ᠬᠦᠯᠦᠭ ᠵᠠᠪᠠ ᠶᠢᠨ ᠳᠤᠷᠠᠰᠬᠠᠯ ᠳᠤ
ᠨᠡᠶᠢᠲᠡᠯᠡᠭᠰᠡᠨ ᠴᠠᠭ᠄
2020-06-30
ᠡᠷᠡᠨ ᠳᠡᠪᠡᠵᠤ ᠣᠶᠤᠨᠵᠢᠭᠠᠳ  ᠡᠷᠡᠯᠬᠡᠭ ᠰᠢᠯᠵᠢᠨ ᠢᠷᠭᠡᠨᠰᠢᠭᠰᠡᠨ ᠴᠦ  ᠦᠷᠯᠦᠭ ᠵᠠᠩᠵᠤᠨ ᠵᠠᠪᠠ ᠮᠢᠨᠢ  ᠡᠷᠭᠢᠭᠡᠳ ᠮᠠᠨ ᠳᠠᠭᠠᠨ ᠣᠯᠳᠠᠬᠤ ᠦᠭᠡᠢ︕   ︽ᠵᠠᠪᠠ ᠰᠦᠪᠡᠭᠡᠳᠠᠢ ᠲᠦᠷᠦᠭᠦᠦ ᠲᠠᠢ  ᠵᠠᠯᠮ᠎ᠠ ᠬᠤᠪᠢᠯᠠᠢ ᠳᠠᠷᠠᠭ᠎ᠠ ᠲᠠᠢ︾  ᠮᠤᠷᠢᠨ ᠳᠡᠭᠡᠷᠡᠬᠢ ︽ᠨᠣᠴᠤᠭᠰᠠᠨ ᠭᠠᠯ︾  ᠮᠣᠩᠭᠤᠯ ᠤᠨ ᠲᠦᠳᠡᠭ ᠢ ᠠᠰᠠᠭᠠᠵᠤ ᠪᠢᠯᠡ᠃   ᠣᠨᠠᠨᠠᠨ ᠬᠠᠯᠲᠠᠷ ᠨᠢ ᠣᠶᠠᠭᠠᠨ ᠲᠡᠨᠳᠡ ᠪᠠᠨ ᠦᠣᠷᠰᠡᠭᠡ ᠲᠠᠢ  ᠠᠷᠠᠰᠤᠨ ᠬᠤᠶᠠᠭ ᠨᠢ ᠮᠦᠽᠧᠢ ᠳᠤᠮᠳᠠ ᠪᠠᠨ ᠲᠠᠯᠪᠢᠭᠠᠰᠤ ᠲᠠᠢ  ᠠᠪᠤ ᠶᠢᠨ ᠬᠦᠦ ᠠᠳᠠᠯ ᠳᠤᠮᠳᠠ ᠪᠠᠨ ᠭᠡᠩᠰᠢᠭᠡᠨ ᠲᠠᠢ ᠴᠦ  ᠠᠳᠭ᠎ᠠ ᠵᠠᠩᠵᠤᠨ ᠢᠶᠠᠨ ᠮᠠᠷᠲᠠᠵᠤ ᠶᠠᠭᠠᠬᠢᠨ ᠪᠤᠯᠬᠤ ᠪᠢᠯᠡ᠃   ᠠᠽᠢ ᠶᠢᠨ ᠪᠠᠮᠪᠠᠷ ᠢ ᠦᠷᠦᠨ᠎ᠡ ᠳᠤ ᠠᠪᠠᠴᠢᠭᠰᠠᠨ ᠪᠤᠣᠬᠢᠶ᠎ᠠ  ᠮᠣᠩᠭᠤᠯ ᠤᠨ ᠨᠡᠷ᠎ᠡ ᠶᠢ ᠮᠤᠷᠢᠨ᠎ᠡ ᠡᠷᠭᠦᠭᠰᠡᠨ ᠰᠦᠯᠳᠡ  ᠡᠵᠡᠨ ᠤ ᠬᠦᠵᠦᠭᠦᠦ ᠶᠢ ᠬᠠᠷᠪᠣᠭᠠᠳ ᠣᠯᠤᠭᠰᠠᠨ ︽ᠵᠠᠪᠠ︾  ᠡᠨᠡ ᠪᠤᠯ ᠮᠠᠨ ᠤ ᠡᠷᠡᠯᠬᠡᠭ ᠵᠠᠩᠵᠤᠨ — — ᠵᠠᠪᠠ ᠱᠤᠩᠭᠤᠬᠤ ᠪᠦᠷᠭᠦᠳ ᠤᠨ ᠳᠠᠭᠠᠷᠢᠯᠲᠠ — ᠵᠠᠪᠠ  ᠱᠤᠣᠭᠢᠬᠤ ᠰᠤᠮᠤᠨ ᠤ ᠢᠰᠭᠡᠷᠦᠯᠲᠡ — ᠵᠠᠪᠠ  ᠬᠠᠯᠢᠬᠤ ᠬᠠᠷᠴᠠᠭᠠᠢ ᠶᠢᠨ ᠳᠡᠯᠢᠯᠲᠡ — ᠵᠠᠪᠠ  ᠬᠠᠤᠭᠢᠬᠤ ᠰᠢᠭᠤᠷᠭᠡᠨ ᠤ ᠨᠦᠮᠦᠷᠢᠯᠲᠡ — ᠵᠠᠪᠠ   ᠦᠷᠢᠶ᠎ᠡ ᠬᠦᠯᠦᠭ ᠨᠢ ᠣᠶᠠᠭᠠᠨ ᠳᠡᠭᠡᠷ᠎ᠡ ᠪᠠᠨ ᠴᠤᠪᠬᠤᠷᠠᠭᠠᠨ ᠲᠠᠢ  ᠮᠢᠲᠠᠭᠠᠷ ᠢᠯᠳᠤ ᠨᠢ ᠮᠦᠽᠸᠢ ᠳᠤᠮᠳᠠ ᠲᠠᠢ ᠵᠢᠪᠡᠷᠡᠭᠡᠨ ᠲᠠᠢ  ᠦᠶ᠎ᠡ ᠶᠢᠨ ᠪᠢᠳᠡᠨ ᠦᠯᠢᠭᠡᠷ ᠬᠡᠯᠡᠭᠡᠳ ᠬᠦᠭᠵᠢᠭᠡᠨ ᠲᠠᠢ ᠴᠦ  ᠦᠷᠯᠦᠭ ᠵᠠᠩᠵᠤᠨ ᠢᠶᠠᠨ ᠮᠠᠷᠲᠠᠵᠤ ᠶᠠᠭᠠᠬᠢᠨ ᠪᠤᠯᠬᠤ ᠪᠢᠯᠡ᠃   ᠮᠣᠩᠭᠤᠯ ᠤᠨ ᠬᠦᠷᠢᠶᠡᠨ ᠤ ᠮᠤᠬᠤᠰᠢ ᠦᠭᠡᠢ ︽ᠳᠦᠯᠬᠢᠭᠦᠷ︾  ᠾᠦᠷᠤᠫᠠ ᠶᠢᠨ ᠳᠠᠶᠢᠨ ᠤ ᠮᠠᠷᠲᠠᠰᠢ ᠦᠭᠡᠢ ︽ᠬᠤᠰᠢᠭᠤ︾  ᠳᠠᠶᠢᠰᠤᠨ ᠤ ᠵᠢᠷᠦᠬᠡ ᠶᠢ ᠱᠤᠷᠤᠯᠠᠵᠤ ᠣᠷᠤᠭᠰᠠᠨ ︽ᠵᠠᠪᠠ︾  ᠮᠣᠩᠭᠤᠯ ᠢ ᠡᠷᠭᠦᠭᠰᠡᠨ ᠰᠦᠷᠲᠤ ᠵᠠᠩᠵᠤᠨ — ᠵᠠᠪᠠ᠃   ᠬᠢᠯᠢᠩ ᠪᠠᠶᠢᠭᠠᠳ ᠦᠪᠡᠷ ᠵᠦᠭ ᠢᠶᠠᠨ ᠭᠠᠷᠭᠠᠭᠰᠠᠨ ᠦᠭᠡᠢ  ᠪᠤᠳᠤᠯᠭ᠎ᠠ ᠪᠠᠶᠢᠭᠠᠳ ᠣᠣᠭᠠᠯ ᠨᠣᠲᠤᠭ ᠢᠶᠠᠨ ᠪᠤᠯᠢᠶᠠᠯᠳᠤᠭᠰᠠᠨ ᠦᠭᠡᠢ  ᠣᠯᠵᠠᠳ ᠪᠠᠶᠢᠭᠠᠳ ᠦᠪᠡᠷ᠎ᠡ ᠰᠠᠨᠠᠭ᠎ᠠ ᠡᠪᠦᠷᠯᠡᠭᠰᠡᠨ ᠦᠭᠡᠢ  ᠣᠬᠠᠭᠠᠨᠲᠤ ᠵᠠᠩᠵᠤᠨ ᠬᠤᠷᠸ᠎ᠠ ᠳᠤ ᠬᠤᠪᠣᠷ ᠪᠠᠭᠠᠲᠤᠷ᠃   ᠬᠦᠭᠰᠢᠨ ᠬᠡᠭᠡᠷ᠎ᠡ ᠨᠢ ᠬᠦᠷᠢᠶᠡᠨ ᠳᠤᠮᠳᠠ ᠪᠠᠨ ᠬᠤᠷᠢᠭᠠᠲᠠᠢ  ᠬᠦᠳᠦᠰᠦᠨ ᠳᠡᠪᠡᠯ ᠨᠢ ᠮᠦᠽᠸᠢ ᠳᠤᠮᠳᠠ ᠪᠠᠨ ᠳᠡᠯᠭᠡᠭᠡᠰᠦᠲᠠᠢ  ᠬᠤᠶᠢᠴᠢᠰ ᠪᠢᠳᠡᠨ ᠲᠡᠣᠬᠡ ᠳᠠᠭᠤᠳᠠᠭᠠᠳ ᠪᠠᠭ᠋ᠠᠲᠠᠢ ᠴᠦ  ᠬᠠᠶᠢᠷᠠᠲᠤ ᠵᠠᠩᠵᠤᠨ ᠢᠶᠠᠨ ᠶᠠᠭᠠᠬᠢᠨ ᠮᠠᠷᠲᠠᠵᠤ ᠪᠤᠯᠬᠤ ᠪᠢᠯᠡ᠃   ᠡᠷᠡᠨ ᠳᠠᠮᠵᠢᠨ ᠣᠶᠤᠨᠵᠢᠭᠠᠳ  ᠡᠷᠡᠯᠬᠡᠭ ᠰᠢᠭᠤᠷᠠᠨ ᠢᠷᠭᠡᠨᠰᠢᠭᠰᠡᠨ ᠴᠦ  ᠦᠷᠯᠦᠭ ᠵᠠᠩᠵᠤᠨ ᠵᠠᠪᠠ ᠮᠢᠨᠢ  ᠡᠷᠭᠢᠭᠡᠳ ᠮᠠᠨ ᠳᠠᠭᠠᠨ ᠣᠯᠳᠠᠬᠤ ᠦᠭᠡᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号