ᠡᠬᠡ ᠭᠠᠵᠠᠷ ᠤᠨ ᠦᠯᠢᠭᠡᠷ ᠂ ᠬᠤᠶᠠᠷ
ᠨᠡᠶᠢᠲᠡᠯᠡᠭᠰᠡᠨ ᠴᠠᠭ᠄
2020-06-16
ᠡᠭᠡ ᠭᠠᠵᠠᠷ ᠤᠨ ᠦᠯᠢᠭᠡᠷ ︵ᠬᠤᠶᠠᠷ︶                                     ᠤᠷᠠᠩᠭᠤᠸ᠎ᠠ        ᠤᠷᠠᠩᠭᠤᠸ᠎ᠠ᠄ ᠲᠡᠭᠡᠰᠦᠨ ᠤ ᠨᠤᠶᠠᠨ ᠭᠡᠭᠴᠢ ᠶᠠᠭᠤ ᠬᠢᠳᠡᠭ ᠶᠤᠮ︖      ᠪᠢᠩ ᠲᠠᠩ᠄ ᠲᠠᠷᠢᠶᠠᠴᠢᠳ  ᠤᠨ ᠲᠠᠷᠢᠶᠠᠨ ᠭᠠᠵᠠᠷ ᠢ ᠲᠡᠭᠡᠰᠦ ᠪᠠᠷ ᠭᠡᠮᠵᠢᠵᠤ ᠪᠠᠶᠢᠴᠠᠭᠠᠳᠠᠭ ᠬᠦᠮᠦᠰ᠂ ᠭᠡᠮᠵᠢᠭᠡᠳ ᠭᠡᠷᠪᠡ ᠢᠯᠡᠬᠦᠦ ᠭᠠᠵᠠᠷ ᠲᠠᠷᠢᠭᠰᠠᠨ ᠪᠠᠶᠢᠪᠠᠯ ᠶᠠᠯᠠᠯᠠᠨ ᠲᠤᠷᠭᠠᠵᠤ ᠭᠡᠳᠦᠨ ᠠᠷᠪᠠᠨ ᠲᠡᠬᠢᠨ ᠢᠶᠠᠷ ᠠᠮᠤ ᠪᠤᠳᠠᠭ᠎ᠠ ᠶᠢ ᠨᠢ ᠬᠤᠷᠢᠶᠠᠮᠵᠢᠯᠡᠳᠠᠭ ᠶᠤᠮ ᠭᠡᠨ᠎ᠠ᠃ ︵ᠭᠠᠵᠠᠷ ᠲᠠᠷᠢᠶᠠᠨ ᠤ ᠬᠠᠮᠢᠶᠠᠷᠤᠯᠳᠠ ᠶᠢᠨ ᠲᠤᠪᠴᠢᠶ᠎ᠠ ᠶᠢ ᠬᠡᠯᠡᠵᠤ ᠪᠠᠶᠢᠬᠤ ᠶᠤᠮ ᠪᠠᠶᠢᠨ᠎ᠠ︶ ᠲᠡᠭᠡᠬᠦᠯᠡᠷ ᠵᠠᠷᠢᠮ ᠪᠠᠶᠡᠨ ᠠᠶᠢᠯ ᠨᠢ ᠲᠡᠳᠡᠭᠡᠷ ᠲᠡᠭᠡᠰᠦᠨ ᠨᠤᠶᠠᠨ ᠳᠤ ᠭᠠᠭ᠋ᠠᠢ ᠠᠯᠠᠵᠤ ᠮᠢᠬ᠎ᠠ ᠢᠳᠡᠬᠦᠯᠦᠨ ᠪᠢᠯᠳᠠᠭᠤᠷᠠᠳᠠᠭ ᠠᠴᠠ ᠢᠯᠡᠬᠦᠦ ᠭᠠᠵᠠᠷ ᠲᠠᠷᠢᠭᠰᠠᠨ ᠴᠦ ᠶᠠᠯᠠᠯᠬᠤ ᠦᠭᠡᠢ ᠪᠠᠶᠢᠵᠤ᠂ ᠨᠤᠮᠤᠬᠠᠨ ᠰᠢᠯᠦᠭᠤᠨ ᠬᠦᠮᠦᠰ  ᠢ ᠦᠵᠡᠨ ᠬᠠᠷᠠᠨ ᠬᠡᠯᠢᠰᠳᠡᠬᠦᠯᠵᠤ ᠶᠠᠯ᠎ᠠ ᠲᠤᠬᠤᠳᠠᠭ ᠪᠠᠶᠢᠪᠠ ᠭᠡᠨ᠎ᠠ᠃ ᠨᠢᠭᠡᠨ ᠡᠳᠦᠷ ᠡᠪᠦᠭᠡ ᠮᠢᠨᠢ ᠠᠶᠢᠯ ᠳᠤ ᠲᠠᠷᠢᠶᠠᠨ ᠠᠵᠢᠯ ᠬᠢᠵᠤ ᠪᠠᠶᠢᠳᠠᠯ᠎ᠠ᠂ ᠲᠡᠳᠡᠭᠡᠷ ᠲᠡᠭᠡᠰᠦᠨ ᠤ ᠨᠤᠶᠠᠨ ᠲᠠᠷᠠ ᠠᠶᠢᠯ ᠳᠤ ᠢᠷᠡᠵᠤ ᠭᠡᠨ᠎ᠠ᠃ ᠲᠡᠷᠡ ᠠᠶᠢᠯ ᠤᠨ ᠡᠵᠡᠨ ᠢ ᠢᠯᠡᠬᠦᠦ ᠲᠠᠷᠢᠶ᠎ᠠ ᠲᠠᠷᠢᠭᠰᠠᠨ ᠲᠤᠷᠭᠠᠭᠤᠯᠢ ᠶᠢᠨ ᠲᠠᠷᠢᠶ᠎ᠠ ᠪᠠᠨ ᠦᠳᠳᠦᠷ ᠲᠦᠷᠭᠡᠨ ᠲᠤᠰᠢᠶᠠ ᠭᠡᠵᠤ ᠴᠤᠬᠢᠵᠤ ᠵᠠᠨᠴᠢᠵᠤ ᠪᠠᠶᠢᠪᠠ ᠭᠡᠨ᠎ᠠ᠃ ᠠᠶᠢᠯ ᠤᠨ ᠡᠵᠡᠨ ᠨᠤᠮᠤᠬᠠᠨ ᠬᠦᠮᠦᠨ ᠪᠠᠶᠢᠭᠰᠠᠨ ᠠᠴᠠ ᠡᠮᠦᠨ᠎ᠠ ᠨᠢ ᠰᠦᠬᠦᠳᠦᠭᠡᠳ ᠭᠤᠶᠤᠵᠤ ᠯᠠ ᠪᠠᠶᠢᠨ᠎ᠠ ᠭᠡᠨ᠎ᠠ᠃ ᠡᠪᠦᠭᠡ ᠲᠡᠷᠡ ᠵᠦᠢ ᠪᠤᠰᠤ ᠶᠢ ᠬᠠᠷᠠᠭᠠᠳ ᠲᠡᠰᠬᠦ ᠦᠭᠡᠢ ᠳᠡᠭᠡᠨ ᠬᠦᠶᠦᠵᠤ ᠬᠦᠷᠦᠭᠡᠳ ᠲᠡᠭᠡᠰᠦ ᠶᠢ ᠨᠢ ᠲᠠᠰᠤᠴᠢᠵᠤ ᠬᠤᠯᠠ ᠰᠢᠳᠡᠭᠰᠡᠨ ᠢᠶᠠᠨ ︽ᠨᠤᠶᠠᠨ ᠢᠶᠠᠨ ᠲᠠᠭᠤᠳᠠ︕︾ ᠭᠡᠵᠡᠢ᠃ ᠨᠤᠶᠠᠨ ᠨᠢ ᠢᠷᠡᠭᠡᠳ ᠡᠪᠦᠭᠡ ᠶᠢ ᠮᠢᠨᠢ ︽ᠶᠠᠭᠤᠨ ᠤ ᠬᠦᠮᠦᠨ ᠶᠤᠮ︖︾ ᠭᠡᠵᠤ ᠠᠰᠠᠭᠤᠬᠤᠯᠠᠷ ︽ᠭᠤᠶᠢᠷᠠᠨᠴᠢ︕︾ ᠭᠡᠵᠤ ᠬᠠᠷᠢᠭᠤᠯᠤᠭᠰᠠᠨ ᠭᠡᠨ᠎ᠠ᠃ ︽ᠮᠠᠭᠤ ᠭᠤᠶᠢᠷᠠᠨᠴᠢ ᠪᠠᠶᠢᠭᠠᠳ ᠴᠢ ᠶᠠᠭᠤ ᠭᠡᠵᠤ ᠲᠦᠷᠦ  ᠶᠢᠨ ᠤᠴᠢᠷ᠂ ᠬᠦᠮᠦᠨ ᠤ ᠬᠤᠭᠤᠷᠤᠨᠳᠤ ᠤᠷᠤᠴᠢᠬᠠᠭᠰᠠᠨ ᠶᠤᠮ︖ ᠴᠤᠬᠢ︕︾ ᠭᠡᠰᠡᠨ ᠶᠤᠮ ᠪᠠᠶᠢᠪᠠ᠃ ᠬᠤᠷᠤᠰᠴᠦ ᠪᠠᠶᠢᠭᠰᠠᠨ ᠲᠡᠳᠡᠭᠡᠷ ᠬᠦᠮᠦᠰ᠂ ᠡᠪᠦᠭᠡ ᠶᠢ ᠮᠢᠨᠢ ᠶᠠᠮᠠᠷ ᠬᠦᠩᠬᠢᠨ ᠢᠶᠠᠷ ᠴᠤᠬᠢᠬᠤ ᠤᠤ ᠳ᠋ᠠ᠂ ᠭᠠᠷ ᠤᠨ ᠠᠯᠠᠭ᠎ᠠ ᠶᠢ ᠨᠢ ᠠᠷᠪᠠ ᠠᠷᠪᠠᠨ ᠪᠠᠨᠵᠠ ᠴᠤᠬᠢᠭᠰᠠᠨ ᠠᠴᠠ᠂ ᠭᠠᠷ ᠨᠢ ᠪᠦᠷ ᠮᠠᠨᠳᠤᠦ ᠰᠢᠭ᠋ ᠬᠦᠭᠡᠷᠦᠨ ᠬᠠᠪᠤᠳᠤᠭᠰᠠᠨ ᠴᠦ ᠠᠵᠢᠭ ᠦᠭᠡᠢ ᠪᠠᠶᠢᠭᠰᠠᠨ ᠪᠦᠭᠡᠳ ︽ᠡᠨᠡ ᠤᠯᠠᠨ ᠶᠠᠳᠠᠭᠤ ᠠᠷᠠᠳ ᠢ ᠲᠠᠬᠢᠵᠤ ᠭᠡᠯᠢᠰᠳᠡᠬᠦᠯᠦᠨ ᠵᠤᠪᠠᠭᠠᠬᠤ ᠦᠭᠡᠢ ᠪᠤᠯ᠂ ᠨᠠᠮᠠᠢᠢ ᠴᠤᠬᠢᠬᠤ ᠪᠠᠶᠢᠳᠤᠭᠠᠢ᠂ ᠠᠯᠠᠪᠠᠴᠦ ᠪᠤᠯᠤᠨ᠎ᠠ᠂ ᠲᠡᠨᠤᠰ ᠠᠷᠠᠳ ᠲᠦᠮᠡᠨ ᠳᠤ ᠰᠢᠳᠤᠷᠭᠤ ᠶᠤᠰᠤᠨ ᠢ ᠶᠠᠪᠤᠭᠤᠯᠵᠤ᠂ ᠲᠡᠭᠰᠢ ᠪᠠᠷ ᠬᠠᠨᠳᠤᠪᠠᠯ ᠪᠤᠯᠴᠢᠬᠠᠨ᠎ᠠ ᠁︾ ᠭᠡᠵᠡᠢ᠃ ᠴᠤᠬᠢᠭᠰᠠᠨ ᠬᠦᠮᠦᠨ ᠨᠢ ᠠᠷᠭ᠎ᠠ ᠪᠠᠷᠠᠵᠤ ᠨᠤᠶᠠᠨ ᠳᠤ ᠮᠡᠳᠡᠬᠦᠯᠪᠡᠯ ︽ᠪᠠᠰᠠ ᠠᠷᠪᠠᠨ ᠪᠠᠨᠵᠠ ᠴᠤᠬᠢ︕︾ ᠭᠡᠵᠡᠢ᠃ ᠬᠠᠪᠤᠳᠤᠭᠰᠠᠨ ᠭᠠᠷ  ᠤᠨ ᠠᠯᠠᠭᠠᠨ ᠲᠡᠭᠡᠷ᠎ᠡ ᠪᠠᠰᠠ ᠠᠷᠪᠠᠨ ᠪᠠᠨᠵᠠ ᠴᠤᠬᠢᠬᠤ ᠳᠤ᠂ ᠠᠯᠠᠭ᠎ᠠ ᠨᠢ ᠲᠡᠯᠪᠡᠷᠡᠨ ᠴᠢᠰᠦ ᠨᠦᠵᠢ ᠦᠰᠦᠷᠴᠦ ᠪᠠᠶᠢᠭᠰᠠᠨ ᠴᠦ ︽ᠭᠡᠷᠪᠡ ᠴᠢ ᠨᠠᠮᠠᠢᠢ ᠠᠯᠠᠬᠤ ᠦᠭᠡᠢ ᠶᠤᠮ ᠪᠤᠯ᠂ ᠲᠡᠭᠰᠢ ᠪᠤᠰᠤ ᠪᠠᠷ ᠶᠠᠯᠠᠳᠠᠭᠰᠠᠨ ᠶᠠᠳᠠᠭᠤ ᠠᠷᠠᠳ  ᠤᠨ ᠦᠰᠢᠶ᠎ᠠ ᠶᠢ ᠠᠪᠤᠨ᠎ᠠ ᠰᠢᠦ︕︾ ᠭᠡᠵᠡᠢ᠃ ᠡᠬᠦᠨ ᠢ ᠰᠤᠨᠤᠰᠤᠭᠰᠠᠨ ᠨᠤᠶᠠᠨ ᠨᠢ ᠬᠦᠶᠦᠵᠤ ᠬᠦᠷᠦᠭᠡᠳ ᠭᠠᠷ  ᠢ ᠨᠢ ᠠᠳᠬᠤᠵᠤ ᠠᠪᠤᠭᠰᠠᠨ ᠪᠦᠭᠡᠳ ᠠᠨᠳᠠ ᠪᠤᠯᠤᠯᠴᠠᠬᠤ ᠰᠠᠨᠠᠭ᠎ᠠ ᠪᠠᠨ ᠬᠡᠯᠡᠵᠡᠢ ᠭᠡᠨ᠎ᠠ᠃ ᠲᠡᠷᠡ ᠨᠤᠶᠠᠨ ᠨᠢ ᠴᠦ ᠰᠠᠶᠢᠨ ᠡᠷ᠎ᠡ ᠪᠠᠶᠢᠭᠰᠠᠨ ᠭᠡᠳᠡᠭ᠃ ᠰᠠᠶᠢᠨ ᠡᠷ᠎ᠡ᠂ ᠰᠠᠶᠢᠨ ᠡᠷ᠎ᠡ ᠪᠠᠨ ᠲᠤᠷᠠᠯᠠᠳᠠᠭ ᠶᠤᠰᠤ ᠪᠠᠷ᠂ ᠡᠪᠦᠭᠡ ᠶᠢᠨ ᠮᠢᠨᠢ ᠭᠠᠷ ᠢ ᠰᠠᠶᠢᠨ ᠡᠮᠴᠢ ᠵᠠᠯᠠᠨ ᠡᠮᠨᠡᠬᠦᠯᠵᠤ ᠡᠳᠡᠭᠡᠭᠡᠳ ᠦᠨᠡᠭᠡᠷ ᠠᠨᠳᠠ ᠪᠤᠯᠤᠯᠴᠠᠭᠰᠠᠨ ᠶᠤᠮ ᠭᠡᠨ᠎ᠠ᠃ ᠠᠨᠳᠠ ᠪᠤᠯᠤᠯᠴᠠᠭᠰᠠᠨ ᠤ ᠬᠤᠶᠢᠨ᠎ᠠ ᠡᠪᠦᠭᠡ ᠮᠢᠨᠢ ᠦᠪᠡᠷ ᠤᠨ ᠢᠶᠠᠨ ᠦᠨᠡᠨ ᠲᠡᠦᠭᠡ ᠪᠠ ᠡᠪᠦᠭᠡ ᠲᠦᠭᠡᠮᠡᠯ ᠤᠨ ᠢᠶᠠᠨ ᠦᠯᠢᠭᠡᠷ ᠤᠴᠢᠷ ᠢ ᠬᠡᠯᠡᠵᠤ ᠦᠭᠬᠦᠭᠰᠡᠨ ᠶᠤᠮ ᠪᠠᠶᠢᠪᠠ᠃ ᠲᠡᠭᠡᠭᠡᠳ ᠯᠠ ᠮᠢᠨᠤ ᠡᠪᠦᠭᠡ ᠨᠠᠷ᠎ᠠ ᠮᠠᠨᠳᠤᠴᠢᠬᠠᠬᠤ ᠦᠭᠡᠢ ᠤᠤ ᠳ᠋ᠠ᠂ ᠨᠠᠷ᠎ᠠ ᠮᠠᠨᠳᠤᠪᠠ ᠭᠡᠵᠤ ᠰᠠᠶᠢᠨ ᠴᠦ ᠶᠤᠮ ᠤᠤ᠂ ᠮᠠᠭᠤ ᠴᠦ ᠶᠤᠮ ᠤᠤ᠂ ᠮᠡᠳᠡᠬᠦ ᠦᠭᠡᠢ᠃ ᠪᠡᠶ᠎ᠡ ᠪᠦᠳᠦᠵᠤ ᠡᠮᠡᠰ ᠬᠡᠦᠭᠡᠳ ᠠᠪᠤᠭᠠᠳ ᠮᠢᠨᠤ ᠠᠪᠤ ᠶᠢ ᠲᠦᠷᠦᠵᠡᠢ᠃ ᠪᠠᠷᠤᠭ ᠬᠤᠷᠢᠭᠠᠳ ᠨᠠᠰᠤᠳᠠᠢ ᠪᠤᠯᠴᠢᠬᠠᠭᠰᠠᠨ ᠪᠠᠶᠢᠬ᠎ᠠ᠃ ᠨᠠᠷ᠎ᠠ ᠮᠠᠨᠳᠤᠭᠰᠠᠨ ᠡᠪᠦᠭᠡ ᠶᠢ ᠮᠢᠨᠢ ᠵᠦᠭᠡᠷ ᠰᠠᠭᠤᠯᠭᠠᠬᠤ ᠶᠤᠮ ᠤᠤ︖ ᠵᠠᠯᠠᠶᠢᠳ ᠬᠤᠰᠢᠭᠤᠨ ᠤ ᠵᠠᠩᠵᠤᠨ ᠸᠠᠩ ᠠᠴᠠ ᠡᠪᠦᠭᠡ ᠶᠢ ᠮᠢᠨᠢ ᠵᠡᠷᠭᠡ ᠲᠡᠪᠰᠢᠬᠦᠯᠵᠤ ᠭᠡᠨ᠎ᠠ᠃      ᠤᠷᠠᠩᠭᠤᠸ᠎ᠠ᠄ ᠤᠯᠤᠭᠠᠢ ᠴᠢᠨᠢ᠂ ᠤᠳᠤ ᠨᠤᠶᠠᠨ ᠪᠤᠯᠬᠤ ᠶᠤᠮ ᠪᠠᠶᠢᠨ᠎ᠠ᠂ ᠶᠠᠮᠠᠷ ᠵᠡᠷᠭᠡ ᠦᠭᠬᠦᠭᠰᠡᠨ ᠶᠤᠮ ᠪᠤᠯ︖ ᠭᠠᠵᠠᠷ ᠲᠠᠷᠢᠶ᠎ᠠ ᠭᠡᠮᠵᠢᠳᠡᠭ ᠨᠤᠶᠠᠨ ᠪᠤᠯᠭᠠᠭᠰᠠᠨ ᠪᠢᠰᠢ ᠪᠢᠵᠠ︖      ᠪᠢᠩ ᠲᠠᠩ᠄ ᠪᠢᠰᠢ ᠰᠢᠦ᠂ ᠮᠠᠨ ᠤ ᠡᠪᠦᠭᠡ ᠲᠡᠬᠦᠨ ᠢ ᠨᠢ ᠬᠢᠳᠡᠭ ᠬᠦᠮᠦᠨ ᠪᠢᠰᠢ ᠬᠦ᠋᠃ ᠲᠤᠬᠠᠢ ᠶᠢᠨ ᠦᠶ᠎ᠡ ᠶᠠᠭ ᠬᠤᠩᠬᠤᠰ ︵ᠲᠡᠭᠡᠷᠡᠮ ᠭᠡᠰᠡᠨ ᠨᠤᠳᠤᠭ ᠤᠨ ᠬᠡᠯᠡᠯᠭᠡ ᠶᠤᠮ ᠭᠡᠨ᠎ᠠ᠂ ᠤᠯᠠᠭᠠᠨ ᠰᠠᠬᠠᠯ ᠲᠠᠢ ᠲᠡᠭᠡᠷᠡᠮ ᠤᠨ ᠲᠦᠷᠦᠬᠦᠦ ᠶᠡᠭᠡᠳᠡ ᠨᠠᠷ᠎ᠠ ᠭᠠᠷᠴᠦ ᠪᠠᠶᠢᠭᠰᠠᠨ ᠠᠴᠠ红胡子 ᠭᠡᠰᠡᠨ ᠬᠢᠳᠠᠳ ᠨᠠᠷ᠎ᠠ ᠶᠢ ᠠᠪᠴᠦ᠂ ᠢᠩᠬᠢᠵᠤ ᠨᠠᠷᠠᠯᠡᠭᠰᠡᠨ ᠪᠤᠯᠤᠯᠳᠠᠢ︶ ᠰᠢᠷᠦᠬᠦᠰᠴᠦ᠂ ᠵᠠᠯᠠᠶᠢᠳ ᠸᠠᠩ ᠨᠤᠶᠠᠨ ᠪᠦᠷ ᠠᠷᠭ᠎ᠠ ᠠᠯᠳᠠᠷᠠᠵᠤ ᠪᠠᠶᠢᠭᠰᠠᠨ ᠠᠴᠠ᠂ ᠡᠦ ᠶᠢᠨ ᠳ᠋ᠧ ᠭᠡᠰᠡᠨ ᠡᠨᠡ ᠰᠠᠶᠢᠨ ᠡᠷ᠎ᠡ ᠶᠠᠭᠠᠬᠢᠬᠤ ᠠᠷᠭ᠎ᠠ ᠦᠭᠡᠢ ᠰᠠᠶᠢᠬᠠᠨ ᠪᠠᠭ ᠨᠢ ᠪᠤᠯᠴᠢᠬᠠᠬᠤ ᠦᠭᠡᠢ ᠳ᠋ᠠ᠃ ᠴᠢᠶᠠᠨ ᠡᠦ ᠶᠢᠨ ᠳ᠋ᠧ ᠶᠢ ᠲᠤᠰᠬᠠᠶᠢᠯᠠᠨ ᠬᠤᠩᠬᠤᠰ ᠢ ᠴᠤᠬᠢᠬᠤ ᠠᠯᠪᠠᠨ ᠳᠤ ᠭᠠᠷᠭᠠᠵᠤ᠂ ᠨᠠᠢᠮᠠᠨ ᠲᠤᠰᠠᠯᠠᠭᠴᠢ᠂ ᠬᠠᠮᠭᠠᠯᠠᠭᠴᠢ᠂ ᠲᠠᠪᠤᠨ ᠵᠠᠭᠤᠨ ᠴᠡᠷᠢᠭ ᠮᠤᠷᠢ ᠦᠭᠴᠦ᠂ ᠲᠤᠸᠠᠨᠵᠠᠩ ᠵᠡᠷᠭᠡ ᠤᠯᠭᠤᠭᠠᠳ᠂ ᠬᠠᠷᠠᠮᠦ᠋ᠷᠡᠨ ᠠᠴᠠ ᠭᠡᠳᠦᠨ ᠭᠠᠵᠠᠷ ᠤᠨ ᠵᠠᠶᠢᠳᠠᠢ ᠱᠤᠳᠤᠩ ᠭᠡᠰᠡᠨ ᠭᠠᠵᠠᠷ ᠲᠤ ᠴᠡᠷᠢᠭ ᠤᠨ ᠬᠤᠸᠠᠷᠠᠨ ᠢ ᠨᠢ ᠪᠠᠶᠢᠭᠤᠯᠵᠤ᠂ ᠭᠡᠷ ᠠᠮᠢᠳᠤᠷᠠᠯ ᠢ ᠨᠢ ᠱᠤᠳᠤᠩ ᠤᠨ ᠬᠢᠨᠢ ᠪᠠᠷᠠᠭᠤᠨ ᠲᠠᠯ᠎ᠠ ᠳᠤ ᠬᠦᠰᠢᠶᠡᠳᠤ ᠭᠡᠰᠡᠨ ᠭᠠᠵᠠᠷ ᠲᠤ ᠰᠠᠭᠤᠯᠭᠠᠵᠡᠢ᠃ ᠮᠢᠨᠤ ᠦᠯᠢᠭᠡᠷ ᠴᠦ ᠲᠡᠨᠳᠡ ᠠᠴᠠ ᠡᠬᠢᠯᠠᠨ᠎ᠠ ᠳ᠋ᠠ᠃       ᠤᠷᠠᠩᠭᠤᠸ᠎ᠠ᠄ ᠡᠪᠦᠭᠡ ᠶᠢᠨ ᠴᠢᠨᠢ ᠵᠢᠩᠬᠢᠨᠢ ᠦᠯᠢᠭᠡᠷ ᠴᠦ ᠬᠤᠩᠬᠤᠰ ᠴᠤᠬᠢᠬᠤ ᠠᠴᠠ ᠡᠬᠢᠯᠡᠬᠦ ᠨᠢ ᠡ᠃ ᠰᠢᠳᠤᠷᠭᠤ ᠶᠤᠰᠤᠨ ᠤ ᠲᠦᠯᠦᠭᠡ ᠠᠮᠢᠳᠤᠷᠠᠬᠤ ᠭᠡᠷᠡᠭᠳᠠᠢ ᠭᠡᠰᠡᠨ ᠬᠡᠷᠢᠶᠠᠰ ᠲᠠᠢ ᠡᠪᠦᠭᠡ ᠴᠢᠨᠢ ᠤᠳᠤ ᠴᠦ ᠲᠠᠷᠠ ᠬᠤᠩᠬᠤᠰ  ᠨᠤᠭᠤᠳ ᠢ ᠲᠤᠨᠢᠯᠭᠠᠵᠤ ᠪᠠᠷᠠᠨ᠎ᠠ ᠳ᠋ᠠ ᠁      ᠪᠢᠩ ᠲᠠᠩ᠄ ᠠᠨ᠎ᠠ᠂ ᠠᠨ᠎ᠠ᠃ ᠬᠤᠩᠬᠤᠰ ᠢ ᠴᠤᠬᠢᠵᠤ ᠪᠠᠶᠢᠭᠠᠳ ᠨᠠᠮᠠᠢᠢ ᠬᠤᠩᠬᠤᠰ ᠲᠠᠢ ᠢᠷᠦᠭᠡᠯ ᠲᠠᠢ ᠪᠤᠯᠭᠠᠵᠤ ᠦᠭᠬᠦᠭᠰᠡᠨ ᠳ᠋ᠠ᠃ ᠴᠢ ᠰᠤᠨᠤᠰᠴᠦ ᠪᠠᠢ᠂ ᠡᠬᠦᠨ ᠢ ᠲᠠᠷᠠᠭᠠᠪᠠᠷ ᠬᠡᠯᠡᠵᠤ ᠦᠭᠬᠦᠨ᠎ᠠ᠃ ᠡᠪᠦᠭᠡ ᠶᠢᠨ ᠮᠢᠨᠢ ᠭᠠᠷ ᠲᠤᠤᠷᠠᠬᠢ ᠨᠠᠢᠮᠠᠨ ᠬᠦᠮᠦᠨ ᠤ ᠲᠦᠷᠪᠡ ᠨᠢ ᠨᠠᠷᠠᠳᠤ ᠫᠤᠤᠴᠢ ᠪᠠᠶᠢᠭᠰᠠᠨ᠃ ᠢᠨᠢᠶᠡᠳᠤ ᠲᠠᠢ ᠶᠤᠮ ᠡ᠂ ᠲᠦᠷᠪᠡᠬᠦᠯᠠ ᠪᠠᠨ ᠪᠦᠷ ᠬᠤᠵᠢᠭᠡᠷ ᠬᠦᠮᠦᠨ ᠲᠠᠭᠠᠷᠠᠴᠢᠬᠠᠵᠡᠢ᠃ ᠦᠰᠦ ᠴᠦ ᠦᠭᠡᠢ᠂ ᠬᠦᠮᠦᠰᠭᠡ ᠴᠦ ᠦᠭᠡᠢ᠂ ᠲᠦᠮᠦᠰᠦ ᠰᠢᠭ ᠬᠢᠯᠤᠩ ᠲᠤᠯᠤᠭᠠᠢ ᠲᠡᠭᠡᠷ᠎ᠡ ᠨᠢᠳᠤ ᠠᠮᠠ ᠲᠠᠭᠠᠷᠠᠭᠤᠯᠴᠢᠬᠠᠭᠰᠠᠨ ᠰᠢᠭ᠋ ᠬᠦᠮᠦᠰ᠃ ᠭᠡᠶ᠎ᠡ᠂ ᠴᠤᠬᠤᠮ ᠰᠠᠶᠢᠨ ᠬᠦᠮᠦᠰ ᠡ᠂ ᠨᠢᠭᠡ ᠭᠡᠪᠡᠯ ᠬᠤᠶᠠᠷ ᠭᠡᠬᠦ ᠦᠭᠡᠢ ᠬᠡᠯᠡᠭᠰᠡᠨ ᠳᠡᠭᠡᠨ ᠯᠠ ᠬᠦᠷᠳᠡᠭ ᠬᠦᠮᠦᠰ ᠡ᠃ ᠪᠢ ᠲᠠᠳᠠᠨᠤᠰ ᠤᠨ ᠬᠠᠶᠢᠷ᠎ᠠ ᠢᠶᠠᠷ ᠬᠦᠮᠦᠨ ᠪᠤᠯᠤᠯ᠎ᠠ ᠭᠡᠪᠡᠯ ᠭᠡᠳᠦᠷᠡᠬᠦ ᠦᠭᠡᠢ᠃ ᠨᠠᠷ᠎ᠠ ᠨᠢ ᠠᠯᠤᠰᠤᠯ᠂ ᠯᠠᠮᠠᠵᠠᠪ᠂ ᠰᠡᠳ᠋ᠸᠡᠩ᠂ ᠸᠠᠩ ᠮᠦᠩᠭᠡ ᠭᠡᠳᠡᠭ᠃      ᠤᠷᠠᠩᠭᠤᠸ᠎ᠠ᠄ ᠲᠡᠳᠡ ᠴᠢᠨᠢ ᠪᠦᠷ ᠬᠤᠩᠬᠤᠰ ᠴᠤᠬᠢᠳᠠᠭ ᠬᠦᠮᠦᠰ ᠪᠢᠵᠠ︖      ᠪᠢᠩ ᠲᠠᠩ᠄ ᠠᠨ᠎ᠠ᠂ ᠮᠢᠨᠤ ᠡᠪᠦᠭᠡ ᠲᠡᠳᠡᠭᠡᠷ ᠬᠦᠮᠦᠰ ᠢᠶᠠᠨ ᠲᠠᠭᠠᠭᠤᠯᠵᠤ ᠬᠤᠩᠬᠤᠰ ᠴᠤᠬᠢᠭᠠᠳ ᠤᠯᠤᠭᠰᠠᠨ ᠱᠠᠩ ᠢᠶᠠᠨ ᠪᠦᠷ ᠵᠠᠯᠠᠶᠢᠳ ᠬᠤᠰᠢᠭᠤᠨ ᠵᠠᠩᠵᠤᠨ ᠸᠠᠩ ᠳᠠᠭᠠᠨ ᠲᠤᠰᠢᠶᠠᠨ᠎ᠠ ᠁       ᠤᠷᠠᠩᠭᠤᠸ᠎ᠠ᠄ ᠪᠠᠰᠠ ᠬᠤᠰᠢᠭᠤ ᠸᠠᠩ ᠨᠤᠶᠠᠨ ᠳᠠᠭᠠᠨ ᠲᠤᠰᠢᠶᠠᠨ᠎ᠠ ᠠ︖        ᠪᠢᠩ ᠲᠠᠩ᠄ ᠲᠡᠭᠡᠬᠦ ᠦᠭᠡᠢ ᠶᠠᠭᠠᠬᠢᠨ᠎ᠠ︖ ᠤᠯᠠᠨ ᠲᠦᠮᠡᠨ ᠢ ᠲᠡᠭᠡᠷᠡᠮᠳᠡᠵᠤ ᠢᠷᠡᠭᠰᠡᠨ ᠶᠠᠭᠤᠮᠠᠰ ᠨᠢ ᠤᠯᠠᠨ ᠲᠦᠮᠡᠨ ᠤ ᠬᠢ ᠪᠠᠶᠢᠬᠤ ᠶᠤᠰᠤᠳᠠᠢ ᠪᠢᠵᠠ︖ ᠲᠠᠷᠠ ᠴᠢᠨᠢ ᠶᠠᠭ ᠮᠢᠨᠤ ᠡᠪᠦᠭᠡ ᠶᠢᠨ ᠵᠠᠩ ᠴᠢᠨᠠᠷ ᠪᠠᠶᠢᠬᠤ ᠦᠭᠡᠢ ᠤᠤ︖ ᠭᠡᠬᠦ ᠳᠤ᠂ ᠵᠠᠷᠢᠮ ᠢ ᠨᠢ ᠪᠠᠰᠠ ᠮᠠᠨ ᠤ ᠡᠪᠦᠭᠡ ᠳᠤ ᠦᠯᠡᠳᠡᠭᠡᠳᠡᠭ ᠶᠤᠮ ᠪᠠᠶᠢᠨ᠎ᠠ ᠯᠠᠢ᠃ ᠬᠤᠰᠢᠭᠤᠨ ᠠᠴᠠ ᠮᠢᠨᠤ ᠡᠪᠦᠭᠡ ᠳᠤ ᠭᠠᠵᠠᠷ ᠲᠠᠷᠢᠶ᠎ᠠ ᠦᠭᠬᠦᠨ᠎ᠠ᠃ ᠲᠠᠪᠤᠨ ᠵᠠᠭᠤᠨ ᠴᠡᠷᠢᠭ ᠮᠠᠯ ᠨᠢ ᠴᠦ ᠦᠰᠴᠦ ᠦᠷᠭᠡᠵᠢᠬᠦ ᠦᠭᠡᠢ ᠶᠤᠮ ᠤᠤ᠂ ᠲᠡᠳᠡᠨ ᠤ ᠵᠠᠷᠢᠮ ᠨᠢ ᠭᠠᠵᠠᠷ ᠲᠠᠷᠢᠵᠤ ᠠᠷᠤ ᠲᠠᠯ᠎ᠠ ᠶᠢᠨ ᠠᠵᠢᠯ ᠢ ᠬᠢᠵᠤ ᠠᠮᠢᠳᠤᠷᠠᠯ ᠲᠤᠬᠢᠷᠠᠭᠤᠯᠳᠠᠭ᠃ ᠢᠩᠬᠢᠵᠤ ᠪᠠᠶᠢᠭᠰᠠᠭᠠᠷ ᠬᠤᠩᠬᠤᠰ ᠴᠦ ᠲᠠᠪᠠᠭᠤ ᠨᠠᠮᠵᠢᠷᠠᠵᠡᠢ᠃      ᠤᠷᠠᠩᠭᠤᠸ᠎ᠠ᠄ ᠲᠡᠭᠡᠵᠤ ᠪᠠᠶᠢᠳᠠᠯ᠎ᠠ ᠲᠠ ᠭᠠᠷᠴᠢᠬᠠᠯ᠎ᠠ ᠪᠢᠵᠠ︖ ᠮᠢᠩᠭᠠᠨ ᠯᠠᠩ ᠤᠨ ᠡᠷᠭᠡ ᠲᠠᠩᠬᠢ ᠪᠢᠩ ᠲᠠᠩ ᠰᠢᠶᠦᠦ ᠵᠢᠶᠧ ᠡᠨᠡ ᠶᠢᠷᠳᠢᠨᠴᠦ ᠲᠡᠭᠡᠷ᠎ᠡ ᠢᠷᠡᠯ᠎ᠠ ᠰᠢᠦ︕ ᠭᠡᠵᠤ ᠲᠡᠬᠦᠨ ᠤ ᠦᠪᠡᠷ ᠤᠨ ᠦᠯᠢᠭᠡᠷ ᠢ ᠰᠤᠨᠤᠰᠬᠤ ᠭᠡᠵᠤ ᠶᠠᠭᠠᠷᠠᠭᠰᠠᠨ ᠪᠢ ᠦᠳᠦᠭᠡᠪᠡ᠃      ᠪᠢᠩ ᠲᠠᠩ ᠡᠵᠢ ᠮᠢᠨᠤ ᠦᠳᠦᠭᠡᠯᠳᠡ ᠳᠤ ᠤᠷᠤᠬᠤ ᠬᠦᠮᠦᠨ ᠪᠢᠰᠢ ᠪᠠᠶᠢᠪᠠ᠃ ᠡᠪᠦᠭᠡ ᠲᠡᠭᠡᠳᠦᠰ ᠤᠨ ᠢᠶᠠᠨ ᠦᠯᠢᠭᠡᠷ ᠢ ᠶᠠᠷᠢᠬᠤ ᠳᠠᠭᠠᠨ ᠪᠦᠷ ᠲᠡᠰ ᠲᠠᠷᠭᠠᠯᠠᠯ ᠲᠠᠢ᠂ ᠦᠨᠳᠦᠰᠦ ᠪᠠᠷᠢᠮᠳᠠ ᠲᠠᠢ ᠬᠡᠯᠡᠭᠡᠳ ᠪᠠᠶᠢᠪᠠ᠃ ᠡᠬᠢᠨ ᠳᠡᠭᠡᠨ ᠪᠢ ᠲᠡᠬᠦᠨ ᠢ ᠴᠢᠬᠢ ᠬᠠᠳᠠᠭᠤ ᠪᠠᠶᠢᠬ᠎ᠠ ᠭᠡᠵᠤ ᠦᠨᠳᠦᠷ ᠰᠢᠭ ᠲᠠᠭᠤ ᠪᠠᠷ ᠰᠤᠷᠪᠤᠯᠵᠢᠯᠠᠵᠤ ᠪᠠᠶᠢᠭᠰᠠᠨ ᠪᠤᠯ᠂ ᠰᠡᠬᠦᠯ ᠳᠡᠭᠡᠨ ᠲᠡᠷᠡ ᠦᠨᠳᠦᠷ ᠲᠠᠭᠤ ᠴᠦ ᠮᠢᠨᠤ ᠬᠦᠴᠦ ᠶᠢ ᠪᠦᠷᠢᠯᠭᠡᠭᠰᠡᠨ ᠲᠡᠳᠦᠢ ᠪᠤᠯᠤᠭᠰᠠᠨ ᠢ ᠮᠡᠳᠡᠪᠠ᠃ ᠲᠡᠳᠡᠨ ᠤ ᠨᠤᠳᠤᠭ ᠤᠨ ᠦᠭᠡ ᠬᠡᠯᠡ ᠶᠢ ᠤᠶᠢᠯᠠᠭᠠᠬᠤ ᠳᠤ ᠬᠦᠴᠢᠷ ᠪᠠᠶᠢᠭᠰᠠᠨ ᠲᠡᠭᠡᠷ᠎ᠡ᠂ ᠬᠠᠭᠠᠰ ᠢ ᠨᠢ ᠬᠢᠳᠠᠳ ᠦᠭᠡ ᠬᠤᠳᠬᠤᠯᠳᠠᠭᠤᠯᠵᠤ ᠬᠡᠯᠡᠳᠡᠭ ᠠᠴᠠ ᠪᠢ ᠠᠷᠭ᠎ᠠ ᠠᠯᠳᠠᠷᠠᠨ᠂ ᠬᠠᠶᠠ ᠭᠠᠷᠪᠤ ᠠᠴᠠ ᠰᠡᠮᠭᠡᠨ ᠠᠰᠠᠭᠤᠪᠠᠯ᠂ ᠪᠢᠩ ᠲᠠᠩ ᠡᠵᠢ ᠰᠡᠷᠳ᠋ ᠭᠡᠳᠡᠯ᠎ᠠ ᠮᠡᠳᠡᠴᠢᠭᠡᠵᠤ᠂ ᠦᠪᠡᠷ ᠢᠶᠠᠨ ᠲᠠᠶᠢᠯᠪᠤᠷᠢᠯᠠᠭᠠᠳ ᠦᠭᠴᠢᠭᠡᠬᠦ ᠶᠤᠮ ᠴᠢᠨᠢ᠃ ᠲᠡᠭᠡᠴᠢᠭᠡᠳ ᠪᠠᠰᠠ ᠦᠯᠢᠭᠡᠷ ᠢᠶᠠᠨ ᠲᠠᠰᠤᠯᠳᠠᠭᠤᠯᠬᠤ ᠪᠤᠶᠤ ᠦᠰᠦᠷᠭᠡᠵᠤ ᠰᠡᠳᠦᠪ ᠰᠢᠯᠵᠢᠬᠦᠯᠬᠦ ᠤᠴᠢᠷ ᠶᠡᠷᠦ ᠦᠭᠡᠢ ᠪᠠᠶᠢᠪᠠ᠃       ᠪᠢᠩ ᠲᠠᠩ᠄ ᠪᠢ ᠭᠠᠷᠤᠭᠰᠠᠨ ᠨᠢ ᠴᠦ ᠶᠠᠷᠢᠶᠠᠨ ᠪᠠᠶᠢᠬᠤ ᠶᠤᠮ ᠤᠤ︖ ᠡᠮᠦᠨ᠎ᠠ ᠴᠢᠨᠢ ᠰᠠᠭᠤᠵᠤ ᠪᠠᠶᠢᠬᠤ ᠶᠤᠮ ᠴᠢᠨᠢ᠃ ᠭᠡᠬᠦ ᠳᠤ ᠲᠡᠷᠡ ᠪᠤᠯ ᠰᠡᠬᠦᠯᠴᠢ ᠶᠢᠨ ᠤᠴᠢᠷ᠂ ᠵᠢᠭᠠᠬᠠᠨ ᠬᠦᠯᠢᠶᠡᠵᠤ ᠪᠡᠢ︕ ᠮᠢᠨᠤ ᠡᠪᠦᠭᠡ ᠭᠤᠷᠪᠠᠨ ᠡᠮ᠎ᠠ ᠠᠪᠤᠭᠰᠠᠨ ᠬᠦᠮᠦᠨ ᠰᠢᠦ᠃      ᠤᠷᠠᠩᠭᠤᠸ᠎ᠠ᠄ ᠲᠡᠭᠡᠯᠬᠦᠢ᠂ ᠨᠤᠶᠠᠨ ᠬᠦᠮᠦᠨ ᠶᠤᠮ ᠴᠢᠨᠢ ᠨᠢᠭᠡ ᠡᠮ᠎ᠠ ᠬᠦᠷᠬᠦ ᠤᠤ ᠳ᠋ᠠ︕      ᠪᠢᠩ ᠲᠠᠩ᠄ ᠡᠴᠢᠭᠡ ᠶᠢᠨ ᠴᠢᠨᠢ︕ ᠶᠠᠭᠤᠨᠠᠢ ᠪᠠᠰᠠ ᠬᠦᠷᠬᠦ᠂ ᠬᠦᠷᠬᠦ ᠦᠭᠡᠢ ᠲᠠᠢ ᠶᠤᠮ︖ ᠨᠢᠭᠡ ᠦᠬᠦᠪᠡᠯ ᠨᠢᠭᠡ ᠠᠪᠴᠦ ᠪᠠᠶᠢᠭᠰᠠᠭᠠᠷ ᠭᠤᠷᠪᠠ ᠶᠢ ᠠᠪᠴᠢᠬᠠᠬᠤ ᠦᠭᠡᠢ ᠤᠤ︖ ᠰᠡᠬᠦᠯᠡᠷ ᠨᠢ ᠴᠠᠭ ᠲᠦᠷᠦ ᠴᠦ ᠲᠡᠭᠰᠢᠷᠡᠵᠤ᠂ ᠬᠤᠩᠬᠤᠰ ᠲᠡᠭᠡᠷᠡᠮ ᠴᠦ ᠨᠠᠮᠳᠠᠬᠤ ᠲᠡᠰᠢ ᠬᠠᠨᠳᠤᠭᠰᠠᠨ ᠶᠤᠮ ᠪᠢᠵᠠ ᠂ ᠶᠠᠩᠰᠠ ᠨᠢ ︵ᠮᠠᠶ᠋ᠢᠭ ᠨᠢ︶᠃ ᠡᠪᠦᠭᠡ ᠮᠢᠨᠢ ᠦᠪᠡᠷ ᠤᠨ ᠢᠶᠠᠨ ᠭᠤᠷᠪᠠᠨ ᠡᠭᠡᠨᠡᠷ ᠠᠪᠤᠭᠰᠠᠨ ᠨᠢᠬᠦᠯ ᠢᠶᠠᠨ ᠠᠷᠢᠯᠭᠠᠬᠤ ᠭᠡᠰᠡᠨ ᠨᠠᠷ᠎ᠠ ᠪᠠᠷ ᠤᠳᠠᠢ ᠳᠤ ᠤᠴᠢᠵᠤ ᠰᠦᠮ᠎ᠠ ᠳᠤ ᠰᠠᠭᠤᠵᠡᠢ᠃       ᠤᠷᠠᠩᠭᠤᠸ᠎ᠠ᠄ ᠬᠦᠶ᠋ᠢ᠂ ᠨᠤᠶᠠᠨ ᠬᠦᠮᠦᠨ᠂ ᠰᠦᠮ᠎ᠠ ᠳᠤ ᠶᠠᠪᠤᠵᠤ ᠪᠡᠶ᠎ᠡ ᠪᠠᠨ ᠵᠠᠶᠢᠯᠠᠭᠤᠯᠤᠭᠠᠳ ᠯᠠᠮᠠ ᠪᠤᠯᠴᠢᠬᠤ ᠴᠦ ᠭᠠᠶᠢᠭᠤᠢ᠂ ᠴᠡᠷᠢᠭ ᠲᠠᠶᠢᠨ᠂ ᠭᠡᠷ ᠮᠠᠯ ᠤᠨ ᠢᠶᠠᠨ ᠶᠠᠪᠤᠳᠠᠯ ᠢ ᠶᠠᠭᠠᠬᠢᠬᠤ ᠶᠤᠮ︖      ᠪᠢᠩ ᠲᠠᠩ᠄ ᠴᠡᠷᠢᠭ ᠲᠠᠶᠢᠨ ᠤ ᠤᠴᠢᠷ ᠢ ᠲᠦᠷᠪᠡᠨ ᠫᠤᠤᠴᠢ᠂ ᠲᠦᠷᠪᠠᠨ ᠲᠤᠰᠠᠯᠠᠭᠴᠢ ᠪᠠ ᠮᠢᠨᠤ ᠠᠪᠤ ᠳᠤ ᠡᠵᠡᠨ ᠮᠡᠳᠡᠬᠦᠯᠵᠤ ᠲᠤᠰᠢᠶᠠᠭᠠᠳ ᠶᠠᠪᠤᠴᠢᠬᠠᠬᠤ ᠦᠭᠡᠢ ᠤᠤ ᠳ᠋ᠠ᠂ ᠨᠠᠰᠤ ᠦᠨᠳᠦᠷ ᠪᠤᠯᠵᠤ ᠪᠡᠶ᠎ᠡ ᠮᠠᠭᠤ ᠪᠠᠶᠢᠨ᠎ᠠ ᠭᠡᠵᠤ ᠶᠠᠩᠵᠤ ᠶᠠᠩᠵᠤ ᠪᠠᠷ ᠬᠡᠯᠡᠵᠤ ᠴᠢᠯᠦᠭᠡ ᠠᠪᠤᠭᠠᠳ ᠶᠠᠪᠤᠴᠢᠬᠠᠵᠡᠢ ᠁      ᠪᠢ ᠲᠤᠳᠤᠷ᠎ᠠ ᠪᠠᠨ ᠪᠤᠳᠤᠯ᠎ᠠ᠄ ᠴᠢᠶᠠᠨ ᠡᠦ ᠶᠢᠨ ᠳ᠋ᠧ᠂ ᠭᠤᠷᠪᠠᠨ ᠡᠮ᠎ᠠ ᠠᠪᠤᠭᠰᠠᠨ ᠢᠶᠠᠨ ᠨᠢᠬᠦᠯ ᠭᠡᠵᠤ ᠪᠡᠶ᠎ᠡ ᠪᠠᠨ ᠶᠠᠯᠠᠯᠳᠠᠭ ᠬᠦᠮᠦᠨ ᠮᠥᠨ ᠤᠤ ᠳ᠋ᠠ᠂ ᠡᠷ᠎ᠡ ᠬᠦᠮᠦᠨ ᠪᠠᠶᠢᠵᠤ ᠡᠮ᠎ᠡ ᠠᠪᠬᠤ ᠨᠢ ᠶᠠᠮᠠᠷ ᠯᠠ ᠨᠢᠬᠦᠯ ᠳᠡᠭᠡᠨ ᠤᠷᠤᠴᠢᠬᠤ ᠶᠤᠮ᠂ ᠬᠠᠷᠢᠨ ᠬᠤᠩᠬᠤᠰ ᠭᠡᠳᠡᠯ᠎ᠠ᠂ ᠬᠤᠰᠢᠭᠤ ᠨᠤᠶᠠᠨ ᠭᠡᠬᠦ ᠮᠡᠳᠦ ᠶᠢᠨ ᠠᠯᠢ ᠨᠢᠭᠡ ᠨᠠᠮ ᠲᠦᠷᠦ ᠳᠤᠨᠢ ᠴᠦ ᠬᠠᠯᠳᠠᠬᠤ ᠲᠤᠷ᠎ᠠ ᠦᠭᠡᠢ ᠪᠤᠯᠤᠭᠰᠠᠨ ᠪᠠᠶᠢᠵᠤ ᠮᠡᠳᠡᠨ᠎ᠠ᠂ ᠭᠡᠷᠪᠡ ᠦᠪᠡᠷ ᠤᠨ ᠬᠢᠨᠢ ᠲᠤᠭᠤᠳᠠᠭ ᠰᠢᠳᠤᠷᠭᠤ ᠶᠤᠰᠤᠨ ᠢ ᠶᠠᠪᠤᠭᠤᠯᠳᠠᠭ᠂ ᠲᠦᠮᠡᠨ ᠠᠷᠠᠳ ᠲᠤ ᠲᠤᠰᠠᠳᠠᠢ ᠵᠠᠰᠠᠭ ᠲᠦᠷᠦ ᠪᠠᠶᠢᠭᠰᠠᠨ ᠶᠤᠮ ᠪᠤᠯ᠂ ᠭᠠᠷ ᠢᠶᠠᠨ ᠴᠤᠬᠢᠭᠤᠯᠵᠤ᠂ ᠨᠢᠷᠤᠭᠤ ᠪᠠᠨ ᠬᠤᠭᠤᠯᠠᠭᠤᠯᠪᠠᠴᠦ ᠵᠢᠳᠬᠦᠵᠤ ᠪᠠᠶᠢᠬᠤ ᠵᠠᠩ ᠠᠷᠠᠨᠰᠢᠨ ᠲᠠᠢ ᠬᠦᠮᠦᠨ᠂ ᠶᠠᠭᠤ ᠭᠡᠵᠤ ᠰᠦᠮ᠎ᠠ ᠳᠤ ᠬᠦᠶᠦᠭᠡᠳ ᠶᠠᠪᠤᠴᠢᠬᠤ ᠶᠤᠮ︖ ᠯᠠᠪ ᠵᠠᠶᠢᠯᠠᠭᠰᠠᠨ ᠤᠴᠢᠷ ᠪᠠᠶᠢᠬ᠎ᠠ᠂ ᠲᠦᠩᠬᠢᠵᠤ ᠲᠠᠪᠢᠭᠠᠳ ᠨᠠᠰᠤᠯᠡᠵᠤ ᠪᠠᠶᠢᠭ᠎ᠠ ᠬᠦᠮᠦᠨ ᠶᠠᠭᠤᠨᠡᠶᠢᠬᠢᠨ ᠨᠠᠰᠤ ᠦᠨᠳᠦᠷ ᠪᠤᠯᠴᠢᠬᠠᠭᠰᠠᠨ ᠶᠤᠮ︖129 ᠨᠠᠰᠤᠯᠠᠭᠰᠠᠨ ᠲᠡᠬᠦᠨ ᠳᠤ ᠠᠪᠴᠦ ᠬᠡᠯᠡᠪᠡᠯ᠂ ᠭᠤᠷᠪᠠᠨ ᠤ ᠨᠢᠭᠡ ᠶᠢᠨ ᠨᠠᠰᠤ ᠯᠠ ᠪᠠᠶᠢᠨ᠎ᠠ᠂ ᠡᠪᠦᠭᠡ ᠶᠢᠨ ᠬᠢᠨᠢ ᠬᠡᠷᠢᠶᠠᠰᠤᠯᠡᠭᠰᠡᠨ ᠭᠡᠪ ᠨᠠᠮᠪᠠ ᠪᠠᠷ ᠲᠦᠷᠦ ᠳᠤ ᠵᠢᠳᠬᠦᠵᠤ ᠲᠦᠮᠡᠨ ᠢ ᠲᠤᠰᠠᠯᠠᠬᠤ ᠰᠢᠵᠢᠷ ᠠᠯᠳᠠᠨ ᠴᠠᠭ ᠦᠶ᠎ᠡ ᠨᠢ ᠢᠷᠡᠭᠡᠳ ᠪᠠᠶᠢᠬᠤ ᠳᠤ ᠁ ᠭᠡᠬᠦ ᠮᠡᠳᠦ ᠪᠠᠷ ᠪᠤᠳᠤᠪᠠ᠃ ᠨᠢᠭᠡᠨ ᠪᠦᠰᠡᠬᠦᠢ ᠬᠦᠮᠦᠨ ᠪᠤᠯᠤᠭᠰᠠᠨ ᠪᠢ᠂ ᠨᠢᠭᠡᠨ ᠰᠠᠶᠢᠨ ᠡᠷ᠎ᠡ ᠶᠢ ᠰᠠᠶᠢᠨ ᠡᠷ᠎ᠡ ᠪᠠᠷ ᠨᠢ ᠤᠶᠢᠯᠠᠭᠠᠬᠤ ᠴᠢᠬᠤᠯᠠ ᠲᠠᠢ ᠠᠴᠠ ᠲᠡᠭᠡᠵᠤ ᠪᠤᠳᠤᠭᠰᠠᠨ ᠴᠦ ᠶᠤᠮ ᠤᠤ︖ ᠭᠡᠶ᠎ᠡ᠂ ᠮᠡᠳᠡᠬᠦ ᠦᠭᠡᠢ︕ ᠭᠡᠷᠡᠭ ᠲᠠᠢ᠂ ᠭᠡᠷᠡᠭ ᠦᠭᠡᠢ ᠢᠯᠡᠬᠦᠴᠠ ᠶᠠᠭᠤᠮ᠎ᠠ ᠶᠢ ᠪᠤᠳᠤᠳᠠᠭ ᠮᠢᠨᠤ ᠮᠠᠭᠤ ᠬᠦᠭᠡᠷᠦᠦ ᠲᠡᠷᠢᠬᠢ ᠪᠤᠷᠤᠭᠤ ᠪᠠᠷ ᠬᠦᠪᠦᠷᠡᠭᠰᠡᠨ ᠪᠠᠶᠢᠵᠤ ᠮᠠᠳᠡᠨ᠎ᠠ᠃ ᠵᠠ᠂ ᠪᠤᠯᠢᠶ᠎ᠠ︕      ᠤᠷᠠᠩᠭᠤᠸ᠎ᠠ᠄ ᠡᠪᠦᠭᠡ ᠴᠢᠨᠢ ᠭᠡᠳᠦᠨ ᠬᠡᠦᠭᠡᠳ ᠲᠠᠢ ᠶᠤᠮ︖      ᠪᠢᠩ ᠲᠠᠩ᠄ ᠪᠠᠷᠤᠭ ᠲᠦᠷᠪᠠ ᠶᠤᠮ ᠪᠠᠶᠢᠬ᠎ᠠ᠂ ᠶᠡᠭᠡ ᠡᠭᠡᠨᠡᠷ ᠠᠴᠠ ᠨᠢ ᠮᠢᠨᠤ ᠡᠴᠢᠭᠡ᠂ ᠬᠤᠶᠠᠳᠤᠭᠠᠷ ᠡᠭᠡᠨᠡᠷ ᠠᠴᠠ ᠨᠢ ᠪᠠᠷᠤᠭ ᠬᠤᠶᠠᠷ ᠦᠬᠢᠨ ᠭᠠᠷᠴᠦ ᠪᠠ︖ ᠨᠠᠮᠠᠢᠢ ᠮᠡᠳᠡᠭᠡᠨ ᠳᠤ ᠤᠷᠤᠬᠤ ᠪᠠᠷ ᠪᠦᠷ ᠠᠶᠢᠯ ᠳᠤ ᠮᠤᠷᠳᠠᠴᠢᠬᠠᠭᠰᠠᠨ ᠶᠤᠮ ᠴᠢᠨᠢ᠂ ᠭᠡᠨ ᠮᠡᠳᠡᠬᠦ ᠶᠤᠮ︖ ᠪᠠᠭ᠎ᠠ ᠨᠡᠢ ᠨᠡᠢ ︵ᠡᠮᠡᠭᠡ︶ ᠠᠴᠠ ᠨᠢᠭᠡ ᠬᠦᠦ ᠭᠠᠷᠤᠭᠰᠠᠨ ᠨᠢ ᠨᠠᠳᠠ ᠠᠴᠠ ᠪᠠᠰᠠ ᠨᠢᠭᠡ ᠨᠠᠰᠤ ᠪᠠᠭ᠎ᠠ᠃ ᠨᠠᠷ᠎ᠠ ᠶᠢ ᠨᠢ ᠴᠢᠶᠠᠨ ᠴᠦᠨ ᠯᠠᠢ ᠭᠡᠳᠡᠭ᠃ ᠪᠢᠳᠠ ᠪᠠᠭ᠎ᠠ ᠳᠠᠭᠠᠨ ᠴᠤᠭ ᠲᠤᠭᠯᠠᠳᠠᠭ ᠪᠠᠶᠢᠭᠰᠠᠨ ᠶᠤᠮ᠃ ᠱᠤ᠋ ᠱᠤ᠋ ︵ᠠᠪᠠᠭ᠎ᠠ︶ ᠲᠠᠭᠤᠳᠠ ᠭᠡᠬᠦᠯᠡᠷ ᠨᠢ ᠪᠢ ︽ᠨᠠᠳᠠ ᠠᠴᠠ ᠪᠠᠭ᠎ᠠ ᠬᠦᠦ ᠶᠢ ᠪᠢ ᠶᠠᠭᠤᠨᠠᠶᠢᠬᠢᠨ ᠱᠤ᠋ ᠱᠤ᠋ ᠲᠠᠭᠤᠳᠠᠴᠢᠬᠤ ᠶᠤᠮ︖︾ ᠭᠡᠵᠤ ᠠᠭᠠᠰᠢᠯᠡᠵᠤ ᠪᠠᠶᠢᠭᠰᠠᠨ᠃      ᠤᠷᠠᠩᠭᠤᠸ᠎ᠠ᠄ ᠡᠪᠦᠭᠡ ᠴᠢᠨᠢ ᠤᠳᠠᠢ ᠳᠤ ᠶᠠᠪᠤᠬᠤ ᠳᠤ ᠴᠢᠨᠤ ᠪᠠᠭ᠎ᠠ ᠨᠠᠢ ᠨᠠᠢ ᠴᠢᠨᠢ ᠠᠮᠢᠳᠤ ᠪᠠᠶᠢᠭᠰᠠᠨ ᠦᠭᠡᠢ ᠤᠤ︖      ᠪᠢᠩ ᠲᠠᠩ᠄ ᠠᠮᠢᠳᠤ ᠪᠠᠶᠢᠭᠰᠠᠨ ᠰᠢᠦ᠂ ᠪᠦᠷ ᠨᠠᠮᠠᠢᠢ ᠬᠠᠷᠠᠵᠤ ᠦᠰᠭᠡᠭᠰᠡᠨ ᠶᠤᠮ ᠴᠢᠨᠢ᠃      ᠤᠷᠠᠩᠭᠤᠸ᠎ᠠ᠄ ᠡᠭᠡᠨᠡᠷ ᠪᠦᠰᠡᠬᠦᠢ ᠪᠠᠨ ᠪᠡᠯᠪᠡᠰᠦᠷᠡᠬᠦᠯᠵᠤ ᠬᠠᠶᠠᠭᠠᠳ ᠶᠠᠪᠤᠬᠤ ᠪᠠᠨ ᠨᠢᠬᠦᠯ ᠭᠡᠵᠤ ᠪᠤᠳᠤᠳᠠᠭ ᠦᠭᠡᠢ ᠴᠢᠨᠤ ᠲᠡᠷᠡ ᠡᠪᠦᠭᠡ ᠴᠦ ᠳ᠋ᠠ᠂ ᠲᠡᠭᠡᠭᠡᠳ ᠪᠤᠴᠡᠵᠤ ᠢᠷᠡᠭᠡ ᠦᠭᠡᠢ ᠤᠤ ᠳ᠋ᠠ︖       ᠪᠢᠩ ᠲᠠᠩ᠄ ᠢᠷᠡᠭᠰᠡᠨ᠂ ᠢᠷᠡᠭᠰᠡᠨ︕ ᠭᠤᠷᠪᠠᠨ ᠵᠢᠯ ᠰᠠᠭᠤᠭᠰᠠᠨ ᠢᠶᠠᠨ ᠪᠤᠴᠠᠭᠠᠳ ᠢᠷᠡᠴᠢᠭᠡᠭᠰᠡᠨ᠃ ᠶᠡᠷᠦᠨᠢ ᠲᠡᠷᠡ ᠴᠢᠨᠢ ᠰᠦᠮ᠎ᠠ ᠳᠤ ᠰᠠᠭᠤᠳᠠᠭ ᠬᠦᠮᠦᠨ ᠨᠢ ᠪᠢᠰᠢ︕      ᠤᠷᠠᠩᠭᠤᠸ᠎ᠠ᠄ ᠲᠡᠷᠡ ᠰᠠᠶᠢᠨ ᠡᠷ᠎ᠡ ᠶᠢ ᠰᠢᠷ᠎ᠠ ᠶᠢᠨ ᠶᠢᠷᠳᠢᠨᠴᠦ ᠠᠴᠠ ᠡᠷᠭᠡᠬᠦᠯᠵᠤ ᠠᠪᠴᠢᠷᠠᠬᠤ ᠶᠡᠭᠡ ᠬᠦᠴᠦᠨ ᠲᠠᠨ ᠤ ᠴᠢᠶᠠᠨ ᠤᠪᠤᠭᠳᠠᠨ ᠤ ᠬᠦᠷᠢᠶᠠᠨ ᠳᠤ ᠪᠠᠶᠢᠭᠰᠠᠨ ᠨᠢ ᠡ︖       ᠪᠢᠩ ᠲᠠᠩ᠄ ᠴᠢ ᠮᠡᠳᠡᠨ᠎ᠠ ᠤᠤ︖ ᠲᠡᠷᠡ ᠶᠡᠭᠡ ᠬᠦᠴᠦᠨ ᠨᠢ ᠪᠤᠯ ᠡᠪ ᠬᠠᠮᠳᠤ ᠨᠠᠮ ᠰᠢᠦ︕  ᠭᠡᠨᠡᠳᠳᠡ ᠨᠢᠭᠡ ᠡᠪ ᠬᠠᠮᠳᠤ ᠨᠠᠮ ᠭᠡᠰᠡᠨ ᠲᠤᠮᠤ ᠬᠦᠴᠦᠨ ᠢᠯᠡᠷᠡᠭᠰᠡᠨ ᠠᠴᠠ ᠪᠤᠯᠵᠤ᠂ ᠮᠠᠨ ᠤ ᠤᠳᠤᠮ ᠳᠤ ᠶᠡᠭᠡ ᠬᠤᠪᠢᠷᠠᠯᠳᠠ ᠭᠠᠷᠤᠭᠰᠠᠨ ᠳ᠋ᠠ᠃ ᠦᠯᠢᠭᠡᠷ  ᠢ ᠨᠢ ᠪᠢ ᠴᠢᠮ᠎ᠠ ᠳᠤ ᠬᠡᠯᠡᠵᠤ ᠦᠭᠬᠦᠶ᠎ᠡ ᠠ— ᠮᠢᠨᠤ ᠠᠪᠤ ᠵᠢᠯ ᠪᠦᠷᠢ ᠨᠢᠭᠡ ᠤᠳᠠᠭ᠎ᠠ ᠡᠪᠦᠭᠡ ᠳᠤ ᠬᠦᠨᠡᠰᠦ ᠬᠦᠷᠭᠡᠬᠦ ᠪᠠᠷ ᠤᠳᠠᠢ ᠳᠤ ᠤᠴᠢᠨ᠎ᠠ᠃ ᠤᠴᠢᠬᠤ ᠳᠠᠭᠠᠨ ᠸᠠᠩ ᠮᠦᠩᠭᠡ ᠭᠡᠰᠡᠨ ᠫᠤᠤᠴᠢ ᠳᠠᠭᠠᠨ ᠪᠦᠬᠦᠨ ᠢ ᠬᠠᠮᠢᠶᠠᠷᠠᠭᠤᠯᠵᠤ ᠲᠠᠯᠪᠢᠭᠠᠳ ᠶᠠᠪᠤᠨ᠎ᠠ᠃ ᠸᠠᠩ ᠮᠦᠩᠭᠡ ᠭᠡᠵᠤ ᠮᠢᠨᠤ ᠠᠪᠤ ᠲᠠᠭᠤᠳᠠᠳᠠᠭ ᠬᠦᠮᠦᠨ ᠶᠤᠮ᠂ ᠪᠢ ᠦᠪᠡᠷ ᠤᠨ ᠠᠪᠤ ᠪᠠᠨ ᠠᠪᠤ ᠭᠡᠵᠤ ᠭᠠᠭᠴᠠ ᠴᠦ ᠲᠠᠭᠤᠳᠠᠵᠤ ᠦᠩᠭᠡᠷᠡᠭᠡ ᠦᠭᠡᠢ᠃ ᠡᠬᠦᠨ ᠤ ᠲᠤᠬᠠᠢ ᠴᠢ ᠪᠠᠭ᠎ᠠ ᠪᠠᠶᠢᠵᠤ ᠪᠠᠶᠢᠭᠠᠳ ᠰᠤᠨᠤᠰᠤᠨ᠎ᠠ᠃       ᠤᠷᠠᠩᠭᠤᠸ᠎ᠠ᠄ ᠴᠢᠨᠤ ᠲᠦᠷᠦᠭᠰᠡᠨ ᠠᠪᠤ ᠶᠢ ᠴᠢᠨᠢ ᠭᠡᠨ ᠭᠡᠳᠡᠭ ᠶᠤᠮ︖       ᠪᠢᠩ ᠲᠠᠩ᠄ ᠲᠤᠳᠢ ᠰᠢᠪᠠᠭᠤ ᠭᠡᠳᠡᠭ᠃       ᠤᠷᠠᠩᠭᠤᠸ᠎ᠠ᠄ ᠵᠠ ᠵᠠ᠂ ᠲᠤᠳᠢ ᠰᠢᠪᠠᠭᠤ᠂ ᠡᠴᠢᠭᠡ ᠡᠦ  ᠶᠢᠨ ᠳ᠋ᠧ ᠳᠡᠭᠡᠨ ᠬᠦᠨᠡᠰᠦ ᠬᠦᠷᠭᠡᠬᠦ ᠪᠠᠷ ᠤᠳᠠᠢ ᠳᠤ ᠤᠴᠢᠯ᠎ᠠ᠂ ᠲᠡᠶᠢᠮᠤ ᠪᠢᠵᠠ︖        ᠪᠢᠩ ᠲᠠᠩ᠄ ᠠᠨ᠎ᠠ᠂ ᠠᠨ᠎ᠠ᠃ ᠰᠦᠮ᠎ᠠ ᠭᠡᠶᠢᠳ ᠢ ᠶᠠᠭ ᠲᠤᠭᠤᠳᠠᠭ ᠦᠭᠡᠢ ᠮᠢᠨᠤ ᠠᠪᠤ᠂ ᠤᠳᠠᠢ ᠳᠤ ᠬᠦᠷᠴᠢᠭᠡᠭᠡᠳ ︽ᠮᠢᠨᠤ ᠡᠴᠢᠭᠡ ᠶᠠᠭᠤ ᠭᠡᠮᠡᠨ ᠬᠢᠳᠠᠯ ᠢᠶᠠᠨ ᠪᠠᠷᠠᠭᠠᠳ ᠡᠨᠠ ᠠᠭᠤᠯᠠᠨ ᠳᠤ ᠰᠠᠭᠤᠴᠢᠬᠠᠭᠰᠠᠨ ᠶᠤᠮ︖︾ ᠭᠡᠵᠤ ᠭᠠᠶᠢᠬᠠᠨ᠂ ᠭᠠᠳᠠᠭᠤᠷ ᠲᠤᠭᠤᠷᠢᠵᠤ ᠭᠡᠨ᠎ᠠ᠂ ᠲᠡᠭᠡᠵᠤ ᠪᠠᠶᠢᠳᠠᠯ᠎ᠠ ᠲᠤᠭᠤᠷᠤᠤ ᠰᠢᠭ᠋ ᠰᠠᠭᠠᠷᠢᠯ ᠬᠤᠪᠴᠠᠰᠤ ᠲᠠᠢ᠂ ᠬᠦᠯ ᠢᠶᠠᠨ ᠴᠢᠩᠭ᠎ᠠ ᠪᠤᠭᠤᠴᠢᠬᠠᠭᠰᠠᠨ ᠭᠡᠳᠦᠨ ᠬᠦᠮᠦᠨ ᠠᠪᠤ ᠶᠢ ᠮᠢᠨᠢ ᠪᠠᠷᠢᠭᠠᠳ ᠠᠪᠴᠦ ᠭᠡᠨ᠎ᠠ᠃ ᠮᠢᠨᠤ ᠠᠪᠤ ᠪᠢᠴᠢᠭ ᠴᠦ ᠮᠡᠳᠡᠬᠦ ᠦᠭᠡᠢ᠂ ᠬᠢᠳᠡᠳ ᠦᠭᠡ ᠬᠡᠯᠡᠵᠤ ᠴᠦ ᠴᠢᠳᠠᠬᠤ ᠦᠭᠡᠢ ᠠᠴᠠ᠂ ᠲᠡᠳᠡᠨᠤᠰ ᠮᠢᠨᠤ ᠠᠪᠤ ᠳᠤ ᠶᠠᠭᠤ ᠬᠡᠯᠡᠵᠤ ᠪᠠᠶᠢᠬᠤ ᠶᠢ ᠶᠠᠭ ᠤᠶᠢᠯᠠᠭᠠᠭᠰᠠᠨ ᠦᠭᠡᠢ ᠭᠡᠨ᠎ᠠ᠃ ᠲᠡᠭᠡᠭᠡᠳ ᠯᠠ ᠪᠠᠷᠢᠵᠤ ᠠᠪᠤᠭᠠᠳ ᠶᠠᠪᠤᠴᠢᠬᠠᠵᠡᠢ᠃       ᠤᠷᠠᠩᠭᠤᠸ᠎ᠠ᠄ ᠲᠡᠳᠡ ᠶᠠᠭᠤ ᠭᠡᠵᠤ ᠠᠪᠤ ᠶᠢ ᠴᠢᠨᠢ ᠪᠠᠷᠢᠳᠠᠭ ᠶᠤᠮ ᠪᠤᠢ︖      ᠪᠢᠩ ᠲᠠᠩ᠄ ᠪᠢ ᠪᠤᠳᠤᠪᠠᠯ ᠮᠠᠨ ᠤ ᠠᠪᠤ ᠪᠠᠰᠠ ᠵᠢᠭᠠᠬᠠᠨ ᠠᠯᠠᠩ ᠰᠠᠯᠠᠩ ᠰᠢᠭ᠋ ᠬᠦᠮᠦᠨ ᠪᠠᠶᠢᠭᠰᠠᠨ ᠪᠠᠶᠢᠬ᠎ᠠ᠂ ᠪᠡᠶ᠎ᠡ ᠳᠡᠭᠡᠨ ᠵᠡᠬᠦᠵᠤ ᠪᠠᠶᠢᠭ᠎ᠠ ᠭᠠᠷ ᠫᠤᠤ ᠪᠠᠨ ᠬᠠᠷᠠᠭᠤᠯᠴᠢᠬᠠᠬᠤ ᠦᠭᠡᠢ ᠤᠤ ᠳ᠋ᠠ᠂ ᠨᠦᠬᠦᠭᠡ ᠲᠠᠯ᠎ᠠ ᠪᠠᠷ ᠦᠵᠡᠨ ᠬᠠᠷᠠᠨ ᠮᠤᠩᠭᠤᠯ ᠬᠦᠮᠦᠨ ᠪᠠᠶᠢᠬᠤᠯ᠎ᠠ ︽ᠡᠨᠡ ᠬᠦᠮᠦᠨ ᠨᠢᠭᠡ ᠪᠤᠯ ᠭᠤᠮᠢᠨᠳᠠᠩ ᠤᠨ ᠴᠡᠷᠢᠭ᠂ ᠪᠢᠰᠢ ᠪᠤᠯ ᠮᠤᠩᠭᠤᠯ ᠨᠤᠳᠤᠭ ᠠᠴᠠ ᠢᠷᠡᠭᠰᠡᠨ ᠴᠡᠷᠢᠭ ᠪᠠᠶᠢᠨ᠎ᠠ᠂ ᠪᠢᠳᠠᠨ ᠳᠤ ᠲᠤᠰᠠ ᠲᠠᠢ︾ ᠭᠡᠵᠤ ᠰᠠᠨᠠᠭᠠᠳ ᠪᠠᠷᠢᠴᠢᠬᠠᠬᠤ ᠦᠭᠡᠢ ᠤᠤ︖ ᠲᠡᠭᠡᠵᠤ ᠲᠡᠭᠡᠬᠦ  ᠳᠡᠭᠡᠨ ᠪᠠᠷᠢᠵᠤ ᠠᠪᠠᠴᠠᠭᠠᠳ ᠵᠤ᠋ ᠳ᠋ᠧ ᠲᠠᠢ ᠵᠤᠯᠭᠠᠭᠤᠯᠵᠡᠢ᠃       ᠤᠷᠠᠩᠭᠤᠸ᠎ᠠ᠄ ᠵᠠ ᠲᠡᠷᠡ︕ ᠡᠨᠡ ᠰᠠᠶᠢᠨ ᠡᠷ᠎ᠡ ᠤᠳᠤ ᠡᠪ ᠬᠠᠮᠳᠤ ᠨᠠᠮ ᠳᠤ ᠤᠷᠤᠨ᠎ᠠ ᠳ᠋ᠠ︕      ᠪᠢᠩ ᠲᠠᠩ᠄ ᠠᠨ᠎ᠠ᠂ ᠠᠨ᠎ᠠ︕ ᠮᠢᠨᠤ ᠠᠪᠤ ᠶᠢ ᠵᠠᠯᠠᠶᠢᠳ ᠤᠨ ᠮᠤᠩᠭᠤᠯ ᠬᠦᠮᠦᠨ ᠪᠦᠭᠡᠳ ᠬᠤᠩᠬᠤᠰ ᠲᠠᠷᠤᠳᠠᠭ ᠴᠡᠷᠢᠭ ᠤᠨ ᠡᠷᠭᠡᠳᠡᠨ ᠭᠡᠰᠡᠨ ᠢ ᠮᠡᠳᠡᠭᠡᠳ ᠲᠡᠳᠡ ᠶᠡᠬᠡᠳᠡ ᠪᠠᠶᠠᠷᠯᠠᠨ ︽ᠲᠠ ᠵᠡᠬᠦᠨ ᠤᠷᠤᠨ ᠤ ᠮᠤᠩᠭᠤᠯ ᠬᠦᠮᠦᠨ ᠪᠤᠯᠤᠭᠰᠠᠨ ᠨᠢ ᠲᠠᠪᠠᠭᠤ ᠪᠤᠯᠵᠡᠢ᠂ ᠮᠠᠨ ᠤ ᠡᠪ ᠬᠠᠮᠳᠤ ᠨᠠᠮ ᠶᠠᠭ ᠲᠠᠨ ᠤ ᠲᠡᠨᠳᠡ ᠡᠩᠨᠡᠭᠡ ᠪᠠᠨ ᠦᠷᠭᠡᠳᠭᠡᠬᠦ ᠭᠡᠷᠡᠭᠳᠠᠢ ᠪᠠᠶᠢᠨ᠎ᠠ ᠁︾ ᠭᠡᠳ᠂ ᠡᠪ ᠬᠠᠮᠳᠤ ᠨᠠᠮ ᠤᠨ ᠮᠦᠨ ᠴᠢᠨᠠᠷ ᠢ ᠰᠦᠨᠢᠵᠢᠨ ᠤᠬᠠᠭᠤᠯᠵᠤ ᠭᠡᠨ᠎ᠠ᠃ ᠬᠦᠶ᠋ᠢ᠂ ᠴᠢ ᠪᠤᠳᠤ︕ ᠠᠷᠠᠳ ᠲᠦᠮᠡᠨ ᠤ ᠲᠦᠯᠦᠭᠡ᠂ ᠡᠪ ᠬᠠᠮᠳᠤ ᠶᠢᠨ ᠲᠦᠯᠦᠭᠡ᠂ ᠰᠢᠳᠤᠷᠭᠤ ᠶᠤᠰᠤᠨ ᠤ ᠲᠦᠯᠦᠭᠡ ᠭᠡᠰᠡᠨ ᠰᠢᠨᠵᠢ ᠴᠢᠨᠠᠷ ᠲᠠᠢ ᠡᠪ ᠬᠠᠮᠳᠤ ᠨᠠᠮ ᠨᠢ ᠮᠢᠨᠤ ᠡᠪᠦᠭᠡ ᠪᠠ ᠠᠪᠤ ᠳᠤ ᠶᠠᠭ ᠵᠢᠭᠠᠰᠤ ᠳᠤ ᠲᠠᠯᠡᠢ ᠬᠠᠷᠠᠭᠤᠯᠤᠭᠰᠠᠨ ᠰᠢᠭ᠋ ᠪᠤᠯᠤᠭᠰᠠᠨ ᠦᠭᠡᠢ ᠤᠤ ᠳ᠋ᠠ︖ ᠠᠪᠤ ᠪᠤᠴᠠᠵᠤ ᠤᠳᠠᠢ ᠳᠤ ᠬᠦᠷᠦᠭᠡᠳ ᠡᠪᠦᠭᠡ ᠳᠤ ᠡᠨᠡ ᠪᠠᠶᠠᠷ ᠤᠨ ᠴᠢᠮᠡᠭᠡ ᠶᠢ ᠬᠡᠯᠡᠵᠡᠢ᠃       ᠤᠷᠠᠩᠭᠤᠸ᠎ᠠ᠄ ᠲᠡᠭᠡᠭᠡᠳ ᠨᠢᠬᠦᠯ ᠢᠶᠠᠨ ᠲᠠᠶᠢᠯᠬᠤ ᠭᠡᠵᠤ ᠰᠦᠮ᠎ᠠ ᠳᠤ ᠰᠠᠭᠤᠭᠰᠠᠨ ᠬᠦᠮᠦᠨ ᠬᠠᠷᠢᠭᠠᠳ ᠢᠷᠡᠴᠢᠭᠡᠵᠡᠢ ᠳ᠋ᠠ᠂ ᠲᠠᠨ ᠤ ᠡᠪᠦᠭᠡ︕       ᠪᠢᠩ ᠲᠠᠩ᠄ ᠠᠨ᠎ᠠ᠂ ᠠᠨ᠎ᠠ᠃ ᠬᠠᠷᠢᠵᠤ ᠢᠷᠡᠭᠰᠡᠨ ᠤ ᠲᠠᠷᠠᠭ᠎ᠠ᠂ ᠮᠢᠨᠤ ᠠᠪᠤ᠂ ᠡᠪᠦᠭᠡ ᠬᠤᠶᠠᠭᠤᠯᠠ ᠳᠤ ᠮᠢᠨᠢ ᠴᠤᠬᠤᠮ ᠴᠦ ᠡᠪᠦᠭᠡ ᠲᠡᠭᠡᠳᠦᠰ ᠤᠨ ᠬᠢᠨᠢ ᠭᠡᠷᠢᠶᠡᠰᠦᠯᠡᠭᠰᠡᠨ ︽ᠮᠠᠨ ᠤ ᠴᠢᠶᠠᠨ ᠤᠪᠤᠭᠳᠠᠨ ᠤ ᠡᠷ᠎ᠡ ᠬᠦᠮᠦᠨ ᠭᠡᠵᠤ ᠠᠷᠠᠳ ᠤᠯᠠᠨ ᠤ ᠰᠢᠳᠤᠷᠭᠤ ᠶᠤᠰᠤᠨ ᠤ ᠲᠦᠯᠦᠭᠡ ᠠᠮᠢᠳᠤᠷᠠᠵᠤ᠂ ᠰᠢᠳᠤᠷᠭᠤ ᠶᠤᠰᠤᠨ ᠤ ᠲᠦᠯᠦᠭᠡ ᠦᠬᠦᠳᠡᠭ︾ ᠴᠢᠬᠢᠷᠠᠭ ᠴᠢᠩᠭ᠎ᠠ ᠵᠠᠩ ᠴᠢᠨᠠᠷ ᠢᠶᠠᠨ ᠡᠷᠬᠦᠨ ᠲᠡᠪᠰᠢᠬᠦᠯᠬᠦ ᠴᠠᠭ ᠨᠢ ᠢᠷᠡᠵᠡᠢ᠃ ᠴᠡᠷᠢᠭ ᠤᠨ ᠡᠷᠭᠡ ᠲᠠᠢ᠂ ᠪᠠᠶᠠᠨ ᠨᠤᠶᠠᠨ ᠶᠠᠪᠤᠭ᠎ᠠ ᠲᠡᠳᠡ᠂ ᠭᠠᠷ ᠲᠤᠤᠷᠠᠬᠢ ᠭᠡᠳᠦᠨ ᠲᠤᠰᠠᠯᠠᠭᠴᠢ᠂ ᠫᠤᠤᠴᠢ ᠨᠠᠷ  ᠢᠶᠠᠨ ᠪᠦᠷ ᠡᠪ ᠬᠠᠮᠳᠤ ᠨᠠᠮ ᠳᠤ ᠤᠷᠤᠭᠤᠯᠵᠤ᠂ ᠨᠠᠮ ᠤᠨ ᠭᠡᠰᠢᠬᠦᠨ ᠢᠶᠠᠨ ᠤᠯᠠᠮ ᠦᠷᠭᠡᠳᠭᠡᠬᠦ ᠶᠢᠨ ᠲᠦᠯᠦᠭᠡ᠂ ᠪᠤᠰᠤᠳ ᠰᠠᠶᠢᠨ ᠶᠠᠪᠤᠯᠴᠠᠳᠠᠭ ᠪᠦᠭᠡᠳ ᠴᠢᠳᠠᠯ ᠲᠠᠢ ᠰᠢᠭ᠋ ᠬᠦᠮᠦᠰ ᠲᠠᠢ ᠬᠠᠷᠢᠴᠠᠭ᠎ᠠ ᠬᠤᠯᠪᠤᠭ᠎ᠠ ᠪᠠᠨ ᠴᠢᠩᠭᠠᠷᠠᠭᠤᠯᠵᠤ᠂ ᠡᠪ ᠬᠠᠮᠳᠤ ᠨᠠᠮ ᠳᠠᠭᠠᠨ ᠲᠠᠳᠠᠨ ᠤᠷᠤᠭᠤᠯᠬᠤ ᠦᠭᠡᠢ ᠤᠤ ᠳ᠋ᠠ᠃ ᠤᠯᠤᠭᠰᠠᠭᠠᠷ ᠤᠯᠤᠭᠰᠠᠭᠠᠷ ᠤᠯᠠᠨ ᠡᠪ ᠬᠠᠮᠳᠤ ᠨᠠᠮ ᠤᠨ ᠭᠡᠰᠢᠬᠦᠨ ᠲᠠᠢ ᠴᠦ ᠪᠤᠯᠴᠢᠬᠠᠵᠡᠢ᠃ ᠨᠢᠭᠡᠨ ᠡᠳᠦᠷ ᠮᠢᠨᠤ ᠶᠡᠭᠡ ᠡᠮᠡᠭᠡ ᠶᠢᠨ ᠲᠦᠷᠦᠯ  ᠤᠨ ᠠᠴᠢ ᠬᠦᠦ ᠪᠤᠯᠬᠤ ᠯᠦᠸᠧ ᠳ᠋ᠠᠨ ᠯᠢᠶᠠᠩ ᠭᠡᠰᠡᠨ ᠬᠦᠮᠦᠨ ︵ᠶᠡᠷᠢᠶᠡᠨ ᠦᠭᠡᠢ ᠮᠢᠨᠤ ᠠᠪᠤ ᠶᠢᠨ ᠨᠠᠮ ᠳᠤ ᠤᠷᠤᠭᠤᠯᠤᠭᠰᠠᠨ ᠬᠦᠮᠦᠨ ᠰᠢᠳᠠ︶ ᠮᠢᠨᠤ ᠠᠪᠤ ᠶᠢ ᠲᠠᠭᠤᠳᠠᠵᠤ ᠶᠡᠭᠡᠳᠡ ᠰᠠᠶᠢᠷᠬᠠᠨ ︽ᠪᠢᠳᠠᠨᠤᠰ ᠡᠪ ᠬᠠᠮᠳᠤ ᠨᠠᠮ  ᠳᠤ ᠠᠴᠢ ᠭᠠᠪᠢᠶ᠎ᠠ ᠪᠠᠶᠢᠭᠤᠯᠤᠶ᠎ᠠ᠂ ᠠᠷᠭ᠎ᠠ ᠨᠢ ᠨᠠᠳᠠ ᠪᠠᠶᠢᠨ᠎ᠠ᠂ ᠴᠢ ᠬᠢ︕ ᠪᠢᠳᠠ ᠡᠦ ᠳ᠋ᠦ᠋ ᠶᠢᠨ ︵ᠪᠠᠰᠠ‌ᠡᠦ ᠳ᠋ᠠ ᠱᠧ ᠲᠧᠦ ᠭᠡᠳᠡᠭ ᠭᠡᠵᠤ ᠲᠡᠶᠢᠯᠪᠤᠷᠢᠯᠠᠬᠤ ᠪᠠᠷ᠂ ᠭᠠᠷᠪᠤ ᠬᠠᠵᠠᠭᠤ ᠠᠴᠠ ᠨᠢ ᠡᠦ ᠫᠸᠢ ᠹᠦ᠋ ᠪᠠᠶᠢᠬ᠎ᠠ ᠭᠡᠵᠤ ᠬᠡᠯᠡᠪᠡ︶ ᠭᠡᠬᠦ ᠡᠨᠡ ᠲᠤᠮᠤ ᠬᠦᠮᠦᠨ ᠢ ᠭᠠᠷ ᠲᠠᠭᠠᠨ ᠤᠷᠤᠭᠤᠯᠵᠤ ᠠᠪᠤᠶ᠎ᠠ︕ ᠲᠡᠬᠦᠨ ᠤ ᠮᠤᠷᠢᠴᠢᠨ ᠨᠢ ᠮᠢᠨᠤ ᠲᠡᠬᠦᠦ ᠬᠦᠷᠭᠡᠨ᠂ ᠮᠢᠨᠤ ᠦᠬᠢᠨ ᠲᠡᠬᠦᠦ ᠶᠢ ᠦᠷᠯᠦᠭᠡ ᠭᠡᠳᠡᠭ᠃ ᠤᠳᠤ ᠴᠦ ᠮᠠᠨ ᠤ ᠳᠤ ᠪᠠᠶᠢᠨ᠎ᠠ᠂ ᠪᠢ ᠦᠬᠢᠨ ᠲᠡᠬᠦᠦ ᠪᠠᠨ ᠠᠰᠢᠭᠯᠡᠵᠤ ᠡᠦ ᠳ᠋ᠦ᠋ ᠶᠢᠨ ᠳᠤ ᠪᠢᠴᠢᠭ ᠦᠭᠬᠦᠶ᠎ᠡ᠂ ᠴᠢ ᠠᠪᠴᠦ ᠬᠦᠷᠦᠭᠡᠳ ᠮᠠᠨ ᠤ ᠲᠡᠬᠦᠦ ᠬᠦᠷᠭᠡᠨ  ᠢᠶᠠᠷ ᠲᠡᠮᠵᠢᠪᠡᠯ ᠡᠦ ᠳ᠋ᠦ᠋ ᠶᠢᠨ ᠲᠠᠢ ᠠᠭᠤᠯᠵᠠᠵᠤ ᠲᠡᠶᠢᠯᠦᠨ᠎ᠠ᠂ ᠲᠡᠷᠡ ᠮᠢᠨᠤ ᠵᠠᠬᠢᠳᠠᠯ ᠢ ᠦᠵᠡᠪᠡᠯ ᠯᠠᠪ ᠮᠠᠨ ᠤ ᠡᠪ ᠬᠠᠮᠳᠤ ᠨᠠᠮ ᠳᠤ ᠤᠷᠤᠵᠤ ᠢᠷᠡᠨ᠎ᠠ ᠰᠢᠦ᠂ ᠡᠦ ᠳ᠋ᠦ᠋ ᠶᠢᠨ ᠤᠷᠪᠠᠪᠠᠯ ᠳ᠋ᠦᠩ ᠰᠡᠨ ᠱᠧᠩ ᠴᠦ ᠲᠠᠭᠠᠭᠠᠳ ᠤᠷᠪᠠᠨ᠎ᠠ ᠂ ᠲᠡᠭᠡᠪᠡᠯ ᠴᠢ ᠪᠢᠳᠠ ᠬᠤᠶᠠᠭᠤᠯᠠ ᠴᠤᠬᠤᠮ ᠴᠦ ᠮᠠᠤ ᠵᠦᠰᠢ ᠳᠤ ᠭᠠᠪᠢᠶ᠎ᠠ ᠪᠠᠶᠢᠭᠤᠯᠵᠤ᠂ ᠡᠪ ᠬᠠᠮᠳᠤ ᠨᠠᠮ ᠳᠤ ᠲᠤᠰᠠ ᠬᠦᠷᠭᠡᠬᠦ ᠶᠠᠪᠤᠳᠠᠯ ᠢ ᠬᠢᠴᠢᠭᠡᠬᠦ ᠶᠤᠮ ᠰᠢᠦ︕ ᠡᠬᠦᠨ ᠠᠴᠠ ᠤᠨᠳᠤᠤ ᠰᠠᠶᠢᠨ ᠦᠢᠯᠠ ᠪᠠᠶᠢᠬᠤ ᠶᠤᠮ ᠤᠤ ᠁︾ ᠭᠡᠰᠡᠨ ᠭᠡᠨ᠎ᠠ᠃ ᠲᠡᠭᠡᠭᠡᠳ ᠨᠢᠭᠡᠨ ᠬᠤᠪᠢ ᠵᠠᠬᠢᠶ᠎ᠠ ᠪᠢᠴᠢᠵᠤ ᠭᠠᠷ ᠫᠤᠤ ᠰᠢᠭ᠋ ᠮᠠᠶ᠋ᠢᠭ ᠲᠠᠢ ᠡᠪᠭᠡᠭᠡᠳ ᠶᠠᠪᠤᠭᠤᠯᠵᠤ ᠭᠡᠨ᠎ᠠ᠂ ᠨᠢᠭᠤᠴᠠ ᠵᠠᠬᠢᠳᠠᠯ ᠤᠴᠢᠷ᠂ ᠮᠢᠨᠤ ᠠᠪᠤ ᠶᠢ ︽ᠬᠦᠮᠦᠨ ᠳᠤ ᠪᠤᠤ ᠦᠵᠡᠬᠦᠯ︕︾ ᠭᠡᠰᠡᠨ ᠪᠠᠶᠢᠵᠡᠢ᠃ ᠠᠪᠤ ᠮᠢᠨᠢ ᠭᠠᠭᠴᠠ ᠪᠢᠴᠢᠭ ᠴᠦ ᠲᠠᠨᠢᠬᠤ ᠦᠭᠡᠢ ᠶᠤᠮ ᠴᠢᠨᠢ᠂ ᠲᠡᠷᠡ ᠵᠠᠬᠢᠳᠠᠯ ᠢ ᠨᠢ ᠠᠪᠤᠭᠠᠳ ᠡᠦ ᠳ᠋ᠦ᠋ ᠶᠢᠨ ᠢ ᠤᠯᠬᠤ ᠪᠠᠷ ᠬᠦᠷᠴᠡᠢ᠃        ᠤᠷᠠᠩᠭᠤᠸ᠎ᠠ᠄ ᠲᠡᠭᠡᠭᠡᠳ ᠯᠠ ᠦᠨᠦ ᠡᠦ ᠳ᠋ᠦ᠋ ᠶᠢᠨ ᠨᠠᠷ ᠢ ᠡᠪ ᠬᠠᠮᠳᠤ ᠨᠠᠮ ᠳᠤ ᠤᠷᠤᠭᠤᠯᠤᠭᠠᠳ ᠠᠪᠴᠢᠬᠠᠪᠠ ᠤᠤ︖       ᠪᠢᠩ ᠲᠠᠩ᠄ ᠡᠴᠢᠭᠡ ᠶᠢᠨ ᠬᠢᠨ᠂ ᠯᠦᠸᠧ ᠳ᠋ᠠᠨ ᠯᠢᠶᠠᠩ ᠨᠢ ᠭᠤᠮᠢᠨᠳᠠᠩ ᠳᠤ ᠤᠷᠪᠠᠭᠰᠠᠨ ᠤᠷᠪᠠᠭᠴᠢ ᠪᠠᠶᠢᠵᠤ᠂ ᠮᠢᠨᠤ ᠠᠪᠤ ᠶᠢ ᠪᠠᠷᠢᠭᠤᠯᠴᠢᠬᠠᠭᠰᠠᠨ ᠪᠠᠶᠢᠬᠤ ᠦᠭᠡᠢ ᠤᠤ︖ ᠬᠦᠮᠦᠨ ᠢ ᠤᠷᠤᠭᠤᠯᠵᠤ ᠠᠪᠬᠤ ᠭᠡᠰᠡᠨ ᠠᠪᠤ ᠮᠢᠨᠢ ᠬᠦᠮᠦᠨ ᠳᠤ ᠪᠠᠷᠢᠭᠳᠠᠭᠠᠳ ᠬᠢᠨᠳᠠᠨ ᠳᠤ ᠬᠤᠷᠢᠭᠳᠠᠵᠡᠢ ᠃ ᠭᠡᠬᠦ ᠳᠤ᠂ ᠠᠪᠤ ᠮᠢᠨᠢ ᠠᠮᠢᠳᠤ ᠭᠠᠷᠤᠭᠠᠳ ᠢᠷᠡᠴᠢᠬᠦ ᠵᠠᠪᠰᠢᠶᠠᠨ ᠲᠠᠢ ᠪᠠᠶᠢᠭᠰᠠᠨ ᠪᠠᠶᠢᠨ᠎ᠠ ᠰᠢᠦ᠂ ᠬᠠᠶᠢᠷᠠᠨ ᠳ᠋ᠠ ᠁      ᠤᠷᠠᠩᠭᠤᠸ᠎ᠠ᠄ ᠶᠠᠭᠠᠬᠢᠪᠠ︖ ᠲᠡᠷᠡ ᠵᠠᠪᠰᠢᠶᠠᠨ ᠢᠶᠠᠨ ᠪᠠᠰᠠ ᠠᠯᠳᠠᠴᠢᠬᠠᠪᠠ ᠤᠤ︖      ᠪᠢᠩ ᠲᠠᠩ᠄ ᠲᠡᠭᠡᠬᠦ ᠦᠭᠡᠢ ᠶᠠᠭᠠᠬᠢᠨ᠎ᠠ︖ ᠦᠨᠦ ᠡᠦ ᠳ᠋ᠦ᠋ ᠶᠢᠨ ᠭᠡᠭᠴᠢ ᠨᠢ ᠴᠤᠬᠤᠮ ᠴᠢᠨᠤ ᠬᠡᠯᠡᠳᠡᠭ ᠰᠢᠭ ᠢᠶᠠᠷ ᠬᠢᠴᠢᠨᠡᠭᠡᠨ ᠡᠮ᠎ᠠ ᠠᠪᠤᠪᠠᠴᠦ ᠬᠦᠷᠳᠡᠭ ᠦᠭᠡᠢ ᠬᠤᠪᠳᠤᠭ ᠬᠦᠮᠦᠨ ᠪᠠᠶᠢᠵᠡᠢ᠃ ᠲᠦᠷᠪᠡᠨ ᠡᠭᠡᠨᠡᠷ ᠲᠠᠢ ᠪᠠᠶᠢᠭᠠᠳ ᠪᠠᠰᠠ ᠬᠦᠷᠬᠦ ᠦᠭᠡᠢ᠂ ᠮᠢᠨᠤ ᠪᠠᠭ᠎ᠠ ᠨᠠᠢ ᠨᠠᠢ ᠶᠢᠨ ᠠᠴᠢ ᠦᠬᠢᠨ ᠪᠤᠯᠬᠤ ᠵᠠᠩ ᠰᠢᠶᠦᠦ ᠵᠢᠶᠧ ᠶᠢ ᠲᠤᠷᠠᠯᠠᠴᠢᠬᠠᠭᠰᠠᠨ ᠭᠡᠨ᠎ᠠ᠃ ᠵᠠᠩ ᠰᠢᠶᠦᠦ ᠵᠢᠶᠧ ᠨᠢ ᠦᠨᠳᠡᠭᠡᠨ ᠰᠦᠢ ᠲᠠᠢ ᠬᠦᠮᠦᠨ ᠢᠶᠠᠨ ᠬᠦᠯᠢᠶᠡᠵᠤ ᠪᠠᠶᠢᠭᠰᠠᠨ ᠠᠴᠠ᠂ ᠡᠦ ᠳ᠋ᠦ᠋ ᠶᠢᠨ ᠤᠯᠵᠤ ᠲᠡᠶᠢᠯᠬᠦ ᠦᠭᠡᠢ ᠠᠷᠭ᠎ᠠ ᠪᠠᠷᠠᠭᠳᠠᠵᠤ ᠪᠠᠶᠢᠵᠡᠢ᠃ ᠡᠨᠡ ᠦᠶ᠎ᠡ ᠮᠢᠨᠤ ᠠᠪᠤ ᠬᠦᠷᠴᠦ ᠤᠴᠢᠭᠰᠠᠨ ᠨᠢ ᠦᠨᠡᠭᠡᠷ ᠴᠦ ᠲᠠᠪᠠᠭᠤ ᠤᠴᠢᠷ ᠪᠤᠯᠤᠭᠰᠠᠨ ᠪᠠᠶᠢᠬᠤ ᠦᠭᠡᠢ ᠤᠤ ᠳ᠋ᠠ᠃ ᠡᠦ ᠳ᠋ᠦ᠋ ᠶᠢᠨ ᠮᠢᠨᠤ ᠠᠪᠤ ᠳᠤ ︽ᠴᠢᠶᠠᠨ ᠲᠤᠳᠢ ︵ᠮᠢᠨᠤ ᠠᠪᠤ ᠶᠢ ᠬᠢᠳᠡᠳ ᠤᠳ ᠲᠦᠬᠦᠮᠴᠢᠯᠡᠭᠡᠳ ᠰᠢᠪᠠᠭᠤ ᠶᠢ ᠨᠢ ᠤᠷᠬᠢᠵᠤ᠂ ᠴᠢᠶᠠᠨ ᠲᠤᠳᠢ ᠭᠡᠳᠡᠭ︶ ᠲᠡᠬᠦᠦ ᠡ᠂ ᠴᠢᠨᠤ ᠨᠠᠮᠠᠢᠢ ᠤᠯᠵᠤ ᠢᠷᠡᠭᠰᠡᠨ ᠨᠢ ᠲᠠᠪᠠᠭᠤ ᠰᠠᠶᠢᠨ ᠪᠤᠯᠵᠡᠢ᠂ ᠴᠢ ᠭᠡᠳᠦᠶᠢᠪᠠᠷ ᠡᠪ ᠬᠠᠮᠳᠤ ᠨᠠᠮ ᠳᠤ ᠵᠢᠳᠬᠦᠵᠤ᠂ ᠨᠠᠢᠮᠠᠨ ᠵᠠᠮ ᠤᠨ ᠴᠡᠷᠢᠭ ᠲᠤ ᠦᠢᠯᠡᠴᠢᠯᠡᠵᠤ ᠪᠠᠶᠢᠪᠠᠴᠦ᠂ ᠪᠢ ᠴᠢᠮᠠᠢᠢ ᠬᠤᠷᠤᠰᠬᠤ ᠦᠭᠡᠢ᠂ ᠪᠢ ᠦᠨᠦ ᠪᠡᠭᠡᠵᠢᠩ  ᠳᠤ ᠤᠴᠢᠵᠤ ᠵᠠᠩ ᠽᠦᠸᠧ ᠯᠢᠨ ︵ᠦᠨᠦ ᠵᠠᠩ ᠰᠢᠶᠦᠸᠠᠢ ᠯᠢᠶᠠᠩ ᠤᠨ ᠡᠴᠢᠭᠡ ᠰᠢᠳᠠ︕ ᠭᠡᠵᠤ ᠨᠠᠳᠠ ᠨᠠᠮᠠᠵᠤ ᠲᠠᠶᠢᠯᠪᠤᠷᠢᠯᠠᠪᠠ︶ ᠲᠠᠢ ᠬᠠᠮᠳᠤ ᠨᠠᠷᠠᠨ ᠤᠯᠤᠰ ᠲᠤ ᠤᠴᠢᠨ᠎ᠠ᠃ ᠤᠳᠠᠯ ᠦᠭᠡᠢ ᠪᠤᠴᠠᠭᠠᠳ ᠢᠷᠡᠴᠢᠭᠡᠨ᠎ᠠ᠂ ᠪᠢ ᠢᠷᠡᠳᠠᠯ᠎ᠠ ᠪᠠᠨ ᠴᠢ ᠠᠳᠡ ᠪᠠᠶᠢᠵᠤ ᠪᠠᠢ᠂ ᠭᠡᠳᠦᠶᠢᠪᠡᠷ ᠬᠢᠨᠳᠠᠨ ᠳᠤ ᠬᠤᠷᠢᠵᠤ ᠪᠠᠶᠢᠪᠠᠴᠤ᠂ ᠮᠢᠨᠤ ᠡᠳᠡᠭᠡᠷ ᠬᠦᠮᠦᠰ ᠲᠠᠨ ᠢ ᠲᠠᠮᠤᠯᠠᠵᠤ ᠵᠤᠪᠠᠭᠠᠬᠤ ᠦᠭᠡᠢ ᠰᠠᠶᠢᠬᠠᠨ ᠠᠰᠠᠷᠠᠵᠤ ᠪᠠᠶᠢᠬᠤ ᠶᠤᠮ᠂ ᠪᠢ ᠢᠷᠡᠩᠬᠦᠳᠡ ᠴᠢᠮᠠᠢᠢ ᠬᠢᠨᠳᠡᠨ ᠠᠴᠠ ᠭᠠᠷᠭᠠᠨ᠎ᠠ᠂ ᠬᠠᠷᠢᠨ ᠬᠠᠷᠢᠭᠤ ᠳᠤᠨᠢ ᠴᠢ ᠨᠠᠳᠠ ᠨᠢᠭᠡ ᠤᠴᠢᠷ ᠢ ᠪᠦᠳᠦᠭᠡᠵᠤ ᠦᠭ︕ ᠲᠠᠷᠤᠢ ᠴᠢᠨᠤ ᠲᠡᠷᠡ ᠬᠤᠳᠠᠭᠤᠢ ᠦᠬᠢᠨ ᠲᠡᠬᠦᠦ ᠪᠤᠯᠬᠤ ᠵᠠᠩ ᠰᠢᠶᠦᠦ ᠵᠢᠶᠧ ᠶᠢ ᠮᠢᠨᠤ ᠲᠠᠪᠤᠳᠤᠭᠠᠷ ᠡᠭᠡᠨᠡᠷ ᠪᠤᠯᠭᠠᠵᠤ ᠦᠭ︕︾ ᠭᠡᠬᠦ  ᠪᠠᠷ᠂ ᠮᠢᠨᠤ ᠠᠪᠤ ᠡᠦ ᠳ᠋ᠦ᠋ ᠶᠢᠨ ᠤ ᠠᠮᠠ ᠶᠢ ᠨᠢᠭᠡ ᠯᠠ ᠠᠯᠠᠭᠠᠳᠠᠭᠠᠳ ᠦᠭᠬᠦᠭᠰᠡᠨ ᠴᠢᠨᠢ᠂ ᠨᠢᠭᠡ ᠰᠢᠳᠤ ᠨᠢ ᠪᠤᠯᠳᠤ ᠦᠰᠦᠷᠴᠢᠭᠡᠵᠡᠢ ᠭᠡᠨ᠎ᠠ᠃ ᠲᠡᠭᠡᠴᠢᠭᠡᠳ ᠪᠠᠰᠠ ᠠᠷᠤ ᠠᠴᠠ ᠨᠢ ︽ᠭᠠᠭᠴᠠ ᠠᠯᠠᠭᠠᠳᠠᠯᠭ᠎ᠠ ᠶᠢ ᠴᠦ ᠲᠠᠭᠠᠭᠠᠬᠤ ᠦᠭᠡᠢ ᠵᠦᠭᠡᠯᠡᠨ ᠶᠠᠰᠤ ᠲᠠᠢ ᠬᠦᠮᠦᠨ ᠪᠠᠰᠠ ᠶᠠᠭᠤᠨᠠᠢ ᠤᠯᠠᠨ ᠡᠮ᠎ᠠ ᠳᠤ ᠲᠤᠷᠠᠯᠠᠴᠢᠬᠠᠭᠰᠠᠨ ᠲᠠᠢ ᠶᠤᠮ︖︾ ᠭᠡᠵᠤ ᠬᠠᠷᠢᠶᠠᠴᠢᠬᠠᠭᠰᠠᠨ ᠭᠡᠨ᠎ᠠ᠃ ᠤᠳᠤ ᠰᠠᠶᠢᠨ ᠢᠶᠠᠨ ᠦᠵᠡᠬᠦ ᠤᠤ ᠳ᠋ᠠ︖      ᠤᠷᠠᠩᠭᠤᠸ᠎ᠠ᠄ ᠠᠶ᠎ᠠ᠂ ᠲᠠᠨ ᠤ ᠠᠪᠤ ᠭᠡᠵᠤ ᠳ᠋ᠠ᠂ ᠲᠡᠭᠡᠪᠡᠯ ᠲᠡᠷᠡ ᠵᠠᠩ ᠰᠢᠶᠦᠦ ᠵᠢᠶᠧ ᠶᠢ ᠨᠢ ᠬᠡᠯᠡᠭᠡᠳ ᠦᠭᠴᠢᠭᠡᠶ᠎ᠡ ᠳ᠋ᠠ᠂ ᠬᠤᠶᠢᠳᠤ ᠡᠭᠡ ᠶᠢᠨ ᠬᠢᠨᠢ ᠲᠦᠷᠦᠯ ᠤᠨ ᠲᠡᠳᠦᠢ ᠪᠤᠯᠬᠤ ᠨᠢᠭᠡ ᠮᠠᠭᠤ ᠦᠬᠢᠨ ᠤ ᠲᠦᠯᠦᠭᠡ᠂ ᠲᠡᠷᠡ ᠶᠡᠭᠡ ᠲᠠᠷᠤᠭ᠎ᠠ ᠶᠢᠨ ᠰᠢᠳᠤ ᠶᠢ ᠤᠨᠠᠭᠠᠳᠠᠯ᠎ᠠ ᠠᠯᠠᠭᠠᠳᠠᠬᠤ ᠨᠢ ᠶᠠᠭᠤ ᠪᠠᠶᠢᠨ᠎ᠠ︖ ᠬᠤᠶᠠᠷ ᠬᠦᠮᠦᠨ ᠲᠤᠷᠠᠳᠠᠢ ᠪᠤᠯ ᠶᠠᠮᠠᠷ ᠬᠠᠮᠢᠶ᠎ᠠ ᠲᠠᠢ ᠶᠤᠮ︖ ᠦᠪᠡᠷ ᠢᠶᠠᠨ ᠬᠢᠨᠳᠠᠨ ᠠᠴᠠ ᠭᠠᠷᠬᠤ ᠴᠢᠬᠤᠯᠠ ᠪᠢᠵᠠ ᠳ᠋ᠠ︖       ᠪᠢᠩ ᠲᠠᠩ᠄ ᠮᠢᠨᠤ ᠠᠪᠤ ᠲᠡᠶᠢᠮᠤ ᠵᠦᠢ ᠶᠤᠰᠤ ᠦᠭᠡᠢ ᠮᠠᠶᠢᠮᠠᠢ ᠶᠢ ᠬᠢᠬᠦ ᠶᠤᠮ ᠤᠤ ᠳ᠋ᠠ᠂ ᠬᠠᠮᠤᠭ ᠺᠦᠢ ︵ᠬᠤᠬᠢᠷᠠᠯ︶ ᠪᠠᠨ ᠪᠦᠷ ᠲᠡᠭᠡᠵᠤ ᠯᠠ ᠢᠳᠡᠭᠰᠡᠨ ᠰᠢᠳᠠ ᠁       ᠤᠷᠠᠩᠭᠤᠸ᠎ᠠ᠄ ᠲᠡᠭᠡᠭᠡᠳ ᠬᠢᠨᠳᠠᠨ ᠳᠤ ᠨᠢᠴᠠ ᠲᠠᠷᠤᠴᠢᠬᠠᠪᠠ ᠤᠤ︖      ᠪᠢᠩ ᠲᠠᠩ᠄ ᠠᠨ᠎ᠠ᠂ ᠲᠡᠬᠢᠵᠤ ᠴᠦ ᠬᠠᠷᠢᠵᠤ ᠢᠷᠡᠭᠡ ᠦᠭᠡᠢ᠃ ᠦᠨᠦ ᠤᠯᠠᠨ ᠡᠮ᠎ᠠ ᠠᠪᠬᠤ ᠲᠤᠷᠠᠳᠠᠢ ᠡᠦ ᠳ᠋ᠦ᠋  ᠶᠢᠨ ᠨᠢ ᠴᠦ ᠵᠠᠩ ᠽᠦᠸᠧ ᠯᠢᠨ ᠲᠠᠢ ᠬᠤᠶᠠᠭᠤᠯᠠ ᠲᠡᠷᠡ ᠤᠳᠠᠭ᠎ᠠ ᠭᠠᠯᠳᠤ ᠲᠡᠷᠭᠡᠨ ᠲᠡᠭᠡᠷ᠎ᠠ ᠲᠡᠯᠪᠡᠴᠡᠭᠳᠡᠴᠢᠭᠡᠭᠰᠡᠨ ᠦᠭᠡᠢ ᠤᠤ ᠳ᠋ᠠ︕ ᠵᠠᠷᠢᠮ ᠨᠢ ᠶᠠᠫᠤᠨ ᠬᠦᠮᠦᠨ ᠳᠤ ᠬᠤᠤᠷᠯᠠᠭᠳᠠᠭᠰᠠᠨ ᠴᠦ ᠭᠡᠳᠡᠭ ᠶᠤᠮ᠃ ᠭᠡᠨ ᠮᠡᠳᠡᠯ᠎ᠠ᠂ ᠲᠠᠷᠠ  ᠨᠢ ᠪᠢᠳᠠᠨ ᠳᠤ ᠬᠠᠮᠢᠶ᠎ᠠ ᠦᠭᠡᠢ᠃ ᠶᠠᠭᠤ ᠴᠦ ᠭᠡᠰᠡᠨ ᠬᠠᠷᠢᠵᠤ ᠢᠷᠡᠵᠤ ᠲᠡᠶᠢᠯᠦᠭᠡ ᠦᠭᠡᠢ᠃       ᠤᠷᠠᠩᠭᠤᠸ᠎ᠠ ᠄ ᠲᠡᠭᠡᠪᠡᠯ ᠡᠨᠡ ᠬᠤᠭᠤᠷᠤᠨᠳᠤ ᠠᠷᠭᠠᠯᠠᠵᠤ ᠪᠠᠶᠢᠭᠠᠳ ᠠᠪᠤ ᠶᠢ ᠴᠢᠨᠢ ᠬᠢᠨᠳᠠᠨ ᠠᠴᠠ ᠭᠠᠷᠭᠠᠭᠠᠳ ᠠᠪᠤᠶ᠎ᠠ ᠳ᠋ᠠ︖       ᠪᠢᠩ ᠲᠠᠩ᠄ ᠬᠦᠶ᠋ᠢ᠂ ᠦᠬᠢᠨ ᠮᠢᠨᠢ᠂ ᠭᠤᠮᠢᠨᠳᠠᠩ ᠭᠡᠳᠡᠭ ᠴᠢᠨᠢ ᠭᠠᠭᠴᠠ ᠡᠦ ᠶᠢᠨ ᠳ᠋ᠦ᠋ ᠭᠡᠰᠡᠨ ᠨᠤᠶᠠᠨ ᠲᠠᠢ ᠶᠤᠮ ᠪᠢᠰᠢ ᠰᠢᠦ᠂ ᠤᠯᠠᠨ ᠨᠤᠶᠠᠨ ᠲᠠᠢ ᠮᠠᠰᠢ ᠬᠦᠴᠦᠷᠭᠡᠭ ᠨᠠᠮ ᠶᠤᠮ ᠰᠢᠦ︕ ᠭᠡᠨ ᠤᠴᠢᠵᠤ ᠮᠢᠨᠤ ᠠᠪᠤ ᠶᠢ ᠭᠠᠷᠭᠠᠵᠤ ᠠᠪᠬᠤ ᠭᠡᠪᠡᠯ᠂ ᠭᠡᠨ ᠲᠡᠷᠤᠢ ᠡᠪ ᠬᠠᠮᠳᠤ ᠨᠠᠮᠳᠠᠨ ᠪᠤᠯᠵᠤ ᠬᠢᠨᠳᠠᠨ ᠳᠤ ᠬᠤᠷᠢᠭᠳᠠᠴᠢᠬᠠᠬᠤ ᠪᠤᠶᠤ ᠠᠯᠠᠭᠳᠠᠴᠢᠬᠠᠬᠤ ᠤᠴᠢᠷ᠂ ᠭᠡᠨ ᠤᠴᠢᠵᠤ ᠪᠤᠯᠬᠤ ᠶᠤᠮ︖ ᠮᠢᠨᠤ ᠠᠪᠤ ︽ᠪᠢ ᠭᠠᠭᠴᠠᠭᠠᠷ ᠢᠶᠠᠨ ᠡᠪ ᠬᠠᠮᠳᠤ ᠨᠠᠮ  ᠤᠨ ᠭᠡᠰᠢᠬᠦᠨ᠂ ᠦᠭᠡᠷ᠎ᠡ ᠨᠢᠭᠡ ᠴᠦ ᠪᠠᠶᠢᠬᠤ ᠦᠭᠡᠢ︕︾ ᠭᠡᠵᠤ ᠪᠦᠬᠦ ᠬᠦᠮᠦᠨ ᠢᠶᠠᠨ ᠬᠠᠮᠭᠠᠯᠠᠵᠤ ᠪᠠᠶᠢᠭ᠎ᠠ ᠶᠤᠮ ᠴᠢᠨᠢ᠃ ᠰᠡᠬᠦᠯᠡᠷ ᠨᠢ ᠡᠪᠦᠭᠡ ᠮᠢᠨᠢ ᠰᠡᠳᠦᠨ ᠲᠦᠷᠦᠯ ᠤᠨ ᠬᠠᠷᠢᠴᠠᠭ᠎ᠠ ᠪᠠᠷ ᠬᠦᠦ ᠪᠠᠨ ᠨᠢᠭᠡ ᠡᠷᠬᠢᠵᠤ ᠦᠵᠡᠬᠦ ᠭᠡᠳ ᠸᠠᠩ ᠮᠦᠩᠭᠡ᠂ ᠮᠢᠩᠭᠠᠨᠪᠠᠶᠠᠷ ᠨᠠᠷ ᠲᠠᠢ ᠬᠠᠮᠳᠤ ᠬᠦᠷᠦᠭᠰᠡᠨ ᠭᠡᠨ᠎ᠠ᠃ ᠲᠡᠭᠡᠭᠡᠳ ᠰᠠᠶ᠋ᠢ ᠠᠪᠤ ᠮᠢᠨᠢ ᠦᠪᠡᠷ  ᠤᠨ ᠲᠡᠷᠡ ᠪᠦᠬᠦᠢ ᠦᠯᠢᠭᠡᠷ ᠤᠨ ᠶᠠᠪᠤᠴᠠ ᠪᠠᠨ ᠡᠪᠦᠭᠡ ᠳᠤ ᠮᠢᠨᠢ ᠬᠡᠯᠡᠭᠰᠡᠨ ᠪᠠᠶᠢᠬᠤ ᠦᠭᠡᠢ ᠤᠤ︖ ᠦᠭᠡᠢ ᠪᠤᠯ ᠪᠢᠳᠠᠨ ᠶᠠᠭᠠᠬᠢᠵᠤ ᠮᠡᠳᠡᠬᠦ ᠶᠤᠮ ᠪᠤᠢ ᠳ᠋ᠠ᠃        ᠤᠷᠠᠩᠭᠤᠸ᠎ᠠ᠄ ᠡᠪᠦᠭᠡ ᠴᠢᠨᠢ ᠬᠠᠷᠢᠵᠤ ᠢᠷᠡᠭᠡᠳ ᠲᠠᠨᠤᠰ ᠲᠤ ᠶᠠᠷᠢᠵᠤ ᠦᠭᠬᠦᠭᠰᠡᠨ ᠨᠢ︖       ᠪᠢᠩ ᠲᠠᠩ᠄ ᠠᠨ᠎ᠠ᠂ ᠪᠠᠰᠠ ᠲᠡᠷᠡ ᠭᠡᠳᠦᠨ ᠬᠠᠮᠳᠤ ᠶᠠᠪᠤᠭᠰᠠᠳ ᠨᠢ ᠴᠦ ᠨᠠᠳᠠ ᠪᠠᠶᠢᠨ ᠪᠠᠶᠢᠨ ᠶᠠᠷᠢᠳᠠᠭ ᠪᠠᠶᠢᠪᠠ᠃ ᠲᠡᠷᠡ ᠲᠤᠳᠤᠷ᠎ᠠ ᠮᠢᠨᠤ ᠠᠪᠤ ᠲᠠᠭᠤᠳᠠᠳᠠᠭ ᠦᠨᠦ ᠸᠠᠩ ᠮᠦᠩᠭᠡ ᠪᠠᠰᠠ ᠪᠠᠶᠢᠬᠤ ᠰᠢᠦ ᠳ᠋ᠠ︕ ᠬᠦᠭᠡᠷᠦᠬᠦᠢ᠂ ᠠᠪᠤ ᠮᠢᠨᠢ ᠦᠪᠡᠷ ᠤᠨ ᠢᠶᠠᠨ ᠬᠢᠨᠳᠠᠨ ᠳᠤ ᠦᠬᠦᠨ᠎ᠠ ᠭᠡᠰᠡᠨ ᠢᠶᠠᠨ ᠮᠡᠳᠡᠴᠢᠭᠡᠭᠰᠡᠨ ᠪᠠᠶᠢᠵᠡᠢ᠂ ᠦᠪᠡᠷ ᠢ ᠨᠢ ᠦᠵᠡᠬᠦ ᠪᠠᠷ ᠤᠴᠢᠭᠰᠠᠨ ᠡᠪᠦᠭᠡ ᠪᠠ ᠬᠤᠶᠠᠷ ᠫᠤᠤᠴᠢ ᠨᠠᠷ ᠲᠤ ᠪᠠᠰᠠ ᠬᠤᠶᠠᠷ ᠶᠠᠭᠤᠮ᠎ᠠ ᠨᠠᠶᠢᠳᠠᠯ᠎ᠠ ᠭᠡᠰᠡᠨ᠃ ᠨᠢᠭᠡ ᠨᠢ ᠨᠠᠮᠠᠢᠢ᠃ ᠨᠦᠬᠦᠭᠡ ᠨᠢ ᠨᠠᠮ᠃ ᠪᠢ ᠭᠡᠳᠦᠶᠢᠪᠡᠷ ᠠᠪᠤ ᠶᠢ ᠪᠠᠨ ᠭᠠᠭᠴᠠ ᠴᠦ ᠤᠳᠠᠭ᠎ᠠ ᠠᠪᠤ ᠲᠠᠭᠤᠳᠠᠭ᠎ᠠ ᠦᠭᠡᠢ᠂ ᠨᠠᠮᠠᠢᠢ ᠲᠠᠪᠠᠷᠢᠵᠤ ᠬᠠᠶᠢᠷᠠᠯᠠᠬᠤ ᠭᠡᠪᠡᠯ ᠬᠠᠴᠠᠷ ᠢ ᠨᠢ ᠮᠠᠭᠠᠵᠢᠵᠤ ᠠᠭᠠᠰᠢᠯᠠᠳᠠᠭ ᠪᠠᠶᠢᠭᠰᠠᠨ ᠴᠦ ︽ᠮᠠᠭᠤ ᠦᠬᠢᠨ ᠢ ᠮᠢᠨᠢ ᠰᠠᠶᠢᠬᠠᠨ ᠬᠠᠶᠢᠷᠠᠯᠠᠵᠤ ᠰᠠᠶᠢᠬᠠᠨ ᠠᠮᠢᠳᠤᠷᠠᠭᠤᠯᠤᠭᠠᠳ ᠦᠭ᠂ ᠦᠨᠳᠡᠭᠡᠨ ᠰᠦᠢ ᠲᠤᠭᠳᠠᠭᠰᠠᠨ ᠬᠦᠮᠦᠨ ᠳᠤᠨᠢ ᠦᠭᠴᠦ᠂ ᠠᠮᠤᠷ ᠲᠡᠶᠢᠪᠤᠩ ᠤᠷᠳᠤ ᠨᠠᠰᠤᠯᠠᠭᠤᠯᠬᠤ ᠠᠷᠭ᠎ᠠ  ᠶᠢ ᠬᠢᠭᠡᠳ ᠦᠭ ᠁︾ ᠭᠡᠵᠤ ᠭᠤᠶᠤᠭᠰᠠᠨ ᠭᠡᠨ᠎ᠠ᠃ ᠡᠪ ᠬᠠᠮᠳᠤ ᠨᠠᠮ ᠤᠨ ᠲᠤᠬᠠᠢ ᠨᠠᠶᠢᠳᠠᠭᠰᠠᠨ ᠶᠠᠭᠤᠮ᠎ᠠ ᠪᠤᠯ ︽ᠲᠠᠨᠠᠷ ᠰᠠᠨᠠᠭ᠎ᠠ ᠠᠮᠠᠷ ᠪᠡᠢ᠂ ᠪᠢ ᠭᠠᠭᠴᠠ ᠬᠦᠮᠦᠨ ᠢ ᠴᠦ ᠡᠪ ᠬᠠᠮᠳᠤ ᠨᠠᠮ ᠲᠠᠢ ᠬᠤᠯᠪᠤᠭᠳᠠᠭᠤᠯᠬᠤ ᠦᠭᠡᠢ ᠂ ᠪᠢ ᠭᠠᠭᠴᠠᠭᠠᠷ ᠢᠶᠠᠨ ᠡᠪ ᠬᠠᠮᠳᠤ ᠨᠠᠮ ᠤᠨ ᠭᠡᠰᠢᠬᠦᠨ᠂ ᠦᠭᠡᠷ᠎ᠡ ᠨᠢᠭᠡ ᠴᠦ ᠨᠠᠮ ᠤᠨ ᠭᠡᠰᠢᠬᠦᠨ ᠪᠠᠶᠢᠬᠤ ᠦᠭᠡᠢ ︕ ᠭᠡᠳ ᠪᠠᠶᠢᠬᠤ ᠶᠤᠮ᠃ ᠪᠢ ᠯᠦᠸᠧ ᠳ᠋ᠠᠨ ᠯᠢᠶᠠᠩ ᠰᠢᠭ᠋ ᠤᠷᠪᠠᠭ᠋ᠤ ᠬᠦᠮᠦᠨ ᠪᠢᠰᠢ ᠁︾ ᠭᠡᠰᠡᠨ ᠭᠡᠨ᠎ᠠ᠃ ᠲᠡᠭᠡᠬᠦᠯ᠎ᠠ ᠡᠪᠦᠭᠡ ᠮᠢᠨᠢ ᠬᠦᠦ ᠪᠠᠨ ᠲᠤᠭᠤᠵᠤ ︽ᠪᠤᠯᠤᠨ᠎ᠠ᠂ ᠬᠠᠰᠢ ᠯᠠ ᠲᠡᠭᠡᠳᠦᠰ ᠠᠴᠠ ᠪᠠᠨ ᠴᠢᠬᠢᠷᠠᠭ ᠶᠠᠪᠤᠭᠰᠠᠨ ᠴᠢᠶᠠᠨ ᠤᠪᠤᠭᠳᠠᠨ ᠤ ᠦᠷᠡᠳᠦᠰ ᠮᠥᠨ ᠪᠠᠶᠢᠨ᠎ᠠ᠂ ᠮᠢᠨᠤ ᠬᠦᠦ ᠁︾ ᠭᠡᠳ ᠮᠢᠨᠤ ᠬᠤᠩᠬᠤᠰ ᠲᠤ ᠪᠠᠷᠢᠭᠳᠠᠭᠰᠠᠨ ᠢ ᠬᠡᠯᠡᠵᠤ ᠦᠭᠬᠦ ᠭᠡᠳ ᠬᠡᠯᠡᠵᠤ ᠭᠠᠷᠭᠠᠵᠤ ᠲᠡᠶᠢᠯᠦᠭᠡ ᠦᠭᠡᠢ ᠦᠪᠡᠷ ᠢᠶᠠᠨ ᠮᠠᠨᠠᠷᠠᠭᠠᠳ ᠤᠨᠠᠴᠢᠬᠠᠵᠡᠢ ᠭᠡᠨ᠎ᠡ᠃ ᠭᠠᠷ ᠤᠨ ᠠᠯᠠᠭ᠎ᠠ ᠶᠢ ᠨᠢ ᠬᠤᠷᠢᠨ ᠪᠠᠩᠵᠠ ᠴᠤᠬᠢᠬᠤ ᠳᠤ ︽ᠶᠤᠤ︾ ᠭᠡᠵᠤ ᠭᠠᠭᠴᠠ ᠲᠤᠤᠭᠠᠷᠳᠠᠭ ᠦᠭᠡᠢ ᠬᠠᠳᠠᠭᠤ ᠡᠪᠦᠭᠡ ᠮᠢᠨᠢ᠂ ᠬᠤᠶᠠᠷ ᠬᠠᠶᠢᠷᠠᠳᠤ ᠬᠦᠮᠦᠨ ᠤ ᠪᠠᠨ ᠲᠤᠮᠳᠠ ᠡᠨᠡᠬᠦ ᠡᠪᠡᠳᠴᠢᠳᠠᠢ ᠴᠢᠮᠡᠭᠡ ᠶᠢ ᠬᠡᠯᠡᠵᠤ ᠭᠠᠷᠭᠠᠵᠤ ᠲᠡᠶᠢᠯᠬᠦ ᠦᠭᠡᠢ ᠮᠠᠨᠠᠷᠠᠴᠢᠬᠠᠵᠤ ᠭᠡᠨ᠎ᠠ ᠰᠢᠦ᠂ ᠬᠡᠯᠡᠵᠤ ᠭᠠᠷᠭᠠᠵᠤ ᠲᠡᠶᠢᠯᠦᠭᠡ ᠦᠭᠡᠢ  ᠨᠢ ᠴᠦ ᠰᠠᠶᠢᠨ ᠪᠤᠯᠵᠡᠢ᠂ ᠬᠡᠯᠡᠴᠢᠭᠡᠭᠰᠡᠨ ᠪᠤᠯ ᠠᠪᠤ ᠮᠢᠨᠢ ᠭᠡᠳᠦᠢ ᠵᠤᠪᠠᠭ᠋ᠤ ᠶᠤᠮ ᠪᠤᠯ ᠁        ᠤᠷᠠᠩᠭᠤᠸ᠎ᠠ᠄ ᠬᠦᠶ᠋ᠢ᠂ ᠡᠨᠡ ᠦᠶ᠎ᠡ ᠲᠠᠨ ᠢ ᠪᠠᠰᠠ ᠬᠤᠩᠬᠤᠰ ᠪᠠᠷᠢᠪᠴᠢᠯᠠᠴᠢᠬᠠᠪᠠ ᠤᠤ︖       ᠪᠢᠩ ᠲᠠᠩ᠄ ᠲᠡᠭᠡᠬᠦ ᠦᠭᠡᠢ ᠶᠠᠭᠠᠬᠢᠨ᠎ᠠ︖ ᠡᠪᠦᠭᠡ ᠮᠢᠨᠢ ᠬᠤᠩᠬᠤᠰ ᠢ ᠲᠠᠷᠤᠬᠤ ᠴᠡᠷᠢᠭ ᠠᠩᠬᠢ ᠶᠢᠨ ᠲᠤᠸᠠᠨᠵᠠᠩ᠂ ᠬᠢᠴᠢᠨᠡᠭᠡᠨ ᠬᠤᠩᠬᠤᠰ ᠢ ᠪᠠᠭᠤᠯᠭᠠᠭᠰᠠᠨ ᠦᠭᠡᠢ ᠶᠤᠮ︖ ᠲᠡᠳᠡ ᠮᠠᠨ ᠤ ᠬᠢᠨ ᠢ ᠬᠤᠷᠤᠰᠬᠤ ᠦᠭᠡᠢ ᠭᠡᠵᠤ ᠪᠠᠶᠢᠬᠤ ᠶᠤᠮ ᠤᠤ︖ ᠬᠤᠩᠬᠤᠰ ᠤᠳ᠂ ᠡᠴᠢᠭᠡ ᠶᠢᠨ ᠮᠢᠨᠢ ᠬᠠᠮᠤᠭ ᠬᠠᠶᠢᠷᠠᠳᠠᠢ ᠤᠤᠭᠠᠨ ᠦᠬᠢᠨ ᠢ ᠨᠢ ᠪᠠᠷᠢᠪᠴᠠᠭᠠᠯᠠᠵᠤ᠂ ︽ᠲᠠᠨᠤᠰ ᠭᠡᠷᠪᠡ ᠪᠢᠳᠠᠨ ᠲᠠᠢ ᠬᠠᠯᠳᠠᠪᠠᠯ ᠦᠬᠢᠨ ᠢ ᠴᠢᠨᠢ ᠠᠯᠠᠨ᠎ᠠ ᠭᠡᠬᠦ ᠪᠤᠶᠤ ᠪᠢᠳᠠᠨ ᠳᠤ ᠶᠠᠭᠤ ᠶᠠᠭᠤ ᠦᠭ᠂ ᠦᠭᠡᠢ ᠪᠤᠯ ᠦᠬᠢᠨ ᠢ ᠴᠢᠨᠢ ᠲᠠᠮᠤᠯᠤᠨ᠎ᠠ ᠁︾ ᠭᠡᠬᠦ ᠮᠡᠳᠦ ᠪᠠᠷ ᠰᠢᠬᠠᠨ ᠲᠤᠯᠭᠠᠬᠤ ᠦᠭᠡᠢ ᠤᠤ ᠳ᠋ᠠ᠃ ᠨᠠᠮ᠎ᠠ  ᠶᠢ ᠵᠢᠷᠭᠤᠭᠠᠨ ᠨᠠᠰᠤ ᠲᠠᠢ ᠪᠠᠶᠢᠬᠤ ᠳᠤᠨᠢ ᠬᠤᠩᠬᠤᠰ ᠪᠠᠷᠢᠵᠤ ᠠᠪᠤᠭᠠᠳ ᠠᠭᠤᠯᠠᠨ ᠳᠠᠭᠠᠨ ᠲᠠᠷᠤᠴᠢᠬᠠᠭᠰᠠᠨ ᠰᠢᠦ᠃       ᠤᠷᠠᠩᠭᠤᠸ᠎ᠠ᠄ ᠵᠠ᠂ ᠤᠳᠤ ᠴᠤᠬᠤᠮ ᠦᠪᠡᠷ ᠤᠨ ᠦᠩᠭᠡᠷᠡᠬᠦᠯᠦᠭᠰᠡᠨ ᠠᠮᠢᠳᠤ ᠦᠯᠢᠭᠡᠷ ᠴᠢᠨᠢ ᠡᠬᠢᠯᠡᠬᠦ ᠶᠤᠮ ᠪᠠᠶᠢᠨ᠎ᠠ᠂ ᠵᠠ ᠶᠠᠷᠢ ᠳ᠋ᠠ︕ ᠭᠡᠵᠤ ᠪᠠᠰᠠ ᠨᠢᠭᠡ ᠦᠳᠦᠭᠡᠪᠡ᠃       ᠪᠢᠩ ᠲᠠᠩ᠄ ᠪᠠᠶᠢᠵᠤ᠂ ᠪᠠᠶᠢᠵᠤ᠂ ᠠᠪᠤ ᠶᠢᠨ ᠦᠯᠢᠭᠡᠷ ᠢ ᠪᠢ ᠶᠠᠷᠢᠵᠤ ᠪᠠᠷᠠᠭ᠎ᠠ ᠦᠭᠡᠢ ᠪᠠᠶᠢᠨ᠎ᠠ᠂ ᠡᠨᠡ ᠮᠠᠭᠤ ᠡᠮᠡᠭᠡᠨ ᠢ ᠪᠢᠳᠡᠭᠡᠢ ᠬᠤᠳᠬᠤᠯᠳᠠᠭᠤᠯᠤᠭᠠᠳ ᠪᠠᠢ︕       ᠤᠷᠠᠩᠭᠤᠸ᠎ᠠ᠄ ᠵᠠ ᠵᠠ᠂ ᠪᠤᠷᠬᠠᠨ ᠡ᠂ ᠲᠠ ᠰᠠᠨᠠᠭ᠎ᠠ ᠪᠠᠷ ᠶᠠᠷᠢ ᠳ᠋ᠠ᠃ ᠠᠪᠤ ᠴᠢᠨᠢ ᠶᠠᠮᠠᠷ ᠭᠠᠵᠠᠷ ᠲᠤ ᠬᠢᠨᠳᠠᠨ ᠳᠤ ᠪᠠᠶᠢᠪᠠ︖      ᠪᠢᠩ ᠲᠠᠩ᠄ ᠪᠦᠸᠧ ᠬᠠᠢ ︵ᠤᠳᠤ ᠶᠢᠨ ᠴᠢᠴᠠᠭᠠᠷ ︶ ᠭᠡᠰᠡᠨ ᠭᠠᠵᠠᠷ ᠭᠡᠨ᠎ᠠ᠃ ᠰᠡᠬᠦᠯᠡᠷ ᠨᠢ ᠭᠡᠨᠡᠳᠳᠡ ᠦᠭᠡ ᠢᠷᠡᠬᠦᠯᠵᠤ ᠮᠢᠨᠤ ᠠᠪᠤ ᠶᠢ ᠬᠢᠨᠳᠠᠨ ᠳᠤ ᠦᠬᠦᠴᠢᠭᠡᠯ᠎ᠡ ᠭᠡᠵᠤ ᠮᠡᠳᠡᠭᠳᠡᠵᠡᠢ᠃ ︽ᠭᠡᠬᠦᠷ ᠢ ᠨᠢ ᠠᠪᠬᠤ ᠪᠠᠷ ᠢᠷ᠎ᠡ᠂ ᠭᠡᠷᠪᠡ ᠪᠡᠶ᠎ᠡ ᠳᠤᠨᠢ ᠴᠤᠬᠢᠭᠳᠠᠭᠰᠠᠨ ᠰᠢᠷᠬ᠎ᠠ ᠦᠭᠡᠢ ᠪᠤᠯ ᠡᠪᠡᠳᠴᠢᠨ ᠢᠶᠠᠷ ᠦᠬᠦᠭᠰᠡᠨ ᠢᠶᠠᠷ ᠲᠤᠭᠠᠴᠠᠨ᠎ᠠ᠂ ᠪᠢᠳᠠᠨ ᠳᠤ ᠬᠠᠷᠢᠭᠤᠴᠠᠯᠭ᠎ᠠ ᠪᠠᠶᠢᠬᠤ ᠦᠭᠡᠢ︾ ᠭᠡᠰᠡᠨ ᠭᠡᠨ᠎ᠠ᠃ ᠲᠡᠭᠡᠬᠦᠯ᠎ᠠ ᠡᠪᠦᠭᠡ ᠮᠢᠨᠢ ᠭᠡᠳᠦᠨ ᠫᠤᠤᠴᠢ ᠲᠠᠢ ᠪᠠᠨ ᠬᠦᠷᠬᠦ ᠳᠤ ᠨᠢᠭᠡᠨᠳᠡ ᠰᠢᠳᠠᠭᠠᠴᠢᠬᠠᠭᠰᠠᠨ ᠪᠠᠶᠢᠪᠠ ᠭᠡᠨ᠎ᠠ᠃ ᠰᠡᠬᠦᠯᠡᠷ ᠨᠢ ᠰᠤᠨᠤᠰᠬᠤ ᠳᠤ᠂ ᠮᠢᠨᠤ ᠪᠠᠭ᠎ᠠ ᠨᠠᠢ ᠨᠠᠢ ᠶᠢᠨ ᠲᠦᠷᠦᠯ ᠤᠨ ᠬᠦᠦ ᠲᠡᠨᠳᠡ ᠰᠤᠷᠤᠯᠴᠡᠵᠤ ᠪᠠᠶᠢᠭᠰᠠᠨ ᠠᠴᠠ᠂ ᠲᠡᠬᠦᠨ ᠢ ᠲᠠᠭᠤᠳᠠᠵᠤ ᠠᠪᠠᠴᠠᠭᠠᠳ ᠦᠵᠡᠬᠦᠯᠦᠭᠰᠡᠨ ᠭᠡᠨ᠎ᠠ᠃ ᠠᠪᠤ ᠶᠢᠨ ᠮᠢᠨᠢ ᠪᠡᠶ᠎ᠡ ᠨᠢ ᠰᠠᠭᠠᠭ  ᠤᠨ ᠭᠤᠯᠢᠷ ᠰᠢᠭ᠋ ᠪᠤᠯᠴᠢᠬᠠᠭᠰᠠᠨ ᠪᠠᠶᠢᠪᠠ ᠭᠡᠨ᠎ᠠ᠃ ᠯᠠᠪ ᠬᠤᠤᠷ ᠢᠳᠡᠭᠦᠯᠦᠭᠰᠡᠨ ᠪᠠᠶᠢᠯᠬᠦᠢ᠃ ᠤᠴᠢᠷ ᠨᠢ ᠮᠢᠨᠤ ᠠᠪᠤ ᠠᠮᠢᠳᠤ ᠭᠠᠷᠴᠦ ᠢᠷᠡᠪᠡᠯ ᠯᠦᠸᠧ ᠳ᠋ᠠᠨ ᠯᠢᠶᠠᠩ ᠮᠡᠳᠦ ᠶᠢᠨ ᠤᠷᠪᠠᠭᠴᠢ ᠨᠠᠷ ᠢ ᠠᠮᠠᠷ ᠪᠠᠶᠢᠯᠭᠠᠬᠤ ᠤᠤ ᠳ᠋ᠠ︖ ᠬᠦᠮᠦᠨ ᠳᠤ ᠬᠤᠤᠷᠯᠠᠭᠳᠠᠴᠢᠬᠠᠵᠡᠢ ᠭᠡᠳᠡᠭ ᠢ ᠲᠤᠳᠤᠷ᠎ᠠ ᠪᠠᠨ ᠮᠡᠳᠡᠪᠡᠴᠦ ᠶᠠᠭᠠᠬᠢᠨ᠎ᠠ ᠳ᠋ᠠ᠂ ᠲᠡᠳᠦᠢ ᠤᠯᠠᠨ ᠵᠢᠯ ᠤᠨ ᠡᠮᠦᠨ᠎ᠠ ᠦᠩᠭᠡᠷᠡᠭᠰᠡᠨ ᠤᠴᠢᠷ ᠲᠤ ᠭᠡᠨ ᠠᠷᠭ᠎ᠠ ᠪᠠᠶᠢᠬᠤ ᠶᠤᠮ︖ ᠰᠠᠶᠢᠬᠠᠨ ᠠᠪᠤ ᠮᠢᠨᠢ ᠡᠪ ᠬᠠᠮᠳᠤ ᠨᠠᠮ ᠤᠨ  ᠢᠶᠠᠨ ᠲᠦᠯᠦᠭᠡ ᠭᠤᠯᠢᠷ ᠪᠤᠯᠴᠢᠬᠠᠯ᠎ᠠ ᠭᠡᠵᠤ ᠪᠤᠳᠤᠭᠠᠳ ᠶᠠᠪᠤᠨ᠎ᠠ ᠰᠢᠳᠠ᠃        ᠤᠷᠠᠩᠭᠤᠸ᠎ᠠ᠄ ᠪᠢ ᠪᠤᠳᠤᠬᠤ  ᠪᠠᠷ᠂ ᠲᠠ ᠯᠠᠪ ᠲᠡᠷᠡ ᠰᠢᠳᠠᠭᠠᠭᠰᠠᠨ ᠭᠠᠵᠠᠷ ᠲᠤᠨᠢ ᠬᠦᠷᠴᠦ ᠦᠵᠡᠭᠰᠡᠨ ᠪᠠᠶᠢᠬ᠎ᠠ︖        ᠪᠢᠩ ᠲᠠᠩ᠄ ᠬᠦᠷᠬᠦ ᠦᠭᠡᠢ ᠶᠠᠭᠠᠬᠢᠨ᠎ᠠ ᠪᠤᠢ︖ ᠲᠦᠴᠢᠨ ᠲᠠᠪᠤᠨ ᠵᠢᠯ ᠤᠨ ᠡᠮᠦᠨ᠎ᠠ᠂ ᠬᠠᠮᠤᠭ ᠪᠠᠭ᠎ᠠ ᠦᠬᠢᠨ ᠢᠶᠠᠨ ᠮᠦᠮᠦᠬᠦᠯᠵᠤ ᠪᠠᠶᠢᠬᠤ ᠳᠠᠭᠠᠨ ᠠᠩᠬ᠎ᠠ ᠤᠴᠢᠭᠰᠠᠨ᠃ ᠰᠡᠬᠦᠯᠡᠷ ᠨᠢ ᠪᠠᠰᠠ ᠭᠡᠳᠦ ᠤᠳᠠᠭ᠎ᠠ ᠤᠴᠢᠵᠡᠢ᠃        ᠤᠷᠠᠩᠭᠤᠸ᠎ᠠ᠄ ᠡᠪ ᠬᠠᠮᠳᠤ ᠨᠠᠮ ᠤᠨ ᠢᠶᠠᠨ ᠲᠦᠯᠦᠭᠡ ᠭᠤᠯᠢᠷ ᠪᠤᠯᠤᠭᠰᠠᠨ ᠠᠪᠤ ᠶᠢ ᠴᠢᠨᠢ ᠰᠢᠳᠠᠭᠠᠭᠰᠠᠨ ᠭᠠᠵᠠᠷ ᠨᠢ ᠬᠠᠮᠢᠭ᠎ᠠ ᠶᠤᠮ︖       ᠪᠢᠩ ᠲᠠᠩ᠄ ᠤᠳᠤ ᠶᠢᠨ ᠴᠢᠴᠠᠭᠠᠷ ᠭᠡᠬᠦ ᠭᠠᠵᠠᠷ ᠤᠨ ᠰᠢ ᠳ᠋ᠠ ᠴᠢᠶᠦᠦ ᠶᠢᠨ ᠪᠠᠷᠠᠭᠤᠨᠳᠠᠢ ᠤᠷᠤᠢ ᠲᠡᠭᠡᠷ᠎ᠡ ᠰᠢᠳᠠᠭᠠᠭᠰᠠᠨ ᠶᠤᠮ ᠪᠠᠶᠢᠪᠠ᠃ ᠠᠪᠤ ᠶᠢᠨ ᠮᠢᠨᠢ ᠬᠠᠳᠠᠭᠤ ᠶᠠᠰᠤ ᠨᠢ ᠴᠦ ᠦᠨᠡᠰᠦ ᠪᠤᠯᠤᠭᠰᠠᠨ ᠲᠡᠷᠡ ᠤᠷᠤᠨ ᠲᠡᠭᠡᠷ᠎ᠡ ᠨᠢ ᠮᠤᠩᠭᠤᠯ ᠦᠨᠳᠦᠰᠦᠳᠠᠨ ᠤ ᠲᠤᠮᠳᠠᠳᠤ ᠰᠤᠷᠭᠠᠭᠤᠯᠢ ᠪᠠᠶᠢᠭᠤᠯᠤᠭᠠᠳ ᠪᠤᠢ᠃ ᠬᠢᠨᠳᠠᠨ ᠢ ᠨᠢ ᠳ᠋ᠦᠩ ᠱᠢ ᠴᠠᠩ ︵东市场︶ ᠭᠡᠰᠡᠨ ᠨᠠᠷ᠎ᠠ ᠲᠠᠢ ᠬᠤᠳᠠᠯᠳᠤᠭᠠᠨ ᠤ ᠵᠠᠬ᠎ᠠ ᠲᠡᠯᠭᠡᠬᠦᠷ ᠪᠤᠯᠭᠠᠵᠡᠢ᠃ ᠪᠢ ᠠᠪᠤ ᠶᠢᠨ ᠢᠶᠠᠨ ᠬᠤᠷᠢᠭᠳᠠᠵᠤ ᠪᠠᠶᠢᠭᠰᠠᠨ ᠦᠷᠦᠭᠡ ᠶᠢ ᠨᠢ ᠴᠦ ᠤᠯᠵᠤ ᠠᠪᠤᠭᠠᠳ ᠤᠷᠤᠵᠤ ᠦᠵᠡᠭᠰᠡᠨ᠃ ᠭᠡᠳᠦᠶᠢᠪᠡᠷ ᠨᠢᠭᠡᠨᠳᠡ ᠠᠷᠠᠯᠵᠢᠶ᠎ᠠ ᠮᠠᠶᠢᠮᠠᠢ ᠬᠢᠳᠡᠭ ᠭᠡᠷ ᠪᠤᠯᠴᠢᠬᠠᠭᠰᠠᠨ ᠴᠦ᠂ ᠠᠪᠤ ᠶᠢᠨ ᠮᠢᠨᠢ ᠰᠢᠳᠤᠷᠭᠤ ᠶᠤᠰᠤᠨ ᠤ ᠲᠦᠯᠦᠭᠡ᠂ ᠡᠪ ᠬᠠᠮᠳᠤ ᠨᠠᠮ᠂ ᠠᠷᠠᠳ ᠤᠯᠠᠨ ᠤ ᠡᠷᠭᠡ ᠠᠰᠢᠭ ᠤᠨ ᠲᠦᠯᠦᠭᠡ ᠬᠠᠮᠤᠭ ᠰᠡᠬᠦᠯ ᠳᠤ ᠭᠤᠯᠢᠷ ᠪᠤᠯᠳᠠᠯ᠎ᠠ ᠪᠠᠨ ᠠᠮᠢᠰᠬᠤᠭ᠎ᠠ ᠪᠠᠨ ᠰᠢᠩᠬᠢᠭᠡᠭᠰᠡᠨ ᠲᠡᠷᠡ ᠭᠡᠷ ᠭᠡᠷᠡᠮ ᠢ ᠰᠠᠶᠢᠨ ᠨᠢᠭᠡ ᠬᠠᠷᠠᠳᠠᠭ ᠶᠤᠮ᠃ ᠶᠠᠰᠤ ᠶᠢ ᠨᠢ ᠦᠨᠡᠰᠦ ᠪᠤᠯᠭᠠᠭᠰᠠᠨ ᠲᠡᠷᠡ ᠮᠤᠩᠭᠤᠯ ᠲᠤᠮᠳᠠᠳᠤ ᠰᠤᠷᠭᠠᠭᠤᠯᠢ ᠶᠢ ᠨᠢ ᠨᠢᠭᠡ ᠲᠤᠭᠤᠶᠢᠯᠠᠵᠤ ᠡᠷᠬᠢᠳᠡᠭ ᠶᠤᠮ᠃ ᠡᠦ ᠳ᠋ᠦ᠋ ᠶᠢᠨ ᠨᠤᠶᠠᠨ ᠤ ᠠᠯᠪᠠᠨ ᠭᠠᠵᠠᠷ ᠢ ᠨᠢ ᠰᠢᠦᠳᠠᠨ ᠲᠤᠪᠴᠢᠶ᠎ᠠ ᠪᠠᠶᠢᠭᠤᠯᠤᠭᠠᠳ ᠪᠤᠢ᠃ ᠪᠢ ᠲᠡᠷᠡ ᠠᠯᠪᠠᠨ ᠭᠡᠷ ᠢ ᠴᠦ ᠤᠷᠬᠢᠭᠳᠠᠭᠤᠯᠤᠯ ᠦᠭᠡᠢ ᠤᠴᠢᠵᠤ ᠦᠵᠡᠳᠡᠭ᠃        ᠤᠷᠠᠩᠭᠤᠸ᠎ᠠ᠄ ᠲᠠᠷᠠ ᠰᠠᠶᠢᠬᠠᠨ ᠠᠪᠤ ᠶᠢᠨ ᠮᠢᠬ᠎ᠠ ᠨᠢ ᠭᠤᠯᠢᠷ ᠪᠤᠯᠵᠤ᠂ ᠶᠠᠰᠤ ᠨᠢ ᠦᠨᠡᠰᠦ ᠪᠤᠯᠵᠤ᠂ ᠡᠭᠡ ᠲᠡᠯᠡᠭᠡᠢ ᠶᠢᠨ ᠢᠶᠠᠨ ᠡᠯᠡᠰᠦ ᠨᠢ ᠴᠦ ᠶᠤᠮ ᠤᠤ᠂ ᠡᠰᠡᠬᠦᠯ᠎ᠠ ᠰᠠᠯᠬᠢ ᠨᠢ ᠴᠦ ᠶᠤᠮ ᠤᠤ ᠪᠤᠯᠵᠤ ᠵᠠᠮᠠᠬᠠᠷᠠᠵᠡᠢ᠃ ᠭᠡᠬᠦ ᠳᠤ᠂ ᠴᠢᠶᠠᠨ ᠤᠪᠤᠭᠳᠠᠨ ᠤ ᠴᠢᠬᠢᠷᠠᠭ ᠬᠠᠳᠠᠭᠤ ᠵᠤᠷᠢᠭ ᠰᠦᠰᠦ ᠪᠠ ᠵᠦᠪ ᠶᠤᠰᠤᠨ ᠤ ᠲᠦᠯᠦᠭᠡ ᠦᠬᠦᠵᠤ ᠠᠮᠢᠳᠤᠷᠠᠳᠠᠭ ᠶᠠᠰᠤ ᠴᠢᠰᠤ ᠨᠢ ᠲᠠᠨ ᠤ ᠪᠡᠶᠡᠨ ᠳᠤ ᠤᠷᠤᠰᠤᠭᠰᠠᠨ ᠶᠤᠮ ᠪᠠᠶᠢᠨ᠎ᠠ ᠳ᠋ᠠ᠂ ᠲᠠᠷᠠ ᠰᠠᠶᠢᠬᠠᠨ ᠠᠪᠤ ᠶᠢᠨ ᠦᠯᠢᠭᠡᠷ ᠤᠳᠤ ᠲᠠᠨ ᠤ ᠪᠡᠶ᠎ᠡ ᠲᠡᠭᠡᠷ᠎ᠡ ᠵᠠᠯᠭᠠᠵᠤ ᠤᠷᠭᠤᠨ᠎ᠠ ᠳ᠋ᠠ᠃ ᠤᠳᠤ ᠭᠡᠯ᠎ᠠ ᠲᠡᠷᠡ ᠦᠯᠢᠭᠡᠷ ᠢᠶᠠᠨ ᠬᠡᠯᠡᠨ᠎ᠠ ᠪᠠᠶᠢᠬ᠎ᠠ︖        ᠪᠢᠩ ᠲᠠᠩ᠄ ᠵᠠ ᠵᠠ᠂ ᠬᠡᠯᠡᠶ᠎ᠡ ᠬᠡᠯᠡᠶ᠎ᠡ︕       ᠤᠷᠠᠩᠭᠤᠸ᠎ᠠ᠄ ᠢᠳᠡᠬᠦ ᠦᠭᠡᠢ ᠤᠤᠭᠤᠬᠤ ᠦᠭᠡᠢ ᠦᠭᠡ ᠬᠡᠯᠡᠭᠡᠳ ᠪᠠᠶᠢᠵᠤ ᠪᠤᠯᠬᠤ ᠶᠤᠮ ᠤᠤ ᠳ᠋ᠠ᠂ ᠡᠰᠡᠬᠦᠯ᠎ᠠ ᠪᠠᠭ᠎ᠠ ᠠᠮᠠᠷᠠᠭᠠᠳ ᠠᠪ ᠳ᠋ᠠ︕ ᠶᠠᠳᠠᠷᠠᠵᠤ ᠪᠠᠶᠢᠭ᠎ᠠ ᠪᠢᠵᠠ︖ ᠭᠡᠪᠡᠯ ᠬᠠᠵᠠᠭᠤ ᠠᠴᠠ ᠨᠢ ᠦᠬᠢᠨ ᠨᠢ ︽ᠬᠦᠶ᠋ᠢ᠂ ᠮᠢᠨᠤ ᠮᠦᠮᠦ ᠡᠶᠢᠮᠤ ᠵᠢᠭᠠᠬᠠᠨ ᠲᠡᠭᠡᠷ᠎ᠡ ᠶᠠᠳᠠᠷᠠᠬᠤ ᠬᠦᠮᠦᠨ ᠮᠥᠨ ᠤᠤ ᠳ᠋ᠠ︖ ᠮᠠᠵᠢᠶᠠᠩ ᠨᠠᠭᠠᠳᠬᠤ ᠶᠤᠮ ᠪᠤᠯ ᠤᠷᠤᠢ ᠶᠢᠨ ᠭᠤᠷᠪᠠᠨ ᠴᠠᠭ ᠠᠴᠠ ᠮᠠᠷᠭᠠᠰᠢ ᠶᠢᠨ ᠬᠢᠨᠢ ᠦᠷᠯᠦᠭᠡ ᠪᠤᠯᠭᠠᠳᠠᠭ᠂ ᠲᠤᠮᠳᠠ ᠨᠢ ᠰᠢᠭᠡᠬᠦ ᠪᠠᠷ ᠴᠦ ᠭᠠᠷᠬᠤ ᠦᠭᠡᠢ᠂ ᠭᠠᠯᠳᠤ ᠲᠡᠷᠭᠡᠨ ᠤ ᠡᠬᠦᠳᠡ ᠪᠠᠷ ᠪᠠᠭᠤᠬᠤ ᠳᠤ ᠪᠢ ᠬᠦᠷᠳᠠᠯ᠎ᠠ ᠶᠠᠭᠠᠬᠢᠵᠤ ᠬᠢᠰᠬᠢᠬᠦ ᠪᠠᠨ ᠮᠡᠳᠡᠬᠦ ᠦᠭᠡᠢ ᠬᠢᠴᠢᠶᠡᠵᠤ ᠪᠠᠶᠢᠬᠤ ᠳᠤ᠂ ᠮᠠᠨ ᠤ ᠮᠦᠮᠦ ᠭᠤᠳ ᠱᠤᠳ ᠭᠡᠳᠠᠯ᠎ᠠ ᠦᠰᠦᠷᠦᠭᠡᠳ ᠪᠠᠭᠤᠴᠢᠬᠠᠳᠠᠭ ᠁︾ ᠭᠡᠵᠤ ᠲᠠᠶᠢᠯᠪᠤᠷᠢᠯᠠᠨ᠂ ᠨᠠᠮ᠎ᠠ ᠶᠢ ᠰᠠᠨᠠᠭ᠎ᠠ ᠠᠮᠠᠷᠠᠭᠤᠯᠪᠠ᠃ ᠦᠨᠡᠨ ᠳᠡᠭᠡᠨ ᠪᠢ ᠦᠪᠡᠷ ᠢᠶᠠᠨ ᠵᠢᠭᠠᠬᠠᠨ ᠦᠯᠦᠰᠴᠢᠭᠡᠭᠡᠳ ᠪᠠᠶᠢᠭᠰᠠᠨ ᠶᠤᠮ᠂ ᠵᠠᠪᠰᠠᠷᠯᠠᠵᠤ ᠭᠠᠷᠤᠭᠠᠳ ᠪᠠᠭ᠎ᠠ ᠶᠠᠭᠤᠮ᠎ᠠ ᠢᠳᠡᠬᠦ ᠴᠦ ᠶᠤᠮ ᠤᠤ ᠭᠡᠵᠤ ᠪᠤᠳᠤᠭᠰᠠᠨ ᠴᠦ᠂ 91 ᠨᠠᠰᠤᠳᠠᠢ ᠬᠦᠮᠦᠨ ᠲᠡᠰᠴᠦ ᠪᠠᠶᠢᠬᠤ ᠳᠤ᠂ ᠪᠢ ᠶᠠᠭᠤ ᠪᠠᠶᠢᠨ᠎ᠠ︖ ᠭᠡᠵᠤ ᠪᠤᠳᠤᠭᠠᠳ ᠠᠵᠢᠭ ᠦᠭᠡᠢ ᠰᠤᠷᠪᠤᠯᠵᠢᠯᠠᠪᠠ᠃      
 
ᠢᠷᠡᠯᠲᠡ᠄ ᠤᠷᠠᠩᠭᠤᠸ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号