᠶᠠᠳᠠᠷᠠᠭ᠎ᠠ ᠪᠠᠨ ᠵᠢᠷᠭᠠᠭᠠᠬᠤ ᠶᠤᠮᠰᠠᠨᠤᠷᠢᠳᠤ ᠶᠢᠨ ᠵᠠᠯᠠᠭᠤ ᠨᠠᠰᠤ ᠪᠠᠨ ᠴᠡᠭᠡᠵᠢᠯᠡᠵᠦ ᠪᠠᠶᠢᠳᠠᠭ ᠦᠦ᠂ ᠦᠭᠡᠢ ᠦᠦ᠃ᠲᠠᠪᠤᠨ ᠤᠲᠠᠰᠤᠨ ᠤ ᠴᠢᠪᠬᠠᠳᠠᠯ ᠳᠤ ᠲᠠᠯ᠎ᠠ ᠶᠢᠨ ᠬᠤᠨ ᠳᠣᠩᠭᠤᠳᠤᠨ᠎ᠠᠲᠠᠨ᠎ᠠ ᠰᠣᠪᠤᠳ ᠤᠨ ᠬᠡᠮᠬᠡᠳᠡᠭ ᠬᠠᠰ ᠤᠨ ᠳᠠᠪᠰᠢ ᠳᠤ ᠦᠰᠦᠷᠬᠡᠶᠢᠯᠡᠨ᠎ᠡᠲᠠᠯᠪᠢᠭᠤᠷᠠᠵᠤ ᠪᠡᠶ᠎ᠡ ᠮᠢᠨᠦ ᠠᠮᠢᠰᠬᠤᠳᠠᠭ ᠲᠡᠷᠡ ᠯᠠ ᠨᠢᠭᠡᠨ ᠬᠤᠩᠭᠤᠷᠠᠢᠲᠠᠨ ᠤ ᠰᠠᠶᠢᠬᠠᠨ ᠪᠡᠶ᠎ᠡ ᠶᠢ ᠬᠠᠷᠠᠵᠤ ᠦᠵᠡᠭᠡᠳ ᠯᠠ ᠠᠭᠤᠵᠢᠷᠠᠨ᠎ᠠᠦᠩᠭᠡᠷᠡᠬᠦ ᠨᠢᠭᠡᠨ ᠴᠠᠭ ᠲᠤ ᠴᠢᠨᠤ ᠮᠢᠨᠣ ᠢᠯᠭᠠᠷᠠᠬᠤ ᠦᠭᠡᠢᠦᠭᠰᠦᠨ ᠤᠷᠤᠭᠤᠳᠠᠭᠰᠠᠨ ᠲᠠᠪᠢᠯᠠᠩ ᠶᠢ ᠳ᠋ᠧᠪᠡᠵᠠᠨ ᠤ ᠡᠯᠴᠢ ᠯᠠ ᠰᠢᠯᠭᠠᠨ᠎ᠠᠦᠪᠡᠷ ᠤᠨ ᠲᠡᠷᠡ ᠠᠮᠠᠷᠠᠭ ᠮᠢᠨᠢ ᠤᠬᠢᠯᠠᠵᠤ ᠯᠠ ᠬᠤᠴᠤᠷᠠᠬᠤ ᠪᠣᠯᠪᠠ ᠦᠦᠣᠲᠤᠭᠠᠲᠤ ᠣᠷᠴᠢᠯᠠᠩ ᠤᠨ ᠴᠡᠭᠡᠯ ᠠᠴᠠ ᠪᠠᠷᠠᠯᠠᠵᠤ ᠰᠠᠭᠤᠬᠤ ᠪᠣᠯᠪᠠ ᠦᠦ᠃ᠬᠠᠭᠤᠴᠢᠨ ᠵᠢᠯ ᠤᠨ ᠲᠣᠭᠤᠰᠣ ᠪᠠᠨ ᠭᠦᠪᠢᠭᠡᠳ ᠬᠦᠮᠦᠨ ᠪᠦᠬᠦᠨ ᠶᠠᠭᠠᠷᠠᠨ᠎ᠠᠬᠤᠷᠤᠭ᠎ᠠ ᠬᠠᠰᠢᠶ᠎ᠠ ᠪᠠᠨ ᠴᠡᠪᠡᠷᠯᠡᠭᠡᠳ ᠶᠠᠭᠠᠬᠢᠵᠣ ᠪᠠᠶᠢᠳᠠᠭ ᠪᠣᠯ᠂ ᠴᠢ ᠮᠢᠨᠢᠬᠤᠭᠤᠯᠠ ᠤᠮᠳᠠ ᠪᠠᠵᠠᠭᠠᠬᠤ ᠭᠡᠵᠦ ᠡᠳᠦᠷ ᠢᠶᠠᠨ ᠪᠠᠷᠠᠵᠤ ᠪᠠᠶᠢᠳᠠᠭ ᠦᠦᠬᠡᠦᠬᠡᠳ ᠱᠤᠤᠬᠠᠳ ᠤᠨ ᠳᠦᠷᠭᠢᠶᠡᠨ ᠳᠤ ᠬᠥᠯ ᠤᠨ ᠠᠯᠬᠤᠭ᠎ᠠ ᠴᠤ ᠬᠦᠩᠭᠡᠷᠡᠨ᠎ᠡᠪᠠᠷᠠᠭᠤᠨ ᠵᠦᠭ ᠤᠨ ᠨᠠᠷᠠ᠂ ᠵᠡᠭᠦᠨ ᠵᠦᠭ ᠤᠨ ᠰᠠᠯᠬᠢᠪᠠᠷᠠᠯᠠᠭᠠᠳ ᠬᠦᠯᠢᠶᠡᠬᠦ ᠨᠦᠬᠦᠷ ᠨᠢ ᠦᠳᠡ ᠦᠩᠭᠡᠷᠡᠲᠡᠯ᠎ᠡ ᠬᠦᠯᠢᠶᠡᠯᠭᠡᠨ᠎ᠡᠪᠠᠭ᠋ᠠᠷᠤᠮ᠎ᠠ ᠰᠠᠶᠢᠬᠠᠨ ᠨᠠᠰᠤᠨ ᠳᠤ ᠬᠡᠴᠦᠨᠡᠨ ᠴᠤ ᠬᠦᠯᠢᠶᠡᠵᠦ ᠪᠠᠶᠢᠪᠠ ᠳ᠋ᠠᠪᠠᠯᠴᠢᠷᠬᠠᠨ ᠨᠠᠰᠤ ᠪᠠᠨ ᠪᠣᠳᠣᠬᠤ ᠳᠤ ᠨᠢᠳᠦᠨ ᠳᠤ ᠨᠢᠯᠪᠤᠰᠤ ᠬᠤᠷᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号