ᠤᠷᠠᠩᠭᠤᠸ᠎ᠠ | | ᠡᠭᠡ ᠭᠠᠵᠠᠷ ᠤᠨ ᠦᠯᠢᠭᠡᠷ ︵ᠭᠤᠷᠪᠠ︶ | | ᠪᠢᠩ ᠲᠠᠩ᠄ ᠡᠨᠡ ᠮᠠᠭᠤ ᠡᠮᠰᠡᠭᠡᠷ ᠡᠮᠡᠭᠡᠨ ᠳᠤ ᠴᠦ ᠡᠳᠦᠢ ᠲᠡᠳᠦᠢ ᠦᠯᠢᠭᠡᠷ ᠲᠠᠢ ᠬᠦ᠋᠂ ᠡᠪ ᠬᠠᠮᠳᠤ | ᠨᠠᠮ ᠲᠠᠢ ᠮᠥᠨ ᠯᠠ ᠡᠶᠢᠮᠤ ᠲᠡᠶᠢᠮᠤ ᠬᠠᠷᠢᠴᠠᠭ᠎ᠠ ᠲᠠᠢ᠃ ᠡᠪᠦᠭᠡ ᠲᠡᠭᠡᠳᠦᠰ ᠤᠨ ᠵᠠᠩ ᠴᠢᠨᠠᠷ ᠲᠠᠢ ᠨᠡᠩ ᠶᠡᠭᠡ | ᠬᠤᠯᠪᠤᠭ᠎ᠠ ᠲᠠᠢ᠃ ᠪᠢ ᠪᠤᠰᠤᠳ ᠢ ᠬᠤᠷᠤᠰᠬᠠᠭᠰᠠᠨ ᠤᠴᠢᠷ ᠪᠠᠶᠢᠨ᠎ᠠ᠂ ᠭᠡᠬᠦ ᠳᠤ᠂ ᠪᠤᠰᠤᠳ ᠲᠤ ᠬᠤᠷᠤᠰᠴᠦ | ᠦᠩᠭᠡᠷᠡᠭᠡ ᠦᠭᠡᠢ᠃ ᠤᠷᠠᠩᠭᠤᠸ᠎ᠠ᠄ ᠶᠠᠮᠠᠷ ᠬᠤᠷᠤᠳᠠᠢ ᠶᠤᠮ ᠪᠢᠯᠠ︖ ᠲᠠ᠃ ᠴᠢᠶᠠᠨ ᠲᠤᠳᠠᠢ ᠰᠢᠪᠠᠭᠤ ᠶᠢᠨ | ᠮᠢᠩᠭᠠᠨ ᠯᠠᠩ ᠤᠨ ᠠᠪᠠᠭ᠋ᠠᠢ ᠨᠢᠭᠡᠨ ᠡᠳᠦᠷ ᠲᠦᠷᠦᠯ᠎ᠠ᠂ ᠲᠡᠭᠡᠭᠡᠳ ᠦᠯᠢᠭᠡᠷ ᠡᠬᠢᠯᠡᠵᠤ᠂ ᠲᠡᠷᠡ ᠦᠯᠢᠭᠡᠷ ᠢ | ᠦᠨᠦᠳᠤᠷ ᠪᠢ ᠰᠤᠨᠤᠰᠬᠤ ᠠᠵᠠ ᠲᠠᠢ ᠪᠠᠶᠢᠨ᠎ᠠ ᠁ ᠭᠡᠵᠤ᠂ ᠪᠢ ᠲᠡᠬᠦᠨ ᠢ ᠠᠯᠢ ᠪᠠᠭ᠎ᠠ ᠶᠢᠨ ᠬᠢᠨ ᠤ | ᠦᠯᠢᠭᠡᠷ ᠠᠴᠠ ᠡᠬᠢᠯᠡᠵᠤ ᠰᠤᠨᠤᠰᠬᠤ ᠭᠡᠵᠤ ᠰᠡᠳᠦᠭᠰᠡᠨ ᠶᠤᠮ᠃ ᠪᠢᠩ ᠲᠠᠩ᠄ ᠡᠴᠢᠭᠡ ᠶᠢᠨ ᠬᠢᠨ ᠮᠢᠩᠭᠠᠨ ᠯᠠᠩ | ᠪᠠᠶᠢᠬᠤ ᠶᠤᠮ︖ ᠲᠦᠷᠪᠠᠨ ᠵᠢᠩ ᠲᠦᠷᠪᠠᠨ ᠯᠠᠩ ᠬᠦ᠋᠂ ᠰᠠᠶᠢᠨ ᠳᠠᠭᠠᠨ ᠪᠢ ᠡᠶᠢᠮᠤ ᠵᠢᠭᠠᠬᠠᠨ ᠪᠡᠶ᠎ᠡ ᠲᠠᠢ ᠪᠠᠶᠢᠬᠤ | ᠦᠭᠡᠢ ᠤᠤ︖ ᠬᠠᠮᠢᠭ᠎ᠠ ᠪᠠᠶᠢᠭᠰᠠᠨ ᠴᠢ ᠰᠢᠭ ᠪᠦᠳᠦᠬᠦᠨ ᠬᠠᠳᠠᠭᠤᠨ ᠪᠡᠶ᠎ᠡ ᠪᠠᠶᠢᠬᠤ ᠶᠤᠮ︖ ᠭᠡᠳ ᠬᠢᠳ ᠬᠢᠳ | ᠢᠨᠢᠶᠡᠪᠠ᠃ ᠤᠷᠠᠩᠭᠤᠸ᠎ᠠ᠄ ᠵᠠ᠂ ᠲᠠᠨ ᠤ ᠦᠯᠢᠭᠡᠷ ᠲᠦᠷᠪᠠᠨ ᠵᠢᠩ ᠲᠦᠷᠪᠠᠨ ᠯᠠᠩ ᠠᠴᠠ ᠡᠬᠢᠯᠠᠨ᠎ᠠ ᠳ᠋ᠠ︕ | ᠲᠡᠷᠡ ᠲᠦᠷᠪᠡᠨ ᠵᠢᠩ ᠲᠦᠷᠪᠠᠨ ᠯᠠᠩ ᠨᠢ ᠶᠡᠷᠢᠨ ᠨᠢᠭᠡᠨ ᠵᠢᠯ ᠤᠨ ᠲᠠᠷᠠᠭ᠎ᠠ ᠮᠢᠨᠤ ᠡᠮᠦᠨ᠎ᠠ ᠰᠠᠭᠤᠬᠤ ᠳᠠᠭᠠᠨ ᠬᠠᠷᠢᠨ | ᠲᠦᠮᠡᠨ ᠵᠢᠩ ᠤᠨ ᠠᠯᠳᠠᠨ ᠪᠤᠷᠬᠠᠨ ᠰᠢᠭ᠋ ᠰᠠᠨᠠᠭᠳᠠᠵᠤ ᠪᠠᠶᠢᠨ᠎ᠠ ᠬᠦ᠋ ᠁ ᠪᠢᠩ ᠲᠠᠩ᠄ ᠬᠠ ᠬᠠ᠂ ᠴᠢ ᠮᠡᠳᠡᠬᠦ | ᠦᠭᠡᠢ᠂ ᠲᠡᠷᠡ ᠲᠦᠷᠪᠠᠨ ᠵᠢᠩ ᠲᠦᠷᠪᠠᠨ ᠯᠠᠩ ᠢ ᠴᠦ ᠭᠠᠭ᠋ᠠᠢ ᠶᠢᠨ ᠮᠢᠬ᠎ᠠ ᠪᠠᠷ ᠰᠤᠯᠢᠵᠤ ᠢᠷᠡᠭᠰᠡᠨ᠂ ᠴᠢ | ᠰᠤᠨᠤᠰᠴᠦ ᠪᠠᠢ᠃ ᠮᠢᠨᠤ ᠠᠪᠤ ᠮᠦᠮᠦ ᠨᠠᠮᠠᠢᠢ ᠭᠠᠷᠬᠤ ᠠᠴᠠ ᠡᠮᠦᠨ᠎ᠠ ᠭᠡᠳᠦ ᠭᠡᠳᠦᠨ ᠬᠡᠦᠭᠡᠳ ᠠᠯᠳᠠᠵᠤ ᠭᠡᠨ᠎ᠠ᠃ | ᠶᠠᠭ ᠬᠡᠦᠭᠡᠳ ᠲᠤᠭᠳᠠᠬᠤ ᠦᠭᠡᠢ ᠪᠠᠶᠢᠬᠤᠯ᠎ᠠ ᠨᠢᠭᠡ ᠦᠵᠡᠭᠡᠴᠢ ᠯᠠᠮᠠ ᠠᠴᠠ ᠠᠰᠠᠭᠤᠪᠠᠯ ᠲᠡᠷᠡ ᠯᠠᠮᠠ ᠨᠢ ︽ᠤᠳᠤ | ᠬᠡᠦᠭᠡᠳ ᠤᠯᠪᠠᠯ ᠴᠢ ᠡᠭᠡᠨᠡᠷ ᠢᠶᠠᠨ ᠭᠠᠳᠠᠨ᠎ᠠ ᠰᠠᠷ᠎ᠠ ᠳᠤ ᠰᠠᠭᠤᠯᠭ᠎ᠠ᠂ ᠲᠡᠭᠡᠭᠡᠳ ᠭᠠᠷᠤᠭᠰᠠᠨ ᠬᠡᠦᠭᠡᠳ ᠢᠶᠠᠨ | ᠵᠢᠩᠯᠡᠵᠤ ᠦᠵᠡ᠂ ᠭᠡᠳᠦᠢ ᠬᠦᠨᠳᠦ ᠪᠠᠶᠢᠪᠠᠯ ᠤᠷᠤᠨ ᠳᠤᠨᠢ ᠲᠡᠳᠦᠢ ᠬᠦᠨᠳᠦ ᠭᠠᠭ᠋ᠠᠢ ᠶᠢᠨ ᠮᠢᠬ᠎ᠠ ᠶᠢ ᠪᠦᠰ ᠲᠤ | ᠴᠤᠭᠯᠠᠵᠤ ᠠᠪᠠᠴᠠᠭᠠᠳ ᠬᠠᠶᠠ︕ ᠮᠢᠬ᠎ᠠ ᠶᠢ ᠨᠢ ︽ᠪᠢ ᠬᠡᠦᠭᠡᠳ ᠢᠶᠠᠨ ᠬᠠᠶᠠᠴᠢᠬᠠᠯ᠎ᠠ︕︾ ᠭᠡᠵᠤ ᠬᠡᠯᠡᠨ | ᠬᠠᠶᠠᠭᠰᠠᠨ ᠢᠶᠠᠨ᠂ ᠪᠦᠰ ᠢ ᠨᠢ ᠠᠪᠴᠢᠷᠠᠵᠤ ᠬᠡᠦᠭᠡᠳ ᠢᠶᠠᠨ ᠴᠤᠭᠯᠠᠨ᠎ᠠ᠃ ᠲᠡᠷᠡ ᠬᠡᠦᠭᠡᠳ ᠢᠶᠠᠨ ᠭᠠᠳᠠᠨ᠎ᠠ | ᠦᠰᠭᠡᠵᠤ᠂ ᠲᠤᠯᠤᠭᠠᠨ ᠨᠠᠰᠤ ᠬᠦᠷᠳᠠᠯ᠎ᠠ ᠪᠠᠨ ᠦᠪᠡᠷ ᠤᠨ ᠬᠦᠷᠢᠶᠠᠨ ᠳᠡᠭᠡᠨ ᠤᠷᠤᠭᠤᠯᠵᠤ ᠪᠤᠯᠬᠤ ᠦᠭᠡᠢ᠂ | ᠪᠦᠬᠦᠯᠢ ᠲᠤᠯᠤᠭᠠᠨ ᠨᠠᠰᠤᠨ ᠬᠦᠷᠪᠠᠯ ᠰᠠᠶ᠋ᠢ ︽ᠮᠢᠨᠤ ᠬᠡᠦᠭᠡᠳ ᠤᠳᠤ ᠰᠠᠶ᠋ᠢ ᠰᠠᠷ᠎ᠠ ᠲᠦᠬᠦᠷᠦᠯᠠ︾ ᠭᠡᠵᠤ᠂ | ᠦᠪᠡᠷ ᠤᠨ ᠭᠡᠷ ᠬᠦᠷᠢᠶᠠᠨ ᠳᠡᠭᠡᠨ ᠤᠷᠤᠭᠤᠯᠪᠠᠯ᠂ ᠲᠡᠷᠡ ᠦᠷ᠎ᠡ ᠲᠤᠭᠳᠠᠬᠤ ᠪᠦᠭᠡᠳ ᠤᠷᠳᠤ ᠨᠠᠰᠤᠯᠠᠨ᠎ᠠ ᠁︾ | ᠭᠡᠰᠡᠨ ᠭᠡᠨ᠎ᠠ᠃ ᠬᠡᠦᠭᠡᠳ ᠲᠤ ᠲᠤᠷᠠᠳᠠᠢ ᠠᠪᠤ ᠮᠦᠮᠦ ᠮᠢᠨᠢ ᠲᠡᠭᠡᠭᠡᠳ ᠨᠠᠮᠠᠢᠢ ᠭᠠᠳᠠᠨ᠎ᠠ ᠨᠦᠭᠡᠨ ᠭᠡᠷ ᠲᠤ | ᠲᠦᠷᠦᠵᠤ᠂ ᠸᠠᠩ ᠮᠦᠩᠭᠡ ᠭᠡᠰᠡᠨ ᠫᠤᠤᠴᠢ ᠶᠢᠨ ᠳᠠᠭᠠᠨ ᠰᠠᠭᠤᠯᠭᠠᠵᠤ᠂ ᠪᠠᠭ᠎ᠠ ᠨᠠᠢ ᠨᠠᠢ ᠲᠤᠰᠬᠠᠶᠢᠯᠠᠨ ᠨᠠᠮᠠᠢᠢ | ᠠᠰᠠᠷᠠᠵᠤ ᠪᠠᠶᠢᠵᠡᠢ᠃ ᠪᠢ᠂ ᠪᠠᠭ᠎ᠠ ᠨᠠᠢ ᠨᠠᠢ ᠶᠢ ᠴᠦ ᠲᠡᠮᠡᠢ ᠠᠪᠬᠤ ᠲᠤᠷ᠎ᠠ ᠦᠭᠡᠢ ᠪᠠᠶᠢᠵᠤ᠂ ᠰᠦᠨᠢ ᠨᠢ ᠸᠠᠩ | ᠮᠦᠩᠭᠡ ᠶᠢᠨ ᠡᠪᠦᠷ ᠲᠤ ᠤᠨᠳᠠᠨ᠂ ᠬᠦᠬᠦ ᠶᠢ ᠨᠢ ᠰᠢᠮᠡᠵᠤ ᠪᠠᠶᠢᠭᠠᠳ᠂ ᠡᠭᠡᠨᠡᠷ ᠬᠦᠮᠦᠨ ᠰᠢᠭ ᠲᠤᠮᠤ ᠬᠦᠬᠦ ᠲᠠᠢ | ᠪᠤᠯᠭᠠᠴᠢᠬᠠᠵᠡᠢ᠃ ᠦᠭᠡ ᠬᠡᠯᠡᠵᠤ ᠴᠢᠳᠠᠬᠤ ᠠᠴᠠ ᠡᠬᠢᠯᠡᠵᠤ ᠸᠠᠩ ᠮᠦᠩᠭᠡ ᠶᠢ ᠯᠠ ᠠᠪᠤ ᠲᠠᠭᠤᠳᠠᠬᠤ ᠪᠤᠯᠵᠡᠢ᠃ | ᠲᠦᠷᠦᠭᠰᠡᠨ ᠠᠪᠤ ᠮᠢᠨᠢ ᠬᠠᠶᠠ ᠢᠷᠡᠵᠤ ᠨᠠᠮᠠᠢᠢ ᠲᠡᠪᠡᠷᠢᠵᠤ ᠬᠠᠶᠢᠷᠠᠯᠠᠬᠤ ᠭᠡᠪᠡᠯ ᠪᠢ ᠨᠢᠭᠤᠷ ᠬᠠᠴᠠᠷ ᠢ ᠨᠢ ᠮᠠᠭᠠᠵᠢᠵᠤ | ᠠᠭᠠᠰᠢᠯᠠᠳᠠᠭ ᠭᠡᠨ᠎ᠠ᠃ ᠮᠢᠨᠤ ᠠᠪᠤ ᠭᠡᠳᠡᠭ ᠢ ᠮᠡᠳᠡᠬᠦ ᠦᠭᠡᠢ ᠶᠤᠮ ᠴᠢᠨᠢ᠂ ᠮᠠᠭᠠᠵᠢᠭᠰᠠᠨ ᠨᠢ ᠮᠢᠨᠤ ᠪᠤᠷᠤᠭᠤ ᠪᠢᠰᠢ | ᠪᠠᠶᠢᠬ᠎ᠠ᠃ ᠨᠦᠬᠦᠭᠡ ᠲᠠᠯ᠎ᠠ ᠪᠠᠷ ᠮᠢᠨᠤ ᠠᠪᠤ ᠴᠦ ᠡᠪ ᠬᠠᠮᠳᠤ ᠨᠠᠮ ᠭᠡᠳᠠᠯ᠎ᠠ ᠬᠤᠩᠬᠤᠰ ᠬᠤᠯᠠᠭᠠᠢ ᠶᠢ ᠴᠤᠬᠢᠬᠤ | ᠭᠡᠳ᠂ ᠬᠦᠷᠢᠶᠡᠨ ᠳᠡᠭᠡᠨ ᠲᠡᠮᠡᠢ ᠰᠠᠭᠤᠬᠤ ᠴᠦ ᠦᠭᠡᠢ ᠶᠤᠮ ᠴᠢᠨᠢ᠂ ᠪᠢ ᠠᠶᠠᠨᠳᠠᠭᠠᠨ ᠤᠶᠢᠷᠠᠳᠬᠤ ᠦᠭᠡᠢ | ᠪᠤᠯᠴᠢᠬᠠᠨ᠎ᠠ᠃ ᠲᠡᠭᠡᠵᠤ ᠪᠠᠶᠢᠳᠠᠯ᠎ᠠ ᠪᠠᠷᠢᠭᠳᠠᠭᠠᠳ ᠬᠢᠨᠳᠠᠨ ᠳᠤ ᠬᠠᠭᠠᠭᠳᠠᠴᠢᠬᠠᠭᠰᠠᠨ ᠴᠢᠨᠢ᠂ ᠪᠢ ᠤᠳᠤ | ᠠᠪᠤ ᠶᠢᠨ ᠢᠶᠠᠨ ᠲᠦᠷᠢ ᠶᠢ ᠶᠠᠭ ᠮᠡᠳᠡᠬᠦ ᠦᠭᠡᠢ ᠪᠠᠶᠢᠨ᠎ᠠ᠂ ᠦᠨᠡᠰᠦ ᠭᠤᠯᠢᠷ ᠪᠤᠯᠭᠠᠵᠤ ᠰᠢᠳᠠᠭᠠᠭᠰᠠᠨ ᠲᠡᠷᠡ ᠤᠷᠤᠢ | ᠲᠡᠭᠡᠷ᠎ᠡ ᠨᠢ ᠬᠦᠷᠦᠭᠰᠡᠨ ᠤᠳᠠᠭ᠎ᠠ᠂ ᠪᠢ ᠲᠡᠳᠦᠢ ᠤᠳᠠᠭᠠᠨ ᠵᠤᠭᠰᠤᠭᠰᠠᠨ ᠴᠦ᠂ ᠨᠠᠳᠠ ᠬᠦᠭᠡ ᠲᠡᠭᠷᠢ | ᠬᠠᠷᠠᠭᠳᠠᠬᠤ ᠠᠴᠠ ᠪᠢᠰᠢ᠂ ᠦᠭᠡᠷ᠎ᠡ ᠶᠠᠮᠠᠷ ᠴᠦ ᠲᠦᠷᠢ ᠲᠦᠷᠰᠦ ᠤᠯᠳᠠᠬᠤ ᠦᠭᠡᠢ ᠪᠠᠶᠢᠪᠠ᠃ ᠤᠷᠠᠩᠭᠤᠸ᠎ᠠ᠄ | ᠲᠡᠭᠡᠪᠡᠯ ᠲᠠᠭᠠᠷᠠᠵᠤ ᠪᠠᠶᠢᠨ᠎ᠠ᠂ ᠡᠪ ᠬᠠᠮᠳᠤ ᠨᠠᠮ ᠤᠨ ᠢᠶᠠᠨ ᠲᠦᠯᠦᠭᠡ᠂ ᠰᠢᠳᠤᠷᠭᠤ ᠶᠤᠰᠤᠨ ᠤ ᠲᠦᠯᠦᠭᠡ ᠭᠡᠳᠡᠭ | ᠴᠢᠶᠠᠨ ᠤᠪᠤᠭᠳᠠᠨ ᠤ ᠬᠠᠳᠠᠭᠤ ᠶᠠᠰᠤ ᠲᠠᠢ ᠶᠠᠪᠤᠭᠰᠠᠨ ᠠᠪᠤ ᠴᠢᠨᠢ ᠮᠦᠩᠭᠡ ᠬᠦᠭᠡ ᠲᠡᠭᠷᠢ ᠶᠢᠨ ᠵᠢᠰᠤ ᠴᠢᠷᠠᠢ ᠲᠠᠢ | ᠪᠠᠶᠢᠬᠤ ᠨᠢ ᠵᠦᠪ ᠪᠠᠶᠢᠯᠬᠦᠢ᠃ ᠲᠡᠭᠷᠢ ᠶᠢᠨ ᠦᠩᠭᠡ ᠪᠤᠯ ᠲᠠᠷᠤᠢ ᠲᠠᠨ ᠤ ᠠᠪᠤ ᠶᠢᠨ ᠵᠢᠰᠦ ᠡ᠃ ᠪᠢᠩ ᠲᠠᠩ᠄ | ᠠᠨ᠎ᠠ᠂ ᠠᠨ᠎ᠠ᠃ ᠪᠢ ᠪᠠᠰᠠ ᠲᠡᠭᠡᠵᠤ ᠪᠤᠳᠤᠨ᠎ᠠ᠃ ᠤᠷᠠᠩᠭᠤᠸ᠎ᠠ᠄ ᠲᠡᠭᠡᠭᠡᠳ ᠲᠠᠨ ᠢ ᠲᠤᠯᠤᠭᠠᠨ ᠨᠠᠰᠤ ᠬᠦᠷᠴᠦ | ᠦᠪᠡᠷ ᠤᠨ ᠭᠡᠷ ᠬᠦᠷᠢᠶᠠᠨ ᠳᠡᠭᠡᠨ ᠬᠠᠷᠢᠬᠤ ᠪᠠᠷ ᠠᠪᠤ ᠴᠢᠨᠢ ᠴᠦ ᠦᠭᠡᠢ ᠪᠤᠯᠴᠢᠬᠠᠵᠤ ᠤᠤ︖ ᠪᠢᠩ ᠲᠠᠩ᠄ ᠪᠢᠰᠢ | ᠡ᠂ ᠡᠴᠢᠭᠡ ᠶᠢᠨ ᠬᠢᠨ ᠲᠤᠯᠤᠭᠠᠨ ᠨᠠᠰᠤ ᠬᠦᠷᠭᠡᠬᠦ ᠲᠠᠢ ᠶᠤᠮ︖ ᠵᠢᠷᠭᠤᠭᠠᠨ ᠨᠠᠰᠤᠨ ᠲᠡᠭᠡᠷ᠎ᠠ ᠨᠢ ᠬᠤᠩᠬᠤᠰ | ᠬᠤᠮᠤᠷᠠᠭᠠᠯᠠᠵᠤ ᠢᠷᠡᠭᠡᠳ ᠨᠠᠮᠠᠢᠢ ᠪᠠᠷᠢᠪᠴᠠᠭᠠᠯᠠᠭᠰᠠᠨ ᠁ ᠤᠷᠠᠩᠭᠤᠸ᠎ᠠ᠄ ᠶᠠᠭᠤ ᠭᠡᠵᠤ ᠵᠢᠷᠭᠤᠭᠠᠬᠠᠨ ᠨᠠᠰᠤᠳᠠᠢ | ᠬᠡᠦᠭᠡᠳ ᠴᠢᠮᠠᠢᠢ ᠪᠠᠷᠢᠪᠴᠠᠭᠠᠯᠠᠵᠤ ᠪᠠᠶᠢᠬᠤ ᠶᠤᠮ︖ ᠪᠢᠩ ᠲᠠᠩ᠄ ᠦᠰᠢᠶ᠎ᠡ ᠠᠪᠬᠤ ᠦᠭᠡᠢ ᠤᠤ ᠳ᠋ᠠ︖ ᠡᠪᠦᠭᠡ | ᠮᠢᠨᠢ ᠲᠤᠰᠬᠠᠶᠢᠯᠠᠨ ᠬᠤᠩᠬᠤᠰ ᠴᠤᠬᠢᠬᠤ ᠴᠡᠷᠢᠭ ᠠᠩᠬᠢ ᠶᠢᠨ ᠨᠤᠶᠠᠨ ᠭᠡᠰᠡᠨ ᠢ ᠴᠢ ᠮᠠᠷᠳᠠᠴᠢᠬᠠᠪᠠ ᠤᠤ︖ | ᠬᠤᠩᠬᠤᠰ ᠤᠨ ᠬᠠᠮᠤᠭ ᠬᠤᠷᠤᠰᠳᠠᠭ ᠦᠰᠳᠡᠨ ᠲᠠᠶᠢᠰᠤᠨ ᠪᠤᠯ ᠮᠠᠨ ᠤ ᠴᠢᠶᠠᠨ ᠤᠪᠤᠭᠳᠠᠨ ᠪᠠᠶᠢᠬᠤ ᠦᠭᠡᠢ ᠤᠤ︖ | ᠠᠪᠤ ᠮᠢᠨᠢ ᠴᠦ ᠬᠢᠨᠳᠠᠨ ᠳᠤ ᠬᠤᠷᠢᠭᠳᠠᠴᠢᠬᠠᠭᠰᠠᠨ ᠪᠠᠶᠢᠭ᠎ᠠ ᠶᠢ ᠲᠡᠳᠡ ᠪᠦᠷ ᠰᠤᠨᠤᠰᠤᠭᠰᠠᠨ ᠪᠠᠶᠢᠯᠬᠦᠢ᠂ ᠡᠨᠡ | ᠦᠶ᠎ᠡ᠂ ᠴᠢᠶᠠᠨ ᠤᠪᠤᠭᠳᠠᠨ ᠤ ᠴᠤᠷ ᠤᠨ ᠭᠠᠭᠴᠠ ᠬᠠᠶᠢᠷᠠᠳᠠᠢ ᠦᠬᠢᠨ ᠢ ᠨᠢ ᠪᠠᠷᠢᠵᠤ ᠠᠪᠠᠴᠠᠭᠠᠳ ᠲᠠᠷᠤᠴᠢᠬᠠᠪᠠᠯ | ᠲᠡᠳᠡᠨ ᠢ ᠴᠤᠬᠢᠬᠤ ᠦᠭᠡᠢ ᠮᠦᠷᠳᠡᠭᠡᠨ᠂ ᠦᠬᠢᠨ ᠢᠶᠠᠨ ᠠᠪᠤᠶ᠎ᠠ ᠭᠡᠪᠡᠯ ᠶᠠᠭᠤ ᠶᠠᠭᠤ ᠦᠭ ᠭᠡᠵᠤ ᠨᠦᠬᠦᠴᠠᠯ | ᠲᠤᠷᠠᠳᠬᠤ ᠦᠭᠡᠢ ᠤᠤ︖ ᠤᠷᠠᠩᠭᠤᠸ᠎ᠠ᠄ ᠪᠠᠷᠢᠭᠳᠠᠭᠰᠠᠨ ᠶᠠᠪᠤᠴᠠ ᠪᠠᠨ ᠪᠦᠷ ᠮᠠᠷᠳᠠᠭ᠎ᠠ ᠦᠭᠡᠢ ᠪᠢᠵᠠ︖ ᠪᠢᠩ | ᠲᠠᠩ᠄ ᠡᠨᠡ ᠨᠠᠰᠤᠨ ᠶᠠᠭᠤ ᠶᠢ ᠮᠠᠷᠳᠠᠪᠠᠴᠦ ᠲᠡᠷᠡ ᠶᠠᠪᠤᠴᠠ ᠶᠢ ᠮᠠᠷᠳᠠᠵᠤ ᠴᠢᠳᠠᠬᠤ ᠦᠭᠡᠢ᠃ ᠸᠠᠩ ᠮᠦᠩᠭᠡ ᠠᠪᠤ | ᠮᠢᠨᠢ ᠢᠳᠡᠰᠢᠨ ᠨᠤᠭᠤᠭᠠᠨ ᠳᠤ ᠶᠠᠪᠤᠨ᠎ᠠ ᠭᠡᠬᠦᠯᠠᠷ᠂ ᠪᠢ ᠴᠦ ᠲᠠᠭᠠᠵᠤ ᠶᠠᠪᠤᠨ᠎ᠠ ᠭᠡᠵᠤ ᠤᠬᠢᠯᠠᠵᠤ ᠬᠦᠭᠡᠭᠡᠳ | ᠬᠦᠷᠪᠠ᠃ ᠲᠡᠭᠡᠭᠡᠳ ᠨᠠᠷᠠ ᠭᠡᠷᠡᠯᠳᠦᠭᠰᠡᠨ ᠴᠠᠭᠠᠨ ᠨᠤᠭᠤᠭᠠᠨ ᠤ ᠭᠠᠵᠠᠷ ᠲᠤᠨᠢ ᠲᠤᠭᠯᠠᠵᠤ ᠪᠠᠶᠢᠳᠠᠯ᠎ᠠ᠂ ᠭᠡᠨᠡᠳᠳᠡ | ︽ᠠᠯᠠ᠂ ᠪᠤᠯᠢᠶ᠎ᠠ︾ ᠭᠡᠵᠤ ᠬᠠᠰᠬᠢᠷᠤᠯᠳᠤᠭᠠᠳ ᠨᠢᠭᠡ ᠨᠢ ᠨᠠᠮᠠᠢᠢ ᠪᠠᠷᠢᠭᠠᠳ ᠠᠪᠤᠪᠠ᠃ ᠲᠡᠭᠡᠭᠡᠳ ᠪᠠᠰᠠ ︽ᠡᠨᠡ | ᠪᠤᠯ ᠲᠠᠷᠤᠢ ᠴᠢᠶᠠᠨ ᠤᠪᠤᠭᠳᠠᠨ ᠤ ᠮᠢᠩᠭᠠᠨ ᠯᠠᠩ ᠤᠨ ᠦᠬᠢᠨ ᠨᠢ ᠮᠥᠨ᠂ ᠠᠪᠴᠤ ᠶᠠᠪᠤ︕ ᠮᠠᠭᠤ ᠴᠢᠶᠠᠨ | ᠤᠪᠤᠭᠳᠠᠨ ᠴᠢ ᠮᠠᠨ ᠤ ᠬᠤᠩᠬᠤᠰ ᠢ ᠬᠢᠴᠢᠨᠡᠭᠡᠨ ᠴᠤᠬᠢᠭᠰᠠᠨ ᠦᠭᠡᠢ ᠪᠤᠢ︖ ᠵᠠᠯᠠᠶᠢᠳ ᠸᠠᠩ ᠤᠨ ᠪᠢᠯᠳᠠᠭᠤᠴᠢ | ᠨᠤᠬᠠᠢ ᠶᠢᠨ ᠭᠤᠶ᠎ᠠ︕ ᠲᠡᠬᠢᠵᠤ ᠪᠢᠳᠠᠨ ᠲᠠᠢ ᠬᠠᠯᠳᠠᠪᠠᠯ᠂ ᠡᠨᠡ ᠦᠬᠢᠨ ᠢ ᠴᠢᠨᠢ ᠠᠯᠠᠨ᠎ᠠ ᠭᠡᠰᠡᠨ ᠢ ᠮᠡᠳᠡᠵᠤ ᠪᠡᠢ︕ | ︾ ᠭᠡᠵᠤ ᠪᠠᠶᠢᠪᠠ᠃ ᠪᠢ ᠲᠡᠷᠡ ᠦᠶ᠎ᠡ ᠳᠤ ᠴᠦ ᠪᠠᠭ᠎ᠠ ᠰᠠᠭ᠎ᠠ ᠬᠢᠳᠠᠳ ᠦᠭᠡ ᠮᠡᠳᠡᠳᠡᠭ ᠠᠴᠠ᠂ ᠬᠤᠩᠬᠤᠰ ᠨᠠᠮᠠᠢᠢ | ᠠᠯᠠᠨ᠎ᠠ ᠡ ᠭᠡᠵᠤ ᠪᠤᠳᠤᠬᠤ ᠳᠠᠭᠠᠨ ᠠᠶᠤᠭᠠᠳ ᠮᠠᠨᠠᠷᠠᠴᠢᠬᠠᠵᠡᠢ᠃ ᠨᠢᠭᠡ ᠰᠡᠷᠡᠪᠡᠯ ᠨᠠᠮᠠᠢᠢ ᠴᠠᠭᠠᠨ ᠪᠦᠰ ᠢᠶᠠᠷ | ᠪᠤᠭᠤᠴᠢᠬᠠᠭᠰᠠᠨ᠂ ᠬᠠᠷ᠎ᠠ ᠯᠠᠭᠤᠰᠠᠨ ᠲᠡᠭᠡᠷ᠎ᠡ ᠠᠴᠢᠴᠢᠬᠠᠭᠰᠠᠨ ᠪᠠᠶᠢᠪᠠ᠃ ᠠᠳᠡ ᠲᠡᠨᠳᠡ ᠫᠤᠤ ᠬᠦᠷᠴᠢᠬᠢᠨᠡᠵᠤ | ᠠᠯᠠᠯᠳᠤᠵᠤ ᠲᠤᠯᠤᠯᠳᠤᠬᠤ ᠴᠢᠮᠡᠭᠡ ᠭᠠᠷᠤᠨ᠎ᠠ᠃ ᠲᠡᠷᠡ ᠤᠳᠠᠭ᠎ᠠ ᠭᠡᠳᠦ ᠭᠡᠳᠦᠨ ᠬᠦᠮᠦᠨ ᠢ ᠠᠯᠠᠭᠰᠠᠨ ᠰᠢᠦ᠂ ᠠᠪᠤ | ᠮᠢᠨᠢ ︵ᠸᠠᠩ ᠮᠦᠩᠭᠡ︶᠂ ᠨᠠᠮᠠᠢᠢ ᠪᠤᠯᠢᠶᠠᠵᠤ ᠠᠪᠬᠤ ᠭᠡᠵᠤ ᠬᠤᠩᠬᠤᠰ ᠲᠠᠢ ᠲᠤᠯᠤᠯᠳᠤᠭᠠᠳ ᠪᠠᠷᠢᠭᠳᠠᠭᠰᠠᠨ | ᠪᠠᠶᠢᠪᠠ᠃ ᠲᠡᠭᠡᠭᠡᠳ ᠫᠤᠤᠳᠠᠵᠤ ᠠᠯᠠᠬᠤ ᠪᠠᠷ ᠪᠦᠭᠡᠮᠯᠡᠢ ︵ᠡᠷᠳᠡᠨᠢ ᠰᠢᠰᠢ︶ ᠪᠤᠯᠠᠵᠤ ᠪᠠᠶᠢᠭᠰᠠᠨ ᠨᠦᠭᠡᠨ ᠤ ᠢᠷᠮᠡᠭ | ᠲᠡᠭᠡᠷ᠎ᠡ ᠵᠤᠭᠰᠤᠭᠠᠭᠠᠳ ᠫᠤᠤᠳᠠᠵᠤ ᠭᠡᠨ᠎ᠠ᠃ ᠫᠤᠤ ᠲᠤᠤᠭᠠᠷᠬᠤ ᠲᠠᠢ ᠵᠡᠷᠭᠡ ᠠᠪᠤ ᠮᠢᠨᠢ ᠦᠪᠡᠷ ᠢᠶᠠᠨ ᠠᠷᠤ ᠳᠤᠨᠢ | ᠪᠤᠢ ᠨᠦᠭᠡᠨ ᠳᠤ ᠤᠨᠠᠭᠰᠠᠨ ᠶᠤᠮ ᠭᠡᠨ᠎ᠡ᠃ ᠫᠤᠤᠳᠠᠭᠰᠠᠨ ᠬᠦᠮᠦᠰ ᠬᠤᠷᠳᠤᠨ ᠲᠤᠳᠠᠭᠠᠵᠤ᠂ ᠬᠦᠯ ᠨᠠᠮᠵᠢᠷᠠᠬᠤ ᠪᠠᠷ᠂ | ᠮᠢᠨᠤ ᠠᠪᠤ ᠰᠡᠮᠭᠡᠨ ᠬᠠᠷᠢᠵᠤ ᠢᠷᠡᠭᠰᠡᠨ ᠢ ᠪᠢ ᠰᠡᠬᠦᠯᠡᠷ ᠨᠢ ᠰᠤᠨᠤᠰᠤᠭᠰᠠᠨ ᠶᠤᠮ᠃ ᠤᠷᠠᠩᠭᠤᠸ᠎ᠠ᠄ ᠲᠡ ᠲᠡᠭᠡᠭᠡᠳ | ᠯᠠ ᠪᠠᠷᠢᠴᠠᠭᠠᠨ ᠤ ᠬᠦᠮᠦᠨ ᠪᠤᠯᠵᠤ᠂ ᠬᠤᠩᠬᠤᠰ ᠤᠨ ᠲᠡᠨᠳᠡ ᠲᠠᠷᠤᠭᠳᠠᠴᠢᠬᠠᠯᠠ ᠪᠢᠵᠠ︖ ᠲᠠᠨ ᠢ ᠲᠠᠷᠤᠯᠠᠵᠤ | ᠲᠤᠷᠤᠮᠵᠢᠯᠠᠨᠠ ᠤᠤ︖ ᠪᠢᠩ ᠲᠠᠩ᠄ ᠦᠭᠡᠢ ᠡ᠂ ᠵᠢᠭᠠᠬᠠᠨ ᠬᠡᠦᠭᠡᠳ ᠢ ᠶᠠᠭᠤ ᠭᠡᠵᠤ ᠵᠤᠪᠠᠭᠠᠨ᠎ᠠ ᠳ᠋ᠠ︖ | ᠬᠤᠩᠬᠤᠰ ᠴᠦ ᠬᠦᠮᠦᠨ ᠠᠴᠠ ᠭᠠᠷᠤᠭᠰᠠᠨ ᠬᠦᠮᠦᠨ ᠠᠴᠠ ᠪᠢᠰᠢ᠂ ᠤᠨᠳᠤᠤ ᠭᠠᠵᠠᠷ ᠠᠴᠠ ᠤᠷᠭᠤᠭᠰᠠᠨ ᠤᠨᠳᠤᠤ | ᠶᠠᠭᠤᠮ᠎ᠠ ᠤᠤ︖ ᠦᠨᠡᠨ ᠢ ᠬᠡᠯᠡᠪᠡᠯ ᠪᠦᠷ ᠰᠠᠶᠢᠨ ᠬᠦᠮᠦᠰ ᠪᠠᠶᠢᠳᠠᠭ ᠶᠤᠮ᠂ ᠠᠷᠭ᠎ᠠ ᠦᠭᠡᠢ ᠳᠡᠭᠡᠨ ᠬᠤᠩᠬᠤᠰ | ᠪᠤᠯᠵᠤ ᠪᠠᠶᠢᠬᠤ ᠠᠴᠠ ᠪᠢᠰᠢ ᠁ ᠤᠷᠠᠩᠭᠤᠸ᠎ᠠ᠄ ᠬᠤᠩᠬᠤᠰ ᠢᠶᠠᠨ ᠪᠠᠰᠠ ᠦᠮᠦᠭᠯᠡᠴᠢᠭᠡᠵᠡᠢ᠂ ᠲᠠ | ᠬᠤᠩᠬᠤᠰ ᠤᠨ ᠲᠡᠨᠳᠡ ᠭᠡᠳᠦᠨ ᠵᠢᠯ ᠪᠤᠯᠪᠠ ᠭᠡᠨ᠎ᠠ︖ ᠪᠢᠩ ᠲᠠᠩ᠄ ᠦᠮᠦᠭᠯᠡᠬᠦ ᠪᠢᠰᠢ᠂ ᠦᠨᠡᠨ ᠦᠭᠡ ᠬᠡᠯᠡᠬᠦ | ᠭᠡᠷᠡᠭᠳᠡᠢ ᠰᠢᠦ᠃ ᠪᠢ ᠬᠤᠩᠬᠤᠰ ᠤᠨ ᠲᠡᠨᠳᠡ ᠲᠤᠯᠤᠭᠠᠨ ᠵᠢᠯ ᠪᠤᠯᠵᠡᠢ᠃ ᠵᠢᠷᠭᠤᠭᠠᠨ ᠨᠠᠰᠤᠳᠠᠢ ᠠᠴᠠ ᠠᠪᠠᠴᠠᠭᠠᠳ | ᠠᠷᠪᠠᠨ ᠭᠤᠷᠪᠠᠳᠠᠢ ᠵᠢᠯ ᠬᠠᠷᠢᠵᠤ ᠢᠷᠡᠭᠰᠡᠨ ᠶᠤᠮ᠃ ᠨᠠᠮᠠᠢᠢ ᠠᠪᠠᠴᠠᠭᠠᠳ ᠲᠠᠷᠤᠴᠢᠬᠠᠭᠰᠠᠨ ᠠᠴᠠ᠂ ᠡᠪᠦᠭᠡ ᠴᠦ | ᠬᠤᠩᠬᠤᠰ ᠢ ᠶᠡᠭᠡ ᠴᠤᠬᠢᠬᠤ ᠠᠷᠭ᠎ᠠ ᠦᠭᠡᠢ ᠪᠤᠯᠴᠢᠬᠠᠬᠤ ᠦᠭᠡᠢ ᠤᠤ︖ ᠠᠶᠠᠨᠳᠠᠭᠠᠨ ᠪᠠᠰᠠ ᠡᠪ ᠬᠠᠮᠳᠤ ᠨᠠᠮ ᠳᠤ | ᠤᠷᠤᠵᠤ᠂ ᠨᠠᠮ ᠤᠨ ᠨᠢᠭᠤᠴᠠ ᠶᠠᠪᠤᠳᠠᠯ ᠳᠤ ᠶᠠᠭᠠᠷᠠᠴᠢᠬᠠᠭᠰᠠᠨ ᠠᠴᠠ᠂ ᠬᠤᠩᠬᠤᠰ ᠲᠠᠢ ᠲᠡᠮᠡᠢ ᠬᠠᠯᠳᠠᠭᠰᠠᠨ ᠦᠭᠡᠢ | ᠃ ᠭᠤᠤᠯᠳᠠᠬᠤ ᠡᠪ ᠬᠠᠮᠳᠤ ᠨᠠᠮ ᠤᠨ ᠶᠠᠪᠤᠳᠠᠯ ᠳᠤ ᠶᠠᠭᠠᠷᠠᠴᠢᠬᠠᠵᠡᠢ᠃ ᠬᠠᠷᠢᠨ ᠶᠡᠭᠡ ᠬᠤᠬᠢᠷᠠᠯ ᠪᠤᠯ᠄ ᠮᠢᠨᠤ ᠠᠪᠤ | ᠪᠠᠷᠢᠭᠳᠠᠭᠰᠠᠨ ᠠᠴᠠ᠂ ᠲᠡᠷᠡ ᠤᠯᠠᠨ ᠨᠠᠮ ᠤᠨ ᠭᠡᠰᠢᠬᠦᠨ ᠨᠠᠷ ᠪᠦᠷ ᠠᠳᠡ ᠲᠡᠨᠳᠡ ᠨᠢᠭᠤᠵᠤ ᠲᠠᠯᠳᠠᠯᠠᠨ᠂ | ᠲᠤᠳᠠᠭᠠᠵᠤ ᠲᠠᠨᠤᠨ ᠶᠠᠪᠤᠴᠢᠬᠠᠬᠤ ᠦᠭᠡᠢ ᠤᠤ︖ ᠮᠢᠨᠤ ᠠᠪᠤ᠂ ᠤᠷᠴᠢᠨ ᠲᠤᠭᠤᠷᠢᠨ ᠤ ᠪᠠᠨ ᠭᠠᠶᠢᠭᠤᠢ ᠰᠢᠭ᠋ | ᠴᠢᠳᠠᠯ ᠲᠠᠢ᠂ ᠬᠦᠴᠦᠨ ᠲᠠᠢ ᠬᠦᠮᠦᠰ ᠢᠶᠠᠨ ᠪᠦᠷ ᠨᠠᠮ ᠳᠤ ᠤᠷᠤᠭᠤᠯᠴᠢᠬᠠᠭᠰᠠᠨ ᠴᠢᠨᠢ᠂ ᠲᠡᠳᠡᠨ ᠨᠢᠭᠡ ᠲᠤᠤᠷ᠎ᠠ | ᠪᠠᠶᠢᠪᠠᠯ ᠭᠤᠮᠢᠨᠳᠠᠩ ᠪᠦᠭᠡᠮ ᠢᠶᠠᠷ ᠲᠠᠷᠤᠵᠤ ᠠᠪᠬᠤ ᠠᠶᠤᠯ ᠲᠠᠢ ᠪᠠᠶᠢᠵᠡᠢ᠃ ᠲᠡᠭᠡᠵᠤ ᠪᠠᠶᠢᠳᠠᠯ᠎ᠠ ᠠᠪᠤ ᠮᠢᠨᠢ ᠴᠦ | ᠬᠤᠤᠷᠯᠠᠭᠳᠠᠪᠠ᠃ ᠡᠶᠢᠮᠤ ᠭᠡᠴᠡᠬᠦᠦ ᠪᠠᠶᠢᠳᠠᠯ ᠲᠠᠢ ᠪᠠᠶᠢᠭᠰᠠᠨ ᠲᠡᠭᠡᠷ᠎ᠡ ᠪᠠᠰᠠ ᠶᠠᠫᠤᠨ ᠤᠷᠤᠵᠤ ᠢᠷᠡᠯ᠎ᠠ᠃ ᠡᠨᠡ | ᠦᠶ᠎ᠡ᠂ ᠬᠤᠩᠬᠤᠰ ᠨᠠᠷ ᠴᠦ ᠰᠠᠨᠳᠤᠷᠴᠢᠬᠠᠵᠡᠢ᠃ ᠶᠠᠫᠤᠨ ᠬᠦᠮᠦᠨ ᠰᠦᠷᠡᠭᠡᠢ ᠲᠤᠮᠤ ᠲᠤᠮᠤ ᠫᠤᠤ ᠲᠠᠢ ᠶᠤᠮ ᠭᠡᠨ᠎ᠠ | ᠭᠡᠳ ᠬᠤᠩᠬᠤᠰ ᠤᠳ ᠠᠶᠤᠬᠤ᠂ ᠮᠠᠨ ᠤ ᠡᠪᠦᠭᠡ ᠳᠤ ᠦᠭᠡ ᠢᠷᠡᠬᠦᠯᠵᠤ ᠭᠡᠨ᠎ᠠ᠃ ᠤᠷᠠᠩᠭᠤᠸ᠎ᠠ᠄ ᠡᠪᠦᠭᠡ ᠲᠠᠢ | ᠴᠢᠨᠢ ᠬᠠᠮᠳᠤᠷᠠᠬᠤ ᠭᠡ ᠤᠤ︖ ᠪᠢᠩ ᠲᠠᠩ᠄ ᠡᠴᠢᠭᠡ ᠶᠢᠨ ᠬᠢᠨ᠂ ᠨᠠᠮᠠᠢᠢ ᠪᠤᠴᠠᠭᠠᠵᠤ ᠦᠭᠬᠦᠨ᠎ᠠ ᠭᠡᠵᠡᠢ᠃ | ᠬᠠᠷᠢᠭᠤ ᠳᠤᠨᠢ ᠲᠠᠪᠤᠨ ᠵᠠᠭᠤᠨ ᠫᠤᠤ ᠵᠠᠪᠰᠡᠩ᠂ ᠨᠢᠭᠡ ᠵᠠᠭᠤᠨ ᠭᠡᠰᠡᠭ ᠬᠠᠷ᠎ᠠ ᠲᠡᠮᠡᠬᠢ ᠠᠪᠤᠨ᠎ᠠ ᠭᠡᠵᠡᠢ᠃ ᠬᠤᠩᠬᠤᠰ | ᠪᠠ ᠡᠪᠦᠭᠡ ᠶᠢᠨ ᠲᠤᠮᠳᠠ ᠵᠠᠭᠤᠴᠢᠯᠠᠭᠤᠷ ᠪᠤᠯᠳᠠᠭ ᠲᠤᠰᠬᠠᠢ ᠬᠦᠮᠦᠨ ᠲᠠᠢ ᠰᠢᠦ᠂ ᠡᠾᠦ᠋ᠸᠧ ᠳ᠋ᠧ ᠱᠧᠩ ᠭᠡᠳᠡᠭ | ᠶᠤᠮ᠃ ᠪᠢ ᠲᠡᠬᠦᠨ ᠢ ᠡᠾᠦ᠋ᠸᠧ ᠳ᠋ᠧ ᠱᠧᠩ ᠶᠧ ᠶᠧ ᠭᠡᠵᠤ ᠲᠠᠭᠤᠳᠠᠳᠠᠭ᠃ ᠤᠷᠠᠩᠭᠤᠸ᠎ᠠ᠄ ᠲᠡᠭᠡᠭᠡᠳ ᠡᠪᠦᠭᠡ | ᠴᠢᠨᠢ ᠲᠡᠳᠡᠭᠡᠷ ᠫᠤᠤ᠂ ᠬᠠᠷ᠎ᠠ ᠲᠡᠮᠡᠬᠢ ᠶᠢ ᠨᠢ ᠦᠭᠬᠦᠭᠰᠡᠨ ᠪᠢᠵᠠ︖ ᠪᠢᠩ ᠲᠠᠩ᠄ ᠬᠠᠮᠢᠭ᠎ᠠ ᠪᠠᠶᠢᠭᠰᠠᠨ ᠲᠡᠶᠢᠮᠤ | ᠤᠯᠠᠨ ᠫᠤᠤ᠂ ᠲᠡᠮᠡᠬᠢ ᠪᠠᠶᠢᠬᠤ ᠶᠤᠮ︖ ᠰᠠᠨᠳᠤᠷᠤᠭᠰᠠᠨ ᠬᠤᠩᠬᠤᠰ ᠨᠠᠷ ᠰᠡᠬᠦᠯᠡᠷ ᠨᠢ ᠨᠦᠬᠦᠴᠡᠯ ᠢᠶᠠᠨ | ᠪᠠᠭᠤᠷᠠᠭᠤᠯᠵᠤ ᠵᠠᠭᠤᠨ ᠫᠤᠤ᠂ ᠲᠠᠪᠢᠨ ᠭᠡᠰᠡᠭ ᠬᠠᠷ᠎ᠠ ᠲᠡᠮᠡᠬᠢ ᠠᠪᠤᠪᠠᠯ ᠪᠤᠯᠴᠢᠬᠠᠨ᠎ᠠ᠂ ᠭᠡᠬᠦ ᠳᠤ᠂ ᠲᠠᠨ ᠤ ᠴᠢᠶᠠᠨ | ᠤᠪᠤᠭᠳᠠᠨ ᠤ ᠬᠠᠮᠤᠭ ᠤᠨ ᠬᠠᠶᠢᠷᠠᠳᠠᠢ ᠨᠢᠭᠡ ᠬᠦᠮᠦᠨ ᠢ ᠨᠢ ᠤᠷᠤᠨ ᠳᠤᠨᠢ ᠠᠪᠤᠨ᠎ᠠ ᠭᠡᠵᠡᠢ᠃ ᠤᠷᠠᠩᠭᠤᠸ᠎ᠠ᠄ ᠪᠠᠰᠠ | ᠶᠠᠮᠠᠷ ᠬᠠᠮᠤᠭ ᠤᠨ ᠬᠠᠶᠢᠷᠠᠳᠠᠢ ᠬᠦᠮᠦᠨ ᠪᠠᠶᠢᠬᠤ ᠶᠤᠮ︖ ᠲᠡᠷᠡ ᠨᠢ ᠭᠡᠨ ᠶᠤᠮ︖ ᠪᠢᠩ ᠲᠠᠩ᠄ ᠮᠢᠩᠭᠠᠨᠪᠠᠶᠠᠷ | ᠭᠡᠰᠡᠨ ᠨᠢᠭᠡ ᠬᠦᠮᠦᠨ ᠡ ᠬᠦ᠋᠂ ᠡᠭᠡ ᠨᠢ ᠦᠬᠦᠴᠢᠭᠡᠭᠰᠡᠨ ᠠᠴᠠ ᠲᠦᠷᠪᠠᠨ ᠰᠠᠷ᠎ᠠ ᠲᠠᠢ ᠠᠴᠠ ᠨᠢ ᠮᠢᠨᠤ ᠡᠪᠦᠭᠡ | ᠲᠠᠪᠠᠷᠢᠵᠤ ᠠᠪᠴᠢᠷᠠᠭᠠᠳ ᠬᠦᠮᠦᠨ ᠪᠤᠯᠭᠠᠭᠰᠠᠨ ᠪᠦᠭᠡᠳ ᠲᠤᠰᠬᠠᠶᠢᠯᠠᠨ ᠡᠪᠦᠭᠡ ᠡᠮᠡᠭᠡ ᠬᠤᠶᠠᠭᠤᠯᠠ ᠶᠢ ᠠᠰᠠᠷᠠᠳᠠᠭ | ᠪᠠᠶᠢᠭᠰᠠᠨ᠂ ᠮᠢᠨᠤ ᠠᠪᠤ ᠠᠴᠠ ᠨᠢᠭᠡ ᠠᠬ᠎ᠠ᠂ ᠪᠢ ᠲᠡᠬᠦᠨ ᠢ ᠳ᠋ᠠ ᠶᠧ ᠲᠠᠭᠤᠳᠠᠳᠠᠭ᠃ ᠤᠷᠠᠩᠭᠤᠸ᠎ᠠ᠄ ᠨᠢᠭᠡᠨ | ᠵᠠᠷᠤᠴᠠ ᠶᠠᠭᠠᠬᠢᠭᠠᠳ ᠬᠠᠮᠤᠭ ᠬᠠᠶᠢᠷᠠᠳᠠᠢ ᠬᠦᠮᠦᠨ ᠨᠢ ᠪᠤᠯᠴᠢᠬᠠᠭᠰᠠᠨ ᠶᠤᠮ︖ ᠪᠢᠩ ᠲᠠᠩ᠄ ᠰᠠᠶᠢᠨ ᠡᠷ᠎ᠡ | ᠰᠠᠶᠢᠨ ᠡᠷ᠎ᠡ ᠳᠡᠭᠡᠨ ᠬᠠᠶᠢᠷᠠᠳᠠᠢ ᠭᠡᠵᠤ ᠪᠢ ᠴᠢᠮ᠎ᠠ ᠳᠤ ᠬᠡᠯᠡᠭᠰᠡᠨ ᠦᠭᠡᠢ ᠤᠤ︖ ᠲᠡᠷᠡ ᠮᠢᠩᠭᠠᠨᠪᠠᠶᠠᠷ ᠳ᠋ᠠ ᠶᠧ | ᠪᠠᠰᠠ ᠨᠢᠭᠡ ᠰᠠᠶᠢᠨ ᠡᠷ᠎ᠡ ᠰᠢᠦ︕ ᠲᠡᠷᠡ ᠮᠦᠷᠳᠡᠭᠡᠨ ᠨᠠᠷᠠ ᠠᠯᠳᠠᠷᠰᠢᠭᠰᠠᠨ ᠮᠡᠷᠭᠡᠨ ᠫᠤᠤᠴᠢ ᠶᠤᠮ᠃ ᠬᠦᠵᠢ ᠶᠢᠨ | ᠭᠠᠯ ᠤᠨ ᠠᠷᠤ ᠳᠤ᠂ ᠬᠦᠮᠦᠨ ᠤ ᠭᠡᠷᠡᠯ ᠵᠢᠷᠤᠭ ᠢ ᠨᠠᠭᠠᠴᠢᠬᠠᠭᠠᠳ ︽ᠠᠮᠠ ᠶᠢ ᠨᠢ ᠫᠤᠤᠳᠠᠨ᠎ᠠ ᠤᠤ᠂ ᠬᠠᠮᠠᠷ ᠢ ᠨᠢ | ᠫᠤᠤᠳᠠᠨ᠎ᠠ ᠤᠤ︾ ᠭᠡᠳ ᠨᠢᠭᠡ ᠴᠦ ᠠᠨᠳᠤᠳᠠᠭ ᠦᠭᠡᠢ ᠭᠡᠨ᠎ᠠ᠂ ᠬᠦᠵᠢ ᠶᠢᠨ ᠭᠠᠯ ᠭᠡᠳᠦ᠋ᠢᠭᠡᠨ ᠭᠡᠭᠡ ᠪᠠᠶᠢᠬᠤ ᠶᠤᠮ︖ | ᠭᠡᠬᠦ ᠳᠤ ᠠᠮᠠ ᠭᠡᠪᠡᠯ ᠬᠠᠮᠠᠷ ᠢ ᠨᠢ ᠫᠤᠤᠳᠠᠳᠠᠭ ᠦᠭᠡᠢ ᠴᠠᠭᠠᠷᠠᠭᠰᠠᠨ ᠫᠤᠤᠴᠢ ᠶᠢ ᠬᠤᠩᠬᠤᠰ ᠨᠠᠷ ᠲᠤᠷᠠᠯᠠᠬᠤ ᠦᠭᠡᠢ | ᠪᠠᠶᠢᠬᠤ ᠤᠤ ᠳ᠋ᠠ᠃ ᠨᠠᠷᠠᠨ ᠤᠯᠤᠰ ᠤᠨ ᠴᠡᠷᠢᠭ ᠢ ᠴᠤᠬᠢᠬᠤ ᠳᠤ᠂ ᠡᠶᠢᠮᠤ ᠬᠦᠮᠦᠨ ᠭᠡᠷᠡᠭ ᠲᠠᠢ ᠪᠠᠶᠢᠬᠤ ᠦᠭᠡᠢ ᠤᠤ | ︖ ᠤᠷᠠᠩᠭᠤᠸ᠎ᠠ᠄ ᠲᠡᠭᠡᠭᠡᠳ ᠮᠢᠩᠭᠠᠠᠪᠠᠶᠠᠷ ᠢ ᠨᠢ ᠲᠠᠨ ᠤ ᠤᠷᠤᠨ ᠳᠤ ᠦᠭᠴᠢᠭᠡᠵᠤ ᠤᠤ︖ ᠪᠢᠩ ᠲᠠᠩ᠄ ᠠᠨ᠎ᠠ | ᠂ ᠡᠪᠦᠭᠡ ︽ᠬᠦᠮᠦᠨ ᠤ ᠦᠷ᠎ᠡ ᠪᠠᠷ ᠦᠪᠡᠷ ᠤᠨ ᠢᠶᠠᠨ ᠦᠷ᠎ᠡ ᠪᠠᠨ ᠰᠤᠯᠢᠵᠤ ᠠᠪᠴᠢᠷᠠᠨ᠎ᠠ ᠭᠡᠵᠤ ᠶᠠᠭᠠᠬᠢᠨ ᠪᠤᠯᠬᠤ | ᠪᠤᠢ︖ ᠶᠠᠪᠤᠭᠤᠯᠵᠤ ᠪᠤᠯᠬᠤ ᠦᠭᠡᠢ︕︾ ᠭᠡᠬᠦᠯᠡᠷ᠂ ᠮᠢᠩᠭᠠᠨᠪᠠᠶᠠᠷ ᠨᠢ ︽ᠪᠢ ᠤᠴᠢᠨ᠎ᠠ᠂ ᠡᠴᠢᠭᠡ ᠨᠢ | ᠦᠬᠦᠬᠦ ᠠᠴᠠ ᠡᠮᠦᠨ᠎ᠠ ᠮᠢᠨᠤ ᠦᠬᠢᠨ ᠢ ᠰᠠᠶᠢᠨ ᠬᠠᠷᠭᠠᠯᠵᠡᠵᠤ ᠬᠦᠮᠦᠨ ᠪᠤᠯᠭᠠᠭᠠᠳ ᠦᠭ ᠭᠡᠵᠤ ᠭᠡᠷᠢᠶᠠᠰᠤᠯᠡᠭᠰᠡᠨ | ᠪᠠᠶᠢᠬᠤ ᠳᠤ᠃ ᠪᠢᠳᠠ ᠨᠢᠭᠡ ᠨᠠᠮ ᠳᠤ ᠤᠷᠤᠵᠤ ᠨᠢᠭᠡ ᠠᠶᠢᠯ ᠪᠤᠯᠴᠢᠬᠠᠭᠠᠳ᠂ ᠡᠶᠢᠮᠤ ᠰᠠᠶᠢᠬᠠᠨ ᠵᠠᠪᠰᠢᠶᠠᠨ ᠢᠷᠡᠵᠤ | ᠪᠠᠶᠢᠬᠤ ᠳᠤ ᠪᠢ ᠭᠠᠷᠴᠦ ᠢᠷᠡᠬᠦ ᠦᠭᠡᠢ ᠶᠠᠭᠠᠬᠢᠨ᠎ᠠ︖︾ ᠭᠡᠳ᠂ ᠫᠤᠤ ᠪᠠᠨ ᠠᠪᠤᠭᠰᠠᠨ ᠢᠶᠠᠨ᠂ ᠮᠤᠷᠢᠨ ᠳᠠᠭᠠᠨ | ᠮᠤᠷᠳᠠᠭᠠᠳ ᠲᠠᠪᠭᠢᠴᠢᠬᠠᠵᠡᠢ᠃ ᠲᠡᠭᠡᠭᠡᠳ ᠯᠠ ᠨᠠᠮᠠᠢᠢ ᠭᠡᠷ ᠲᠤᠨᠢ ᠪᠤᠴᠠᠭᠠᠵᠤ ᠦᠭᠬᠦᠭᠰᠡᠨ ᠡ᠃ ᠲᠤᠯᠤᠭᠠᠨ ᠵᠢᠯ | ᠲᠡᠳᠡᠨ ᠲᠠᠢ ᠬᠠᠮᠳᠤ ᠦᠰᠦᠭᠰᠡᠨ ᠠᠴᠠ ᠶᠠᠪᠤᠬᠤ ᠦᠶ᠎ᠡ ᠳᠤ ︽ᠦᠬᠢᠨ ᠮᠢᠨᠢ ᠪᠢᠳᠡᠭᠡᠢ ᠠᠶᠤ᠂ ᠰᠠᠨᠠᠭ᠎ᠠ ᠠᠮᠠᠷ ᠶᠠᠪᠤ᠂ | ᠤᠳᠤ ᠪᠦᠷ ᠠᠪᠤ ᠡᠵᠢ ᠲᠠᠢ ᠪᠠᠨ ᠵᠤᠯᠭᠠᠴᠢᠬᠠᠨᠠ ᠁︾ ᠭᠡᠵᠤ ᠤᠯᠠᠨ ᠦᠭᠡ ᠬᠡᠯᠡᠭᠡᠳ ᠦᠭᠡᠷ ᠲᠡᠷᠭᠡᠨ ᠳᠤ | ᠭᠠᠷᠭᠠᠵᠤ᠂ ᠡᠾᠦ᠋ᠸᠧ ᠳ᠋ᠧ ᠱᠧᠩ ᠶᠧ ᠶᠧ ᠪᠠᠷ ᠬᠦᠷᠭᠡᠬᠦᠯᠪᠠ᠃ ᠤᠷᠠᠩᠭᠤᠸ᠎ᠠ᠄ ᠲᠠ ᠪᠠᠰᠠ ᠰᠠᠯᠵᠤ ᠶᠠᠳᠠᠴᠢᠬᠠᠪᠠ | ᠤᠤ︖ ᠪᠢᠩ ᠲᠠᠩ᠄ ᠬᠠᠷᠢᠨ᠎ᠠ ᠭᠡᠵᠤ ᠭᠡᠳᠦ ᠤᠳᠠᠭ᠎ᠠ ᠲᠤᠳᠠᠭᠠᠭᠠᠳ ᠪᠠᠷᠢᠭᠳᠠᠴᠢᠬᠠᠭᠰᠠᠨ ᠬᠦᠮᠦᠨ᠂ ᠲᠡᠷᠡ ᠡᠳᠦᠷ | ᠲᠡᠷᠭᠡ ᠤᠨᠤᠭ᠎ᠠ ᠬᠦᠯᠯᠡᠵᠤ ᠭᠡᠷ ᠲᠤᠨᠢ ᠬᠦᠷᠭᠡᠨ᠎ᠠ ᠭᠡᠬᠦᠯᠡᠷ ᠨᠢ ᠬᠦᠭᠰᠡᠨ ᠪᠠᠶᠠᠷᠯᠠᠬᠤ ᠮᠦᠷᠳᠡᠭᠡᠨ ᠬᠤᠩᠬᠤᠰ | ᠨᠠᠷ ᠠᠴᠠ ᠪᠠᠨ ᠪᠠᠰᠠ ᠰᠠᠯᠵᠤ ᠶᠠᠳᠠᠴᠢᠬᠠᠪᠠ᠃ ᠢᠯᠩᠭᠤᠶᠠ ᠨᠠᠳᠠ ᠲᠠᠢ ᠨᠢᠭᠡ ᠤᠪᠤᠭ ᠤᠨ ᠴᠢᠶᠠᠨ ᠠᠪᠤ᠂ ᠮᠤᠩᠭᠤᠯ | ᠬᠤᠩᠬᠤᠰ ᠪᠤᠯᠬᠤ ᠭᠤᠤ ᠱᠠᠨ ᠠᠪᠤ᠂ ᠪᠠᠰᠠ ᠡᠦ ᠮᠠ ᠮᠠ᠂ ᠮᠢᠨᠤ ᠬᠦᠯ ᠢ ᠡᠮᠨᠡᠭᠰᠡᠨ ᠡᠮᠴᠢ ᠬᠤᠩᠬᠤᠰ ᠁ | ᠬᠦᠶ᠋ᠢ᠂ ᠲᠡᠷᠡ ᠡᠳᠦᠷ᠂ ᠲᠡᠳᠡᠭᠡᠷ ᠮᠠᠭᠤ ᠬᠤᠩᠬᠤᠰ ᠨᠤᠭᠤᠳ ᠤᠨ ᠠᠯᠢ ᠨᠢ ᠴᠦ ᠲᠡᠶᠢᠮᠤ ᠮᠠᠭᠤᠬᠠᠢ ᠰᠠᠨᠠᠭᠳᠠᠭᠰᠠᠨ | ᠦᠭᠡᠢ ᠡ︕ ᠤᠷᠠᠩᠭᠤᠸ᠎ᠠ᠄ ᠲᠠ ᠬᠤᠩᠬᠤᠰ ᠲᠤ ᠲᠠᠷᠤᠭᠳᠠᠵᠤ ᠪᠠᠶᠢᠬᠤ ᠳᠠᠭᠠᠨ ᠪᠠᠰᠠ ᠲᠤᠳᠠᠭᠠᠵᠤ ᠤᠤ︖ ᠪᠢᠩ | ᠲᠠᠩ᠄ ᠲᠤᠳᠠᠭᠠᠭᠰᠠᠨ︕ ᠡᠮᠨᠢᠭ ᠮᠤᠷᠢ ᠤᠨᠤᠵᠤ ᠲᠤᠳᠠᠭᠠᠭᠠᠳ ᠡᠪᠦᠳᠦᠭ ᠤᠨ ᠲᠤᠯᠤᠭᠠᠢ ᠪᠠᠨ ᠮᠤᠯᠳᠤ | ᠠᠪᠤᠭᠤᠯᠴᠢᠬᠠᠭᠰᠠᠨ᠂ ᠴᠢ ᠦᠵᠡ᠂ ᠡᠨᠡ ᠲᠤᠯᠤᠭᠠᠢ ᠦᠭᠡᠢ ᠬᠤᠩᠬᠤᠷᠴᠤᠭ ᠪᠤᠯᠤᠭᠰᠠᠨ ᠡᠪᠦᠳᠦᠭ ᠢ᠃ ᠶᠢᠰᠦᠨ | ᠨᠠᠰᠤᠳᠠᠢ ᠳᠠᠭᠠᠨ ᠬᠢᠭᠰᠡᠨ ᠭᠡᠷᠡᠭ ᠶᠤᠮ᠃ ᠬᠤᠩᠬᠤᠰ ᠤᠨ ᠡᠮᠴᠢ ᠭᠡᠵᠤ ᠰᠦᠷᠡᠭᠡᠢ ᠶᠤᠮ ᠰᠢᠦ᠂ ᠨᠠᠮᠠᠢᠢ ᠡᠮᠨᠡᠵᠤ | ᠪᠠᠶᠢᠭᠠᠳ ᠰᠠᠶᠢᠨ ᠪᠤᠯᠭᠠᠭᠰᠠᠨ᠃ ᠤᠷᠠᠩᠭᠤᠸ᠎ᠠ᠄ ᠰᠠᠶ᠋ᠢᠬᠠᠨ ᠲᠠ ᠴᠢᠶᠠᠨ ᠠᠪᠤ ᠭᠡᠵᠤ ᠲᠤᠷᠠᠳᠤᠭᠠᠳ ᠠᠪᠤᠯ᠎ᠠ᠂ | ᠲᠡᠷᠡ ᠨᠢ ᠲᠠᠨ ᠤ ᠲᠦᠷᠦᠯ ᠤᠤ︖ ᠪᠢᠩ ᠲᠠᠩ᠄ ᠪᠢᠰᠢ᠂ ᠬᠤᠩᠬᠤᠰ ᠤᠨ ᠨᠤᠶᠠᠨ ᠴᠢᠶᠠᠨ ᠫᠠᠶᠢᠵᠠᠩ ᠭᠡᠳᠡᠭ᠃ | ᠵᠦᠪᠭᠡᠨ ᠤᠪᠤᠭ ᠨᠢᠭᠡ ᠲᠠᠢ ᠠᠴᠠ ᠨᠠᠮᠠᠢᠢ ︽ᠶᠠᠰᠤ ᠴᠢᠩᠭ᠎ᠠ ᠴᠢᠶᠠᠨ ᠤᠪᠤᠭᠳᠠᠨ ᠤ ᠦᠬᠢᠨ︾ ᠭᠡᠵᠤ ᠰᠦᠷᠡᠭᠡᠢ | ᠬᠠᠶᠢᠷᠠᠳᠠᠢ ᠪᠠᠶᠢᠳᠠᠭ ᠠᠴᠠ᠂ ᠦᠭᠡᠷ᠎ᠡ ᠬᠦᠮᠦᠰ ᠴᠦ ᠠᠶᠠᠨᠳᠠᠭᠠᠨ ᠲᠠᠷᠤᠯᠠᠵᠤ ᠴᠢᠳᠠᠬᠤ ᠦᠭᠡᠢ ᠪᠤᠯᠴᠢᠬᠠᠨ᠎ᠠ᠃ | ᠬᠤᠩᠬᠤᠰ ᠤᠳ᠂ ᠪᠤᠯᠢᠶᠠᠵᠤ ᠠᠪᠴᠢᠷᠠᠭᠰᠠᠨ ᠭᠡᠰᠢᠭ ᠢᠶᠠᠨ ᠬᠤᠪᠢᠶᠠᠯᠴᠠᠬᠤ ᠳᠤ᠂ ᠪᠢ ︽ᠸᠧ ᠶᠤᠤ ᠪᠢᠩ ᠲᠠᠩ︕ | ︵ᠪᠢ ᠮᠦᠰᠦᠨ ᠰᠢᠬᠢᠷ ᠠᠪᠤᠨ᠎ᠠ︶︾ ᠭᠡᠵᠤ ᠪᠠᠷᠬᠢᠷᠠᠨ᠎ᠠ᠃ ᠲᠡᠭᠡᠭᠡᠳ ᠲᠡᠳᠡᠨᠤᠰ ᠢᠨᠢᠶᠠᠯᠳᠤᠵᠤ ᠨᠠᠳᠠ ᠮᠦᠰᠦᠨ | ᠰᠢᠬᠢᠷ ᠦᠭᠳᠡᠭ᠃ ᠲᠡᠭᠡᠵᠤ ᠪᠠᠶᠢᠭᠰᠠᠭᠠᠷ ᠨᠠᠳᠠ ᠪᠢᠩ ᠲᠠᠩ ᠭᠡᠰᠡᠨ ᠨᠠᠷᠠ ᠦᠭᠬᠦᠭᠰᠡᠨ ᠰᠢᠦ᠂ ᠲᠡᠷᠡ ᠨᠠᠷᠠ ᠨᠠᠰᠤᠨ | ᠲᠤᠷᠰᠢ ᠨᠠᠮᠠᠢᠢ ᠲᠠᠭᠠᠯ᠎ᠠ᠃ ᠦᠭᠡᠢ ᠶᠤᠮ ᠪᠤᠯ ᠮᠢᠨᠤ ᠤᠤᠯ ᠨᠠᠷᠠ ᠶᠢ ᠴᠢᠶᠠᠨ ᠱᠤ᠋ ᠵᠸᠡᠨ ᠭᠡᠳᠡᠭ ᠶᠤᠮ᠃ | ᠤᠷᠠᠩᠭᠤᠸ᠎ᠠ᠄ ᠬᠤᠩᠬᠤᠰ ᠨᠠᠷ ᠬᠠᠮᠤᠭ ᠪᠠᠭ᠎ᠠ ᠪᠠᠨ ᠬᠠᠶᠢᠷᠠᠯᠠᠵᠤ᠂ ᠬᠠᠮᠤᠭ ᠠᠮᠳᠠᠳᠠᠢ ᠮᠦᠰᠦᠨ ᠰᠢᠬᠢᠷ ᠢᠶᠠᠨ | ᠢᠳᠡᠬᠦᠯᠵᠤ ᠪᠠᠶᠢᠭᠰᠠᠭᠠᠷ᠂ ᠬᠠᠮᠤᠭ ᠠᠮᠳᠠᠳᠠᠢ ᠨᠡᠷ᠎ᠡ ᠲᠠᠢ ᠪᠤᠯᠴᠢᠬᠠᠵᠡᠢ ᠲᠠ᠃ ᠲᠠᠨ ᠤ ᠡᠨᠡ ᠪᠡᠶ᠎ᠡ ᠶᠢᠨ ᠭᠠᠷᠤᠯ ᠴᠦ | ᠡᠯᠪᠡᠭ ᠠᠭᠤᠯᠭ᠎ᠠ ᠲᠠᠢ ᠪᠠᠶᠢᠨ᠎ᠠ ᠳ᠋ᠠ᠃ ᠤᠪᠤᠭ ᠶᠠᠰᠤ ᠶᠢ ᠴᠢᠨᠢ ᠡᠪᠦᠭᠡ ᠲᠡᠭᠡᠳᠦᠰ ᠦᠭᠴᠡᠢ᠂ ᠨᠠᠷᠠ ᠶᠢ ᠨᠢ | ᠲᠡᠭᠡᠷᠡᠮ ᠦᠭᠴᠡᠢ᠃ ᠪᠡᠶ᠎ᠡ ᠶᠢ ᠴᠢᠨᠢ ᠠᠪᠤ ᠡᠵᠢ ᠴᠢᠨᠢ ᠲᠦᠷᠦᠭᠰᠡᠨ ᠴᠦ ︵ᠪᠠᠰᠠ ᠭᠠᠭ᠋ᠠᠢ ᠶᠢᠨ ᠮᠢᠬ᠎ᠠ ᠪᠠᠷ | ᠰᠤᠯᠢᠭᠰᠠᠨ ᠲᠡᠦᠭᠡ ᠲᠠᠢ ᠰᠢᠦ︕ ᠭᠡᠵᠤ ᠪᠢ ᠨᠠᠭᠠᠳᠪᠠ︶᠂ ᠠᠪᠤ ᠶᠢᠨ ᠬᠠᠶᠢᠷ᠎ᠠ ᠶᠢ ᠸᠠᠩ ᠮᠦᠩᠭᠡ ᠦᠭᠴᠡᠢ︕᠂ | ᠲᠠ ᠴᠦ ᠤᠯᠠᠨ ᠬᠦᠮᠦᠨ ᠢ ᠲᠤᠩᠰᠤᠯᠠᠭᠠᠭᠰᠠᠨ ᠦᠢᠯᠡᠷ ᠤᠨ ᠮᠢᠩᠭᠠᠨ ᠯᠠᠩ ᠪᠠᠶᠢᠨ᠎ᠠ ᠬᠦ᠋ ᠁ ᠪᠢᠩ ᠲᠠᠩ᠄ | ᠪᠠᠰᠠ ᠪᠠᠶᠢᠨ᠎ᠠ᠂ ᠦᠨᠦ ᠮᠢᠩᠭᠠᠨᠪᠠᠶᠠᠷ ᠳ᠋ᠠ ᠶᠧ︕ ᠤᠷᠠᠩᠭᠤᠸ᠎ᠠ᠄ ᠦᠨᠡᠭᠡᠷ ᠡ᠂ ᠲᠡᠷᠡ ᠬᠦᠮᠦᠨ ᠴᠢᠨᠤ | ᠤᠷᠤᠨ ᠳᠤ ᠤᠴᠢᠭᠠᠳ ᠶᠠᠭᠠᠬᠢᠪᠠ︖ ᠬᠤᠩᠬᠤᠰ ᠪᠤᠯᠴᠢᠬᠠᠪᠠ ᠤᠤ︖ ᠪᠢᠩ ᠲᠠᠩ᠄ ᠭᠡᠩ᠂ ᠴᠢ ᠶᠠᠭᠤ ᠭᠡᠵᠤ | ᠰᠠᠨᠠᠨ᠎ᠠ︖ ᠲᠡᠷᠡ ᠴᠢᠨᠢ ᠬᠤᠩᠬᠤᠰ ᠪᠤᠯᠴᠢᠬᠠᠳᠠᠭ ᠬᠦᠮᠦᠨ ᠮᠥᠨ ᠤᠤ ᠳ᠋ᠠ︖ ᠬᠤᠩᠬᠤᠰ ᠲᠡᠬᠦᠨ ᠢ | ᠦᠪᠡᠷ ᠤᠨ ᠢᠶᠠᠨ ᠬᠦᠮᠦᠨ ᠪᠤᠯᠭᠠᠵᠤ ᠠᠪᠬᠤ ᠶᠢᠨ ᠲᠦᠯᠦᠭᠡ ᠭᠡᠳᠦᠢ ᠴᠦ ᠬᠠᠳᠠᠭᠤ ᠵᠦᠭᠡᠯᠡᠨ ᠠᠷᠭ᠎ᠠ ᠶᠢ ᠭᠡᠷᠡᠭᠯᠡᠵᠤ᠂ | ᠭᠡᠳᠦᠢ ᠴᠦ ᠲᠠᠮᠤᠯᠠᠭᠰᠠᠨ ᠪᠢᠯᠠ︖ ᠨᠢᠷᠤᠭᠤᠨ ᠤ ᠮᠢᠬ᠎ᠠ ᠶᠢ ᠨᠢ ᠦᠪᠴᠢᠭᠡᠳ ᠪᠦᠷ ᠶᠠᠰᠤ ᠶᠢ ᠨᠢ | ᠭᠠᠷᠭᠠᠴᠢᠬᠠᠭᠰᠠᠨ ᠴᠦ ᠬᠤᠩᠬᠤᠰ ᠲᠤ ᠤᠷᠤᠵᠤ ᠦᠭᠬᠦᠭᠰᠡᠨ ᠦᠭᠡᠢ᠃ ᠠᠷᠭ᠎ᠠ ᠦᠭᠡᠢ ᠳᠤ ᠬᠤᠷᠤᠰᠤᠯᠳᠠᠢ ᠪᠠᠷ | ᠡᠪᠦᠭᠡ ᠳᠤ ᠮᠢᠨᠢ ᠪᠤᠴᠠᠭᠠᠵᠤ ᠦᠭᠴᠡᠢ᠃ ᠭᠡᠬᠦ ᠳᠤ᠂ ᠦᠭᠡᠷ ᠲᠡᠷᠭᠡᠨ ᠲᠡᠭᠡᠷ᠎ᠡ ᠡᠯᠢᠭᠡᠳᠡᠬᠦᠯᠵᠤ ᠭᠡᠪᠳᠡᠬᠦᠯᠦᠭᠡᠳ | ᠮᠤᠷᠳᠠᠭᠤᠯᠬᠤ ᠦᠶ᠎ᠡ᠂ ᠪᠠᠰᠠ ᠨᠢᠭᠡ ᠨᠢ ᠬᠤᠷᠤᠰᠬᠤ ᠳᠠᠭᠠᠨ ᠬᠦᠶᠦᠵᠤ ᠢᠷᠡᠭᠡᠳ ᠬᠤᠶᠠᠷ ᠴᠢᠬᠢ ᠶᠢ ᠨᠢ ᠤᠭᠳᠤᠯᠵᠤ | ᠬᠠᠶᠠᠭᠰᠠᠨ ᠭᠡᠨ᠎ᠠ᠃ ᠬᠠᠷᠢᠵᠤ ᠢᠷᠡᠬᠦ ᠳᠤ ᠬᠦᠳᠡᠯᠭᠡᠬᠦ ᠠᠷᠭ᠎ᠠ ᠴᠦ ᠦᠭᠡᠢ ᠪᠤᠯᠤᠭᠰᠠᠨ ᠪᠠᠶᠢᠪᠠ᠃ ᠨᠢᠷᠤᠭᠤᠨ ᠤ | ᠶᠠᠰᠤ ᠨᠢ ᠶᠠᠷᠵᠠᠶᠢᠭᠠᠳ ᠦᠵᠡᠭᠳᠡᠬᠦ ᠶᠤᠮ ᠴᠢᠨᠢ᠃ ᠭᠡᠬᠦ ᠳᠤ ︽ᠶᠤᠤ︾ ᠭᠡᠬᠦ ᠦᠭᠡᠢ ᠯᠠ ᠪᠠᠶᠢᠪᠠ᠃ ᠡᠪᠦᠭᠡ | ᠡᠮᠡᠭᠡ ᠶᠢᠨ ᠮᠢᠨᠢ ᠠᠰᠠᠷᠠᠭᠴᠢ ᠪᠠᠶᠢᠭᠰᠠᠨ ᠲᠡᠷᠡ᠂ ᠲᠡᠭᠡᠭᠡᠳ ᠯᠠ ᠡᠪᠦᠭᠡ ᠡᠮᠡᠭᠡ ᠬᠤᠶᠠᠷ ᠢᠶᠠᠷ ᠮᠢᠨᠢ ᠠᠰᠠᠷᠠᠭᠤᠯᠪᠠ᠃ | ᠪᠢ ᠵᠦᠪᠭᠡᠨ ᠴᠠᠢ ᠤᠰᠤ ᠶᠢ ᠨᠢ ᠵᠦᠭᠡᠭᠡᠬᠦ ᠠᠴᠠ ᠶᠠᠭ ᠤᠶᠢᠷᠠᠳᠴᠦ ᠴᠢᠳᠠᠭᠰᠠᠨ ᠦᠭᠡᠢ᠂ ᠡᠪᠦᠭᠡ ᠨᠠᠳᠠ ︽ᠡᠨᠡ | ᠳ᠋ᠠ ᠶᠧ ᠴᠢᠨᠢ ᠴᠢᠮ᠎ᠠ ᠳᠤ ᠭᠠᠪᠢᠶ᠎ᠠ ᠲᠠᠢ ᠬᠦᠮᠦᠨ ᠰᠢᠦ ᠁︾ ᠭᠡᠳ ᠪᠦᠬᠦ ᠤᠴᠢᠷ ᠢ ᠬᠡᠯᠡᠪᠡ᠃ ᠡᠶᠢᠮᠤ ᠨᠢᠭᠡ | ᠰᠠᠶᠢᠨ ᠡᠷ᠎ᠡ ᠶᠢ ᠮᠢᠨᠤ ᠡᠪᠦᠭᠡ ᠬᠠᠶᠢᠷᠠᠯᠠᠬᠤ ᠦᠭᠡᠢ ᠶᠠᠭᠠᠬᠢᠨ᠎ᠠ︖ ᠬᠤᠩᠬᠤᠰ ᠤᠳ ᠴᠦ ᠪᠢᠰᠢᠷᠡᠬᠦ ᠪᠦᠭᠡᠳ | ᠬᠤᠷᠤᠰᠤᠭᠰᠠᠨ ᠪᠠᠶᠢᠨ᠎ᠠ ᠰᠢᠦ ᠳ᠋ᠠ᠃ ᠤᠷᠠᠩᠭᠤᠸ᠎ᠠ᠄ ᠬᠤᠷᠤᠰᠤᠯᠠ ᠭᠡᠳ ᠪᠠᠰᠠ ᠠᠯᠠᠬᠤ ᠦᠭᠡᠢ ᠨᠢ ᠡ︖ ᠪᠢᠩ | ᠲᠠᠩ᠄ ᠠᠯᠠᠬᠤ ᠦᠭᠡᠢ ᠰᠢᠦ᠂ ᠰᠠᠶᠢᠨ ᠡᠷᠡᠰ ᠰᠠᠶᠢᠨ ᠡᠷᠡᠰ ᠲᠡᠭᠡᠨ ᠬᠠᠶᠢᠷᠠᠳᠠᠢ᠃ ᠶᠠᠭᠠᠬᠢᠭᠠᠳ ᠴᠦ ᠪᠠᠭᠤᠯᠭᠠᠵᠤ | ᠲᠡᠶᠢᠯᠬᠦ ᠦᠭᠡᠢ ᠪᠤᠯ᠂ ᠪᠠᠭᠤᠵᠤ ᠦᠭᠬᠦ ᠯᠠ ᠤᠴᠢᠷ᠃ ᠦᠨᠡᠨ ᠳᠡᠭᠡᠨ ᠬᠤᠩᠬᠤᠰ ᠨᠠᠷ᠂ ᠮᠢᠨᠤ ᠮᠢᠩᠭᠠᠨᠪᠠᠶᠠᠷ ᠳ᠋ᠠ | ᠶᠧ ᠳᠤ ᠪᠠᠭᠤᠵᠤ ᠦᠭᠬᠦᠭᠰᠡᠨ ᠤᠴᠢᠷ ᠰᠢᠦ ᠳ᠋ᠠ᠃ ᠪᠠᠭᠤᠵᠤ ᠦᠭᠬᠦᠭᠰᠡᠨ ᠳᠡᠭᠡᠨ ᠬᠦᠯᠢᠴᠡᠵᠤ ᠲᠡᠶᠢᠯᠬᠦ ᠦᠭᠡᠢ | ᠬᠤᠷᠤᠰᠴᠦ᠂ ᠴᠢᠬᠢ ᠶᠢ ᠨᠢ ᠤᠭᠳᠤᠯᠤᠯᠠ ᠪᠢᠵᠠ ᠳ᠋ᠠ᠃ ᠬᠤᠩᠬᠤᠰ ᠨᠠᠷ ᠬᠠᠳᠠᠭᠤ ᠴᠦ᠂ ᠬᠦᠮᠦᠨ ᠤ ᠤᠭ ᠴᠢᠨᠠᠷ ᠢ | ᠬᠦᠨᠳᠦᠳᠭᠡᠳᠡᠭ ᠶᠤᠮ ᠡ᠂ ᠲᠠᠨᠤᠰ ᠮᠡᠳᠡᠬᠦ ᠦᠭᠡᠢ ᠪᠠᠶᠢᠨ᠎ᠠ᠃ ᠲᠡᠳᠡᠨ ᠴᠢᠨᠢ᠂ ᠬᠦᠮᠦᠨ ᠤ ᠤᠭ ᠴᠢᠨᠠᠷ ᠢ | ᠬᠦᠨᠳᠡᠭᠡᠵᠤ ᠪᠤᠯᠳᠠᠭ ᠦᠭᠡᠢ ᠴᠡᠭᠡᠷ ᠲᠠᠢ᠃ ᠨᠦᠬᠦᠭᠡ ᠲᠠᠯ᠎ᠠ ᠪᠠᠷ᠂ ᠶᠠᠫᠤᠨ ᠤᠷᠤᠵᠤ ᠢᠷᠡᠭᠡᠳ ᠪᠠᠶᠢᠭ᠎ᠠ ᠦᠶ᠎ᠡ᠃ | ᠬᠤᠩᠬᠤᠰ ᠦᠪᠡᠷ ᠤᠨ ᠤᠯᠤᠰ ᠤᠨ ᠢᠶᠠᠨ ᠭᠠᠵᠠᠷ ᠨᠤᠳᠤᠭ ᠲᠠᠭᠠᠨ ᠬᠠᠶᠢᠷ᠎ᠠ ᠦᠭᠡᠢ ᠪᠤᠯᠴᠢᠬᠤ ᠤᠤ︖ ᠶᠠᠭᠠᠬᠢᠵᠤ | ᠮᠠᠭᠤᠳᠠᠯᠴᠠᠯᠠ ᠭᠡᠳ ᠲᠤᠬᠤᠢ ᠰᠢᠯᠪᠤᠷᠠᠪᠠᠯ ᠬᠠᠨᠴᠦᠢ ᠲᠤᠳᠤᠷ᠎ᠠ ᠪᠠᠨ ᠭᠡᠭᠴᠢ ᠪᠠᠷ᠂ ᠮᠢᠩᠭᠠᠨᠪᠠᠶᠠᠷ ᠮᠡᠳᠦ ᠶᠢᠨ | ᠬᠦᠮᠦᠰ ᠢ ᠦᠯᠡᠳᠡᠭᠡᠵᠤ ᠪᠠᠶᠢᠪᠠᠯ ᠶᠠᠫᠤᠨᠴᠤᠳ ᠢ ᠴᠤᠬᠢᠬᠤ ᠳᠤ ᠭᠡᠷᠡᠭ ᠲᠠᠢ ᠰᠢᠦ︕ ᠤᠷᠠᠩᠭᠤᠸ᠎ᠠ᠄ ᠶᠤᠰᠤᠳᠠᠢ ᠳ᠋ᠠ | ᠃ ᠭᠡᠳᠦ᠋ᠢᠪᠡᠷ ᠬᠤᠭᠤᠷᠤᠨᠳᠤ ᠪᠠᠨ ᠵᠤᠳᠤᠯᠳᠤᠵᠤ ᠴᠤᠬᠢᠯᠳᠤᠵᠤ ᠪᠠᠶᠢᠳᠠᠭ ᠴᠦ᠂ ᠭᠠᠳᠠᠭᠠᠳᠤ ᠶᠢᠨ | ᠲᠦᠷᠮᠡᠭᠡᠶᠢᠯᠡᠭᠴᠢᠳ ᠢ ᠴᠤᠬᠢᠬᠤ ᠳᠤ ᠪᠦᠷ ᠠᠬ᠎ᠠ ᠲᠡᠬᠦᠦ ᠪᠤᠯᠵᠤ ᠬᠠᠮᠳᠤᠷᠠᠯᠴᠠᠬᠤ ᠨᠢ ᠴᠦ ᠵᠦᠪ ᠳ᠋ᠠ᠃ ᠲᠡᠷᠡ | ᠰᠠᠶᠢᠨ ᠫᠤᠤᠴᠢ ᠮᠢᠩᠭᠠᠨᠪᠠᠶᠠᠷ ᠠᠪᠤ ᠴᠢᠨᠢ ᠲᠡᠭᠡᠭᠡᠳ ᠶᠠᠫᠤᠨ ᠢ ᠴᠤᠬᠢᠪᠠ ᠤᠤ︖ ᠪᠢᠩ ᠲᠠᠩ᠄ ᠮᠡᠳᠡᠬᠦ ᠦᠭᠡᠢ ᠰᠢᠦ | ᠃ ᠰᠢᠷᠬ᠎ᠠ ᠪᠠᠨ ᠡᠮᠨᠡᠵᠤ ᠪᠠᠶᠢᠬᠤ ᠬᠤᠭᠤᠴᠠᠭᠠᠨ ᠳᠤ ᠪᠠᠶᠢᠨ ᠪᠠᠶᠢᠨ ︽ᠪᠢ ᠭᠠᠳᠠ ᠳᠤ ᠤᠷᠤᠬᠤ ᠶᠤᠮᠰᠠᠨ ᠁ | ᠰᠤᠨᠤᠰᠬᠤ ᠳᠤ ᠭᠠᠳᠠ ᠦᠭᠡᠢ ᠪᠤᠯᠴᠢᠬᠠᠯ᠎ᠠ ᠭᠡᠨ᠎ᠠ᠂ ᠪᠢ ᠭᠠᠳᠠ ᠪᠤᠯᠬᠤ ᠶᠤᠮᠰᠠᠨ ᠁︾ ᠭᠡᠬᠦ ᠮᠡᠳᠦ ᠶᠢᠨ | ᠶᠠᠭᠤᠮ᠎ᠠ ᠬᠡᠯᠡᠵᠤ ᠪᠠᠶᠢᠪᠠ᠃ ᠤᠷᠠᠩᠭᠤᠸ᠎ᠠ᠄ ᠲᠡᠭᠡᠭᠡᠳ ᠭᠠᠳᠠ ᠮᠠᠶᠢᠷᠠᠨ ᠳᠤ ᠤᠷᠤᠭᠰᠠᠨ ᠤᠤ︖ ᠪᠢᠩ ᠲᠠᠩ᠄ | ᠪᠠᠰᠠ ᠮᠡᠳᠡᠬᠦ ᠦᠭᠡᠢ ᠰᠢᠦ᠃ ᠲᠦᠷᠦᠯ ᠤᠨ ᠬᠢᠨ ᠤ ᠠᠴᠢ ᠦᠬᠢᠨ ᠨᠢ ᠢᠷᠡᠵᠤ ᠠᠪᠤᠭᠠᠳ ᠶᠠᠪᠤᠭᠰᠠᠨ᠃ ᠠᠪᠤ ᠪᠠᠨ | ᠠᠯᠳᠠᠴᠢᠬᠭ᠍ᠭ᠍ᠰᠠᠨ ᠲᠡᠷᠡ ᠦᠬᠢᠨ᠂ ᠮᠢᠩᠭᠠᠨᠪᠠᠶᠠᠷ ᠳ᠋ᠠ ᠶᠧ ᠶᠢ ᠠᠪᠤ ᠲᠠᠨᠢᠨ᠎ᠠ ᠭᠡᠳ ᠠᠪᠴᠦ ᠶᠠᠪᠤᠭᠰᠠᠨ ᠶᠤᠮ᠂ ᠭᠡᠨ | ᠮᠡᠳᠡᠬᠦ ᠪᠤᠢ᠂ ᠬᠠᠮᠢᠭ᠎ᠠ ᠶᠠᠪᠤᠭᠰᠠᠨ ᠢ ᠨᠢ᠃ ᠪᠢ ᠴᠦ ᠨᠢᠭᠡ ᠵᠢᠭᠠᠬᠠᠨ ᠬᠡᠦᠭᠡᠨ ᠦᠬᠢᠨ ᠬᠦᠮᠦᠨ᠂ ᠮᠢᠨᠤ ᠡᠪᠦᠭᠡ | ᠲᠡᠷᠡ ᠪᠤᠯᠭᠠᠨ ᠢ ᠨᠠᠳᠠ ᠬᠡᠯᠡᠬᠦ ᠴᠦ ᠪᠢᠰᠢ᠃ ᠨᠦᠬᠦᠭᠡ ᠲᠠᠯ᠎ᠠ ᠪᠠᠷ ᠮᠢᠩᠭᠠᠨᠪᠠᠶᠠᠷ ᠳ᠋ᠠ ᠶᠧ ᠴᠦ ᠨᠢᠭᠤᠴᠠ ᠨᠠᠮ ᠤᠨ | ᠭᠡᠰᠢᠬᠦᠨ᠃ ᠪᠠᠰᠠ ᠯᠠ ᠨᠢᠭᠤᠵᠤ ᠲᠤᠳᠠᠭᠠᠵᠤ ᠠᠮᠢᠳᠤᠷᠠᠳᠠᠭ ᠦᠢᠯᠠ ᠲᠠᠢ ᠨᠢᠭᠡ ᠨᠢ ᠰᠢᠳᠠ᠃ ᠰᠡᠬᠦᠯ ᠳᠤ | ᠬᠠᠮᠢᠭᠠᠰᠢ ᠶᠠᠪᠤᠭᠰᠠᠨ ᠢ ᠨᠢ ᠪᠢ ᠮᠡᠳᠡᠬᠦ ᠦᠭᠡᠢ᠃ ᠤᠷᠠᠩᠭᠤᠸ᠎ᠠ᠄ ᠲᠠᠨ ᠤ ᠡᠨᠡ ᠶᠡᠷᠢᠨ ᠨᠢᠭᠡᠨ ᠨᠠᠰᠤ ᠴᠦ ᠤᠯᠠᠨ | ᠬᠦᠮᠦᠨ ᠲᠠᠢ ᠬᠤᠯᠪᠤᠭᠳᠠᠵᠤ ᠢᠷᠡᠭᠰᠡᠨ ᠶᠤᠮ ᠪᠠᠶᠢᠨ᠎ᠠ᠃ ᠲᠡᠶᠢᠮᠤ ᠤᠯᠠᠨ ᠬᠦᠮᠦᠨ ᠲᠠᠨ ᠢ ᠬᠠᠶᠢᠷᠠᠯᠠᠵᠤ ᠯᠠ | ᠪᠠᠶᠢᠵᠡᠢ ᠳ᠋ᠠ ᠁ ᠪᠢᠩ ᠲᠠᠩ᠄ ᠲᠡᠶᠢᠮᠤ ᠰᠢᠦ᠂ ᠦᠨᠡᠨ ᠤᠯᠠᠨ ᠬᠦᠮᠦᠨ ᠨᠠᠳᠠ ᠬᠠᠶᠢᠷᠠᠳᠠᠢ ᠶᠤᠮ᠃ ᠪᠠᠰᠠ | ᠨᠢᠭᠡ ᠬᠦᠮᠦᠨ ᠢ ᠬᠡᠯᠡᠬᠦ ᠭᠡᠷᠡᠭᠳᠠᠢ ᠪᠠᠶᠢᠨ᠎ᠠ᠃ ᠴᠢᠶᠠᠨ ᠲᠤᠸᠠᠨᠵᠠᠩ ᠳ᠋ᠠ ᠶᠧ᠃ ᠲᠡᠷᠡ ᠬᠦᠮᠦᠨ᠂ ᠰᠡᠬᠦᠯᠡᠷ ᠨᠢ ᠨᠢᠭᠡ | ᠪᠦᠯᠦᠭ ᠬᠤᠩᠬᠤᠰ ᠢᠶᠠᠨ ᠠᠪᠴᠦ ᠮᠠᠨ ᠤ ᠳᠤ ᠪᠠᠭᠤᠵᠤ ᠦᠭᠬᠦᠭᠰᠡᠨ ᠪᠦᠭᠡᠳ ᠡᠪ ᠬᠠᠮᠳᠤ ᠨᠠᠮ ᠳᠤ ᠤᠷᠤᠭᠰᠠᠨ | ᠶᠤᠮ᠃ ᠭᠤᠤᠯᠳᠠᠭᠤ ᠶᠠᠫᠤᠨ ᠢ ᠴᠤᠬᠢᠬᠤ ᠶᠢᠨ ᠵᠤᠷᠢᠯᠭ᠎ᠠ ᠭᠡᠳᠡᠭ ᠪᠤᠯᠪᠠᠴᠦ᠂ ᠮᠢᠨᠤ ᠨᠢᠭᠤᠷ ᠲᠠᠯ᠎ᠠ ᠶᠢ ᠬᠠᠷᠠᠭᠰᠠᠨ | ᠤᠴᠢᠷ ᠪᠠᠶᠢᠭ᠎ᠠ ᠶᠤᠮ᠃ ᠭᠡᠬᠦ ᠳᠡᠭᠡᠨ᠂ ᠲᠠᠭᠠᠭᠤᠯᠵᠤ ᠢᠷᠡᠭᠰᠡᠨ ᠬᠤᠩᠬᠤᠰ ᠠᠴᠠ ᠨᠢ ᠤᠷᠪᠠᠭᠴᠢ ᠭᠠᠷᠴᠦ ᠴᠢᠶᠠᠨ | ᠲᠤᠸᠠᠨᠵᠠᠩ ᠳ᠋ᠠ ᠶᠧ ᠶᠢ ᠮᠢᠨᠢ ᠫᠤᠤᠳᠠᠴᠢᠬᠠᠭᠰᠠᠨ ᠶᠤᠮ︕ ᠮᠠᠨ ᠤ ᠳᠤ ᠤᠷᠤᠵᠤ ᠢᠷᠡᠭᠰᠡᠨ ᠦᠭᠡᠢ ᠪᠤᠯ ᠲᠠᠷᠠ | ᠬᠦᠮᠦᠨ ᠤᠷᠳᠤ ᠨᠠᠰᠤᠯᠠᠬᠤ ᠯᠠ ᠬᠦᠮᠦᠨ ᠳ᠋ᠠ᠃ ᠤᠷᠠᠩᠭᠤᠸ᠎ᠠ᠄ ᠲᠠ ᠦᠨᠡᠭᠡᠷ ᠤᠷᠰᠢᠭ ᠤᠨ ᠤᠳᠤᠨ ᠪᠠᠶᠢᠨ᠎ᠠ᠂ | ᠤᠯᠠᠨ ᠭᠡᠷᠡᠭ ᠲᠠᠳᠠᠭᠰᠠᠨ᠂ ᠤᠯᠠᠨ ᠬᠦᠮᠦᠨ ᠢ ᠲᠤᠩᠰᠤᠯᠭᠠᠭᠰᠠᠨ ᠠᠮᠳᠠᠳᠠᠢ ᠮᠦᠰᠦᠨ ᠰᠢᠭᠢᠷ ᠪᠠᠶᠢᠨ᠎ᠠ︕ ᠪᠢᠩ | ᠲᠠᠩ᠄ ᠠᠢ ᠳ᠋ᠠ᠂ ᠲᠦᠷᠪᠠᠨ ᠵᠢᠩ ᠲᠦᠷᠪᠠᠨ ᠯᠠᠩ ᠤᠨ ᠬᠦᠨᠳᠤ ᠶᠢᠨ ᠵᠢᠩ ᠢᠶᠠᠷ ᠡᠨᠡ ᠶᠢᠷᠳᠢᠨᠴᠦ ᠳᠤ ᠢᠷᠡᠭᠰᠡᠨ | ᠬᠦᠮᠦᠨ ᠡᠶᠢᠮᠤ ᠪᠠᠶᠢᠳᠠᠭ ᠶᠤᠮ ᠪᠠᠶᠢᠬ᠎ᠠ᠂ ᠭᠡᠨ ᠮᠡᠳᠡᠯ᠎ᠠ︖ ᠲᠠᠷᠠ ᠤᠯᠠᠨ ᠬᠦᠮᠦᠨ ᠢ ᠲᠤᠩᠰᠤᠯᠭᠠᠵᠤ | ᠵᠤᠪᠠᠭᠠᠭᠰᠠᠨ ᠤ ᠬᠠᠷᠢᠭᠤ ᠳᠤᠨᠢ ᠲᠦᠮᠠ ᠮᠢᠩᠭᠠᠨ ᠬᠦᠮᠦᠨ ᠳᠤ ᠰᠠᠶᠢᠨ ᠬᠢᠶ᠎ᠡ ᠭᠡᠵᠤ ᠬᠠᠳᠠᠭᠤ ᠪᠤᠳᠤᠵᠤ ᠶᠠᠪᠤᠯ᠎ᠠ᠃ | ︽ᠴᠢᠶᠠᠨ ᠤᠪᠤᠭᠳᠠᠨ ᠯᠠ ᠶᠤᠮ ᠪᠤᠯ ᠪᠤᠳᠤᠭᠰᠠᠨ ᠢᠶᠠᠨ ᠪᠡᠶᠡᠯᠡᠬᠦᠯᠬᠦ ᠭᠡᠷᠡᠭᠳᠠᠢ ᠭᠡᠵᠤ ᠰᠢᠦ︕︾ ᠭᠡᠵᠤ᠂ | ᠪᠡᠶ᠎ᠡ ᠳᠡᠭᠡᠨ ᠪᠠᠶᠢᠨ ᠪᠠᠶᠢᠨ ᠰᠠᠨᠠᠭᠤᠯᠵᠤ ᠪᠠᠶᠢᠳᠠᠭ᠃ ᠭᠡᠬᠦ ᠳᠤ᠂ ᠪᠠᠰᠠ ᠬᠤᠷᠤᠰᠬᠠᠭᠰᠠᠨ ᠬᠦᠮᠦᠨ ᠴᠦ ᠪᠠᠶᠢᠨ᠎ᠠ᠂ | ᠬᠤᠷᠤᠰᠬᠠᠬᠤ ᠦᠭᠡᠢ ᠶᠠᠭᠠᠬᠢᠨ᠎ᠠ︖ ᠵᠦᠪ ᠶᠤᠰᠤᠨ ᠳᠤ ᠰᠠᠶᠢᠨ ᠢ ᠬᠢᠪᠠᠯ ᠪᠤᠷᠤᠭᠤ ᠶᠤᠰᠤᠨ ᠳᠤ ᠤᠰᠤᠯᠳᠤᠬᠤ | ᠶᠤᠮ ᠴᠢᠨᠢ᠃ ᠲᠦᠭᠡᠮᠡᠯ ᠴᠦ ᠴᠡᠷᠢᠭ ᠤᠨ ᠨᠤᠶᠠᠨ ᠢᠶᠠᠨ ᠠᠯᠠᠴᠢᠬᠠᠯ᠎ᠠ᠂ ᠬᠤᠶᠢᠴᠢ ᠶᠢ ᠨᠢ ᠬᠤᠷᠤᠰᠬᠠᠵᠤ ᠦᠭᠡᠢ ᠤᠤ | ︖ ᠡᠪᠦᠭᠡ ᠮᠢᠨᠢ ᠴᠦ ᠭᠠᠷ ᠢᠶᠠᠨ ᠪᠠᠩᠵᠠᠳᠠᠭᠤᠯᠵᠤ ᠪᠠᠶᠢᠭᠠᠳ ᠲᠡᠭᠡᠰᠦᠨ ᠤ ᠨᠤᠶᠠᠨ ᠢ ᠬᠤᠷᠤᠰᠬᠠᠭᠰᠠᠨ ᠦᠭᠡᠢ ᠤᠤ | ᠂ ᠰᠡᠬᠦᠯᠠᠷ ᠨᠢ ᠭᠡᠳᠦᠨ ᠮᠢᠩᠭᠠᠨ ᠬᠤᠩᠬᠤᠰ ᠢ ᠬᠤᠷᠤᠰᠬᠠᠯ᠎ᠠ᠃ ᠡᠴᠢᠭᠡ ᠮᠢᠨᠢ ᠭᠤᠮᠢᠨᠳᠠᠩ ᠢ ᠬᠤᠷᠤᠰᠬᠠᠯ᠎ᠠ᠂ | ᠬᠤᠷᠤᠰᠤᠭᠰᠠᠨ ᠬᠢᠯᠢᠩ ᠤᠨ ᠭᠠᠯ ᠢᠶᠠᠷ ᠢᠶᠠᠨ ᠠᠪᠤ ᠶᠢ ᠦᠨᠡᠰᠦ ᠪᠤᠯᠭᠠᠪᠠ᠃ ᠭᠡᠬᠦ ᠳᠤ᠂ ᠠᠪᠤ ᠮᠢᠨᠢ | ᠪᠤᠳᠤᠭᠰᠠᠨ ᠢᠶᠠᠨ ᠪᠤᠴᠠᠭᠠᠵᠤ ᠬᠡᠯᠡᠭᠰᠡᠨ ᠢᠶᠠᠨ ᠵᠠᠯᠬᠢᠭᠰᠠᠨ ᠦᠭᠡᠢ᠃ ᠵᠦᠪ ᠶᠤᠰᠤᠨ ᠤ ᠲᠦᠯᠦᠭᠡ ᠭᠡᠰᠨᠨ | ᠭᠠᠭᠴᠠᠬᠠᠨ ᠪᠤᠳᠤᠯ ᠨᠢ ᠦᠨᠡᠰᠦ ᠲᠠᠢ ᠪᠠᠨ ᠬᠠᠮᠳᠤ ᠮᠦᠩᠭᠡ ᠬᠦᠭᠡ ᠲᠡᠭᠷᠢ ᠳᠡᠭᠡᠨ ᠠᠭᠠᠷ ᠪᠤᠯᠪᠠ᠃ ᠪᠢ ᠴᠦ | ᠬᠦᠮᠦᠨ ᠢ ᠬᠤᠷᠤᠰᠬᠠᠬᠤ ᠠᠴᠠ ᠠᠶᠤᠬᠤ ᠦᠭᠡᠢ᠃ ᠮᠢᠨᠤ ᠬᠢᠵᠤ ᠪᠠᠶᠢᠭ᠎ᠠ ᠨᠢ ᠶᠤᠰᠤᠳᠠᠢ᠂ ᠵᠦᠪ ᠯᠠ ᠪᠠᠶᠢᠳᠠᠭ ᠶᠤᠮ | ᠪᠤᠯ ᠶᠡᠷᠢ ᠦᠩᠭᠡᠷᠡᠴᠢᠭᠡᠯᠠ ᠭᠡᠳ ᠬᠦᠮᠦᠨ ᠬᠤᠷᠤᠰᠬᠠᠬᠤ ᠠᠴᠠ ᠪᠠᠨ ᠠᠶᠤᠬᠤ ᠦᠭᠡᠢ ᠬᠦ᠋᠃ ᠤᠷᠠᠩᠭᠤᠸ᠎ᠠ᠄ ᠭᠡᠷᠪᠡ | ᠲᠠ ᠪᠤᠷᠤᠭᠤᠳᠠᠭᠰᠠᠨ ᠪᠠᠶᠢᠪᠠᠯ ᠶᠠᠭᠠᠬᠢᠯᠳᠠᠢ︖ ᠪᠢᠩ ᠲᠠᠩ᠄ ᠪᠤᠷᠤᠭᠤᠳᠠᠭᠰᠠᠨ ᠪᠤᠯ ᠪᠢ ᠬᠤᠷᠳᠤᠨ ᠪᠠᠭᠤᠵᠤ | ᠦᠭᠬᠦᠨ᠎ᠠ ᠬᠦ᠋᠂ ᠪᠤᠷᠤᠭᠤ ᠲᠠᠢ ᠪᠠᠶᠢᠵᠤ ᠶᠠᠭᠤ ᠭᠡᠮᠡᠨ ᠬᠦᠮᠦᠨ ᠲᠠᠢ ᠦᠰᠢᠯᠳᠦᠬᠦ ᠶᠤᠮ︖ ᠶᠤᠰᠤ ᠭᠡᠳᠡᠭ ᠶᠠᠭᠤᠮ᠎ᠠ | ᠪᠠᠶᠢᠬᠤ ᠶᠤᠮ ᠴᠢᠨᠢ᠃ ᠤᠷᠠᠩᠭᠤᠸ᠎ᠠ᠄ ᠴᠢᠶᠠᠨ ᠤᠪᠤᠭᠳᠠᠨ ᠤ ᠦᠬᠢᠨ ᠮᠥᠨ ᠪᠠᠶᠢᠨ᠎ᠠ᠂ ᠡᠦ ᠶᠢᠨ ᠳ᠋ᠧ ᠶᠢᠨ | ᠤᠮᠪᠤᠯᠤ ᠴᠦ ᠮᠥᠨ ᠪᠠᠶᠢᠨ᠎ᠠ᠂ ᠶᠤᠬᠤ ᠁ ᠪᠢᠩ ᠲᠠᠩ᠄ ᠠᠯᠠᠭ ᠶᠢᠷᠳᠢᠨᠴᠦ᠂ ᠠᠯᠠᠭ ᠶᠢᠷᠳᠢᠨᠴᠦ ᠭᠡᠵᠤ | ᠬᠡᠯᠡᠭᠡᠳ ᠪᠠᠶᠢᠨ᠎ᠠ ᠰᠢ ︵ᠲᠡᠶᠢᠮᠤ ᠪᠢᠰᠢᠦ᠂ ᠪᠢᠵᠠ︶︖ ᠠᠯᠠᠭ ᠭᠡᠳᠡᠭ ᠨᠢ ᠤᠯᠠᠨ ᠦᠩᠭᠡ ᠲᠠᠢ ᠭᠡᠰᠡᠨ ᠦᠭᠡ | ᠪᠠ︖ ᠬᠦᠮᠦᠨ ᠲᠡᠭᠡᠭᠡᠳ ᠠᠯᠢ ᠦᠩᠭᠡ ᠶᠢ ᠨᠢ ᠴᠦ ᠲᠠᠭᠠᠭᠠᠳ ᠪᠠᠶᠢᠵᠤ ᠪᠤᠯᠬᠤ ᠶᠤᠮ ᠤᠤ︖ ᠲᠡᠬᠦᠨ ᠢ ᠴᠢᠨᠢ | ᠬᠦᠮᠦᠨ ᠭᠡᠬᠦ ᠶᠤᠮ ᠤᠤ︖ ᠪᠡᠶ᠎ᠡ ᠰᠡᠳᠬᠢᠯ ᠦᠭᠡᠢ᠂ ᠵᠠᠩ ᠠᠭᠠᠰᠢ ᠦᠭᠡᠢ ᠰᠠᠯᠬᠢ ᠯᠠ ᠪᠠᠶᠢᠨ᠎ᠠ᠃ ᠤᠷᠠᠩᠭᠤᠸ᠎ᠠ᠄ | ᠵᠠ ᠵᠠ᠂ ᠪᠡᠶ᠎ᠡ ᠰᠡᠳᠬᠢᠯ ᠲᠠᠢ᠂ ᠵᠠᠩ ᠠᠭᠠᠰᠢ ᠲᠠᠢ ᠪᠢᠩ ᠲᠠᠩ ᠠᠪᠠᠭ᠋ᠠᠢ ᠬᠤᠩᠬᠤᠰ ᠨᠠᠷ ᠠᠴᠠ ᠪᠠᠨ ᠰᠠᠯᠵᠤ | ᠶᠠᠳᠠᠭᠰᠠᠨ ᠴᠦ ᠡᠴᠦᠰ ᠲᠡᠭᠡᠨ ᠰᠠᠯᠵᠤ᠂ ᠦᠭᠡᠷ ᠬᠠᠰᠠᠭ ᠲᠡᠭᠡᠷ᠎ᠡ ᠪᠠᠨ ᠰᠠᠭᠤᠭᠠᠳ ᠬᠠᠷᠢᠵᠤ ᠢᠷᠡᠯ᠎ᠠ᠃ ᠲᠤᠯᠤᠭᠠᠨ | ᠵᠢᠯ ᠤᠷᠬᠢᠭᠠᠳ ᠶᠠᠪᠤᠭᠰᠠᠨ ᠭᠡᠷ ᠨᠤᠳᠤᠭ ᠲᠠᠭᠠᠨ ᠬᠠᠷᠢᠭᠠᠳ ᠢᠷᠡᠬᠦ ᠳᠤ ᠪᠦᠷ ᠶᠠᠮᠠᠷ ᠪᠠᠶᠢᠭᠰᠠᠨ ᠪᠤᠯ︖ ᠪᠢᠩ | ᠲᠠᠩ᠄ ᠬᠠᠷᠢᠵᠤ ᠢᠷᠡᠭᠰᠡᠨ ᠪᠢ ᠪᠠᠶᠠᠷᠯᠠᠬᠤ ᠮᠦᠷᠳᠡᠭᠡᠨ ᠵᠤᠪᠠᠨ᠎ᠠ᠃ ᠤᠤᠯ ᠨᠢ ᠲᠡᠶᠢᠮᠤ ᠶᠡᠭᠡ ᠭᠡᠷ ᠬᠦᠷᠢᠶ᠎ᠡ | ᠪᠠᠶᠢᠭᠰᠠᠨ ᠮᠠᠨ ᠤ ᠠᠶᠢᠯ ᠤᠨ ᠤᠯᠠᠩᠬᠢ ᠬᠦᠮᠦᠰ ᠨᠢ ᠲᠤᠳᠠᠭᠠᠵᠤ ᠰᠠᠷᠨᠢᠭᠠᠳ ᠶᠠᠪᠤᠴᠢᠬᠠᠭᠰᠠᠨ ᠪᠠᠶᠢᠪᠠ᠃ ᠲᠦᠷᠪᠠᠨ | ᠬᠤᠵᠢᠭᠡᠷ ᠫᠤᠤᠴᠢ ᠶᠢᠨ ᠨᠢᠭᠡ ᠨᠢ ᠴᠦ ᠦᠭᠡᠢ᠃ ᠭᠡᠷ ᠬᠦᠷᠢᠶ᠎ᠡ ᠡᠯᠦᠢ ᠬᠤᠯᠤᠢ ᠁ ᠤᠷᠠᠩᠭᠤᠸ᠎ᠠ᠄ ᠲᠡᠳᠡ | ᠶᠠᠭᠤ ᠭᠡᠵᠤ ᠲᠤᠳᠠᠭᠠᠴᠢᠬᠠᠳᠠᠭ ᠶᠤᠮ︖ ᠪᠢᠩ ᠲᠠᠩ᠄ ᠬᠦᠶ᠋ᠢ᠂ ᠪᠢ ᠰᠠᠶ᠋ᠢᠬᠠᠨ ᠴᠢᠮ᠎ᠠ ᠳᠤ ᠬᠡᠯᠡᠯ᠎ᠠ ᠰᠢ︕ ᠡᠪ | ᠬᠠᠮᠳᠤ ᠨᠠᠮ ᠤᠨ ᠭᠡᠰᠢᠬᠦᠨ ᠪᠤᠯᠤᠨ᠎ᠠ ᠭᠡᠵᠤ ᠠᠮᠠᠷ ᠶᠤᠮ ᠤᠤ︖ ᠨᠢᠭᠤᠨ᠎ᠠ ᠰᠢᠦ᠂ ᠠᠪᠤ ᠮᠢᠨᠢ ᠪᠠᠷᠢᠭᠳᠠᠵᠤ | ᠬᠤᠤᠷᠯᠠᠭᠳᠠᠭᠰᠠᠨ ᠠᠴᠠ ᠪᠤᠰᠤᠳ ᠨᠢ ᠪᠦᠷ ᠠᠶᠤᠯ ᠲᠠᠢ ᠪᠠᠶᠢᠬᠤ ᠦᠭᠡᠢ ᠤᠤ︖ ᠲᠡᠭᠡᠭᠡᠳ ᠯᠠ ᠵᠦᠭ | ᠵᠦᠭ ᠲᠡᠭᠡᠨ ᠲᠤᠳᠠᠭᠠᠵᠤ ᠨᠢᠭᠤᠴᠠ ᠪᠠᠷ ᠨᠠᠮ ᠢᠶᠠᠨ ᠬᠢᠭᠰᠡᠨ ᠴᠢᠷᠠᠢ᠃ ᠪᠢ ᠴᠦ ᠠᠷᠪᠠᠨ ᠭᠤᠷᠪᠠ ᠬᠦᠷᠴᠦ ᠤᠴᠢᠷ | ᠮᠡᠳᠡᠬᠦ ᠨᠠᠰᠤ ᠪᠤᠯᠤᠭᠰᠠᠨ ᠠᠴᠠ᠂ ᠡᠪᠦᠭᠡ ᠠᠴᠠ ᠪᠠᠨ ᠠᠯᠢ ᠪᠦᠬᠦᠢ ᠶᠢ ᠰᠤᠨᠤᠰᠴᠦ ᠮᠡᠳᠡᠭᠰᠡᠨ᠃ ᠦᠪᠡᠷ ᠢ ᠪᠠᠨ | ᠴᠢᠶᠠᠨ ᠲᠤᠳᠠᠢ ᠰᠢᠪᠠᠭᠤ ᠶᠢᠨ ᠦᠬᠢᠨ ᠭᠡᠰᠡᠨ ᠢᠶᠠᠨ ᠢᠶᠠᠨ ᠮᠡᠳᠡᠪᠠ᠃ ᠠᠪᠤ ᠮᠢᠨᠢ ᠦᠬᠦᠭᠰᠡᠨ ᠢ ᠴᠦ ᠮᠡᠳᠡᠪᠠ᠃ | ᠸᠠᠩ ᠮᠦᠩᠭᠡ ᠠᠪᠤ ᠮᠢᠨᠢ ᠴᠦ ᠡᠪ ᠬᠠᠮᠳᠤ ᠨᠠᠮ ᠤᠨ ᠭᠡᠰᠢᠬᠦᠨ ᠪᠠᠶᠢᠭᠰᠠᠨ ᠠᠴᠠ ᠪᠡᠶ᠎ᠡ ᠪᠠᠨ ᠨᠢᠭᠤᠭᠠᠳ | ᠶᠠᠪᠤᠴᠢᠬᠠᠭᠰᠠᠨ ᠪᠠᠶᠢᠪᠠ᠃ ᠡᠵᠢ ᠮᠢᠨᠢ ᠴᠦ ᠦᠭᠡᠷ᠎ᠡ ᠡᠷ᠎ᠡ ᠳᠤ ᠭᠠᠷᠴᠦ᠂ ᠦᠭᠡᠷ᠎ᠡ ᠠᠶᠢᠯ ᠳᠤ ᠶᠠᠪᠤᠭᠰᠠᠨ ᠪᠠᠶᠢᠪᠠ᠃ | ᠮᠢᠨᠤ ᠶᠠᠪᠤᠭᠰᠠᠨ ᠠᠷᠦ ᠳᠤ ᠡᠵᠢ ᠰᠤᠯᠢᠶᠠᠳᠠᠭᠰᠠᠨ ᠭᠡᠨ᠎ᠠ᠃ ᠬᠠᠶᠢᠷᠠᠳᠤ ᠦᠬᠢᠨ ᠢ ᠨᠢ ᠬᠤᠩᠬᠤᠰ ᠪᠠᠷᠢᠵᠤ᠂ ᠡᠷ᠎ᠡ | ᠨᠦᠬᠦᠷ ᠶᠢ ᠨᠢ ᠬᠢᠨᠳᠠᠨ ᠳᠤ ᠬᠤᠤᠷᠯᠠᠭᠰᠠᠨ ᠶᠡᠭᠡ ᠵᠤᠪᠠᠯ ᠢ ᠲᠠᠭᠠᠭᠠᠵᠤ ᠲᠡᠶᠢᠯᠬᠦ ᠦᠭᠡᠢ ᠪᠤᠯᠵᠤ ᠰᠤᠯᠢᠶᠠᠳᠠᠭᠰᠠᠨ | ᠪᠠᠶᠢᠬᠤ ᠦᠭᠡᠢ ᠤᠤ᠃ ᠬᠠᠷᠢᠨ ᠵᠤᠯ ᠢᠶᠠᠷ ᠨᠢᠭᠡᠨ ᠪᠤᠤ ᠤᠪᠤᠭᠳᠠᠢ ᠨᠤᠳᠤᠭ ᠤᠨ ᠡᠮᠴᠢ ᠡᠮᠨᠡᠵᠤ ᠡᠳᠡᠭᠡᠭᠡᠭᠰᠡᠨ ᠠᠴᠠ᠂ | ᠡᠪᠦᠭᠡ ᠮᠢᠨᠢ ᠮᠢᠨᠤ ᠡᠵᠢ ᠶᠢ ᠲᠡᠷᠡ ᠡᠮᠴᠢ ᠲᠠᠢ ᠠᠮᠢᠳᠤᠷᠠᠭᠤᠯᠵᠡᠢ᠃ ᠤᠷᠠᠩᠭᠤᠸ᠎ᠠ᠄ ᠲᠡᠭᠡᠭᠡᠳ ᠤᠳᠤ ᠭᠡᠷ ᠲᠤ | ᠶᠠᠮᠠᠷ ᠬᠦᠮᠦᠰ ᠪᠠᠶᠢᠳᠠᠭ ᠶᠤᠮ︖ ᠪᠢᠩ ᠲᠠᠩ᠄ ᠡᠪᠦᠭᠡ᠂ ᠪᠠᠭ᠎ᠠ ᠨᠠᠢ ᠨᠠᠢ᠂ ᠮᠢᠨᠤ ᠵᠢᠭᠠᠬᠠᠨ ᠠᠪᠠᠭ᠎ᠠ᠂ ᠮᠢᠨᠤ | ᠬᠤᠶᠠᠷ ᠦᠬᠢᠨ ᠲᠡᠬᠦᠦ ᠁ ᠵᠡᠷᠭᠡ ᠪᠦᠷ ᠯᠠ ᠶᠠᠳᠠᠷᠠᠵᠤ ᠵᠦᠳᠡᠷᠡᠭᠰᠡᠨ ᠭᠡᠳᠦᠨ ᠬᠦᠮᠦᠰ᠃ ᠤᠷᠠᠩᠭᠤᠸ᠎ᠠ᠄ | ᠲᠦᠷᠪᠠᠨ ᠫᠤᠤᠴᠢ᠂ ᠲᠦᠷᠪᠠᠨ ᠬᠠᠮᠭᠠᠯᠠᠭᠴᠢ︖ ᠪᠢᠩ ᠲᠠᠩ᠄ ᠪᠦᠷ ᠨᠢᠭᠤᠴᠠ ᠡᠪ ᠬᠠᠮᠳᠤ ᠨᠠᠮ ᠤᠨ ᠭᠡᠰᠢᠬᠦᠨ | ᠪᠤᠯᠴᠢᠬᠠᠭᠰᠠᠨ ᠶᠤᠮ ᠴᠢᠨᠢ᠂ ᠨᠢᠭᠤᠬᠤ ᠪᠠᠷ ᠯᠠ ᠶᠠᠪᠤᠨ᠎ᠠ ᠪᠠ︕ ᠤᠷᠠᠩᠭᠤᠸ᠎ᠠ᠄ ᠲᠠ ᠬᠤᠩᠬᠤᠰ ᠠᠴᠠ ᠭᠡᠷ ᠲᠡᠭᠡᠨ | ᠬᠠᠷᠢᠵᠤ ᠢᠷᠡᠭᠰᠡᠨ ᠤ ᠲᠠᠷᠠᠭ᠎ᠠ ᠶᠠᠭᠤ ᠬᠢᠳᠡᠭ ᠶᠤᠮ︖ ᠪᠢᠩ ᠲᠠᠩ᠄ ᠭᠡᠷ ᠲᠡᠭᠡᠨ ᠪᠠᠶᠢᠬᠤ ᠦᠶ᠎ᠡ ᠳᠤ ᠡᠪᠦᠭᠡ | ᠡᠮᠡᠭᠡ ᠬᠤᠶᠠᠭᠤᠯᠠ ᠳᠤ ᠬᠠᠪᠰᠤᠷᠴᠦ ᠭᠡᠷ ᠤᠨ ᠬᠢᠳᠠᠯ ᠬᠢᠳᠡᠭ᠃ ᠮᠦᠮᠦ ᠶᠢᠨ ᠳᠡᠭᠡᠨ ᠤᠴᠢᠪᠠᠯ ᠡᠮᠴᠢ ᠠᠪᠤ ︵ᠪᠤᠤ | ᠡᠮᠴᠢ ᠶᠢ ᠬᠡᠯᠡᠵᠤ ᠪᠤᠢ︶ ᠪᠠᠨ ᠲᠠᠭᠠᠵᠤ ᠡᠪᠡᠳᠴᠢᠨ ᠡᠮᠨᠡᠬᠦ ᠶᠢ ᠰᠤᠷᠳᠠᠭ᠃ ᠤᠷᠠᠩᠭᠤᠸ᠎ᠠ᠄ ᠬᠤᠶᠢᠳᠤ ᠠᠪᠤ ᠴᠢᠨᠢ | ᠲᠠᠨ ᠳᠤ ᠬᠠᠶᠢᠷᠠᠳᠠᠢ ᠨᠢ︖ ᠪᠢᠩ ᠲᠠᠩ᠄ ᠬᠠᠶᠢᠷᠠᠳᠠᠢ ᠡ᠂ ᠬᠠᠶᠢᠷᠠᠳᠠᠢ᠂ ᠬᠤᠩᠬᠤᠰ ᠬᠦᠷᠳᠡᠯ᠎ᠠ ᠨᠠᠳᠠ ᠬᠠᠶᠢᠷᠠᠳᠠᠢ | ᠪᠠᠶᠢᠬᠤ ᠳᠤ᠂ ᠮᠢᠨᠤ ᠠᠪᠤ ᠪᠤᠯᠴᠢᠬᠠᠭᠠᠳ ᠶᠠᠭᠤ ᠭᠡᠵᠤ ᠨᠠᠳᠠ ᠬᠠᠶᠢᠷ᠎ᠠ ᠦᠭᠡᠢ ᠪᠠᠶᠢᠬᠤ ᠶᠤᠮ︖ ᠲᠠᠷᠠ ᠨᠠᠮ᠎ᠠ | ᠬᠠᠶᠢᠷᠠᠯᠠᠭᠠᠳ ᠦᠪᠡᠷ ᠤᠨ ᠤᠪᠤᠭ ᠢᠶᠠᠨ ᠦᠭᠴᠦ ᠪᠤᠤ ᠱᠤ᠋ ᠵᠸᠡᠨ ᠭᠡᠰᠡᠨ ᠨᠡᠷ᠎ᠡ ᠦᠭᠬᠦᠭᠰᠡᠨ ᠰᠢᠦ᠃ ᠤᠷᠠᠩᠭᠤᠸ᠎ᠠ | ᠄ ᠲᠠ ᠲᠡᠭᠡᠭᠡᠳ ᠡᠮᠴᠢ ᠶᠢᠨ ᠮᠡᠷᠭᠡᠵᠢᠯ ᠲᠠᠢ ᠪᠤᠯᠴᠢᠬᠠᠯ᠎ᠠ︖ ᠪᠢᠩ ᠲᠠᠩ᠄ ᠡᠩ ᠤᠨ ᠪᠢᠰᠢ ᠮᠡᠷᠭᠡᠵᠢᠯ ᠰᠢᠦ᠂ | ᠡᠮᠴᠢ ᠠᠪᠤ ᠦᠨᠡᠨ ᠰᠠᠨᠠᠭᠠᠨ ᠠᠴᠠ ᠪᠠᠨ ᠨᠠᠳᠠ ᠡᠷᠳᠡᠮ ᠢᠶᠠᠨ ᠵᠢᠭᠠᠭᠰᠠᠨ᠃ ᠪᠢ ᠰᠡᠬᠦᠯᠡᠷ ᠨᠢ ᠡᠮᠴᠢ ᠠᠪᠤ ᠶᠢᠨ ᠢᠶᠠᠨ | ᠵᠢᠭᠠᠭᠰᠠᠨ ᠲᠡᠷᠡ ᠡᠷᠳᠡᠮ ᠢᠶᠠᠷ ᠤᠯᠠᠨ ᠬᠦᠮᠦᠨ ᠤ ᠠᠮᠢ ᠶᠢ ᠠᠪᠤᠷᠠᠭᠰᠠᠨ᠃ ᠴᠢᠶᠠᠨ ᠤᠪᠤᠭᠳᠠᠨ ᠤ ᠦᠬᠢᠨ ᠪᠢ | ᠲᠦᠮᠠ ᠮᠢᠩᠭᠠᠨ ᠬᠦᠮᠦᠨ ᠳᠤ ᠰᠠᠶᠢᠨ ᠬᠢᠨ᠎ᠠ ᠭᠡᠰᠡᠨ ᠵᠡᠬᠦᠳᠤ ᠶᠢ ᠡᠮᠴᠢ ᠠᠪᠤ ᠮᠢᠨᠢ ᠨᠠᠳᠠ ᠬᠠᠮᠵᠢᠨ ᠪᠡᠶᠡᠯᠡᠬᠦᠯᠵᠤ | ᠦᠭᠬᠦᠭᠰᠡᠨ ᠶᠤᠮ᠃ ᠶᠠᠷᠦᠨᠢ ᠵᠦᠪ ᠢ ᠪᠤᠳᠤᠵᠤ ᠪᠠᠶᠢᠪᠠᠯ ᠬᠠᠮᠵᠢᠬᠤ ᠬᠦᠮᠦᠨ ᠤᠯᠠᠨ ᠪᠠᠶᠢᠳᠠᠭ ᠶᠤᠮ ᠪᠠᠶᠢᠨ᠎ᠠ ᠯᠠᠢ᠃ | ᠤᠷᠠᠩᠭᠤᠸ᠎ᠠ᠄ ᠠᠮᠠᠨ ᠳᠠᠭᠠᠨ ᠬᠢᠪᠡᠯ ᠬᠠᠶᠢᠯᠴᠢᠬᠠᠮᠠᠷ ᠠᠮᠳᠠᠳᠠᠢ ᠰᠠᠶᠢᠬᠠᠨ ᠮᠦᠰᠦᠨ ᠰᠢᠬᠢᠷ ᠠᠪᠠᠭ᠋ᠠᠢ ᠶᠢ ᠲᠡᠭᠡᠭᠡᠳ | ᠶᠠᠮᠠᠷ ᠬᠦᠮᠦᠨ ᠳᠤ ᠶᠠᠭᠠᠬᠢᠵᠤ ᠮᠤᠷᠳᠠᠭᠤᠯᠪᠠ︖ ᠲᠡ ᠭᠡᠳᠦᠢ ᠨᠠᠰᠤᠨ ᠲᠡᠭᠡᠷ᠎ᠡ ᠪᠠᠨ ᠬᠤᠷᠢᠮᠯᠠᠭᠰᠠᠨ ᠶᠤᠮ︖ | ᠪᠢᠩ ᠲᠠᠩ᠄ ᠭᠡᠩ᠂ ᠪᠠᠰᠠ ᠶᠠᠭᠤᠨᠠᠢ ᠬᠤᠷᠢᠮᠯᠠᠴᠢᠬᠠᠭᠰᠠᠨ ᠶᠤᠮ︖ ᠦᠨᠡᠨ ᠳᠡᠭᠡᠨ ᠪᠢ ᠦᠨᠳᠡᠭᠡᠨ ᠰᠦᠢ ᠲᠠᠢ | ᠬᠦᠮᠦᠨ ᠶᠤᠮ᠃ ᠠᠪᠤ ᠶᠢᠨ ᠮᠢᠨᠢ ᠨᠠᠮ ᠳᠤ ᠤᠷᠤᠭᠤᠯᠤᠭᠰᠠᠨ ᠰᠠᠶᠢᠨ ᠠᠨᠳᠠ᠂ ᠮᠧᠩ ᠴᠦᠨ ᠭᠡᠰᠡᠨ ᠬᠦᠮᠦᠨ ᠤ | ᠬᠦᠦ ᠲᠠᠢ ᠬᠤᠷᠢᠮᠯᠠᠭᠤᠯᠬᠤ ᠭᠡᠵᠤ ᠬᠤᠶᠠᠷ ᠭᠡᠷ ᠤᠨ ᠠᠬᠠᠮᠠᠳ ᠰᠦᠢ ᠲᠤᠭᠳᠠᠭᠰᠠᠨ ᠪᠠᠶᠢᠪᠠ᠃ ᠤᠷᠠᠩᠭᠤᠸ᠎ᠠ᠄ | ᠬᠦᠶ᠋ᠢ᠂ ᠡᠨᠡ ᠮᠢᠩᠭᠠᠨ ᠯᠠᠩ ᠤᠨ ᠡᠷᠭᠡ ᠠᠪᠠᠭ᠋ᠠᠢ ᠪᠠᠨ ᠶᠠᠭᠤ ᠭᠡᠵᠤ ᠲᠡᠬᠦᠨ ᠲᠠᠢ ᠦᠨᠳᠡᠭᠡᠨ ᠰᠦᠢ ᠲᠤᠭᠳᠠᠭᠰᠠᠨ | ᠶᠤᠮ︖ ᠶᠡᠭᠡ ᠠᠶᠢᠯ ᠤᠤ︖ ᠪᠠᠶᠠᠨ ᠨᠤᠶᠠᠨ ᠬᠦᠮᠦᠨ ᠤᠤ︖ ᠡᠬᠦᠳᠡ ᠲᠠᠭᠠᠷᠠᠬᠤ ᠶᠤᠮ ᠤᠤ︖ ᠪᠢᠩ ᠲᠠᠩ | ᠄ ᠠᠪᠤ ᠶᠢᠨ ᠮᠢᠨᠢ ᠨᠠᠮ ᠳᠤ ᠤᠷᠤᠭᠤᠯᠤᠭᠰᠠᠨ ᠬᠦᠮᠦᠨ ᠰᠢᠦ᠃ ᠨᠠᠮ ᠤᠨ ᠬᠠᠷᠢᠴᠠᠭ᠎ᠠ ᠪᠠᠨ ᠨᠡᠩ ᠨᠢᠭᠳᠠ ᠰᠠᠶᠢᠨ | ᠪᠤᠯᠭᠠᠬᠤ ᠶᠢᠨ ᠲᠦᠯᠦᠭᠡ ᠰᠢᠳᠠ᠃ ᠨᠢᠭᠡ ᠨᠠᠮ ᠳᠤ ᠬᠠᠮᠳᠤ ᠪᠠᠷ ᠵᠢᠳᠬᠦᠵᠤ᠂ ᠡᠴᠦᠰ ᠲᠤᠨᠢ ᠲᠤᠯᠳᠠᠯ᠎ᠠ ᠲᠡᠮᠡᠴᠡᠬᠦ | ᠰᠠᠶᠢᠨ ᠠᠬ᠎ᠠ ᠲᠡᠬᠦᠦ ᠪᠤᠯᠤᠯᠴᠠᠨᠠ᠂ ᠲᠡᠭᠡᠷ᠎ᠡ ᠠᠴᠠ ᠨᠢ ᠬᠤᠳᠠ ᠬᠤᠳᠠᠭᠤᠢ ᠪᠤᠯᠤᠯᠴᠠᠵᠤ ᠬᠤᠶᠠᠷ ᠬᠡᠦᠭᠡᠳ ᠢ | ᠬᠤᠯᠪᠤᠪᠠᠯ ᠨᠡᠩ ᠤᠶᠢᠷ᠎ᠠ ᠲᠤᠳᠤᠨᠤ ᠪᠤᠯᠴᠢᠬᠠᠨ᠎ᠠ ᠭᠡᠰᠡᠨ ᠰᠠᠨᠠᠭ᠎ᠠ ᠭᠡᠨ᠎ᠠ᠃ ᠦᠬᠢᠨ ᠢᠶᠠᠨ ᠦᠭᠴᠦ ᠰᠡᠳᠬᠢᠯ ᠢ ᠨᠢ | ᠤᠯᠵᠤ ᠪᠠᠶᠢᠭ᠎ᠠ ᠶᠤᠮ ᠪᠢᠵᠠ᠂ ᠬᠢ ᠬᠢ᠂ ᠪᠢ ᠴᠦ ᠡᠷᠳᠡ ᠤᠷᠤᠢ ᠦᠭᠡᠢ ᠨᠢᠭᠡ ᠡᠷ᠎ᠡ ᠳᠤ ᠭᠠᠷᠬᠤ ᠶᠤᠮ ᠴᠢᠨᠢ᠃ | ᠲᠡᠷᠡ ᠭᠠᠶᠢᠭᠤᠢ ᠤᠴᠢᠷ᠃ ᠤᠷᠠᠩᠭᠤᠸ᠎ᠠ᠄ ᠬᠦᠦ ᠶᠢ ᠨᠢ ᠭᠡᠨ ᠭᠡᠳᠡᠭ ᠶᠤᠮ︖ ᠪᠢᠩ ᠲᠠᠩ᠄ ᠮᠧᠩ ᠰᠢᠶᠠᠨ | ᠯᠢᠶᠠᠩ ᠭᠡᠳᠡᠭ᠃ ᠪᠢ ᠲᠡᠬᠦᠨ ᠢ ᠨᠢ ᠮᠡᠳᠡᠬᠦ ᠴᠦ ᠪᠢᠰᠢ ᠳ᠋ᠠ᠂ ᠪᠢᠳᠠ ᠪᠠᠭ᠎ᠠ ᠳᠠᠭᠠᠨ ᠪᠠᠰᠠ ᠬᠠᠮᠳᠤ ᠲᠤᠭᠯᠠᠵᠤ | ᠪᠠᠶᠢᠭᠰᠠᠨ᠂ ᠪᠢᠳᠠ ᠬᠤᠶᠠᠭᠤᠯᠠ ᠨᠠᠰᠤ ᠰᠠᠴᠠᠭᠤ᠃ ᠲᠠᠪᠠᠭᠤ ᠰᠡᠷᠬᠦᠯᠡᠩ ᠬᠦᠦ ᠪᠠᠶᠢᠭᠰᠠᠨ᠂ ᠨᠠᠮᠠᠢᠢ ᠪᠠᠰᠠ ᠰᠠᠶᠢᠨ | ᠬᠠᠮᠠᠭᠠᠯᠠᠳᠠᠭ ᠰᠢᠦ᠂ ᠰᠡᠬᠦᠯᠡᠷ ᠨᠢ ᠨᠠᠮᠠᠢᠢ ᠬᠤᠩᠬᠤᠰ ᠠᠪᠤᠭᠠᠳ ᠶᠠᠪᠤᠴᠢᠬᠠᠭᠰᠠᠨ ᠶᠤᠮ ᠴᠢᠨᠢ᠃ ᠤᠷᠠᠩᠭᠤᠸ᠎ᠠ᠄ | ᠪᠤᠴᠠᠭᠠᠳ ᠢᠷᠡᠬᠦ ᠳᠤ᠂ ᠪᠠᠭ᠎ᠠ ᠶᠢᠨ ᠬᠤᠩᠭᠤᠷ ᠮᠧᠩ ᠰᠢᠶᠠᠨ ᠯᠢᠶᠠᠩ ᠴᠢᠨᠢ ᠪᠠᠶᠢᠪᠠ ᠤᠤ︖ ᠪᠢᠩ ᠲᠠᠩ᠄ | ᠡᠴᠢᠭᠡ ᠶᠢᠨ ᠬᠢᠨ ᠪᠠᠶᠢᠬᠤ ᠪᠤᠢ︖ ᠡᠪ ᠬᠠᠮᠳᠤ ᠨᠠᠮ ᠤᠨ ᠭᠡᠰᠢᠬᠦᠨ ᠪᠤᠯᠴᠢᠬᠠᠭᠰᠠᠨ ᠠᠶᠢᠯ᠂ ᠠᠮᠠᠷ ᠲᠤᠭᠳᠠᠭᠤᠨ | ᠪᠠᠶᠢᠵᠤ ᠪᠤᠯᠬᠤ ᠶᠤᠮ ᠤᠤ︖ ᠪᠠᠰᠠ ᠯᠠ ᠲᠤᠳᠠᠭᠠᠵᠤ ᠨᠢᠭᠤᠭᠠᠳ ᠶᠠᠪᠤᠴᠢᠬᠠᠭᠰᠠᠨ᠃ ᠭᠡᠬᠦ ᠳᠤ᠂ ᠡᠪᠦᠭᠡ ᠮᠢᠨᠢ | ᠦᠭᠡᠨ ᠳᠡᠭᠡᠨ ᠬᠦᠷᠬᠦ ᠭᠡᠵᠤ᠂ ᠨᠠᠮᠠᠢᠢ ᠬᠤᠷᠢᠨ ᠨᠢᠭᠡ ᠬᠦᠷᠳᠠᠯ᠎ᠠ ᠬᠠᠳᠠᠭᠠᠯᠠᠪᠠ᠃ ᠬᠦᠭᠰᠢᠨ ᠦᠬᠢᠨ ᠪᠤᠯᠴᠢᠠᠬᠭ᠍ᠰᠠᠨ | ᠴᠦ ᠮᠧᠩ ᠤᠪᠤᠭᠳᠠᠨ ᠢ ᠢᠷᠡᠨ᠎ᠠ ᠭᠡᠵᠤ ᠬᠦᠯᠢᠶᠡᠭᠰᠡᠨ ᠶᠤᠮ᠃ ᠮᠢᠨᠤ ᠠᠷᠪᠠᠨ ᠲᠠᠪᠤ ᠲᠠᠢ ᠵᠢᠯ ᠳᠤ᠂ ᠮᠠᠨ ᠤ ᠬᠢ ᠴᠦ | ᠱᠤᠳᠤᠩ ᠠᠴᠠ ᠨᠡᠬᠦᠵᠤ ᠤᠳᠤ ᠶᠢᠨ ᠡᠨᠡ ᠪᠠᠳᠠᠷᠠᠬᠤ ᠭᠡᠰᠡᠨ ᠠᠶᠢᠯ ᠳᠤ ᠢᠷᠡᠴᠢᠭᠡᠭᠰᠡᠨ ᠰᠢᠦ᠃ ᠵᠢᠭᠠᠬᠠᠨ ᠠᠪᠠᠭ᠎ᠠ | ᠴᠦ ᠡᠭᠡᠨᠡᠷ ᠠᠪᠴᠦ ᠬᠡᠦᠭᠡᠳ ᠭᠠᠷᠴᠢᠬᠠᠯ᠎ᠠ᠃ ᠶᠠᠫᠤᠨ ᠴᠦ ᠤᠷᠤᠭᠠᠳ ᠢᠷᠡᠴᠢᠭᠡᠵᠡᠢ᠃ ᠮᠢᠨᠤ ᠵᠢᠭᠠᠬᠠᠨ ᠠᠪᠠᠭ᠎ᠠ | ᠭᠡᠵᠤ ᠪᠠᠰᠠ ᠨᠢᠭᠡ ᠡᠷᠳᠡᠮᠳᠠᠢ ᠬᠦᠮᠦᠨ ᠰᠢᠦ᠂ ᠬᠤᠶᠠᠷ ᠭᠠᠷ ᠢᠶᠠᠷ ᠢᠶᠠᠨ ᠰᠤᠸᠠᠮᠫᠠᠨ ᠴᠤᠬᠢᠳᠠᠭ᠃ ᠲᠡᠭᠡᠬᠦ ᠪᠠᠷ | ᠶᠠᠫᠤᠨ ᠤ ᠬᠢᠨ ᠠᠵᠢᠯᠯᠠᠬᠤ ᠭᠠᠵᠠᠷ ᠲᠠᠭᠠᠨ ᠵᠠᠷᠤᠴᠢᠬᠠᠪᠠ᠃ ᠲᠡᠭᠡᠵᠤ ᠪᠠᠶᠢᠭᠠᠳ ᠪᠠᠰᠠ ᠯᠠ ᠠᠮᠢ ᠪᠠᠨ ᠠᠯᠳᠠᠪᠠ᠃ | ᠤᠷᠠᠩᠭᠤᠸ᠎ᠠ᠄ ᠪᠠᠰᠠ ᠶᠠᠭᠠᠬᠢᠴᠢᠬᠠᠪᠠ︖ ᠪᠢᠩ ᠲᠠᠩ᠄ ᠦᠨᠤ ᠨᠠᠷᠠᠨ ᠤᠯᠤᠰ ᠤᠨ ᠴᠡᠷᠢᠭ ᠤᠨ ᠨᠤᠶᠠᠨ ᠰᠦᠨᠢ | ᠪᠤᠯᠪᠠᠯ ᠠᠶᠢᠯ ᠲᠤᠰᠬᠤᠨ ᠢ ᠭᠡᠰᠦᠵᠤ ᠰᠠᠶᠢᠬᠠᠨ ᠡᠮ᠎ᠠ ᠦᠬᠢᠳ ᠢᠶᠠᠷ ᠨᠠᠭᠠᠳᠤᠨ᠎ᠠ᠃ ᠲᠡᠭᠡᠬᠦ ᠳᠡᠭᠡᠨ ᠬᠤᠶᠠᠷ ᠶᠠᠫᠤᠨ | ᠬᠠᠮᠠᠭᠠᠯᠠᠭᠴᠢ ᠲᠠᠭᠠᠭᠤᠯᠵᠤ᠂ ᠨᠢᠭᠡ ᠮᠤᠩᠭᠤᠯ ᠬᠦᠮᠦᠨ ᠲᠠᠭᠠᠭᠤᠯᠤᠨ᠎ᠠ᠃ ᠤᠴᠢᠷ ᠨᠢ ᠲᠡᠷᠡ ᠨᠤᠶᠠᠨ ᠮᠤᠩᠭᠤᠯ | ᠦᠭᠡ ᠬᠡᠯᠡᠵᠤ ᠴᠢᠳᠠᠬᠤ ᠦᠭᠡᠢ᠃ ᠠᠶᠢᠯ ᠤᠳ ᠲᠡᠬᠦᠨ ᠳᠤ ᠡᠬᠦᠳᠡ ᠪᠠᠨ ᠰᠡᠬᠦᠵᠤ ᠦᠭᠬᠦ ᠦᠭᠡᠢ ᠰᠢᠦ᠃ ᠨᠢᠭᠡᠨ | ᠤᠷᠤᠢ ᠮᠢᠨᠤ ᠵᠢᠭᠠᠬᠠᠨ ᠠᠪᠠᠭ᠎ᠠ ︵ᠨᠠᠷᠠ ᠶᠢ ᠨᠢ ᠴᠢᠶᠠᠨ ᠴᠦᠨ ᠯᠠᠢ ᠭᠡᠳᠡᠭ ᠰᠢᠳᠠ᠂ ᠮᠠᠷᠳᠠᠭ᠎ᠠ ᠦᠭᠡᠢ ᠪᠠ︖︶ | ᠶᠢ ᠲᠠᠭᠠᠭᠤᠯᠬᠤ ᠲᠡᠭᠡᠷ᠎ᠡ ᠲᠠᠭᠠᠷᠡᠵᠡᠢ᠃ ᠰᠤᠸᠠᠮᠫᠠᠨ ᠴᠤᠬᠢᠵᠤ ᠪᠠᠶᠢᠭᠰᠠᠨ ᠬᠦᠮᠦᠨ ᠢ ︽ᠬᠤᠷᠳᠤᠨ ᠶᠠᠪᠤᠴᠠᠭᠠᠶᠠ︕ | ︾ ᠭᠡᠳ ᠰᠦᠷᠳᠡᠬᠦᠯᠬᠦᠯᠡᠷ ᠨᠢ ᠤᠬᠤᠰᠬᠢᠨ ᠭᠡᠳᠦᠨ ᠰᠤᠸᠠᠮᠫᠠᠨ ᠤ ᠡᠷᠢᠬᠢ ᠶᠢ ᠨᠢ ᠰᠤᠭᠤᠯᠵᠤ ᠠᠪᠤᠭᠠᠳ | ᠬᠠᠷᠮᠠᠨ ᠳᠠᠭᠠᠨ ᠬᠢᠭᠡᠳ ᠠᠮᠵᠢᠴᠢᠬᠠᠵᠡᠢ᠃ ᠤᠴᠢᠭᠰᠠᠨ ᠠᠶᠢᠯ ᠨᠢ ᠲᠡᠬᠦᠨ ᠤ ᠲᠠᠨᠢᠯ ᠪᠠᠶᠢᠵᠤ ︽ᠴᠦᠨ ᠯᠠᠢ ᠡ᠂ | ᠡᠨᠡ ᠶᠠᠫᠤᠨ ᠨᠤᠶᠠᠨ ᠴᠢᠨᠢ ᠠᠶᠢᠯ ᠤᠨ ᠡᠮᠡᠰ ᠬᠡᠦᠭᠡᠳ ᠢ ᠦᠢᠮᠡᠬᠦᠯᠵᠤ ᠶᠠᠪᠤᠭ᠎ᠠ ᠬᠦᠮᠦᠨ ᠶᠤᠮ ᠰᠢᠤ᠂ ᠶᠠᠭᠠᠬᠢᠯᠳᠠᠢ | ᠪᠢᠯᠠ︖︾ ᠭᠡᠵᠤ ᠲᠤᠳᠤᠷ᠎ᠠ ᠠᠴᠠ ᠨᠢ ᠲᠤᠤᠭᠠᠷᠴᠦ ᠭᠡᠨ᠎ᠠ᠃ ᠮᠢᠨᠤ ᠵᠢᠭᠠᠬᠠᠨ ᠠᠪᠠᠭ᠎ᠠ ︽ᠬᠠᠮᠢᠶ᠎ᠠ ᠦᠭᠡᠢ᠂ ᠴᠢ | ᠡᠬᠦᠳᠡ ᠪᠠᠨ ᠰᠡᠬᠦ᠂ ᠨᠠᠳᠠ ᠠᠷᠭ᠎ᠠ ᠪᠠᠶᠢᠨ᠎ᠠ︕︾ ᠭᠡᠵᠡᠢ᠃ ᠲᠤᠬᠠᠢ ᠶᠢᠨ ᠦᠶ᠎ᠡ ᠶᠢᠨ ᠡᠬᠦᠳᠡ ᠭᠡᠵᠤ ᠪᠤᠭᠤᠨᠢᠬᠠᠨ | ᠰᠢᠦ᠂ ᠡᠬᠦᠳᠡ ᠰᠡᠬᠦᠭᠳᠡᠵᠤ᠂ ᠦᠨᠦ ᠶᠠᠫᠤᠨ ᠨᠤᠶᠠᠨ ᠪᠦᠬᠦ᠋ᠢᠵᠤ ᠤᠷᠤᠬᠤ ᠵᠠᠭᠤᠷ᠎ᠠ ᠳᠤ ᠮᠢᠨᠤ ᠠᠪᠠᠭ᠎ᠠ | ᠰᠤᠸᠠᠮᠫᠠᠨ ᠤ ᠡᠷᠢᠬᠢ ᠪᠠᠷ ᠢᠶᠠᠨ ᠲᠤᠯᠤᠭᠠᠢ ᠤᠷᠤᠭᠤ ᠨᠢ ᠤᠷᠤᠭᠤ ᠨᠢ ᠰᠢᠭᠠᠭᠠᠳ ᠲᠤᠳᠠᠭᠠᠵᠡᠢ᠃ ᠬᠤᠶᠠᠷ | ᠬᠠᠷᠠᠭᠤᠯ ᠨᠢ ᠨᠤᠶᠠᠨ ᠢᠶᠠᠨ ᠡᠷᠬᠦᠵᠤ ᠪᠤᠰᠬᠠᠵᠤ ᠪᠠᠶᠢᠬᠤ ᠵᠠᠭᠤᠷ᠎ᠠ ᠳᠤ ᠬᠤᠯᠠᠳᠠᠴᠢᠬᠠᠭᠰᠠᠨ ᠭᠡᠨ᠎ᠠ᠃ ᠤᠷᠠᠩᠭᠤᠸ᠎ᠠ᠄ | ᠠᠯᠠᠴᠢᠬᠠᠪᠠ ᠤᠤ︖ ᠪᠢᠩ ᠲᠠᠩ᠄ ᠨᠢᠭᠡ ᠮᠠᠭᠤ ᠰᠤᠸᠠᠮᠫᠠᠨ ᠤ ᠡᠷᠢᠬᠢ ᠪᠠᠷ ᠶᠠᠮᠠᠷ ᠡᠴᠢᠭᠡ ᠶᠢᠨ ᠬᠢᠨ ᠬᠦᠮᠦᠨ | ᠠᠯᠠᠴᠢᠬᠠᠬᠤ ᠶᠤᠮ︖ ᠤᠷᠠᠩᠭᠤᠸ᠎ᠠ᠄ ᠤᠳᠤ ᠴᠦ ᠭᠡᠷᠡᠭ ᠢᠶᠠᠨ ᠬᠢᠴᠢᠭᠡᠯᠠ ᠰᠢᠦ ᠳ᠋ᠠ᠃ ᠪᠠᠷᠢᠭᠳᠠᠴᠢᠬᠠᠭᠰᠠᠨ | ᠪᠠᠶᠢᠬ᠎ᠠ︖ ᠪᠢᠩ ᠲᠠᠩ᠄ ᠨᠢᠭᠡ ᠲᠤᠳᠠᠭᠠᠭᠰᠠᠨ ᠢᠶᠠᠷ ᠢᠶᠠᠨ ᠲᠤᠳᠠᠭᠠᠭᠠᠳ ᠭᠡᠭᠡᠷ᠎ᠡ ᠶᠢᠨ ᠨᠤᠭᠤᠭ᠎ᠠ ᠬᠦᠮᠡᠯᠢ ᠢᠳᠡᠨ᠂ | ᠪᠤᠭᠳᠠ ᠠᠭᠤᠯᠠᠨ ᠳᠤ ᠵᠡᠷᠯᠢᠭᠰᠢᠨ ᠠᠮᠢᠳᠤᠷᠠᠭᠰᠠᠭᠠᠷ ᠪᠠᠶᠢᠵᠤ᠂ ᠶᠠᠫᠤᠨᠴᠤᠳ ᠤᠯᠤᠰ ᠲᠠᠭᠠᠨ ᠬᠠᠷᠢᠭᠰᠠᠨ ᠤ | ᠲᠠᠷᠠᠭ᠎ᠠ ᠰᠠᠶ᠋ᠢ ᠬᠠᠷᠢᠵᠤ ᠢᠷᠡᠪᠡ᠃ ᠭᠡᠬᠦ ᠳᠤ ᠱᠠᠬᠠᠢ ᠭᠤᠳᠤᠯ ᠨᠢ ᠤᠷᠠᠭᠳᠠᠵᠤ ᠨᠠᠪᠰᠠᠭᠠᠳ᠂ ᠨᠢᠭᠤᠷ ᠴᠢᠷᠠᠢ ᠨᠢ | ᠬᠠᠷᠠᠯᠠᠵᠤ ᠬᠦᠭᠡᠷᠡᠭᠡᠳ ᠰᠠᠷᠮᠠᠭᠴᠢᠨ ᠰᠢᠭ᠋ ᠪᠤᠯᠴᠢᠬᠠᠭᠰᠠᠨ ᠪᠠᠶᠢᠪᠠ᠃ ᠴᠢᠰᠤ ᠪᠠᠷ ᠬᠠᠨᠢᠶᠠᠯᠭᠠᠵᠤ ᠪᠠᠶᠢᠭᠰᠠᠭᠠᠷ | ᠦᠬᠦᠪᠠ᠃ ᠮᠢᠨᠤ ᠡᠮᠴᠢ ᠠᠪᠤ ᠭᠡᠳᠦᠢ ᠡᠮᠨᠡᠭᠰᠡᠨ ᠴᠦ ᠲᠡᠶᠢᠯᠦᠭᠡ ᠦᠭᠡᠢ᠃ | | |