ᠠᠮᠢᠨ ᠴᠢᠨᠠᠷ ᠤᠨ ᠲᠦᠴᠢ ᠶᠢᠰᠦᠨ ᠬᠤᠷᠤᠢ
ᠨᠡᠶᠢᠲᠡᠯᠡᠭᠰᠡᠨ ᠴᠠᠭ᠄
2020-06-30
ᠫ᠊ · ᠣᠶᠦᠨᠪᠢᠯᠢᠭ                                                                ᠬᠤᠶᠠᠳᠠᠬᠢ ᠤᠳᠠᠭ᠎ᠠ ᠮᠠᠴᠠᠭ ᠪᠠᠷᠢᠬᠰᠠᠨ ᠲᠡᠷᠡ ᠦᠶ᠎ᠡ ᠳᠤ ᠯᠡ ᠪᠠᠶᠢᠬᠰᠠᠨ ᠶᠤᠮ ᠳ᠋ᠠ᠃ ᠪᠢᠯᠢᠭ ᠤᠨ ᠤᠯᠠᠷᠢᠯ  ᠤᠨ ᠰᠢᠨ᠎ᠡ ᠶᠢᠨ ᠨᠢᠬᠡᠨ  ᠂ ᠠᠷᠪᠠᠨ ᠲᠠᠪᠤᠨ ᠪᠤᠶᠤ ᠪᠦᠳᠦᠨ ᠰᠠᠶᠢᠨ ᠡᠳᠦᠷ ᠲᠤ ᠲᠤᠬᠢᠶᠠᠯᠳᠤᠭᠤᠯᠬᠤ ᠬᠤᠷᠢᠨ ᠲᠦᠷᠪᠡᠨ ᠴᠠᠭ ᠤᠨ ᠵᠢᠩᠬᠢᠨᠢ ᠤᠳᠬ᠎ᠠ ᠶᠢᠨ ᠤᠰᠤᠨ ᠮᠠᠴᠠᠭ᠃ ᠦᠷᠯᠦᠬᠡ ᠨᠢᠬᠡ ᠠᠶᠠᠭ᠎ᠠ ᠵᠦᠬᠡᠬᠡᠢ ᠲᠠᠢ ᠬᠤᠳᠬᠤᠬᠰᠠᠨ ᠬᠠᠭᠤᠷᠠᠢ ᠪᠤᠳᠠᠭ᠎ᠠ ᠢᠳᠡᠭᠰᠡᠨ ᠠᠴᠠ ᠬᠤᠶᠢᠰᠢ ᠪᠦᠳᠦᠨ ᠬᠤᠷᠢᠨ ᠲᠦᠷᠪᠡᠨ ᠴᠠᠭ ᠬᠡᠯᠡ ᠲᠡᠭᠡᠷ᠎ᠡ  ᠪᠠᠨ ᠶᠠᠭᠤᠮ᠎ᠠ ᠲᠠᠯᠪᠢᠬᠰᠠᠨ ᠦᠬᠡᠢ᠂ ᠵᠦᠭᠡᠷ ᠯᠡ ᠪᠠᠯ ᠢᠶᠠᠷ ᠠᠮᠳᠠᠯᠠᠬᠰᠠᠨ ᠡᠷᠦᠳᠡᠰᠦ ᠲᠠᠢ ᠤᠰᠤ ᠤᠤᠭᠤᠭᠠᠳ ᠨᠤᠮ ᠤᠩᠰᠢᠨ ᠪᠢᠰᠢᠯᠭᠠᠯ ᠳᠤ ᠰᠠᠭᠤᠯ᠎ᠠ᠃ ᠲᠤᠩᠭᠠᠯᠠᠭ ᠲᠤᠬᠳᠠᠭᠤᠬᠠᠨ ᠭᠦᠨ ᠨᠠᠮᠤᠷ ᠤᠨ ᠡᠳᠦᠷ᠂ ᠡᠳᠦᠷᠵᠢᠨ ᠢᠶᠠᠨ ᠰᠤᠷᠬᠠᠬᠳᠠᠨᠢ ᠪᠠᠬᠢ ᠬᠠᠳᠤᠨ ᠲᠠᠢ ᠶᠠᠷᠢᠯᠴᠠᠵᠤ᠂ ᠪᠤᠰᠤᠭ᠎ᠠ ᠦᠰᠦᠭ ᠲᠤ ᠠᠮᠢᠯᠠᠬᠰᠠᠨ ᠠᠤᠭ᠎ᠠ ᠲᠡᠷᠡ ᠬᠠᠳᠤᠨ ᠢ ᠵᠢᠷᠦᠬᠡ ᠰᠡᠳᠬᠢᠯ ᠢᠶᠠᠷ ᠢᠶᠠᠨ ᠲᠠᠨᠢᠵᠤ ᠡᠬᠢᠯᠡᠬᠦ ᠳᠤ᠂ ᠬᠠᠭᠠᠰ ᠡᠳᠦᠷ ᠤᠨ ᠬᠤᠭᠤᠷᠤᠨᠳᠦ ᠭᠡᠳᠦ ᠴᠦ ᠤᠳᠠᠭ᠎ᠠ ᠨᠢᠯᠪᠤᠰᠦ ᠠᠰᠬᠠᠷᠠᠭᠤᠯᠤᠨ ᠤᠶᠠᠷᠠᠨ ᠲᠤᠬᠳᠤᠯᠵᠠᠢ᠃ ᠦᠳᠡ ᠶᠢᠨ ᠬᠤᠭᠤᠯᠠᠨ ᠤ ᠦᠶ᠎ᠡ ᠪᠠᠷ ᠪᠠᠭ᠋ᠠᠨ ᠦᠯᠦᠰᠬᠦ ᠮᠠᠶ᠋ᠢᠬᠳᠠᠢ ᠪᠤᠯᠤᠬᠰᠠᠨ ᠴᠦ ᠤᠶᠤᠨ ᠰᠠᠨᠠᠭ᠎ᠠ ᠪᠠᠷ ᠢᠶᠠᠨ ᠦᠪᠡᠷ ᠢ ᠪᠠᠨ ᠴᠡᠭᠴᠡᠯᠡᠨ ᠰᠤᠨᠢᠷᠬᠠᠯᠳᠠᠢ ᠨᠤᠮ ᠢᠶᠠᠨ ᠤᠩᠰᠢᠬᠰᠠᠭᠠᠷ ᠬᠤᠭᠤᠯᠠᠨ ᠤ ᠴᠠᠭ ᠢ ᠦᠩᠭᠡᠷᠡᠭᠦᠯᠪᠡ᠃ ᠤᠷᠤᠢ ᠨᠢ ᠮᠦᠨ ᠴᠦ ᠪᠡᠶ᠎ᠡ ᠪᠠᠨ ᠴᠢᠩᠭ᠎ᠠ ᠪᠠᠷᠢᠭᠠᠳ ᠬᠤᠭᠤᠯᠠ ᠢᠳᠡᠭᠰᠡᠨ ᠦᠬᠡᠢ᠃ ᠪᠦᠳᠦᠨ ᠡᠳᠦᠷ ᠤᠨ ᠲᠤᠷᠰᠢᠳᠠ ᠪᠠᠷᠤᠭ ᠠᠷᠪᠠᠭᠠᠳ ᠵᠢᠩ ᠤᠰᠤ ᠤᠭᠤᠬᠰᠠᠨ ᠪᠤᠯᠤᠯᠳᠠᠢ᠃ ᠤᠨᠳᠠᠬᠤ ᠠᠴᠠ ᠡᠮᠦᠨ᠎ᠡ ᠮᠤᠩᠭᠤᠯ ᠤᠯᠤᠰ ᠤᠨ ᠪᠦᠰᠡᠭᠦᠢ ᠤᠷᠠᠨ ᠪᠦᠳᠦᠭᠡᠯᠴᠢ ᠪᠢᠮᠪᠠ ᠶᠢᠨ ᠰᠠᠷᠠᠨᠳᠤᠶᠠᠭ᠎ᠠ ᠶᠢᠨ ᠲᠤᠭᠤᠷᠪᠢᠬᠰᠠᠨ ︽ᠰᠤᠷᠬᠠᠨᠳᠠᠨᠢ ᠪᠠᠬᠢ ᠬᠠᠳᠤᠨ︾ ᠭᠡᠭᠦ ᠡᠨᠡ ᠭᠦ ᠷᠤᠮᠠᠨ ᠢ ᠤᠩᠰᠢᠵᠤ ᠲᠠᠭᠤᠰᠬᠠᠪᠠ᠃ ᠬᠤᠷᠢ ᠭᠠᠷᠤᠢ ᠬᠤᠨᠤᠭ ᠤᠨ ᠲᠤᠷᠰᠢᠳᠠ ᠨᠠᠷᠢᠯᠢᠭ ᠴᠦ ᠤᠩᠰᠢᠵᠤ ᠰᠢᠮᠡᠳᠡᠢ ᠰᠢᠩᠭᠡᠭᠡᠭᠡᠰᠡᠨ ᠡᠨᠡ ᠭᠦ ᠲᠡᠤᠭᠡᠨ ᠷᠤᠮᠠᠨ ᠪᠤᠯ ᠮᠢᠨᠦ ᠦᠪᠡᠷ ᠤᠨ ᠬᠤᠪᠢ ᠳᠤ ᠤᠩᠰᠢᠵᠤ ᠰᠤᠨᠢᠷᠬᠠᠬᠰᠠᠨ ᠬᠠᠮᠤᠭ ᠤᠨ ᠰᠤᠨᠢᠷᠬᠠᠯᠳᠠᠢ ᠮᠦᠷᠳᠡᠭᠡᠨ ᠬᠠᠮᠤᠭ ᠤᠨ ᠤᠳᠬ᠎ᠠ ᠠᠭᠤᠯᠭ᠎ᠠ ᠲᠠᠢ ᠨᠤᠮ ᠤᠨ ᠨᠢᠬᠡᠨ ᠪᠠᠶᠢᠪᠠ᠃ ᠤᠯᠠᠨ ᠦᠶ᠎ᠡ ᠶᠢᠨ ᠤᠬᠠᠭᠠᠨᠳᠦ ᠪᠦᠰᠡᠭᠦᠶᠢᠴᠤᠳ ᠤᠨ ᠭᠠᠶᠢᠬᠠᠮᠰᠢᠭ ᠢ ᠰᠢᠩᠭᠡᠭᠡᠭᠰᠡᠨ ᠡᠨᠡ ᠦᠨᠡᠳᠦ ᠨᠤᠮ ᠳᠤ᠂ ᠮᠤᠩᠭᠤᠯ ᠤᠨ ᠲᠦᠷᠪᠡᠨ ᠬᠠᠭᠠᠨ ᠢ ᠭᠦᠮᠦᠵᠢᠭᠦᠯᠦᠭᠰᠡᠨ ᠠᠭᠤᠤ ᠡᠭᠡ ᠰᠤᠷᠬᠠᠬᠳᠠᠨᠢ ᠪᠠᠬᠢ ᠬᠠᠳᠤᠨ ᠤ ᠨᠢᠬᠡ ᠨᠠᠰᠤᠨ  ᠤ ᠦᠢᠯᠡ ᠶᠠᠪᠤᠳᠠᠯ ᠢ ᠤᠷᠠᠯᠠᠨ ᠪᠢᠴᠢᠵᠠᠢ᠃ ᠨᠢᠬᠡ ᠡᠮᠡᠭᠳᠡᠢ ᠭᠦᠮᠦᠨ᠂ ᠨᠢᠬᠡ ᠡᠭᠡ ᠭᠦᠮᠦᠨ ᠡᠨᠡ ᠬᠤᠷᠸ᠎ᠠ ᠳᠤ ᠢᠷᠡᠭᠰᠡᠨ ᠤ ᠵᠢᠩᠬᠢᠨᠢ ᠤᠳᠬ᠎ᠠ ᠤᠴᠢᠷ ᠢ ᠦᠬᠦᠯᠡᠭᠰᠡᠨ ᠲᠤᠰ ᠷᠤᠮᠠᠨ ᠳᠤ ᠮᠤᠩᠭᠤᠯ ᠪᠦᠰᠡᠭᠦᠶᠢᠴᠤᠳ ᠤᠨ ᠬᠠᠳᠤᠨ ᠤᠬᠠᠭᠠᠨ ᠤ ᠦᠨᠡᠳᠦ ᠲᠠᠯᠠᠰ ᠪᠦᠭᠦᠨ ᠭᠤᠶᠢᠳᠠ ᠰᠢᠩᠭᠡᠭᠡᠰᠦᠳᠡᠢ ᠪᠢᠯᠡ᠃ ᠬᠤᠵᠢᠮ ᠠᠯᠢ ᠨᠢᠬᠡᠨ ᠪᠤᠯᠤᠮᠵᠢᠳᠠᠢ ᠴᠠᠭ  ᠲᠤ ᠲᠠᠭᠢᠭᠠᠳ ᠤᠩᠰᠢᠬᠤ ᠰᠠᠨ ᠭᠡᠵᠦ ᠪᠤᠳᠤᠬᠰᠠᠭᠠᠷ ᠤᠨᠳᠠᠵᠤ ᠤᠷᠬᠢᠯ᠎ᠠ᠃ ᠲᠠᠷᠠᠭ᠎ᠠ ᠦᠷᠯᠦᠬᠡ ᠨᠢ ᠮᠠᠰᠢ ᠡᠷᠳᠡᠯᠡᠨ ᠪᠤᠰᠤᠭᠠᠳ ᠬᠡᠷ ᠲᠡᠷᠭᠡ ᠪᠠᠨ ᠰᠢᠷᠭᠡᠭ ᠲᠤᠭᠤᠰᠦ ᠴᠦ ᠦᠯᠡᠳᠡᠭᠡᠯ ᠦᠬᠡᠢ ᠠᠷᠴᠢᠵᠦ ᠴᠡᠪᠡᠷᠯᠡᠭᠰᠡᠨ ᠴᠦ ᠶᠠᠳᠠᠷᠠᠵᠤ ᠵᠦᠳᠡᠷᠡᠬᠦ ᠦᠬᠡᠢ ᠮᠦᠷᠳᠡᠭᠡᠨ ᠨᠡᠩ ᠴᠦ ᠰᠦᠯᠳᠡ ᠲᠠᠮᠢᠷ ᠭᠦᠢᠴᠡᠳ ᠪᠤᠯᠤᠭ᠎ᠠ ᠶᠤᠮ ᠰᠢᠭ᠋᠃ ᠲᠠᠭᠤᠯᠠᠭᠠᠳ ᠯᠡ ᠰᠠᠭᠤᠮᠠᠷ᠂ ᠪᠠᠰᠠ ᠴᠦ ᠲᠤᠬᠳᠤᠯᠤᠨ ᠤᠬᠢᠯᠠᠮᠠᠷ ᠪᠤᠯᠵᠤ ᠤᠷᠢᠳᠦ ᠰᠦᠨᠢ ᠶᠢᠨ ᠤᠴᠢᠷᠳᠠᠢ ᠰᠠᠶᠢᠬᠠᠨ ᠵᠡᠬᠦᠳᠦ ᠠᠬᠢᠨ ᠲᠠᠬᠢᠨ ᠪᠤᠳᠤᠬᠳᠠᠵᠤ ᠪᠢᠯᠡ᠃ᠦᠤᠷ ᠴᠠᠶᠢᠬᠤ ᠠᠴᠠ ᠡᠮᠦᠨᠡᠭᠡᠨ᠂ ᠤᠩᠭᠤᠳ ᠵᠠᠷᠯᠠᠭᠠᠳ ᠪᠠᠭᠤᠯ᠎ᠠ︕                        ᠁ ᠦᠯᠦ ᠬᠠᠷᠠᠬᠳᠠᠬᠤ ᠪᠦᠳᠡᠬᠢ ᠪᠠᠳᠠᠬᠢ ᠤᠷᠤᠰᠢᠬᠤᠢ ᠶᠢᠨ ᠲᠤᠮᠳᠠ ᠠᠴᠠ ᠨᠢᠬᠡᠨ ᠵᠢᠷᠤᠭ ᠤᠯᠠᠮ ᠠᠴᠠ ᠤᠯᠠᠮ ᠲᠤᠳᠤᠷᠠᠨ ᠢᠯᠡᠷᠡᠨ᠎ᠡ᠃ ᠨᠡᠭᠦᠳᠡᠯ ᠤᠨ ᠭᠦᠰᠭᠡ ᠶᠢᠨ ᠵᠢᠭᠳᠡᠷᠡᠨ ᠤᠶᠠᠩᠭᠠᠷᠠᠬᠤ ᠲᠤᠤᠨᠢᠯ ᠤᠨ ᠲᠤᠮᠳᠠ ᠠᠪᠤᠷᠭᠤ ᠲᠤᠮᠤ ᠭᠠᠨᠳᠢᠭ ᠴᠢᠯᠠᠭᠤᠨ ᠰᠡᠶᠢᠯᠦᠮᠡᠯᠳᠦ ᠡᠮᠡᠭᠡ ᠶᠢᠨ ᠮᠢᠨᠢ ᠱᠤᠭᠤᠮᠠᠯ ᠭᠦᠷᠦᠭ᠂ ᠡᠭᠡᠭᠡ ᠯᠡ ᠠᠭᠤᠯᠠ ᠬᠠᠶᠢᠷᠬᠠᠨ ᠮᠡᠳᠦ ᠠᠤᠭ᠎ᠠ ᠰᠦᠷᠯᠢᠭ ᠬᠠᠷᠠᠬᠳᠠᠨ᠎ᠠ᠃ ᠭᠦᠷᠦᠭ ᠤᠨ ᠲᠡᠷᠡ ᠪᠦᠰᠡᠭᠦᠢ ᠲᠡᠶᠢᠮᠦ ᠯᠡ ᠠᠮᠤᠭᠤᠯᠠᠩᠬᠠᠨ᠂ ᠲᠡᠶᠢᠮᠦ ᠯᠡ ᠨᠢᠭᠤᠴᠠᠬᠠᠨ᠂ ᠪᠠᠰᠠ ᠲᠡᠶᠢᠮᠦ ᠯᠡ ᠭᠤᠶᠤᠮᠰᠤᠭ ᠠᠵᠢ︕ ᠪᠤᠷᠬᠠᠨ ᠰᠠᠭᠤᠳᠠᠯᠳᠦ ᠲᠡᠷᠡ ᠭᠦᠷᠦᠭ ᠤᠨ ᠴᠡᠭᠡᠵᠢᠨ ᠪᠡᠶ᠎ᠡ ᠳᠠᠬᠢ ᠢᠬᠢᠷ᠎ᠡ ᠲᠤᠪᠤ ᠮᠡᠳᠦ ᠡᠭᠴᠡ ᠪᠤᠰᠤᠭ᠎ᠠ ᠬᠤᠶᠠᠷ ᠭᠦᠭᠦ ᠨᠢ ᠶᠠᠭᠠᠬᠢᠬᠰᠠᠨ ᠲᠠᠩᠰᠤᠭ ᠰᠠᠶᠢᠬᠠᠨ ᠪᠤᠢ᠂ ᠲᠡᠷᠡ ᠭᠦᠭᠦᠨ ᠠᠴᠠ ᠴᠠᠭᠠᠨ ᠰᠦ ᠲᠠᠰᠤᠷᠠᠯ ᠦᠬᠡᠢ ᠰᠠᠳᠠᠭᠠᠨᠠᠨ ᠢᠪᠢᠯᠦᠨ᠎ᠡ᠃ ᠲᠤᠪᠤᠭᠤᠷ ᠬᠤᠶᠠᠷ ᠭᠦᠭᠦ  ᠶᠢᠨ ᠲᠤᠮᠳᠠ ᠪᠢ ᠲᠡᠶᠢᠮᠦ ᠯᠡ ᠨᠢᠬᠡᠨ ᠦᠪ ᠦᠴᠦᠬᠡᠨ᠂ ᠵᠢᠪ ᠵᠢᠭᠠᠬᠠᠨ ᠠᠮᠢᠳᠠᠨ ᠪᠠᠶᠢᠪᠠ᠃ ᠬᠢᠮᠤᠰᠤᠨ ᠲᠤᠯᠢᠨ ᠤ ᠬᠢᠷᠢ᠂ ᠡᠰᠡᠬᠦᠯ᠎ᠡ ᠨᠢᠬᠡᠨ ᠲᠤᠰᠤᠯ ᠤᠰᠤ ᠪᠤᠶᠤ ᠤᠰᠤᠨ ᠤ ᠮᠤᠯᠧᠺᠦ᠋ᠯ ᠰᠢᠭ᠋ ᠲᠡᠶᠢᠮᠦ ᠵᠢᠪ ᠵᠢᠵᠢᠭᠭᠡᠨ᠂ ᠠᠯᠢ ᠡᠰᠡᠭᠦᠯ᠎ᠡ ᠨᠢᠬᠡᠨ ᠦᠯᠦ ᠦᠵᠡᠭᠳᠡᠭᠰᠢ ᠤᠷᠤᠰᠢᠬᠤᠢ ᠮᠡᠳᠦ ᠪᠢ᠂ ᠡᠮᠡᠭᠡ ᠶᠢᠨ ᠢᠶᠠᠨ ᠭᠦᠭᠦᠨ ᠠᠴᠠ ᠢᠪᠢᠯᠦᠨ ᠤᠷᠤᠰᠬᠤ ᠠᠷᠢᠭᠤᠨ ᠴᠠᠭᠠᠨ ᠰᠦ ᠶᠢ ᠠᠮᠳᠠᠷᠬᠠᠨ ᠠᠮᠳᠠᠷᠬᠠᠨ ᠭᠦᠭᠦᠨ᠎ᠡ᠃ ᠦᠵᠡᠵᠦ ᠬᠠᠷᠠᠬᠤ ᠶᠢᠨ ᠠᠮᠵᠢᠯ ᠦᠬᠡᠢ ᠡᠮᠡᠭᠡ ᠶᠢᠨ ᠭᠦᠭᠦᠨ ᠰᠦ ᠤᠷᠤᠰᠤᠨ ᠤᠷᠤᠰᠤᠬᠰᠠᠭᠠᠷ ᠴᠠᠪ ᠴᠠᠭᠠᠨ ᠰᠦᠨ ᠭᠤᠤᠯ ᠪᠤᠯᠤᠨ ᠦᠶᠡᠷᠯᠡᠵᠦ᠂ ᠰᠦᠨ ᠭᠤᠤᠯ ᠤᠨ ᠬᠤᠶᠠᠷ ᠬᠠᠵᠠᠭᠤ ᠪᠠᠷ ᠬᠢ ᠡᠪᠡᠰᠦ ᠨᠤᠭᠤᠭ᠎ᠠ ᠲᠠᠰᠤᠷᠠᠯ ᠦᠬᠡᠢ ᠭᠦᠪᠦᠷᠡᠨ ᠲᠦᠯᠵᠢᠵᠦ᠂ ᠲᠡᠷᠡ ᠭᠤᠤᠯ ᠬᠢᠵᠠᠭᠠᠷ ᠦᠬᠡᠢ ᠨᠡᠯᠦᠬᠡᠷ ᠶᠡᠭᠡ ᠰᠦᠨ ᠲᠠᠯᠠᠢ ᠤᠷᠤᠭᠤ ᠰᠦᠷ ᠭᠦᠴᠦᠳᠦ ᠴᠢᠳᠬᠤᠯᠠᠩ ᠪᠤᠯᠤᠨ ᠤᠷᠤᠰᠤᠨ᠎ᠠ ᠁  ᠡᠮᠡᠭᠡ ᠮᠢᠨᠢ ᠠᠮᠤᠷᠯᠢᠩᠭᠤᠢ ᠲᠠᠶᠢᠪᠤᠭᠤᠨ ᠢᠶᠠᠷ ᠲᠡᠨᠳᠡ ᠪᠠᠨ ᠨᠠᠯᠠᠶᠢᠨ ᠭᠡᠪᠳᠡᠭᠡᠳ ᠶᠠᠭᠤ ᠴᠦ ᠦᠯᠦ ᠦᠭᠦᠯᠡᠨ᠎ᠡ᠃ ᠡᠬᠡᠬᠡ ᠯᠡ ᠭᠠᠵᠠᠷ ᠡᠬᠡ ᠮᠡᠳᠦ ᠨᠠᠮ ᠭᠦᠮᠬᠡᠨ  ᠁ᠰᠡᠷᠡᠪᠡ᠃                ᠲᠤᠯᠢ ᠡᠰᠡᠷᠬᠦᠯᠡᠨ ᠦᠰᠦ ᠵᠢᠰᠦ ᠪᠠᠨ ᠤᠬᠢᠶᠠᠨ ᠴᠢᠮᠡᠵᠦ ᠪᠠᠶᠢᠳᠠᠯ᠎ᠠ ︽ᠪᠢ ᠬᠠᠳᠤᠨ ᠰᠦᠨᠡᠰᠦ︾ ᠭᠡᠵᠦ ᠰᠡᠷ ᠬᠢᠳᠡᠯ᠎ᠡ ᠤᠩᠭᠤᠳ ᠪᠠᠭᠤᠨ᠂ ︽ᠲᠡᠭᠷᠢ ᠡᠰᠢ ᠲᠠᠢ ᠲᠤᠷᠭᠠᠨ ᠬᠡᠪᠡᠯᠢ ᠳᠤ ᠮᠢᠨᠢ ᠨᠠᠷᠠᠨ ᠰᠠᠷᠠᠨ ᠰᠢᠩᠬᠡᠵᠦ᠂ ᠲᠡᠮᠦᠷ ᠭᠦᠢᠰᠦᠳᠦ ᠲᠠᠰᠤᠷᠬᠠᠢ ᠪᠠᠭᠠᠳᠤᠷᠴᠤᠳ ᠲᠦᠷᠦᠯ ᠠᠷᠠᠯᠵᠢᠨ ᠮᠡᠨᠳᠦᠯᠡᠪᠡ ᠁︾ ᠬᠡᠮᠡᠭᠦ ᠬᠤᠶᠠᠷ ᠮᠦᠷᠳᠦ ᠲᠠᠷᠢᠬᠢᠨ ᠳᠤ ᠬᠢᠯᠠᠰᠬᠢᠨ ᠪᠠᠭᠤᠵᠤ᠂ ᠲᠠᠷᠠᠭ᠎ᠠ ᠲᠠᠷᠠᠭᠠᠯᠠᠨ ᠵᠤᠬᠰᠤᠭ᠎ᠠ ᠵᠢᠯᠤᠭᠤ ᠦᠬᠡᠢ ᠤᠯᠠᠨ ᠮᠦᠷ ᠪᠠᠳᠠᠭ ᠤᠳ ᠪᠤᠯᠠᠭ ᠤᠨ ᠤᠰᠤᠨ ᠮᠡᠳᠦ ᠬᠤᠷᠢᠬᠯᠠᠬᠳᠠᠰᠢ ᠦᠬᠡᠢ ᠪᠠᠷ ᠤᠷᠬᠢᠯᠤᠨ ᠤᠨᠳᠤᠷᠪᠠ᠃ ᠪᠢ ᠶᠠᠭᠠᠷᠠᠨ ᠪᠢᠷ ᠴᠠᠭᠠᠰᠦ ᠨᠡᠶᠢᠯᠡᠭᠦᠯᠦᠨ ᠲᠡᠳᠡᠭᠡᠷ ᠡᠬᠢ ᠵᠠᠬ᠎ᠠ ᠨᠢ ᠤᠯᠳᠠᠬᠳᠠᠬᠤ ᠦᠬᠡᠢ ᠤᠯᠠᠨ ᠮᠦᠷ ᠪᠠᠳᠠᠭ ᠢ ᠠᠯᠢ ᠪᠤᠯᠤᠮᠵᠢᠳᠠᠢ ᠪᠠᠷ ᠨᠢ ᠴᠢᠳᠠᠨ ᠶᠠᠳᠠᠨ ᠪᠠᠭᠤᠯᠭᠠᠬᠰᠠᠭᠠᠷ᠂ ᠬᠠᠭᠠᠰ ᠡᠳᠦᠷ ᠲᠤ ᠨᠡᠶᠢᠳᠡ ᠲᠤᠯᠤᠭᠠᠨ ᠪᠠᠳᠠᠭ ︽ᠬᠠᠳᠤᠨ ᠰᠢᠯᠦᠭ︾ ᠤᠷᠭᠤᠭᠤᠯᠪᠠ᠃ ᠰᠤᠨᠢᠨ ᠶᠤᠮ ᠳ᠋ᠠ᠂ ᠶᠠᠭᠤᠨ ᠤ ᠤᠴᠢᠷ ᠠᠴᠠ ᠡᠳᠡᠭᠡᠷ ᠬᠠᠳᠤᠨ ᠲᠡᠭᠡᠳᠦ ᠡᠭᠡᠴᠤᠤᠯ ᠪᠦᠷ ᠲᠤᠯᠤᠭᠠᠨ ᠮᠦᠷ ᠢᠶᠠᠷ ᠱᠠᠳᠯᠠᠨ ᠡᠩᠨᠡᠷᠡᠭᠦ ᠶᠤᠮ︖ ᠡᠨᠡ ᠭᠦ ᠱᠠᠳ ᠮᠦᠷ ᠢ ᠪᠢ ᠦᠭᠡᠷᠡᠴᠢᠯᠡᠵᠦ ᠡᠰᠡ ᠴᠢᠳᠠᠨᠠᠮ᠃ ᠦᠳᠡ ᠶᠢᠨ ᠬᠤᠶᠢᠨ᠎ᠠ ᠨᠢ ᠪᠠᠰᠠ ᠲᠤᠯᠤᠭᠠᠨ ᠪᠠᠳᠠᠭ  ︽ᠬᠠᠳᠤᠨ ᠰᠢᠯᠦᠭ︾ ᠨᠡᠮᠡᠭᠳᠡᠯ᠎ᠡ᠃ ᠲᠡᠭᠦᠨ ᠤ ᠲᠠᠷᠠᠭᠠᠴᠢ ᠶᠢᠨ ᠡᠳᠦᠷ ᠤᠳ ᠲᠤ ︽ᠬᠠᠳᠤᠨ ᠰᠢᠯᠦᠭ︾ ᠲᠦᠷᠦᠨ ᠲᠦᠷᠦᠵᠦ ᠠᠮᠢᠯᠠᠨ ᠠᠮᠢᠯᠠᠬᠰᠠᠭᠠᠷ ᠪᠠᠶᠢᠪᠠ᠃ ᠮᠠᠨ ᠤ ᠮᠤᠩᠭᠤᠯ ᠤᠨ ᠬᠠᠭᠠᠳ ᠭᠤᠴᠢᠨ ᠲᠤᠯᠤᠭᠠᠨ ᠦᠶ᠎ᠡ ᠲᠦᠷᠦ ᠪᠠᠷᠢᠬᠰᠠᠨ ᠶᠤᠮ᠂ ᠪᠢ ᠭᠤᠴᠢᠨ ᠲᠤᠯᠤᠭᠠᠨ ᠬᠠᠳᠤᠨ ᠢ ᠠᠮᠢᠯᠠᠭᠤᠯᠪᠠᠯ ᠪᠤᠯᠴᠢᠬᠠᠨ᠎ᠠ ᠬᠡᠵᠦ ᠲᠤᠳᠤᠷ᠎ᠠ ᠪᠠᠨ ᠪᠤᠳᠤᠵᠤ ᠪᠠᠶᠢᠬᠰᠠᠨ ᠮᠠᠨᠢ ᠬᠡᠨ ᠮᠡᠳᠡᠵᠢᠮ᠂ ᠡᠳᠡᠭᠡᠷ ᠬᠠᠳᠤᠳ ᠭᠤᠴᠢᠨ ᠲᠤᠯᠤᠭ᠎ᠠ ᠪᠠᠷ ᠯᠡ ᠲᠡᠭᠦᠰᠭᠦ ᠪᠢᠰᠢ᠃ ︽ᠪᠢ ᠬᠠᠳᠤᠨ ᠰᠦᠨᠡᠰᠦ︾ ᠬᠡᠮᠡᠭᠦ ᠭᠠᠷᠴᠠᠭ  ᠤᠨ ᠲᠤᠤᠷ᠎ᠠ ᠲᠡᠳᠡᠭᠡᠷ ᠲᠤᠤᠯᠢ ᠶᠢᠨ ᠬᠠᠳᠤᠳ᠂ ᠲᠤᠮᠤᠭ ᠤᠨ ᠬᠠᠳᠤᠳ᠂ ᠲᠡᠤᠭᠡ ᠶᠢᠨ ᠬᠠᠳᠤᠳ ᠮᠠᠨᠢ ᠲᠤᠯᠤᠭᠠᠨ ᠮᠦᠷᠳᠦ ᠶᠢᠨ ᠬᠡᠯᠪᠡᠷᠢ ᠪᠠᠷ ᠠᠮᠢᠯᠠᠵᠤ ᠪᠠᠶᠢᠬᠰᠠᠨ ᠡᠳᠦᠷ ᠤᠳ ᠲᠤ ᠪᠢ ᠪᠠᠷᠤᠭ ᠭᠠᠯᠵᠠᠭᠤᠷᠠᠵᠤ ᠰᠤᠯᠢᠶᠠᠷᠠᠬᠤ ᠶᠢᠨ ᠨᠠᠭᠠᠭᠤᠷ ᠪᠤᠯᠵᠤ᠂ ᠡᠳᠦᠷ ᠴᠦ ᠰᠦᠨᠢ ᠴᠦ ᠨᠤᠶᠢᠷ ᠬᠤᠭᠤᠯᠠ ᠪᠠᠨ ᠤᠮᠳᠤᠭᠠᠶᠢᠯᠠᠨ᠂ ᠬᠠᠶᠠ ᠨᠢᠬᠡ ᠨᠢᠳᠦ ᠲᠤᠬᠬᠢᠭᠠᠳ ᠠᠪᠬᠤ ᠶᠢᠨ ᠬᠤᠭᠤᠷᠤᠨᠳᠦ ᠮᠠᠰᠢ ᠰᠤᠨᠢᠷᠬᠠᠯᠳᠠᠢ ᠵᠡᠭᠦᠳᠦ ᠰᠤᠪᠢᠩ ᠪᠠᠭᠤᠬᠤ ᠶᠤᠮ ᠪᠢᠯᠡ᠃ᠠᠷᠪᠠᠭᠠᠳ ᠬᠠᠳ᠋ᠳ ᠢ ᠠᠮᠢᠯᠠᠭᠤᠯᠤᠬᠰᠠᠨ ᠠᠩᠬᠠᠨ ᠤ ᠲᠡᠷᠡ ᠨᠢᠬᠡᠨ ᠰᠦᠨᠢ᠂ ᠪᠤᠳᠤᠩ ᠤᠨ ᠠᠮᠠᠰᠠᠷ ᠠᠴᠠ ᠮᠤᠩᠭᠤᠯ ᠬᠠᠳᠤᠳ ᠦᠰᠦᠷᠦᠭᠡᠳ ᠦᠰᠦᠷᠦᠭᠡᠳ ᠭᠠᠷᠴᠦ ᠪᠠᠶᠢᠨ᠎ᠠ ᠬᠡᠮᠡᠨ ᠵᠡᠭᠦᠳᠦᠯᠡᠪᠡ᠃ ᠵᠢᠵᠢᠭ ᠵᠢᠵᠢᠭᠭᠡᠨ ᠮᠦᠩᠬᠦᠨ ᠦᠩᠭᠡᠳᠡᠢ ᠭᠦᠢᠯᠡᠰᠦᠨ ᠬᠤᠸᠠᠷ ᠰᠢᠬᠢᠳᠭᠡᠭᠳᠡᠭᠰᠡᠨ ᠲᠤᠮᠤᠬᠠᠨ ᠭᠡᠭᠴᠢ ᠶᠢᠨ ᠭᠦᠭᠡ ᠱᠠᠭᠠᠵᠠᠩ ᠪᠤᠳᠤᠩ᠂ ᠡᠨᠡ ᠪᠤᠳᠤᠩ ᠮᠢᠨᠦ ᠵᠡᠭᠦᠳᠦᠨ ᠳᠤ ᠮᠠᠰᠢ ᠤᠯᠠᠨ ᠤᠳᠠᠭ᠎ᠠ ᠢᠯᠡᠷᠡᠭᠰᠡᠨ ᠯᠡ ᠳ᠋ᠠ᠃ ᠬᠠᠮᠢᠭ᠎ᠠ ᠠᠴᠠ ᠴᠦ ᠪᠤᠢ᠂ ᠨᠢᠬᠡᠨ ᠵᠡᠷᠭᠡ ᠰᠠᠯᠬᠢ ᠰᠡᠪᠡᠯᠵᠡᠭᠰᠡᠨ ᠢᠶᠠᠨ ᠠᠯᠤᠰ ᠤᠬᠳᠠᠷᠭᠤᠢ ᠠᠴᠠ ᠴᠠᠪ ᠴᠠᠭᠠᠬᠠᠨ ᠰᠠᠬᠠᠯ ᠬᠤᠤᠰᠠ ᠲᠠᠢ᠂ ᠴᠠᠪ ᠴᠠᠭᠠᠬᠠᠨ ᠤᠷᠳᠦ ᠤᠷᠬᠢᠮᠵᠢ ᠨᠠᠮᠢᠷᠠᠭᠤᠯᠤᠬᠰᠠᠨ ᠦᠳᠡᠭᠦᠰ ᠪᠤᠭᠤᠷᠤᠯ ᠨᠠᠮᠢᠯᠵᠠᠬᠰᠠᠭᠠᠷ ᠭᠦᠷᠴᠦ ᠢᠷᠡᠭᠡᠳ ᠮᠢᠨᠦ ᠪᠠᠷᠠᠭᠤᠨ ᠠᠯᠠᠭᠠᠨ ᠲᠡᠭᠡᠷ᠎ᠡ ᠤᠷᠳᠦ ᠲᠦᠷᠪᠡᠯᠵᠢᠨ ᠭᠡᠯᠪᠡᠷᠢᠳᠡᠢ ᠪᠤᠷᠤ ᠦᠩᠬᠡ ᠶᠢᠨ ᠦᠷᠢᠯ ᠢ ᠲᠠᠯᠪᠢᠵᠦ ᠦᠭᠭᠦᠮᠡᠭᠴᠡ ᠠᠯᠠᠭ᠎ᠠ ᠪᠤᠯᠵᠠᠢ᠃ ᠶᠠᠭᠤ ᠪᠤᠯᠪᠠ᠂ ᠡᠨᠡ ᠴᠢᠨᠢ ᠤᠳᠤ ᠶᠠᠭᠤᠨ ᠤ ᠦᠨᠦᠷ ᠪᠤᠢ︖ ᠠᠷᠴᠠ ᠽᠠᠨᠳᠠᠨ  ᠤ ᠦᠨᠦᠷ ᠶᠤᠮ ᠦᠦ ᠬᠡᠬᠦ ᠳᠤ ᠠᠷᠠᠢ ᠪᠢᠰᠢ ᠰᠢᠭ᠂ ᠭᠦᠳᠡᠷᠢ ᠵᠠᠭᠠᠷ ᠤᠨ ᠦᠨᠦᠷ ᠶᠤᠮ ᠦᠦ ᠭᠡᠭᠦ ᠳᠤ ᠪᠠᠰᠠ ᠴᠦ ᠠᠳᠠᠯᠢ ᠦᠬᠡᠢ᠂ ᠠᠯᠢ ᠡᠰᠡᠬᠦᠯ᠎ᠡ ᠤᠯᠠᠨ ᠵᠢᠯ ᠤᠨ ᠭᠦᠷᠦᠩᠬᠡ ᠶᠢᠨ ᠦᠨᠦᠷ ᠴᠦ ᠶᠤᠮ ᠦᠦ ᠭᠡᠮᠡᠨ ᠮᠡᠭᠡᠶᠢᠷᠡᠵᠦ ᠠᠳᠠᠯ᠎ᠠ ᠮᠠᠰᠢᠳᠠ ᠲᠠᠨᠢᠯᠬᠠᠨ ᠡᠨᠡ ᠪᠤᠳᠤᠩ ᠤᠨ ᠠᠮᠠᠰᠠᠷ ᠨᠢ ᠬᠡᠨᠡᠳᠳᠡ ᠰᠤᠯᠠᠷᠠᠨ ᠨᠡᠭᠡᠭᠡᠭᠳᠡᠵᠡᠢ᠃ ᠪᠤᠳᠤᠩ ᠤᠨ ᠠᠮᠠᠰᠠᠷ ᠠᠴᠠ ︽ᠠᠯᠤᠩᠭᠤᠸ᠎ᠠ︾᠂ ︽ᠪᠦᠷᠳᠠ︾᠂ ︽ᠠᠭᠠᠢ︾᠂ ︽ᠠᠶᠠᠷᠤᠭ︾ ᠭᠡᠳ ᠠᠮᠢᠯᠠᠬᠰᠠᠨ ᠬᠠᠳᠤᠳ  ᠤᠨ ᠨᠡᠷ᠎ᠡ ᠦᠰᠦᠷᠦᠭᠡᠳ ᠦᠰᠦᠷᠦᠭᠡᠳ ᠭᠠᠷᠤᠨ᠎ᠠ᠃ ᠨᠢᠬᠡ ᠬᠠᠳᠤᠨ ᠦᠰᠦᠷᠦᠭᠡᠳ ᠭᠠᠷᠬᠤ ᠶᠢᠨ ᠪᠦᠷᠢ ᠪᠤᠳᠤᠩ  ᠤᠨ ᠠᠮᠠᠰᠠᠷ ᠤᠪᠤᠰ ᠤᠪᠤᠰᠬᠢᠨ ᠭᠦᠳᠡᠯᠦᠨ᠎ᠡ᠃ ᠲᠡᠳᠡᠭᠡᠷ ᠬᠠᠳᠤᠳ ᠤᠨ ᠨᠡᠷ᠎ᠡ ᠪᠤᠳᠤᠩ ᠤᠨ ᠠᠮᠠᠰᠠᠷ ᠠᠴᠠ ᠦᠰᠦᠷᠦᠨ ᠭᠠᠷᠤᠩᠭᠤᠳᠠ ᠪᠠᠨ ︽ᠪᠢ ᠬᠠᠳᠤᠨ ᠰᠦᠨᠡᠰᠦ︾ ᠬᠡᠮᠡᠬᠦ ᠤᠷᠠᠯᠢᠭ ᠦᠰᠦᠭ ᠤᠨ ᠭᠡᠯᠪᠡᠷᠢ ᠳᠤ ᠬᠤᠪᠢᠯᠤᠨ᠂ ︽ᠪᠢ︾ ᠭᠡᠳᠡᠭ ᠨᠢ ᠪᠤᠬᠳᠤᠭᠤ ᠮᠠᠯᠠᠭᠠᠢ ᠰᠢᠭ᠋᠂ ︽ᠬᠠᠳᠤᠨ︾ ᠦᠰᠦᠭ ᠨᠢ ᠭᠤᠤᠯ ᠪᠡᠶ᠎ᠡ᠂ ︽ᠰᠦᠨᠡᠰᠦ︾ ᠦᠰᠦᠭ ᠨᠢ ᠤᠷᠳᠤ ᠬᠤᠷᠮᠤᠶᠢᠳᠦ ᠭᠤᠶᠤ ᠲᠡᠷᠯᠢᠭ ᠰᠢᠤᠬᠠᠨ ᠪᠤᠯᠤᠭᠠᠳ ᠡᠭᠡᠭᠡ ᠯᠡ ᠦᠨᠳᠦᠷ ᠪᠤᠬᠳᠤᠭᠤ ᠮᠠᠯᠠᠭᠠᠢ ᠲᠠᠢ᠂ ᠡᠷᠬᠢᠮᠰᠦᠭ  ᠰᠠᠶᠢᠬᠠᠨ ᠲᠡᠷᠯᠢᠭᠳᠦ ᠡᠷᠳᠡᠨ ᠤ ᠮᠤᠩᠭᠤᠯ ᠬᠠᠳᠤᠳ᠂ ᠬᠤᠶᠠᠷ ᠭᠠᠷ ᠢᠶᠠᠨ ᠡᠮᠦᠨ᠎ᠡ ᠪᠠᠨ ᠰᠤᠯᠢᠪᠴᠢᠭᠤᠯᠤᠨ ᠲᠠᠯᠪᠢᠭᠠᠳ ᠶᠡᠭᠡᠮᠰᠦᠭ᠂ ᠭᠤᠶᠤᠮᠰᠤᠭ᠂ ᠨᠠᠮᠪᠠᠯᠢᠭ ᠢᠶᠠᠷ ᠨᠠᠮᠤᠰ ᠨᠠᠮᠤᠰᠬᠢᠨ ᠠᠯᠬᠤᠯᠠᠵᠤ ᠪᠠᠶᠢᠭ᠎ᠠ ᠨᠢ ᠬᠤᠤᠰ ᠦᠬᠡᠢ ᠦᠵᠡᠰᠭᠦᠯᠡᠩ ᠬᠠᠷᠠᠬᠳᠠᠨ᠎ᠠ᠃ ᠴᠤᠬᠤᠮ ᠭᠦ ᠪᠤᠳᠤᠩ ᠲᠤᠳᠤᠷ᠎ᠠ ᠠᠴᠠ ᠦᠰᠦᠷᠦᠭᠡᠳ ᠭᠠᠷᠤᠭᠰᠠᠨ ᠲᠡᠳᠡᠭᠡᠷ ᠦᠰᠦᠭ ᠤᠳ ᠠᠮᠢᠯᠠᠭᠠᠳ ᠪᠠᠶᠢᠭ᠎ᠠ ᠶᠤᠮ ᠦᠦ᠂ ᠤᠳᠤ ᠪᠤᠯᠵᠤ ᠬᠢᠯᠠᠯᠵᠠᠬᠰᠠᠨ ᠲᠡᠤᠭᠡᠨ ᠮᠤᠩᠭᠤᠯ ᠬᠠᠳᠤᠳ ᠠᠮᠢᠯᠠᠨ ᠰᠡᠷᠡᠴᠢᠬᠡᠭᠡᠳ ᠠᠯᠬᠤᠭᠠᠳ ᠢᠷᠡᠭᠡ ᠴᠦ ᠶᠤᠮ ᠦᠦ ᠭᠡᠳᠡᠭ ᠨᠢ ᠦᠯᠦ ᠮᠡᠳᠡᠭᠳᠡᠨ᠎ᠡ᠃ ᠦᠬᠡᠢ ᠶᠡᠷᠦ ᠨᠢ ᠡᠨᠡ ᠬᠠᠷᠢᠨ ᠶᠠᠮᠠᠷ ᠰᠢᠤᠬᠠᠨ ᠪᠤᠳᠤᠩ ᠪᠤᠯᠴᠢᠬᠠᠭᠠᠳ ᠡᠶᠢᠨ ᠭᠦ ᠶᠡᠭᠡ ᠷᠢᠳᠢ ᠰᠢᠳᠢ  ᠲᠠᠢ ᠪᠤᠯ ᠭᠡᠳ ᠪᠤᠳᠤᠩ ᠤᠷᠤᠭᠤ ᠦᠩᠭᠡᠶᠢᠭᠰᠡᠨ ᠴᠢᠨᠢ ᠁ ᠲᠡᠭᠡᠭᠡᠳ ᠶᠠᠭᠤ ᠬᠠᠷᠠᠬᠳᠠᠬᠰᠠᠨ ᠭᠡᠵᠦ ᠰᠠᠨᠠᠨ᠎ᠠ︖ ᠦᠬᠢᠨ ᠲᠡᠭᠷᠢ ᠮᠢᠨᠢ ᠡ︕ ᠪᠤᠳᠤᠩ ᠤᠨ ᠢᠷᠤᠭᠠᠷ ᠲᠤ ᠨᠤᠪ ᠨᠤᠭᠤᠭᠠᠨ ᠦᠩᠭᠡᠳᠡᠢ ᠤᠰᠤᠨ ᠲᠤᠳᠤᠷ᠎ᠠ ᠬᠠᠷ᠎ᠠ ᠴᠠᠭᠠᠨ ᠦᠩᠭᠡᠳᠡᠢ ᠬᠤᠶᠠᠷ ᠵᠢᠵᠢᠭᠭᠡᠨ ᠵᠢᠭᠠᠰᠦ ᠲᠤᠯᠤᠭᠠᠢ ᠰᠡᠭᠦᠯ ᠢᠶᠠᠨ ᠰᠤᠯᠢᠪᠴᠢᠭᠤᠯᠤᠨ ᠴᠡᠩᠭᠡᠯᠳᠦᠨ ᠢᠷᠭᠠᠯᠠᠵᠤ ᠪᠠᠶᠢᠯ᠎ᠠ ᠁ ᠡᠨᠡ ᠭᠦ ᠵᠡᠭᠦᠳᠦᠨ ᠤ ᠲᠠᠷᠠᠭ᠎ᠠ ︽ᠤᠳᠠᠭᠠᠨ ᠪᠦᠷᠢᠭᠰᠡᠨ ᠰᠡᠳᠬᠢᠯ ᠤᠨ ᠪᠤᠳᠤᠩ ᠤᠨ ᠪᠢᠳᠡᠬᠦᠦ ᠬᠤᠶᠠᠭ ᠢ ᠢᠷᠠᠭᠠᠳ᠂ ᠤᠳᠤᠯᠭ᠎ᠠ ᠰᠠᠩ ᠠᠷᠢᠭᠤᠨ ᠭᠦᠵᠢᠰ ᠢ ᠦᠷᠦᠬᠡ ᠲᠦᠭᠦᠡᠩ  ᠬᠠᠩᠬᠤᠯᠠᠭᠤᠯᠵᠤ᠂ ᠪᠡᠭᠡᠰ ᠤᠨ ᠦᠨᠦᠷ  ᠲᠠᠢ ᠪᠢᠰᠢᠯᠭᠠᠯ ᠤᠨ ᠰᠦᠷᠴᠢᠭ ᠢᠶᠠᠷ ᠠᠷᠢᠭᠤᠯᠤᠨ ᠠᠷᠢᠭᠤᠯᠤᠨ ᠰᠢᠪᠰᠢᠭᠦᠶ᠎ᠡ᠂ ᠪᠤᠷᠬᠠᠨ ᠤ ᠠᠮᠢᠰᠬᠤᠯᠳᠦ ᠪᠤᠳᠢ ᠬᠠᠯᠳᠤᠨ ᠤ ᠨᠠᠮᠠᠭᠠᠨ᠎ᠠ ᠰᠢᠨᠡᠬᠡᠨ ᠨᠠᠬᠢᠶ᠎ᠠ ᠴᠤᠬᠤᠶᠢᠨᠠᠮ ᠁︾ ᠭᠡᠭᠦ ᠮᠡᠳᠦ ᠶᠢᠨ ᠮᠦᠷ ᠪᠠᠳᠠᠭ ᠤᠳ  ᠠᠶᠠᠨᠳᠠᠭᠠᠨ ᠤᠷᠭᠤᠭᠠᠳ ᠭᠠᠷᠤᠬᠰᠠᠨ ᠶᠤᠮ᠃ ᠮᠤᠩᠭᠤᠯ ᠬᠠᠳᠤᠳ ᠨᠠᠶᠢᠷᠠᠭ ᠤᠨ ᠭᠡᠯᠪᠡᠷᠢ ᠪᠠᠷ ᠠᠮᠢᠯᠠᠵᠤ ᠪᠠᠶᠢᠬᠰᠠᠨ ᠠᠩᠬᠠᠨ ᠤ ᠡᠳᠦᠷ ᠤᠳ ᠲᠤ ᠪᠢ ᠭᠤᠷᠪᠠ ᠤᠳᠠᠭ᠎ᠠ ᠮᠠᠴᠠᠭ ᠪᠠᠷᠢᠵᠠᠢ᠃ ᠭᠤᠷᠪᠠᠳᠠᠬᠢ ᠤᠳᠠᠭᠠᠨ ᠤ ᠮᠠᠴᠠᠭ ᠤᠨ ᠰᠦᠨᠢ ᠪᠢ ᠨᠢᠬᠡᠨ ᠴᠤᠮᠤ ᠨᠢᠮᠪᠡᠭᠡ ᠶᠢᠨ ᠰᠢᠭᠦᠰᠦ ᠲᠠᠢ ᠤᠮᠳᠠᠭ᠎ᠠ ᠤᠤᠭᠤᠭᠠᠳ ᠤᠨᠳᠠᠯ᠎ᠠ᠃ ᠮᠠᠴᠠᠭ ᠪᠠᠷᠢᠨ᠎ᠠ ᠭᠡᠭᠴᠢ ᠶᠠᠭᠤᠳᠠᠢ ᠰᠠᠶᠢᠬᠠᠨ ᠪᠤᠢ᠂ ᠲᠠᠷᠢᠬᠢ ᠲᠤᠯᠤᠭᠠᠢ ᠰᠡᠷᠭᠡᠭᠵᠢᠬᠡᠳ ᠦᠬᠡᠷ᠎ᠡ ᠨᠢᠬᠡᠨ ᠰᠢᠨ᠎ᠡ ᠠᠮᠢ ᠨᠠᠰᠦ ᠶᠢ ᠡᠬᠢᠯᠡᠬᠦᠯᠵᠦ᠂ ᠤᠬᠠᠭᠠᠨ ᠰᠠᠨᠠᠭ᠎ᠠ ᠪᠤᠯᠤᠨ ᠵᠤᠷᠢᠭ ᠭᠦᠴᠦᠨ ᠢᠶᠠᠷ ᠢᠶᠠᠨ ᠦᠪᠡᠷ ᠢ ᠪᠠᠨ ᠲᠠᠶᠢᠴᠢᠯᠠᠨ ᠴᠡᠭᠴᠡᠯᠡᠬᠦ ᠭᠡᠭᠴᠢ ᠶᠠᠮᠠᠷᠬᠠᠨ ᠭᠤᠶᠤ ᠮᠡᠳᠡᠷᠡᠮᠵᠢ ᠰᠠᠨ ᠪᠢᠯᠡ︕2018 ᠤᠨ ᠤ 11 ᠰᠠᠷ᠎ᠠ ᠶᠢᠨ 1 ᠤ ᠡᠳᠦᠷ ᠠᠴᠠ ᠡᠬᠢᠯᠡᠭᠦᠯᠦᠭᠰᠡᠨ ᠬᠠᠳᠤᠨ ᠰᠢᠯᠦᠭ ᠤᠳ ᠮᠠᠨᠢ᠂ 11 ᠰᠠᠷ᠎ᠠ  ᠶᠢᠨ 21 ᠤ ᠡᠳᠦᠷ  ᠪᠤᠯᠬᠤᠶ᠎ᠠ᠂ ᠬᠤᠷᠢᠨ ᠨᠢᠬᠡᠨ ᠡᠳᠦᠷ ᠤᠨ ᠲᠤᠳᠤᠷ᠎ᠠ ᠨᠡᠶᠢᠳᠡ ᠲᠦᠴᠢ ᠶᠢᠰᠦᠨ ᠪᠠᠳᠠᠭ ︽ᠬᠠᠳᠤᠨ ᠰᠢᠯᠦᠭ︾ ᠤᠷᠭᠤᠪᠠ᠃ ᠲᠦᠴᠢ ᠶᠢᠰᠦᠳᠦᠬᠡᠷ ᠬᠠᠳᠤᠨ ᠢ ᠠᠮᠢᠯᠠᠭᠤᠯᠵᠤ ᠪᠠᠷᠠᠬᠰᠠᠨ ᠤ ᠲᠠᠷᠠᠭ᠎ᠠ ᠪᠢ ᠨᠢᠬᠡᠨᠳᠡ ᠪᠡᠶ᠎ᠡ ᠰᠡᠳᠬᠢᠯ ᠲᠦᠢᠯ ᠢᠶᠠᠷ ᠶᠠᠳᠠᠷᠠᠬᠰᠠᠨ ᠢᠶᠠᠨ ᠭᠡᠨᠡᠳᠳᠡ ᠤᠬᠠᠮᠰᠠᠷᠯᠠᠪᠠᠢ  ᠃ ᠪᠦᠬᠦ ᠪᠡᠶ᠎ᠡ ᠶᠢᠨ ᠠᠷᠠᠭ ᠶᠠᠰᠦ ᠰᠠᠯᠵᠤ ᠪᠡᠷᠳᠡᠭᠦ ᠰᠢᠤᠬᠠᠨ ᠡᠮᠵᠡᠭᠯᠡᠨ ᠡᠪᠡᠳᠴᠦ᠂ ᠰᠦᠨᠢᠵᠢᠨ ᠤᠨᠳᠠᠵᠤ ᠲᠡᠶᠢᠯᠬᠦ ᠦᠬᠡᠢ ᠰᠤᠴᠢᠭᠠᠳ ᠰᠤᠴᠢᠭᠠᠳ ᠰᠡᠷᠡᠨ᠎ᠡ᠃ ᠨᠤᠶᠢᠷ ᠦᠬᠡᠢ ᠲᠡᠷᠡ ᠨᠢᠬᠡᠨ ᠰᠦᠨᠢ ᠪᠢ ᠠᠰᠠᠷ ᠤᠨ ᠴᠤᠩᠬᠤ ᠪᠠᠷ ᠭᠠᠳᠠᠬᠰᠢ ᠤᠳᠠᠭᠠᠨ ᠪᠠᠷᠠᠯᠠᠵᠤ᠂ ᠲᠤᠯᠤᠭᠠᠨ ᠪᠤᠷᠬᠠᠨ ᠤᠳᠤᠨ ᠳᠤ ᠴᠢᠩ ᠵᠢᠷᠦᠬᠡᠨ ᠠᠴᠠ ᠪᠠᠨ ᠰᠢᠪᠰᠢᠯᠬᠡ ᠰᠢᠪᠰᠢᠨ ᠲᠠᠭᠠᠳᠬᠠᠯ ᠲᠠᠭᠠᠳᠬᠠᠬᠰᠠᠨ ᠤ ᠲᠠᠷᠠᠭ᠎ᠠ᠂ ᠪᠢᠴᠢᠭ ᠤᠨ ᠰᠢᠷᠡᠭᠡᠨ᠎ᠡ ᠰᠠᠭᠤᠭᠠᠳ ︽ᠬᠠᠳᠤᠨ ᠰᠢᠯᠦᠭ︾ ᠤᠨ ᠢᠶᠠᠨ ᠲᠤᠯᠤᠭᠠᠨ ᠮᠦᠷᠳᠦ ᠨᠦᠭᠦᠳ ᠢ ᠦᠪᠡᠷ ᠤᠨ ᠤᠶᠤᠨ ᠪᠤᠳᠤᠯ ᠢᠶᠠᠷ ᠲᠠᠬᠢᠨᠳᠠ ᠴᠡᠭᠴᠡᠯᠡᠭᠡᠳ ᠶᠢᠰᠦᠨ ᠮᠦᠷᠳᠦ ᠨᠦᠭᠦᠳ ᠪᠤᠯᠭᠠᠨ ᠬᠤᠪᠢᠷᠭᠠᠵᠤ᠂ ᠶᠢᠰᠦᠨ ᠪᠠᠳᠠᠭ ᠪᠦᠷᠢ ᠶᠢ ᠨᠢᠬᠡᠨ ᠠᠩᠬᠢ ᠬᠤᠪᠢᠶᠠᠨ ᠵᠢᠬᠰᠠᠭᠠᠵᠤ᠂ ᠶᠢᠰᠦᠨ ᠶᠢᠰᠦ ᠨᠠᠶᠠᠨ ᠨᠢᠬᠡᠨ ᠪᠠᠳᠠᠭ ᠬᠠᠳᠤᠨ ᠰᠢᠯᠦᠭ ᠪᠢᠴᠢᠬᠦ ᠪᠠᠷ ᠲᠤᠳᠤᠷ᠎ᠠ ᠪᠠᠨ ᠲᠦᠰᠦᠪᠯᠡᠨ  ᠰᠢᠢᠳᠴᠦ᠂ ︽ᠬᠠᠳᠤᠨ ᠰᠦᠨᠡᠰᠦ︾ ᠭᠡᠮᠡᠨ ᠭᠠᠷᠴᠠᠬᠯᠠᠭᠠᠳ ᠦᠤᠷ ᠬᠠᠶᠠᠭᠠᠷᠠᠬᠤ ᠶᠢᠨ ᠬᠢᠷᠢ ᠰᠠᠶ᠋ᠢ ᠰᠡᠳᠬᠢᠯ ᠠᠮᠤᠷᠬᠠᠨ ᠨᠤᠶᠢᠷᠰᠤᠪᠠ᠃ ᠨᠢᠳᠦ ᠲᠠᠷᠤᠮᠠᠬᠴᠠ ᠵᠡᠭᠦᠳᠦᠯᠡᠴᠢᠬᠡᠵᠡᠢ᠃ ᠰᠦᠨᠢᠵᠢᠨ ᠢᠶᠠᠨ ᠲᠡᠭᠷᠢ ᠶᠢᠨ ᠬᠡᠤᠭᠡᠳ ᠲᠠᠢ ᠨᠠᠷᠬᠢᠯᠳᠤᠵᠤ ᠬᠤᠨᠤᠯ᠎ᠠ ᠬᠡᠮᠡᠨ ᠵᠡᠭᠦᠳᠦᠯᠡᠭᠰᠡᠨ ᠶᠤᠮ᠃ ᠬᠤᠷᠮᠤᠰᠳᠠ ᠲᠡᠭᠷᠢ ᠶᠢᠨ ᠮᠠᠰᠢ ᠤᠯᠠᠨ ᠭᠦᠪᠡᠭᠦᠳ ᠦᠬᠢᠳ ᠨᠢᠬᠡᠨ ᠬᠠᠮᠳᠤᠪᠠᠷ ᠨᠠᠮᠠᠢᠢ ᠦᠵᠡᠬᠦ ᠪᠠᠷ ᠢᠷᠡᠭᠰᠡᠨ ᠠᠵᠢ᠃ ᠲᠡᠳᠡᠨᠦᠰ ᠤᠨ ᠲᠤᠳᠤᠷ᠎ᠠ ᠠᠴᠠ ᠨᠡᠷᠡᠯᠡᠵᠦ ᠴᠢᠳᠠᠬᠤᠶᠢᠴᠠ ᠭᠡᠳᠦ ᠶᠢ ᠲᠤᠷᠠᠳᠪᠠᠯ ᠬᠤᠷᠮᠤᠰᠳᠠ ᠲᠡᠭᠷᠢ ᠶᠢᠨ ᠬᠤᠪᠢᠯᠭᠠᠨ ᠭᠤᠷᠪᠠᠨ ᠭᠦᠪᠡᠭᠦᠨ ᠲᠡᠭᠦᠰᠴᠤᠬᠳᠦ᠂ ᠠᠮᠢᠨ ᠰᠠᠬᠢᠬᠴᠢ᠂ ᠦᠢᠯᠡ ᠪᠦᠳᠦᠭᠡᠭᠴᠢ ᠨᠠᠷ ᠵᠢᠴᠢ ᠭᠡᠰᠡᠷ ᠪᠤᠬᠳᠠ ᠶᠢᠨ ᠢᠯᠠᠭᠤᠬᠰᠠᠨ ᠭᠤᠷᠪᠠᠨ ᠦᠬᠦᠢ ᠨᠠᠷ ᠪᠠᠶᠢᠯᠴᠠᠪᠠ᠃ ᠮᠠᠰᠢᠳᠠ ᠭᠡᠭᠡᠮᠰᠦᠭ ᠲᠤᠮᠤ ᠤᠷᠳᠤ ᠦᠷᠭᠦᠭᠡᠨ᠎ᠡ ᠲᠡᠳᠡᠨᠦᠰ ᠪᠠᠭᠳᠠ ᠶᠠᠳᠠᠨ ᠴᠢᠬᠢᠯᠳᠦᠵᠦ᠂ ᠦᠷᠭᠦᠭᠡᠨ ᠤ ᠭᠠᠳᠠᠭᠤᠷ ᠠᠭᠤᠯᠠ ᠤᠰᠤᠨ ᠤ ᠡᠵᠡᠳ ᠰᠠᠬᠢᠭᠤᠰᠦ ᠨᠠᠷ ᠪᠠᠶᠢᠯᠴᠠᠨ᠎ᠠ᠃ ᠪᠦᠳᠦᠨ ᠰᠦᠨᠢᠵᠢᠨ ᠢᠶᠠᠨ ᠨᠠᠶᠢᠷᠯᠠᠵᠤ᠂ ᠲᠡᠳᠡᠨᠦᠰ ᠨᠠᠳᠠ ᠳᠤ ᠴᠤᠬᠤᠮ ᠶᠠᠭᠤ ᠶᠠᠭᠤ ᠬᠡᠮᠡᠨ ᠶᠠᠷᠢᠬᠰᠠᠨ ᠢ ᠪᠤᠤ ᠮᠡᠳᠡ︕ ᠦᠤᠷ ᠭᠡᠭᠡᠷᠡᠬᠦ ᠠᠴᠠ ᠡᠮᠦᠨ᠎ᠡ ᠲᠡᠳᠡ ᠪᠤᠴᠠᠪᠠ᠃ ᠲᠡᠭᠷᠢ ᠶᠢᠨ ᠭᠡᠤᠭᠡᠳ  ᠢ ᠮᠤᠷᠳᠠᠭᠤᠯᠵᠤ ᠪᠠᠶᠢᠬᠤ ᠳᠤ ᠬᠠᠵᠠᠭᠤᠳᠠ ᠮᠢᠨᠢ ᠬᠠᠳᠠᠮ ᠡᠵᠢ ᠪᠤᠯᠤᠨ ᠬᠤᠶᠠᠳᠤᠭᠠᠷ ᠠᠪᠠᠭ᠎ᠠ ᠡᠬᠡᠴᠢ ᠨᠠᠮᠠᠢᠢ ᠪᠠᠷᠠᠳᠠᠨ ᠬᠠᠮᠳᠦ ᠪᠠᠶᠢᠬᠰᠠᠨ ᠪᠢᠯᠡ ᠁ ︽ᠠᠯᠢᠪᠠ ᠶᠢ ᠡᠭᠦᠳᠦᠭᠴᠢ ᠬᠠᠨ ᠬᠤᠷᠮᠤᠰᠳᠠ ᠶᠢᠨ ᠵᠠᠷᠯᠢᠭ ᠢᠶᠠᠷ᠂ ᠠᠷᠪᠠᠨ ᠵᠦᠭ ᠤᠨ ᠡᠵᠡᠨ ᠭᠡᠰᠡᠷ ᠮᠡᠷᠭᠡᠨ ᠬᠠᠭᠠᠨ ᠢ ᠲᠦᠷᠦᠭᠦᠯᠦᠭᠰᠡᠨ᠂ ᠠᠮᠤᠷᠵᠢᠯᠠ ᠪᠢ ᠪᠠᠷ ᠬᠠᠳᠤᠨ ᠰᠦᠨᠡᠰᠦ ᠁︾ ᠭᠡᠮᠡᠬᠦ ᠮᠦᠷ ᠪᠠᠳᠠᠭ ᠤᠳ ᠮᠦᠨ ᠲᠡᠷᠡᠤᠬᠡᠨ ᠬᠤᠷᠤᠮ ᠳᠤ ᠤᠷᠭᠤᠬᠰᠠᠨ ᠶᠤᠮ ᠳ᠋ᠠ᠃  ᠶᠡᠷᠦ ᠨᠢ ᠢᠯᠡ ᠤᠷᠤᠰᠢᠬᠴᠢ ᠪᠦᠬᠦᠨ ᠢ ᠲᠠᠯᠳᠠ ᠠᠴᠠ ᠢᠪᠡᠭᠡᠭᠴᠢ ᠭᠦᠴᠦᠨ ᠪᠤᠢ ᠭᠡᠳᠡᠭ ᠢ ᠪᠢ ᠢᠳᠡᠬᠡᠳᠡᠭ ᠶᠤᠮ ᠡ︕ ︽ᠬᠠᠳᠤᠨ ᠰᠢᠯᠦᠭ︾ ᠤᠳ ᠮᠠᠨᠢ ᠶᠢᠰᠦᠨ ᠮᠦᠷᠳᠦ ᠤᠳ ᠪᠤᠯᠤᠨ ᠬᠤᠪᠢᠷᠠᠬᠰᠠᠨ ᠤ ᠲᠠᠷᠠᠭ᠎ᠠ᠂ ᠪᠢ ᠡᠭᠡᠭᠡ ᠯᠡ ᠨᠢᠬᠡᠨ ᠶᠠᠰᠦ ᠰᠠᠯᠵᠤ ᠠᠮᠤᠷᠵᠢᠬᠰᠠᠨ ᠡᠬᠡ ᠭᠦᠮᠦᠨ ᠰᠢᠭ ᠠᠮᠤᠭᠤᠯᠠᠩ ᠲᠠᠶᠢᠪᠤᠭᠤᠬᠠᠨ ᠪᠤᠯᠵᠤ᠂ ᠤᠤᠯ ᠤᠨ ᠬᠢ  ᠪᠠᠨ ᠰᠢᠭ᠋ ᠡᠳᠦᠷ ᠰᠦᠨᠢ ᠢᠯᠭᠠᠯ ᠦᠬᠡᠢ ᠲᠡᠤᠭᠡᠳᠦ ᠬᠠᠳᠤᠳ ᠯᠤᠭ᠎ᠠ ᠨᠤᠤᠷᠠᠯᠳᠤᠬᠤ ᠪᠠᠨ ᠪᠤᠯᠢᠵᠦ᠂ ᠬᠡᠵᠢᠶ᠎ᠡ ᠠᠯᠢ ᠨᠢᠬᠡᠨ ᠬᠠᠮᠤᠭ ᠤᠨ ᠪᠤᠯᠤᠮᠵᠢᠳᠠᠢ ᠴᠠᠭ ᠦᠶ᠎ᠡ ᠳᠤ ᠬᠠᠶᠠ ᠨᠢᠬᠡᠨ ᠬᠠᠳᠤᠨ ᠬᠢᠯᠠᠰ ᠬᠢᠯᠠᠰᠬᠢᠨ ᠮᠡᠨᠳᠦᠯᠡᠳᠡᠭ ᠪᠤᠯᠵᠠᠢ᠃ ᠡᠨᠡ ᠬᠤᠭᠤᠷᠤᠨᠳᠦ ᠪᠢ ᠲᠡᠤᠭᠡ ᠰᠤᠶᠤᠯ᠂ ᠤᠷᠠᠨ ᠵᠤᠬᠢᠶᠠᠯ᠂ ᠱᠠᠰᠢᠨ ᠰᠢᠳᠦᠯᠬᠡ ᠶᠢᠨ᠂ ᠭᠦᠨ ᠤᠬᠠᠭᠠᠨ ᠤ᠂ ᠵᠢᠷᠤᠬᠠᠢ ᠶᠢᠨ ᠭᠡᠳ ᠠᠯᠢ ᠤᠯᠠᠨ ᠨᠤᠮ ᠵᠤᠬᠢᠶᠠᠯ   ᠢ ᠤᠶᠤᠨ ᠤ ᠴᠦᠯ ᠢ ᠲᠤᠭᠤᠯᠬᠤ ᠮᠡᠳᠦ ᠪᠠᠷ ᠴᠦᠯᠪᠡᠨ ᠤᠩᠰᠢᠯ᠎ᠠ᠃ ᠦᠪᠡᠷ ᠤᠨ ᠢᠶᠠᠨ ᠲᠡᠤᠭᠡ ᠶᠢ ᠦᠪᠡᠷ ᠤᠨ ᠨᠢᠳᠦ ᠪᠠᠷ ᠬᠠᠷᠠᠵᠤ᠂ ᠤᠩᠰᠢᠵᠤ᠂  ᠤᠶᠢᠯᠠᠭᠠᠵᠤ᠂ ᠪᠢᠴᠢᠬᠦ ᠳᠤ ᠡᠵᠡᠨ ᠴᠢᠩᠬᠢᠰ ᠤᠨ ᠪᠠᠭᠠᠳᠤᠷᠯᠢᠭ ᠠᠷᠭ᠎ᠠ ᠪᠤᠳᠤᠯᠭ᠎ᠠ᠂ ᠪᠠᠭ᠋ᠠᠷᠤᠮ᠎ᠠ ᠤᠬᠠᠭᠠᠨ ᠲᠠᠮᠢᠷ᠂ ᠲᠡᠯᠡᠬᠡᠢ ᠶᠢ ᠪᠠᠭᠳᠠᠭᠠᠭᠰᠠᠨ ᠲᠡᠭᠷᠢᠯᠢᠭ ᠰᠡᠳᠬᠢᠬᠦᠢ᠂ ᠭᠠᠵᠠᠷ ᠨᠤᠳᠤᠭ ᠢᠶᠠᠨ ᠦᠷᠭᠡᠳᠭᠡᠭᠦ ᠤᠬᠠᠮᠰᠠᠷ᠂ ᠭᠤᠤᠯ ᠤᠰᠤᠨ ᠢᠶᠠᠨ ᠬᠠᠶᠢᠷᠠᠯᠠᠬᠤ ᠤᠬᠠᠮᠰᠠᠷ᠂ ᠱᠠᠰᠢᠨ ᠪᠦᠬᠦᠨ ᠳᠤ ᠠᠳᠠᠯᠢᠬᠠᠨ ᠬᠠᠨᠳᠤᠬᠤ ᠤᠬᠠᠮᠰᠠᠷ᠂ ᠪᠢᠴᠢᠭ ᠰᠤᠶᠤᠯ ᠢ ᠲᠡᠭᠡᠳᠦᠯᠡᠬᠦ ᠰᠤᠷᠳᠠᠯ᠂ ᠡᠷᠳᠡᠮᠳᠡᠨ ᠮᠡᠷᠭᠡᠳ ᠢ ᠭᠦᠨᠳᠦᠯᠡᠬᠦ ᠠᠪᠤᠷᠢ᠂ ᠡᠭᠡᠴᠤᠤᠯ ᠢ ᠭᠦᠨᠳᠦᠳᠭᠡᠭᠦ ᠠᠷᠠᠨᠰᠢᠨ᠂ ᠢᠷᠭᠡᠳ ᠢ ᠠᠮᠤᠭᠤᠯᠬᠤ ᠶᠤᠰᠤᠨ ᠭᠡᠳ ᠰᠤᠷᠬᠤ ᠶᠤᠰᠤᠳᠠᠢ᠂ ᠰᠢᠨᠵᠢᠯᠡᠬᠦ ᠴᠢᠬᠤᠯᠠᠳᠠᠢ ᠵᠦᠢᠯ ᠵᠠᠬ᠎ᠠ ᠠᠴᠠ ᠪᠠᠨ ᠠᠪᠤᠭᠠᠳ ᠪᠠᠶᠢᠬᠤ ᠯᠡ᠃ ᠭᠡᠭᠦ ᠳᠡᠭᠡᠨ ᠠᠭᠤᠤ ᠦᠢᠯᠡᠰ ᠢ ᠪᠦᠳᠦᠭᠡᠭᠰᠡᠨ ᠲᠡᠷᠡ ᠶᠡᠭᠡ ᠬᠠᠭᠠᠨ ᠤᠬᠠᠭᠠᠨ ᠲᠠᠢ ᠬᠤᠤᠰᠯᠠᠬᠰᠠᠨ ᠬᠠᠳᠤᠨ ᠪᠢᠯᠢᠭᠳᠦ ᠰᠤᠤ ᠤᠬᠠᠭᠠᠨ ᠭᠡᠳᠡᠭ ᠵᠦᠭᠡᠷ ᠯᠡ ᠨᠢᠬᠡ ᠶᠡᠭᠡᠰ ᠲᠡᠭᠡᠳᠦᠰ ᠤᠨ ᠡᠬᠡᠨᠡᠷ ᠬᠡᠤᠭᠡᠳ ᠤᠨ ᠤᠴᠢᠷ ᠪᠢᠰᠢ ᠭᠡᠳᠡᠭ ᠢ ᠨᠡᠩ ᠲᠤᠳᠤᠬᠠᠨ ᠲᠠᠨᠢᠵᠤ ᠤᠯᠤᠬᠰᠠᠨ ᠪᠢᠯᠡ᠃ ︽ᠡᠮ᠎ᠡ ᠭᠦᠮᠦᠨ ᠡᠷ᠎ᠡ ᠳᠤ ᠭᠦᠷᠴᠦ ᠵᠢᠰᠦ ᠪᠠᠨ ᠤᠯᠳᠠᠭ᠂ ᠡᠷ᠎ᠡ ᠭᠦᠮᠦᠨ ᠡᠮ᠎ᠡ ᠳᠤ ᠭᠦᠷᠴᠦ ᠵᠦᠭ ᠢᠶᠠᠨ ᠤᠯᠳᠠᠭ︾ ᠭᠡᠳᠡᠭᠴᠢᠯᠡᠨ᠂ ᠮᠤᠩᠭᠤᠯ ᠲᠦᠷᠦ ᠳᠤ᠂ ᠨᠡᠭᠦᠳᠡᠯᠴᠢᠨ ᠤ ᠲᠦᠷᠦ ᠳᠤ ᠬᠠᠳᠤᠨ ᠤᠬᠠᠭᠠᠨ ᠤ ᠭᠦᠢᠴᠡᠳᠭᠡᠭᠰᠡᠨ ᠡᠭᠦᠷᠭᠡ ᠴᠢᠳᠠᠮᠵᠢ ᠠᠨᠤ ᠦᠬᠡ ᠬᠡᠯᠡ ᠪᠠᠷ ᠭᠦᠢᠴᠡᠭᠡᠮ᠎ᠡ ᠦᠬᠡᠢ ᠠᠭᠤᠤ ᠮᠦᠷᠳᠡᠭᠡᠨ ᠨᠢᠭᠤᠴᠠᠯᠢᠭ᠃  ᠶᠠᠭ ᠦᠨᠡᠨ ᠳᠡᠭᠡᠨ ᠬᠠᠳᠤᠨ ᠤᠬᠠᠭᠠᠨ ᠤ ᠴᠢᠳᠠᠮᠵᠢᠨ ᠲᠡᠭᠡᠷ᠎ᠡ ᠰᠠᠶ᠋ᠢ ᠬᠠᠭᠠᠨ ᠤᠬᠠᠭᠠᠨ ᠤᠷᠭᠤᠳᠠᠭ ᠪᠠᠶᠢᠵᠠᠢ᠃ ᠡᠭᠦᠨ ᠢ ᠮᠤᠩᠭᠤᠯ ᠤᠨ ᠰᠤᠤ ᠤᠬᠠᠭᠠᠨ ᠬᠡᠮᠡᠳᠡᠭ ᠠᠵᠢ︕ 2019 ᠤᠨ ᠤ 8 ᠰᠠᠷ᠎ᠠ ᠶᠢᠨ 21 ᠪᠤᠯᠳᠠᠯ᠎ᠠ ︽ᠬᠠᠳᠤᠨ ᠰᠦᠨᠡᠰᠦ︾ ᠰᠢᠯᠦᠭ ᠨᠡᠶᠢᠳᠡ 73 ᠪᠠᠳᠠᠭ ᠮᠡᠨᠳᠦᠯᠡᠵᠡᠢ᠃ ᠮᠢᠨᠦ ᠰᠡᠳᠬᠢᠯ ᠤᠨ ᠲᠤᠳᠤᠷᠠᠬᠢ ᠲᠡᠷᠡ ᠭᠦ ᠲᠤᠭ᠎ᠠ ᠳᠤ ᠲᠦᠭᠦᠭᠡᠳ ᠢᠷᠡᠭᠦᠶ᠎ᠡ᠂ ᠨᠤᠮ ᠪᠤᠯᠭᠠᠨ ᠭᠡᠪᠯᠡᠬᠦᠯᠬᠦ ᠰᠠᠨᠠᠭ᠎ᠠ ᠴᠦ ᠤᠷᠭᠤᠯ᠎ᠠ᠃ ᠲᠡᠭᠡᠭᠡᠳ  ᠪᠠᠳᠠᠭ ᠪᠦᠷᠢ ᠶᠢᠨ ᠠᠷᠦ ᠳᠤ ᠲᠤᠬᠠᠢ ᠶᠢᠨ ᠬᠠᠳᠤᠨ ᠤ ᠲᠤᠬᠠᠢ ᠬᠡᠳᠦᠨ ᠵᠠᠭ᠋ᠳ ᠦᠰᠦᠭ ᠤᠨ ᠲᠤᠪᠴᠢᠬᠠᠨ ᠲᠠᠨᠢᠯᠴᠠᠭᠤᠯᠭ᠎ᠠ ᠲᠠᠭᠠᠯᠳᠤᠭᠤᠯᠬᠤ ᠪᠠᠷ ᠰᠢᠢᠳᠪᠡ᠃ ᠡᠭᠦᠨ ᠤ ᠲᠠᠷᠠᠭ᠎ᠠ ᠶᠢᠰᠦᠨ ᠮᠦᠷᠳᠦ᠂ ᠶᠢᠰᠦᠨ ᠪᠠᠳᠠᠭ ᠢᠶᠠᠷ ᠶᠢᠰᠦᠨ ᠶᠢᠰᠦ ᠨᠠᠶᠠᠨ ᠨᠢᠭᠡ ᠪᠠᠷ ᠪᠠᠳᠠᠬᠯᠠᠬᠰᠠᠨ ᠬᠠᠳᠤᠳ ᠤᠨ ᠠᠷᠦ ᠳᠤ ᠶᠡᠷᠦᠩᠬᠡᠶᠢᠯᠡᠭᠰᠡᠨ ᠴᠢᠨᠠᠷᠳᠠᠢ ᠲᠡᠭᠦᠰᠭᠡᠯ ᠨᠠᠶᠢᠷᠠᠬᠯᠠᠯ ᠪᠢᠴᠢᠵᠦ ᠡᠬᠢᠯᠡᠭᠰᠡᠨ ᠮᠠᠨᠢ ︽ᠤᠷᠠᠬᠳᠠᠬᠰᠠᠨ ᠲᠡᠤᠭᠡ ᠶᠢᠨ ᠪᠠᠯᠠᠷᠬᠠᠢ ᠮᠦᠷ ᠢᠶᠠᠷ ᠁︾ ᠭᠡᠬᠦ ᠭᠠᠷᠴᠠᠭ ᠤᠨ ᠲᠤᠭᠤᠷᠢᠨ ᠳᠤ ᠪᠢᠷ ᠪᠡᠭᠡᠰ ᠮᠢᠷᠠᠯᠵᠠᠨ ᠤᠷᠤᠰᠤᠬᠰᠠᠭᠠᠷ ᠶᠠᠭ ᠰᠠᠶᠢᠬᠠᠨ ᠲᠤᠯᠤᠭᠠᠨ ᠲᠤᠯᠤᠭ᠎ᠠ ᠲᠦᠴᠢ ᠶᠢᠰᠦᠨ ᠪᠠᠳᠠᠭ ᠲᠤ ︽ᠠᠮᠤᠷ ᠰᠠᠶᠢᠬᠠᠨ ᠳᠠᠭᠠᠨ ᠵᠢᠷᠭᠠᠪᠠᠢ︾᠃ ᠡᠨᠡ ᠭᠦ ᠲᠡᠭᠦᠰᠭᠡᠯ ᠨᠠᠶᠢᠷᠠᠬᠯᠠᠯ ᠲᠤᠯᠤᠭᠠᠨ ᠡᠳᠦᠷ ᠲᠡᠭᠡᠷ᠎ᠡ ᠪᠠᠨ ᠪᠦᠳᠦᠪᠡ᠃ 8 ᠰᠠᠷ᠎ᠠ ᠶᠢᠨ 27 ᠤ ᠡᠳᠦᠷ᠂ ︽ᠬᠠᠳᠤᠨ ᠰᠦᠨᠡᠰᠦ︾ ᠨᠠᠶᠢᠷᠠᠬᠯᠠᠯ ᠢᠶᠠᠨ ᠬᠠᠮᠤᠭ ᠰᠡᠭᠦᠯᠴᠢ ᠶᠢᠨ ᠤᠳᠠᠭ᠎ᠠ ᠵᠠᠰᠠᠵᠤ ᠪᠠᠷᠠᠭᠠᠳ ᠴᠠᠭᠠᠰᠦᠨ ᠳᠤ ᠪᠠᠭᠤᠯᠭᠠᠵᠤ ᠬᠠᠳᠠᠭᠠᠯᠠᠪᠠ᠃ ᠲᠡᠷᠡ ᠨᠢ ᠶᠠᠭ ᠦᠳᠡ ᠶᠢᠨ ᠬᠤᠶᠢᠨᠠᠬᠢ 4 ᠴᠠᠭ ᠤᠨ ᠦᠶ᠎ᠡ ᠪᠠᠶᠢᠵᠠᠢ᠃ ᠨᠠᠳᠠ ᠳᠤ ᠠᠪᠴᠦ ᠬᠡᠯᠡᠪᠡᠯ ᠶᠡᠷᠦ ᠪᠤᠰᠦ ᠶᠢᠨ ᠤᠳᠬ᠎ᠠ ᠠᠭᠤᠯᠭ᠎ᠠ ᠲᠠᠢ ᠡᠨᠡ ᠭᠦ ᠲᠤᠮᠤ ᠢᠨᠵᠧᠨᠧᠷᠢᠩ ᠳᠡᠭᠡᠨ ᠲᠠᠪᠬᠤᠷ ᠴᠡᠭ ᠲᠠᠯᠪᠢᠬᠰᠠᠨ ᠨᠢ ᠤᠯᠠᠨ ᠵᠢᠯ ᠤᠨ ᠭᠦᠰᠡᠯ ᠮᠦᠷᠦᠭᠡᠳᠦᠯ ᠪᠡᠶᠡᠯᠡᠭᠰᠡᠨ ᠮᠡᠳᠦ ᠲᠤᠳᠤᠷ᠎ᠠ ᠠᠭᠤᠵᠢᠷᠠᠯ᠎ᠠ᠃ ᠬᠠᠳᠤᠨ ᠰᠦᠨᠡᠰᠦ ᠶᠢ ᠠᠮᠢᠯᠠᠭᠤᠯᠬᠤ ᠶᠢᠨ ᠲᠦᠯᠦᠬᠡ ᠪᠢ ᠤᠯᠠᠨ ᠵᠢᠯ ᠤᠨ ᠲᠤᠷᠰᠢᠳᠠ ᠤᠷᠳᠦ ᠤᠳᠠᠭᠠᠨ ᠡᠷᠢᠯᠳᠡ ᠬᠠᠶᠢᠯᠳᠠ ᠬᠢᠵᠦ᠂ ᠮᠠᠰᠢ ᠤᠯᠠᠨ ᠪᠡᠷᠭᠡ ᠪᠠᠷᠳᠠᠭᠠᠨᠳᠦ ᠪᠠᠯᠠᠷ ᠵᠦᠷᠢᠭ ᠢᠶᠠᠷ ᠠᠶᠠᠯᠠᠨ᠂ ᠰᠢᠷᠭᠠᠭᠤ ᠬᠠᠳᠠᠭᠤᠵᠢᠯᠳᠠᠢ ᠭᠦᠳᠡᠯᠮᠦᠷᠢ ᠪᠤᠯᠤᠨ ᠤᠶᠢᠭ᠎ᠠ ᠦᠬᠡᠢ ᠭᠦᠭᠡᠭᠡᠴᠡᠯᠳᠦᠯ ᠤᠷᠤᠯᠳᠤᠯᠭ᠎ᠠ ᠪᠠᠷ ᠲᠠᠮᠵᠢᠨ ᠰᠠᠶ᠋ᠢ ᠦᠨᠦᠳᠦᠷ ᠲᠤ ᠭᠦᠷᠴᠦ ᠢᠷᠡᠭᠰᠡᠨ ᠶᠤᠮ᠃  ᠵᠢᠷᠦᠬᠡᠨ ᠠᠴᠠ ᠤᠨᠳᠤᠷᠬᠤ ᠤᠶᠠᠩᠭ᠎ᠠ ᠲᠠᠭᠤᠤ ᠠᠶᠠᠯᠤᠭᠤᠯᠤᠬᠰᠠᠭᠠᠷ ᠦᠳᠦ ᠰᠢᠭ ᠭᠦᠩᠬᠡᠨ ᠱᠦᠩᠬᠡᠨ ᠢᠶᠠᠷ ᠠᠰᠠᠷ ᠤᠨ ᠭᠤᠳᠤᠮᠵᠢ ᠪᠠᠷ ᠭᠡᠳᠦ ᠡᠷᠬᠢᠨ ᠪᠤᠴᠠᠵᠤ ᠢᠷᠡᠭᠡᠳ ᠪᠢᠴᠢᠭ ᠤᠨ ᠰᠢᠷᠡᠭᠡᠨ᠎ᠡ ᠲᠦᠷ ᠰᠠᠭᠠᠳᠠᠬᠤ ᠳᠠᠭᠠᠨ ᠴᠤᠬᠤᠮ ᠶᠠᠭᠤ ᠬᠢᠵᠦ ᠶᠠᠭᠠᠬᠢᠬᠤ ᠶᠤᠰᠤᠳᠠᠢ ᠪᠠᠨ ᠮᠡᠳᠡᠯ ᠦᠬᠡᠢ ᠮᠡᠯᠡᠷᠡᠰᠭᠢᠭᠰᠡᠨ ᠢᠶᠠᠨ ᠴᠠᠭ ᠢᠶᠠᠨ ᠬᠠᠷᠠᠪᠠᠯ ᠬᠤᠭᠤᠯᠠ ᠪᠡᠯᠡᠳᠭᠡᠭᠦ ᠴᠠᠭ ᠠᠷᠠᠢ ᠪᠤᠯᠤᠭ᠎ᠠ ᠦᠬᠡᠢ᠃ ᠡᠶᠢᠮᠦ ᠦᠶ᠎ᠡ ᠳᠤ ᠦᠨᠡᠨ ᠳᠡᠭᠡᠨ ᠶᠠᠭᠤ ᠴᠦ ᠬᠢᠯ ᠦᠬᠡᠢ ᠴᠠᠢ ᠤᠰᠦ ᠤᠤᠭᠤᠬᠤ ᠪᠤᠶᠤ ᠭᠠᠷ ᠤᠳᠠᠰᠦ ᠲᠤᠶ᠋ᠢᠯᠬᠢᠯᠠᠨ ᠬᠡᠨ ᠨᠢᠬᠡᠨ ᠲᠠᠢ ᠲᠡᠯ ᠰᠤᠯᠠ ᠶᠠᠭᠤᠮ᠎ᠠ ᠶᠠᠷᠢᠯᠴᠠᠭᠠᠳ ᠦᠩᠭᠡᠷᠡᠵᠦ ᠪᠤᠯᠬᠤ ᠴᠦ ᠲᠡᠭᠡᠭᠰᠡᠨ ᠦᠬᠡᠢ᠂ ᠭᠠᠷ ᠤᠨ ᠠᠶᠠᠪᠡᠷ ᠨᠢᠬᠡᠨ ᠨᠤᠮ ᠢ ᠠᠪᠴᠦ ᠲᠤᠷ᠎ᠠ ᠶᠢᠨ ᠭᠡᠯᠪᠡᠷᠢ ᠪᠠᠷ ᠤᠷᠪᠠᠭᠤᠯᠤᠨ ᠨᠢᠳᠦ ᠭᠦᠶᠦᠯᠬᠡᠨ ᠤᠩᠰᠢᠯ᠎ᠠ᠃ ᠡᠴᠢᠨᠡᠬᠡᠨ ᠵᠢᠯ ᠤᠨ ᠲᠤᠷᠰᠢ ᠨᠤᠮ ᠪᠢᠴᠢᠭ ᠲᠠᠢ ᠢᠨᠠᠬᠰᠢᠨ ᠨᠦᠭᠦᠷᠯᠡᠭᠰᠡᠨ ᠨᠠᠳᠠᠳᠦ ᠠᠪᠴᠦ ᠭᠡᠯᠡᠪᠡᠯ ᠡᠶᠢᠮᠦᠷᠬᠦᠦ ᠵᠤᠷᠢᠯᠭ᠎ᠠ ᠦᠬᠡᠢ᠂ ᠰᠤᠩᠭᠤᠯᠳᠠ ᠦᠬᠡᠢ ᠮᠦᠷᠳᠡᠭᠡᠨ ᠶᠠᠮᠠᠷ ᠴᠦ ᠤᠯᠤᠯᠳᠠ ᠲᠦᠷᠦᠭᠳᠡᠯ ᠦᠬᠡᠢ ᠪᠠᠶᠢᠵᠤ ᠪᠤᠯᠬᠤ ︽ᠴᠠᠭ ᠨᠦᠭᠴᠢᠬᠡᠬᠦ ᠶᠢᠨ ᠲᠦᠯᠦᠬᠡᠨ᠎ᠡ ᠨᠤᠮ ᠤᠩᠰᠢᠯᠳᠠ︾  ᠶᠢ ᠠᠯᠢ ᠶᠢ ᠨᠢ ᠲᠡᠷᠡ ᠭᠡᠭᠦ ᠪᠤᠢ᠂ ᠪᠠᠷᠤᠭ ᠯᠡ ᠦᠷᠬᠦᠯᠵᠢ ᠲᠠᠪᠳᠠᠬᠳᠠᠨ᠎ᠠ᠃ ᠰᠠᠨᠠᠮᠰᠠᠷ ᠦᠬᠡᠢ ᠡᠨᠡ ᠭᠦ ᠭᠦᠳᠡᠯᠬᠡᠬᠡᠨ ᠮᠠᠨᠢ ᠠᠮᠢᠳᠤᠷᠠᠯ ᠤᠨ ᠡᠩ ᠤᠨ ᠵᠠᠩᠰᠢᠯ ᠯᠡ ᠲᠡᠳᠦᠢ᠃ ᠭᠡᠳᠡᠯ᠎ᠡ ᠁ ᠭᠡᠳᠡᠯ᠎ᠡ ᠶᠠᠭ ᠡᠶᠢᠮᠦᠷᠬᠦᠦ ᠰᠠᠨᠠᠮᠰᠠᠷ ᠦᠬᠡᠢ ᠰᠤᠩᠭᠤᠯᠳᠠ ᠳᠤ ᠰᠠᠶ᠋ᠢ ᠰᠠᠨᠠᠭ᠎ᠠ ᠵᠡᠭᠦᠳᠦᠨ ᠳᠤ ᠪᠠᠶᠢᠮᠠᠷ ᠦᠬᠡᠢ ᠭᠠᠶᠢᠬᠠᠮᠰᠢᠬᠳᠦ ᠬᠠᠷᠢᠭᠤᠯᠳᠠ ᠤᠯᠪᠠ ᠭᠡᠭᠴᠢ ᠶᠢ ᠬᠡᠨ ᠮᠡᠳᠡᠪᠡ︖ ᠨᠠᠮᠠᠢᠢ ᠶᠠᠭᠤ ᠤᠯᠵᠤ ᠤᠩᠰᠢᠪᠠ ᠭᠡᠵᠦ ᠲᠠ ᠰᠠᠨᠠᠨ᠎ᠠ︖  ︽ᠮᠠᠨᠳᠤᠬᠠᠢ ᠲᠡᠷᠡ ᠦᠶ᠎ᠡ ᠳᠤ ᠠᠷᠠᠳ ᠲᠦᠮᠡᠨ ᠳᠤ ᠪᠠᠷᠤᠭ ᠮᠡᠳᠡᠭᠳᠡᠭᠦ ᠦᠬᠡᠢ ᠪᠠᠶᠢᠬᠰᠠᠨ ᠶᠡᠭᠡ ᠬᠠᠳᠤᠨ ᠤ ᠤᠩᠭᠤᠨ ᠰᠢᠳᠦᠬᠡᠨ ᠤ ᠡᠮᠦᠨ᠎ᠡ ᠪᠠᠳᠦᠮᠦ᠋ᠩᠭᠡ ᠶᠢ ᠶᠡᠭᠡ ᠬᠠᠭᠠᠨ ᠳᠤ ᠡᠷᠭᠦᠮᠵᠢᠯᠡᠬᠦ ᠪᠠᠷ ᠰᠢᠢᠳᠴᠠᠢ ᠁ ᠮᠤᠩᠭᠤᠯᠴᠤᠳ ᠠᠭᠤᠯᠠ ᠬᠠᠳᠠᠨ ᠲᠡᠭᠡᠷ᠎ᠡ ᠪᠤᠰᠬᠠᠬᠰᠠᠨ ᠤᠪᠤᠭᠠᠨ ᠳᠤ ᠤᠷᠤᠰᠢᠬᠤ ᠡᠷ᠎ᠡ ᠤᠩᠭᠤᠨ ᠢ ᠰᠢᠳᠦᠳᠡᠭ ᠪᠦᠭᠡᠳ ᠠᠭᠤᠯᠠ ᠨᠢᠷᠤᠭᠤ᠂ ᠬᠠᠳᠠ ᠬᠠᠪᠴᠢᠯ ᠨᠢ ᠭᠠᠵᠠᠷ ᠲᠡᠯᠡᠬᠡᠢ ᠶᠢᠨ ᠶᠠᠰᠦ ᠶᠢ ᠪᠦᠷᠢᠯᠳᠦᠭᠦᠯᠳᠡᠭ ᠡᠷ᠎ᠡ ᠪᠤᠳᠠᠭᠠᠯᠢ ᠭᠡᠵᠦ ᠦᠵᠡᠳᠡᠭ ᠪᠠᠶᠢᠵᠠᠢ᠃ ᠲᠡᠭᠦᠨᠴᠢᠯᠡᠨ ᠡᠮ᠎ᠡ ᠤᠩᠭᠤᠨ ᠢ ᠡᠭᠡ ᠲᠡᠯᠡᠬᠡᠢ ᠳᠤ ᠠᠮᠢᠳᠤᠷᠠᠯ ᠬᠠᠶᠢᠷᠠᠯᠠᠬᠴᠢ ᠡᠮ᠎ᠡ ᠪᠤᠳᠠᠭᠠᠯᠢ ᠪᠤᠯᠤᠬᠰᠠᠨ ᠤᠰᠤᠨ ᠤ ᠤᠶᠢᠷ᠎ᠠ ᠶᠤᠮ ᠦᠦ ᠭᠠᠵᠠᠷ ᠡᠬᠡ ᠶᠢᠨ ᠤᠷᠤᠭ ᠭᠡᠭᠳᠡᠬᠦ ᠭᠡᠷ ᠠᠭᠤᠢ ᠳᠤ ᠰᠢᠳᠦᠵᠦ ᠢᠷᠡᠭᠰᠡᠨ ᠪᠠᠶᠢᠨ᠎ᠠ᠃ ᠤᠪᠤᠭ᠎ᠠ ᠨᠢ ᠪᠠᠶᠢᠩᠭᠤ ᠨᠢᠬᠡ ᠭᠠᠵᠠᠷ ᠪᠠᠶᠢᠳᠠᠭ ᠪᠤᠯ ᠭᠡᠷ ᠨᠢ ᠵᠦᠭᠡᠭᠡᠪᠦᠷᠢ ᠶᠢᠨ ᠠᠭᠤᠢ ᠶᠢᠨ ᠰᠢᠨᠵᠢ ᠲᠠᠢ᠃ ᠬᠠᠮᠢᠭ᠎ᠠ ᠴᠦ ᠨᠡᠭᠦᠯᠭᠡᠵᠦ ᠠᠪᠠᠴᠢᠬᠤ ᠳᠤ ᠡᠮ᠎ᠡ ᠤᠩᠭᠤᠨ ᠢ ᠰᠢᠳᠦᠬᠦ ᠪᠤᠯᠤᠮᠵᠢ ᠲᠠᠢ ᠪᠠᠶᠢᠵᠠᠢ ᠁ ᠡᠷ᠎ᠡ ᠰᠦᠯᠳᠡ ᠶᠢ ᠵᠦᠭᠡᠭᠡᠬᠦ ᠳᠡᠭᠡᠨ ᠮᠤᠷᠢ ᠲᠠᠢ ᠲᠠᠶᠢᠴᠢᠨ ᠭᠠᠷ ᠲᠠᠭᠠᠨ ᠪᠠᠷᠢᠨ ᠠᠪᠴᠦ ᠶᠠᠪᠤᠳᠠᠭ ᠪᠤᠯ᠂ ᠡᠮ᠎ᠡ ᠰᠢᠳᠦᠬᠡᠨ ᠤ ᠭᠡᠷ ᠢ ᠮᠤᠩᠭᠤᠯ ᠡᠮᠡᠭᠳᠡᠶᠢᠴᠤᠳ ᠤᠨ ᠡᠵᠡᠮᠰᠢᠳᠡᠭ ᠶᠤᠰᠤᠯᠠᠯ  ᠤᠨ ᠲᠡᠷᠭᠡᠨ ᠲᠡᠭᠡᠷ᠎ᠡ ᠠᠴᠢᠶᠠᠯᠠᠨ ᠵᠦᠭᠡᠭᠡᠳᠡᠭ ᠪᠠᠶᠢᠵᠠᠢ ᠁ ᠮᠤᠩᠭᠤᠯᠴᠤᠳ ᠤᠪᠤᠭ ᠠᠶᠢᠮᠠᠭ ᠢᠶᠠᠷ ᠢᠶᠠᠨ ᠶᠠᠮᠠᠷ ᠨᠢᠬᠡᠨ ᠰᠢᠨ᠎ᠡ ᠭᠠᠵᠠᠷ ᠨᠤᠳᠤᠭ ᠤᠷᠤᠭᠤ ᠨᠡᠭᠦᠬᠦ ᠳᠡᠭᠡᠨ ᠦᠪᠡᠷᠰᠡᠳ ᠤᠨ ᠰᠢᠳᠦᠬᠡᠨ ᠢ ᠤᠷᠢᠳᠦ ᠪᠠᠨ ᠵᠠᠯᠠᠵᠤ᠂ ᠭᠠᠵᠠᠷ ᠢ ᠠᠷᠢᠭᠤᠳᠬᠠᠨ ᠶᠠᠪᠤᠳᠠᠭ ᠪᠠᠶᠢᠪᠠ ᠁︾ ᠡᠳᠡᠭᠡᠷ ᠦᠬᠡ ᠦᠰᠦᠭ ᠤᠳ ᠢ ᠤᠩᠰᠢᠵᠤ ᠪᠠᠶᠢᠭ᠎ᠠ ᠳᠠᠭᠠᠨ ᠪᠢ ᠪᠠᠷᠤᠭ ᠲᠠᠭᠤᠨ ᠠᠯᠳᠠᠨ ᠭᠠᠶᠢᠬᠠᠰᠢᠷᠠᠵᠤ᠂ ᠵᠢᠷᠦᠬᠡ ᠰᠡᠳᠬᠢᠯ ᠮᠢᠨᠢ ᠤᠷᠢᠳ ᠡᠮᠦᠨ᠎ᠡ ᠪᠠᠶᠢᠭ᠎ᠠ ᠦᠬᠡᠢ ᠪᠠᠷ ᠲᠤᠬᠳᠤᠯᠤᠨ ᠴᠡᠴᠡᠷᠡᠵᠦ ᠮᠡᠳᠡᠷᠡᠭᠳᠡᠯ᠎ᠡ᠃ ᠤᠯᠠᠨ ᠵᠢᠯ ᠡᠷᠢᠨ ᠡᠷᠢᠨ ᠰᠤᠷᠠᠨ ᠰᠤᠷᠠᠨ᠂ ᠰᠤᠷᠠᠨ ᠰᠤᠷᠠᠨ ᠬᠠᠶᠢᠵᠤ ᠮᠦᠷᠳᠡᠭᠰᠡᠨ ᠤ ᠮᠢᠨᠢ ᠬᠠᠷᠢᠭᠤ ᠤᠯᠭᠤᠮᠵᠢ ᠭᠡᠵᠦ ᠡᠨᠡ ᠪᠠᠶᠢᠯ᠎ᠠ ᠦᠦ︖ ︽ᠮᠠᠨᠳᠤᠬᠠᠢ᠂ ᠶᠡᠭᠡ ᠬᠠᠳᠤᠨ ᠤ ᠤᠩᠭᠤᠨ ᠰᠢᠳᠦᠬᠡᠨ ᠢ ᠴᠢᠬᠤᠯᠠᠴᠢᠯᠠᠨ ᠵᠤᠷᠢᠵᠤ ᠤᠴᠢᠭ᠎ᠠ ᠦᠬᠡᠢ ᠰᠠᠨ ᠪᠤᠯ ᠪᠢᠳᠡ ᠡᠶᠢᠮᠦ ᠤᠩᠭᠤᠨ ᠰᠢᠳᠦᠬᠡᠨ ᠪᠠᠶᠢᠬᠰᠠᠨ ᠢ ᠮᠡᠳᠡᠬᠦ ᠦᠬᠡᠢ ᠦᠩᠬᠡᠷᠡᠭᠦ ᠪᠠᠶᠢᠬᠰᠠᠨ ᠪᠢᠵᠠ ᠡ ᠁ ᠪᠠᠳᠦᠮᠦ᠋ᠩᠬᠡ ᠶᠡᠭᠡ ᠬᠠᠭᠠᠨ ᠢ ᠠᠩᠬ᠎ᠠ ᠡᠮ᠎ᠡ ᠭᠦᠮᠦᠨ ᠤ ᠤᠩᠭᠤᠨ ᠰᠢᠳᠦᠬᠡᠨ ᠤ ᠡᠮᠦᠨ᠎ᠡ ᠡᠷᠭᠦᠮᠵᠢᠯᠡᠬᠦ ᠶᠢ ᠰᠢᠢᠳᠬᠦ ᠳᠡᠭᠡᠨ ᠮᠠᠨᠳᠤᠬᠠᠢ ᠰᠡᠴᠡᠨ ᠬᠠᠳᠤᠨ ᠵᠦᠪᠬᠡᠨ ᠴᠢᠩᠬᠢᠰ ᠬᠠᠭᠠᠨ ᠤ ᠶᠡᠭᠡ ᠭᠦᠷᠦᠨ ᠢ ᠰᠡᠷᠭᠦᠭᠡᠬᠦ ᠲᠡᠳᠦᠢ ᠶᠢ ᠵᠤᠷᠢᠬᠰᠨᠨ ᠦᠬᠡᠢ᠂ ᠴᠢᠩᠬᠢᠰ ᠬᠠᠭᠠᠨ ᠤ ᠠᠮᠵᠢᠯᠳᠠ ᠳᠤ ᠭᠦᠷᠬᠦ ᠳᠤ ᠴᠢᠬᠤᠯᠠ ᠡᠭᠦᠷᠬᠡ ᠭᠦᠢᠴᠡᠳᠬᠡᠭᠰᠡᠨ ᠭᠡᠳᠦᠢ ᠴᠦ᠂ ᠲᠡᠭᠦᠨ ᠢ ᠵᠠᠯᠭᠠᠮᠵᠢᠯᠠᠬᠴᠢᠳ ᠤᠨ ᠬᠢᠨᠢ ᠤᠯᠠᠶᠢᠷᠠᠨ ᠦᠭᠡᠶᠢᠰᠭᠡᠭᠰᠡᠨ ᠡᠷ᠎ᠡ ᠪᠠ ᠡᠮ᠎ᠡ ᠰᠢᠳᠦᠬᠡᠨ ᠤ ᠲᠡᠩᠴᠡᠭᠦᠷᠢ ᠲᠠᠢ ᠬᠠᠷᠢᠴᠠᠭ᠎ᠠ ᠶᠢ ᠰᠡᠷᠭᠦᠬᠡᠬᠦ ᠶᠢ ᠮᠦᠨ ᠵᠤᠷᠢᠬᠰᠠᠨ ᠠᠵᠢ ᠁︾  ᠡᠳᠡᠭᠡᠷ ᠮᠦᠷ ᠪᠠᠳᠠᠭ ᠢ ᠤᠩᠰᠢᠵᠤ ᠪᠠᠶᠢᠭ᠎ᠠ ᠳᠠᠭᠠᠨ ᠪᠢ ᠲᠤᠳᠤᠷ᠎ᠠ ᠪᠠᠨ ᠤᠤᠬᠠᠢ ᠠᠯᠳᠠᠨ ᠬᠠᠰᠬᠢᠷᠤᠯ᠎ᠠ᠃ ᠡᠨᠡ ᠭᠦ ᠬᠠᠰᠬᠢᠷᠤᠯᠳᠠ  ᠶᠢ ᠨᠠᠳᠠ ᠠᠴᠠ ᠦᠬᠡᠷ᠎ᠡ ᠬᠡᠨ ᠭᠦᠮᠦᠨ ᠴᠦ ᠤᠯᠵᠤ ᠰᠤᠨᠤᠰᠤᠭ᠎ᠠ ᠦᠬᠡᠢ ᠭᠡᠳᠡᠭ ᠪᠤᠯᠪᠠᠴᠦ ᠮᠢᠨᠦ ᠪᠡᠶ᠎ᠡ ᠰᠡᠳᠬᠢᠯ ᠢ ᠪᠦᠷᠢᠮᠦᠰᠦᠨ ᠲᠤᠩᠰᠤᠯᠭᠠᠵᠠᠢ᠃ ᠵᠢᠷᠦᠬᠡ ᠪᠠᠨ ᠲᠠᠷᠤᠵᠤ ᠨᠢᠳᠦ ᠪᠠᠨ ᠠᠨᠢᠨ ᠤᠳᠠᠳᠠᠯ᠎ᠠ ᠨᠠᠮ ᠰᠠᠭᠤᠪᠠ᠃ ᠨᠢᠬᠡᠨ ᠵᠤᠷᠪᠤᠰ ᠬᠠᠯᠠᠭᠤᠨ ᠤᠷᠤᠰᠬᠠᠯ ᠬᠤᠷᠢᠬᠯᠠᠬᠳᠠᠰᠢ ᠦᠬᠡᠢ ᠲᠤᠯᠬᠢᠶᠠᠯᠠᠨ᠎ᠠ᠃ ᠠᠮᠢ ᠨᠠᠰᠤᠨ ᠤ ᠬᠠᠮᠤᠭ ᠤᠨ ᠠᠷᠢᠭᠤᠨ ᠲᠠᠩᠰᠤᠭ ᠡᠷᠬᠢᠮ ᠦᠨᠡᠳᠡᠢ ᠲᠡᠷᠡ ᠪᠦᠯᠢᠶᠡᠨ ᠤᠷᠤᠰᠬᠠᠯ ᠢ ᠪᠢ ᠰᠠᠨᠠᠭᠠᠨ ᠤ ᠠᠶᠠᠪᠡᠷ ᠤᠷᠤᠰᠬᠠᠨ ᠤᠷᠤᠰᠬᠠᠵᠤ  ᠁ ᠠᠭᠠᠵᠢᠮ ᠢᠶᠠᠷ ᠨᠢᠳᠦ ᠪᠠᠨ ᠨᠡᠭᠡᠭᠡᠨ ᠠᠳᠬᠤᠵᠤ ᠪᠠᠶᠢᠬᠰᠠᠨ ᠨᠤᠮ ᠤᠨ ᠢᠶᠠᠨ ᠬᠠᠪᠢᠰᠦ ᠶᠢ ᠬᠠᠷᠠᠬᠰᠠᠨ ᠴᠢᠨᠢ ︽ᠮᠤᠩᠭᠤᠯ ᠤᠨ ᠶᠡᠭᠡ ᠬᠠᠳᠤᠳ ᠤᠨ ᠨᠢᠭᠤᠴᠠ ᠲᠤᠪᠴᠢᠶᠠᠨ︾ ᠬᠡᠮᠡᠬᠦ ᠲᠤᠮᠤ ᠲᠤᠮᠤ ᠦᠰᠦᠭ ᠤᠳ ᠨᠢᠯᠪᠤᠰᠤᠳᠦ ᠨᠢᠳᠦᠨ᠎ᠡ ᠪᠦᠷᠳᠦᠯᠵᠡᠨ᠎ᠡ᠃ ᠠᠮᠧᠷᠢᠺᠠ ᠶᠢᠨ ᠵᠤᠬᠢᠶᠠᠯᠴᠢ ᠵᠠᠺ ᠸᠧᠽᠧᠷᠹᠦᠷᠳ᠋ ᠤᠨ ᠪᠢᠴᠢᠭᠰᠡᠨ ᠡᠨᠡ ᠨᠤᠮ ᠢ ᠪᠢ ᠭᠡᠳᠦ ᠤᠳᠠᠭ᠎ᠠ ᠤᠩᠰᠢᠨ ᠲᠤᠭᠤᠯᠤᠬᠰᠠᠨ ᠶᠤᠮ᠃ ᠲᠡᠭᠡᠭᠡᠳ ᠤᠤᠯ ᠨᠢ ᠶᠠᠭᠠᠬᠢᠭᠠᠳ ᠡᠶᠢᠮᠦᠷᠬᠦᠦ ᠴᠢᠩᠭ᠎ᠠ ᠭᠦᠴᠦᠳᠡᠢ ᠮᠡᠳᠡᠷᠡᠮᠵᠢ ᠲᠦᠷᠦᠭᠳᠡᠭᠡ ᠦᠬᠡᠢ ᠪᠠᠶᠢᠬᠰᠠᠨ ᠶᠤᠮ ᠪᠤᠯ︖ ︽ᠡᠨᠡ ᠨᠤᠮ ᠪᠤᠯ ᠮᠤᠩᠭᠤᠯ ᠪᠦᠰᠡᠭᠦᠶᠢᠴᠤᠳ ᠤᠨ ᠲᠤᠬᠠᠢ ᠡᠷᠢᠯ — ᠤᠷᠳᠦ ᠤᠳᠠᠭᠠᠨ ᠠᠶᠠᠨ ᠤ ᠮᠢᠨᠢ ᠬᠠᠮᠤᠭ ᠨᠠᠶᠢᠳᠠᠪᠤᠷᠢᠳᠠᠢ ᠲᠠᠶᠢᠯᠤᠨ ᠪᠤᠯᠤᠬᠰᠠᠨ ᠪᠠᠶᠢᠨ᠎ᠠ︾ ᠭᠡᠵᠦ 2015 ᠤᠨ ᠤ 2 ᠰᠠᠷ᠎ᠠ ᠶᠢᠨ 9 ᠤ ᠡᠳᠦᠷ ᠲᠤᠰ ᠨᠤᠮ ᠢ ᠤᠯᠤᠬᠰᠠᠨ ᠤ ᠲᠠᠷᠠᠭᠠᠬᠠᠨ ᠪᠢᠴᠢᠵᠦ ᠲᠡᠮᠳᠡᠭᠯᠡᠵᠦ ᠪᠠᠶᠢᠬᠰᠠᠨ ᠪᠤᠯ᠂ ᠤᠩᠰᠢᠨ ᠰᠤᠨᠢᠷᠬᠠᠵᠤ᠂ ᠠᠩᠬᠠᠨ ᠤ ᠤᠳᠠᠭ᠎ᠠ ᠲᠤᠭᠤᠯᠤᠬᠰᠠᠨ  ᠤ ᠪᠠᠨ ᠲᠠᠷᠠᠭᠠᠬᠠᠨ ︽ᠤᠷᠠᠬᠳᠠᠬᠰᠠᠨ ᠲᠡᠤᠭᠡ ᠶᠢᠨ ᠪᠠᠯᠠᠷᠬᠠᠢ ᠮᠦᠷ ᠢᠶᠠᠷ ᠁ —  ᠬᠠᠳᠤᠨ ᠲᠡᠭᠡᠳᠦ ᠡᠭᠡᠴᠤᠤᠯ ᠤᠨ ᠦᠤᠬᠡ ᠲᠡᠤᠭᠡ ᠶᠢᠨ ᠮᠦᠷ ᠤᠯᠪᠠᠭ᠎ᠠ ᠠᠴᠠ ᠮᠤᠩᠭᠤᠯ ᠡᠮᠡᠭᠳᠡᠶᠢᠴᠤᠳ ᠤᠨ ᠮᠠᠷᠳᠠᠬᠳᠠᠬᠰᠠᠨ ᠲᠡᠤᠭᠡ  ᠶᠢ ᠬᠠᠶᠢᠬᠤ ᠠᠨᠤ︾ ᠬᠡᠮᠡᠬᠦ ᠭᠠᠷᠴᠠᠭ ᠲᠠᠯᠪᠢᠵᠦ ᠪᠠᠶᠢᠬᠰᠠᠨ 2015 ᠤᠨ ᠤ 4 ᠰᠠᠷ᠎ᠠ ᠶᠢᠨ 18 ᠤ ᠡᠳᠦᠷ ᠤᠨ ᠪᠢᠴᠢᠭᠡᠰᠦ ᠮᠢᠨᠢ ᠨᠢᠳᠦᠨ᠎ᠡ ᠲᠤᠳᠤᠷᠠᠨ᠎ᠠ᠃ ᠪᠢ ︽ᠬᠠᠳᠤᠨ ᠰᠦᠨᠡᠰᠦ︾ ᠪᠠᠨ ᠲᠠᠬᠢᠨᠳᠠ ᠤᠩᠰᠢᠵᠦ ᠦᠪᠡᠷ ᠤᠨ ᠰᠡᠳᠬᠢᠯ ᠵᠢᠷᠦᠬᠡᠨ ᠲᠤᠳᠤᠷᠠᠬᠢ ᠲᠡᠷᠡ ᠨᠢᠬᠡᠨ ᠨᠢᠭᠤᠴᠠ ᠲᠠᠯᠳᠠᠬᠢ ᠮᠡᠳᠡᠷᠡᠮᠵᠢ ᠶᠢᠨ ᠰᠢᠵᠢᠮ ᠢᠶᠠᠨ ᠲᠠᠬᠢᠨᠳᠠ ᠡᠷᠢᠯᠬᠢᠯᠡᠪᠡ ᠁ᠲᠦᠷᠦ ᠶᠢᠨ ᠶᠤᠰᠦ ᠲᠦᠮᠡᠨ ᠤ ᠪᠤᠶᠠᠨ ᠢᠶᠠᠷ ᠬᠠᠳᠤᠳ ᠤᠨ ᠱᠠᠰᠳᠢᠷ ᠪᠢᠴᠢᠭᠳᠡᠳᠡᠭ ᠴᠦᠲᠤᠭᠤᠷᠪᠢᠨ ᠵᠤᠬᠢᠶᠠᠬᠳᠠᠬᠰᠠᠨ ᠲᠡᠤᠭᠡ ᠪᠢᠴᠢᠭ ᠢᠨᠦ ᠴᠠᠭ ᠤᠨ ᠲᠤᠭᠤᠰᠤᠨ᠎ᠠ ᠵᠠᠮᠬᠠᠷᠠᠯᠤᠭ᠎ᠠᠲᠤᠳᠤᠭᠠᠳᠦ ᠤᠷᠳᠤᠨ ᠤ ᠨᠢᠭᠤᠴᠠ ᠠᠮᠢᠳᠤᠷᠠᠯ ᠳᠤ ᠵᠡᠭᠦᠳᠦ ᠭᠦᠰᠡᠯ ᠶᠦᠭᠡᠨ ᠡᠰᠡ ᠪᠦᠷᠦᠭᠰᠢᠬᠦᠯᠵᠦᠲᠤᠶᠠᠭᠠᠳᠦ ᠰᠠᠷᠠᠨ ᠤ ᠪᠢᠯᠢᠭ ᠤᠨ ᠭᠡᠭᠡ ᠪᠠᠷ ᠦᠭᠡᠳᠡᠯᠡᠬᠦ ᠨᠠᠷᠠᠨ ᠢ ᠲᠡᠳᠭᠦᠮᠤᠢᠲᠤᠷᠭᠠᠨ ᠲᠡᠪᠡᠯ ᠲᠠᠩᠬᠠᠢ ᠲᠠᠩᠰᠤᠬᠯᠠᠯ ᠳᠤ ᠨᠢᠭᠤᠷ ᠵᠢᠰᠦ ᠢᠨᠤ ᠡᠰᠡ ᠪᠠᠯᠠᠷᠰᠢᠨᠲᠠᠭᠤᠳᠠᠬᠤ ᠨᠡᠷ᠎ᠡ ᠲᠠᠭᠤᠷᠢᠰᠬᠤ ᠠᠯᠳᠠᠷ ᠢ ᠠᠨᠤ ᠲᠡᠤᠭᠡ ᠱᠠᠰᠳᠢᠷ ᠲᠤ ᠡᠶᠢᠨ ᠬᠦ ᠬᠤᠴᠤᠷᠭᠠᠯᠤᠭ᠎ᠠ ᠁            ᠮᠤᠷᠢᠳᠠᠨ ᠦᠨᠳᠦᠰᠦᠳᠡᠨ ᠤ ᠤᠮᠤᠬᠰᠢᠯ ᠪᠤᠯᠤᠬᠴᠢ            ᠮᠤᠩᠭᠤᠯ ᠬᠠᠳᠤᠳ ᠤᠨ ᠱᠠᠰᠳᠢᠷ ᠲᠡᠤᠭᠡ            ᠮᠦᠩᠬᠡ ᠶᠢᠨ ᠮᠦᠩᠬᠡ ᠮᠢᠨᠦ ᠰᠢᠳᠦᠬᠡᠨ ᠁︽ᠰᠢᠳᠦᠬᠡᠨ ᠬᠠᠳᠤᠨ︾ ᠭᠡᠳᠡᠭ ᠲᠡᠭᠦᠰᠭᠡᠯ ᠡᠨᠡ ᠪᠠᠳᠠᠭ ᠭᠦᠷᠭᠦ ᠳᠤ ᠵᠡᠭᠦᠳᠦ ᠴᠦ ᠰᠢᠭ᠂ ᠦᠨᠡᠨ ᠴᠦ ᠰᠢᠭ᠃ ᠪᠦᠷ ᠴᠦ ᠪᠦᠤᠷ ᠲᠦᠤᠷᠭᠡᠨ ᠁ ᠲᠠᠷᠠᠭ᠎ᠠ ᠡᠳᠦᠷ ᠤᠨ ᠬᠢᠨᠢ ᠦᠤᠷ ᠢᠶᠠᠷ᠂ ᠪᠢ ᠵᠡᠭᠦᠳᠦᠯᠡᠴᠢᠬᠡᠵᠡᠢ᠃ ᠁ ᠪᠢᠳᠡ ᠪᠦᠭᠦᠳᠡᠭᠡᠷ ᠬᠠᠮᠢᠭ᠎ᠠ ᠨᠢᠭᠡ ᠵᠦᠭ ᠲᠤ ᠶᠠᠪᠤᠵᠠᠭᠠᠭᠬᠰᠠᠨ ᠶᠤᠮ ᠪᠤᠤ ᠮᠡᠳᠡ᠂ ᠮᠠᠰᠢ ᠤᠳᠠᠭᠠᠨ ᠶᠠᠪᠤᠬᠰᠠᠨ ᠯᠡ ᠲᠦᠯᠦᠪᠳᠡᠢ᠃ ᠭᠡᠷ ᠤᠷᠤᠨ ᠮᠢᠨᠢ ᠡᠵᠡᠬᠦᠢ᠃ ᠶᠠᠪᠤᠨ ᠶᠠᠪᠤᠵᠤ ᠁ ᠶᠠᠪᠤᠵᠤ ᠶᠠᠪᠤᠭᠠᠳ ᠪᠤᠴᠠᠭᠠᠳ ᠢᠷᠡᠬᠦ ᠶᠢᠨ ᠦᠶ᠎ᠡ ᠳᠤ ᠪᠢ ᠬᠠᠮᠤᠭ ᠠᠴᠠ ᠲᠦᠷᠦᠬᠦᠨ᠎ᠡ ᠭᠡᠷ ᠲᠡᠭᠡᠨ ᠤᠷᠤᠵᠤ ᠤᠴᠢᠪᠠ᠃ ᠭᠡᠷ ᠤᠷᠤᠨ ᠮᠢᠨᠢ ᠤᠤᠯ ᠭᠡᠪ ᠢᠶᠠᠷ ᠪᠤᠯᠪᠠᠴᠦ ᠬᠠᠨᠵᠤᠨ ᠤ ᠭᠤᠤᠯ ᠳᠤ ᠬᠡᠷᠡᠮ ᠢ ᠲᠦᠰᠢᠬᠦᠯᠦᠭᠡᠳ ᠨᠢᠬᠡᠨ ᠭᠦᠮᠦᠨ ᠤ ᠭᠦᠷᠦᠭ ᠵᠢᠷᠤᠭ ᠢ ᠪᠤᠰᠬᠠᠵᠤ ᠲᠠᠯᠪᠢᠬᠰᠠᠨ ᠬᠠᠷᠠᠬᠳᠠᠯ᠎ᠠ᠃ ᠠᠶ᠎ᠠ᠂ ᠰᠤᠨᠢᠨ ᠴᠦ ᠶᠤᠮ ᠳ᠋ᠠ᠃ ᠪᠤᠷᠤ ᠽᠠᠨᠳᠠᠨ ᠮᠤᠳᠤᠨ ᠵᠢᠶᠠᠰᠠ ᠲᠠᠢ ᠪᠤᠳᠤᠭ ᠦᠬᠡᠢ ᠡᠨᠡ ᠵᠢᠷᠤᠭ ᠤᠨ ᠪᠦᠰᠡᠭᠦᠢ ᠴᠤᠬᠤᠮ ᠬᠡᠨ ᠪᠤᠯᠴᠢᠬᠠᠪᠠ ᠳ᠋ᠠ ᠭᠡᠳ ᠭᠡᠷᠡᠯ ᠠᠰᠠᠭᠠᠨ ᠯᠠᠪᠯᠠᠨ ᠦᠵᠡᠭᠰᠡᠨ ᠴᠢᠨᠢ᠂ ᠦᠵᠡᠰᠡ ᠡ︕ ᠨᠠᠭᠠᠴᠦ ᠡᠮᠡᠭᠡ᠃ ᠨᠠᠭᠠᠴᠦ ᠡᠮᠡᠭᠡ ᠮᠢᠨᠢ ᠦᠭᠡᠳᠡ ᠠᠴᠠ ᠬᠠᠷᠠᠨ ᠢᠨᠢᠶᠡᠮᠰᠦᠭᠯᠡᠵᠦ ᠪᠠᠶᠢᠨ᠎ᠠ᠃ ᠲᠡᠶᠢᠮᠦ ᠯᠡ ᠠᠮᠤᠭᠤᠯᠠᠩ᠂ ᠲᠡᠶᠢᠮᠦ ᠯᠡ ᠦᠵᠡᠰᠭᠦᠯᠡᠩ᠃ ᠪᠢ ᠶᠡᠭᠡᠳᠡ ᠤᠶᠠᠷᠠᠨ ᠨᠠᠭᠠᠴᠦ ᠡᠮᠡᠭᠡ ᠶᠢᠨ ᠢᠶᠠᠨ ᠡᠮᠦᠨ᠎ᠡ ᠲᠦᠱ ᠬᠢᠳᠡᠯ᠎ᠡ ᠰᠦᠭᠦᠳᠦᠭᠡᠳ᠄ ︽ᠨᠠᠭᠠᠴᠦ ᠡᠮᠡᠭᠡ ᠮᠢᠨᠢ ᠡ᠂ ᠪᠢᠳᠡ ᠬᠠᠷᠢᠨ ᠲᠠᠨ ᠢ ᠪᠠᠨ ᠭᠠᠵᠠᠷ ᠪᠦᠬᠦᠨ ᠠᠴᠠ ᠡᠷᠢᠬᠡᠳ ᠯᠡ ᠪᠠᠶᠢᠬᠰᠠᠨ ᠶᠤᠮ᠂ ᠲᠠ ᠴᠢᠨᠢ ᠬᠠᠷᠢᠨ ᠶᠡᠷᠦ ᠠᠴᠠ ᠬᠠᠮᠢᠭ᠎ᠠ ᠴᠦ ᠶᠠᠪᠤᠭ᠎ᠠ ᠦᠬᠡᠢ᠂ ᠦᠷᠦᠭᠡ ᠭᠡᠷ ᠲᠡᠭᠡᠨ ᠰᠠᠭᠠᠳᠠᠭᠠᠳ ᠯᠡ ᠪᠠᠶᠢᠬᠰᠠᠨ ᠶᠤᠮᠰᠠᠨᠵᠠᠢ  ᠁︾ ᠭᠡᠳ ᠬᠠᠨᠵᠤᠨ ᠲᠡᠭᠡᠷ᠎ᠡ ᠮᠦᠯᠬᠦᠨ ᠭᠠᠷᠤᠭᠠᠳ ᠮᠦᠷᠬᠦᠵᠦ ᠮᠦᠷᠭᠦᠭᠡᠳ ᠨᠠᠭᠠᠴᠦ ᠡᠮᠡᠭᠡ ᠶᠢᠨ ᠢᠶᠠᠨ ᠭᠦᠷᠦᠭ ᠢ ᠲᠡᠪᠡᠷᠢᠨ ᠠᠪᠬᠤ ᠶᠢ ᠠᠮᠵᠢᠳᠠᠯ᠎ᠠ᠂ ᠦᠨᠦᠬᠢ ᠭᠦᠷᠦᠭ ᠵᠢᠷᠤᠭ ᠬᠠᠷᠢᠨ ᠬᠢᠯᠠᠰᠬᠢᠨ ᠭᠡᠷᠡᠯᠳᠦᠮᠡᠭᠴᠡ ᠵᠢᠪ ᠵᠢᠵᠢᠭᠬᠡᠨ ᠨᠤᠮ ᠤᠨ ᠬᠠᠪᠢᠰᠦ ᠪᠤᠯᠤᠨ ᠬᠤᠪᠢᠯᠤᠭᠠᠳ ᠠᠯᠠᠭᠠᠨ ᠲᠡᠭᠡᠷ᠎ᠡ ᠮᠢᠨᠢ ᠪᠠᠭᠤᠪᠠ᠃ ᠪᠢ ᠬᠠᠴᠢᠷᠬᠠᠨ ᠭᠠᠶᠢᠬᠠᠰᠢᠷᠠᠬᠰᠠᠭᠠᠷ ᠲᠡᠷᠡ ᠭᠦ ᠵᠢᠵᠢᠭᠭᠡᠨ ᠨᠤᠮ ᠢ ᠱᠤᠬᠤᠭᠤᠷᠬᠠᠨ ᠪᠠᠶᠢᠳᠠᠯ᠎ᠠ ᠭᠠᠳᠠᠨ᠎ᠠ ᠠᠴᠠ ᠡᠵᠢ ᠮᠢᠨᠢ ᠤᠷᠤᠭᠠᠳ ᠢᠷᠡᠪᠡ᠂ ᠡᠵᠢ ᠶᠢᠨ ᠠᠷᠦ  ᠠᠴᠠ ᠮᠠᠰᠢ ᠤᠯᠠᠨ ᠭᠦᠮᠦᠰ ᠲᠠᠭᠠᠯᠴᠠᠨ᠎ᠠ᠃ ︽ᠡᠵᠢ ᠡ︕ ᠲᠠ ᠦᠵᠡᠭᠡᠴᠢ ᠳ᠋ᠠ᠂ ᠮᠠᠨᠤᠰ ᠢ ᠭᠠᠳᠠᠬᠰᠢ ᠶᠠᠪᠤᠬᠰᠠᠨ ᠬᠤᠭᠤᠷᠤᠨᠳᠦ ᠨᠠᠭᠠᠴᠦ ᠡᠮᠡᠭᠡ ᠪᠤᠴᠠᠭᠠᠳ ᠢᠷᠡᠴᠢᠭᠡᠭᠰᠡᠨ ᠪᠠᠶᠢᠨ᠎ᠠ ᠰᠢᠦ︕ ᠭᠡᠷ ᠲᠡᠭᠡᠨ ᠬᠠᠷᠢᠵᠤ ᠢᠷᠡᠭᠡᠳ ᠬᠠᠨᠵᠤᠨ ᠤ ᠪᠠᠨ ᠭᠤᠤᠯ ᠳᠤ ᠰᠠᠭᠠᠳᠠᠵᠤ ᠪᠠᠶᠢᠵᠠᠢ︕︾ ᠭᠡᠵᠦ ᠪᠢ ᠪᠠᠶᠠᠷᠯᠠᠨ ᠲᠤᠬᠳᠤᠯᠵᠤ ᠦᠨᠦᠬᠢ ᠠᠯᠠᠭᠠᠨ ᠨᠤᠮ ᠢᠶᠠᠨ ᠡᠵᠢ ᠳᠤ ᠭᠠᠷᠳᠠᠭᠤᠯᠬᠤ ᠶᠢᠨ ᠬᠠᠮᠳᠦ᠂ ᠬᠠᠪᠢᠰᠤᠨ ᠤ ᠵᠢᠷᠤᠭ ᠤᠷᠤᠭᠤ ᠬᠠᠨᠳᠤᠨ ︽ᠨᠠᠭᠠᠴᠦ ᠡᠮᠡᠭᠡ ᠡ︕︾ ᠭᠡᠮᠡᠨ ᠭᠤᠤᠯ ᠤᠨ ᠠᠶᠠᠯᠭᠤ ᠪᠠᠷ ᠬᠠᠰᠬᠢᠷᠤᠨ ᠲᠠᠭᠤᠳᠠᠬᠤ ᠳᠤ ᠡᠵᠢ ᠮᠢᠨᠢ ᠪᠠᠰᠠ ︽ᠡᠵᠢ ᠡ︕︾ ᠬᠡᠮᠡᠨ ᠤᠷᠢ ᠲᠠᠭᠤ ᠬᠠᠳᠠᠭᠠᠨ ᠪᠠᠶᠢᠳᠠᠯ᠎ᠠ᠂ ᠨᠠᠭᠠᠴᠦ ᠡᠮᠡᠭᠡ ᠶᠢᠨ ᠭᠡᠷᠡᠯ ᠲᠠᠳᠠᠬᠰᠠᠨ ᠮᠠᠩᠨᠠᠢ ᠶᠢᠨ ᠠᠳᠤᠷᠢᠶ᠎ᠠ ᠬᠤᠨᠢᠶᠠᠰᠦ ᠪᠦᠷᠢ ᠠᠴᠠ ᠨᠢ ᠭᠦᠯᠦᠰᠦ ᠲᠠᠭᠠᠭᠠᠪᠤᠷᠢᠯᠠᠬᠤ ᠰᠢᠤᠬᠠᠨ ᠪᠤᠯᠵᠤ᠂ ᠠᠭᠠᠵᠢᠮ ᠢᠶᠠᠷ ᠰᠢᠷᠭᠡᠭ ᠰᠢᠷᠭᠡᠭ ᠠᠯᠳᠠᠨ ᠭᠡᠷᠡᠯ ᠪᠤᠯᠤᠨ ᠤᠶᠢᠯᠵᠤ ᠨᠠᠷᠠᠨ ᠤ ᠭᠡᠷᠡᠯ ᠲᠠᠢ ᠠᠭᠤᠰᠤᠯᠳᠤᠨ᠎ᠠ᠃ ᠲᠡᠭᠡᠵᠦ ᠪᠠᠶᠢᠳᠠᠯ᠎ᠠ ᠦᠬᠢᠨ ᠲᠡᠭᠦᠦ ᠰᠡᠴᠡᠨ ᠪᠠᠰᠠ ᠭᠦᠷᠦᠯᠴᠡᠨ ᠢᠷᠡᠴᠢᠬᠡᠭᠡᠳ᠄ ︽ᠦᠵᠡᠶ᠎ᠡ ᠦᠵᠡᠶ᠎ᠡ︕ ᠪᠢ ᠪᠠᠰᠠ ᠨᠢᠬᠡ ᠦᠵᠡᠭᠡᠳᠡᠭᠡᠶ᠎ᠡ︕︾ ᠭᠡᠵᠦ ᠡᠵᠢ ᠪᠢᠳᠡ ᠬᠤᠶᠠᠭᠤᠯᠠ ᠶᠢᠨ ᠲᠤᠮᠳᠠᠭᠤᠷ ᠤᠷᠤᠬᠰᠢ ᠲᠡᠮᠡᠦᠯᠦᠨ᠎ᠡ᠃ ᠰᠡᠴᠡᠨ ᠪᠤᠯ ᠮᠢᠨᠦ ᠭᠤᠷᠪᠠᠳᠤᠭᠠᠷ ᠨᠠᠭᠠᠴᠦ ᠡᠵᠢ ᠶᠢᠨ ᠤᠳᠬᠤᠨ ᠦᠬᠢᠨ ᠨᠢ ᠶᠤᠮ᠂ ᠪᠠᠭ᠎ᠠ ᠳᠠᠭᠠᠨ ᠪᠢᠳᠡ ᠪᠦᠷ ᠨᠠᠭᠠᠴᠦ ᠡᠮᠡᠭᠡ ᠶᠢᠨ ᠢᠶᠠᠨ ᠨᠠᠢᠮᠠᠨ ᠲᠠᠰᠤᠯᠭ᠎ᠠ ᠦᠷᠦᠭᠡᠨ ᠳᠤ ᠬᠠᠮᠳᠦ ᠲᠤᠬᠯᠠᠨ ᠦᠰᠦᠭᠰᠡᠨ ᠶᠤᠮ ᠳ᠋ᠠ᠃ ︽ᠰᠡᠴᠡᠨ ᠡ᠂ ᠨᠠᠭᠠᠴᠦ ᠡᠮᠡᠭᠡ ᠬᠠᠷᠢᠭᠠᠳ ᠢᠷᠡᠴᠢᠬᠡᠵᠡᠢ ᠰᠢᠦ︕ ᠴᠢ ᠪᠦᠭᠦᠳᠡ ᠳᠤ ᠴᠢᠨᠠᠬᠰᠢ ᠪᠠᠨ ᠲᠠᠮᠵᠢᠭᠤᠯᠤᠭᠠᠳ ᠦᠭ︕︾ ᠭᠡᠵᠦ ᠨᠠᠮᠠᠢᠢ ᠬᠡᠯᠡᠵᠦ ᠪᠠᠷᠠᠬᠤ ᠠᠴᠠ ᠡᠮᠦᠨ᠎ᠡ᠂ ︽ᠸᠠ︕︾ ᠬᠢᠨ ᠨᠢᠯᠬ᠎ᠠ ᠭᠡᠤᠭᠡᠳ   ᠤᠨ ᠴᠠᠰᠬᠢᠨ ᠤᠬᠢᠯᠠᠬᠤ ᠲᠠᠭᠤᠨ ᠰᠤᠨᠤᠰᠳᠠᠬᠤ ᠳᠤ ᠁ ᠰᠡᠷᠡᠪᠡ᠃ ᠵᠡᠭᠦᠳᠦᠯᠡᠵᠦ ᠰᠡᠷᠡᠭᠡᠳ ᠪᠢ ᠶᠤᠰᠤᠳᠠᠢ ᠮᠡᠯ ᠭᠠᠶᠢᠬᠠᠯ᠎ᠠ᠃ ᠡᠨᠡ ᠵᠡᠭᠦᠳᠦ ᠲᠤᠪ ᠲᠤᠳᠤᠬᠠᠨ᠃ ᠬᠦᠮᠦᠨ ᠨᠢ ᠴᠦ᠂ ᠦᠬᠡ ᠨᠢ ᠴᠦ ᠲᠤᠪ ᠲᠤᠳᠤᠷᠬᠠᠢ᠃ ᠶᠠᠭ ᠯᠡ ᠦᠨᠡᠨ ᠤᠴᠢᠷ ᠰᠢᠭ᠋᠃ ᠨᠠᠭᠠᠴᠦ ᠡᠮᠡᠭᠡ ᠮᠢᠨᠢ ᠶᠢᠷᠳᠢᠨᠴᠦ ᠠᠴᠠ ᠰᠠᠯᠤᠭᠠᠳ ᠨᠢᠭᠡᠨᠳᠡ ᠲᠦᠴᠢᠭᠡᠳ ᠵᠢᠯ ᠪᠤᠯᠴᠢᠬᠠᠬᠰᠠᠨ ᠶᠤᠮ᠃ ᠡᠨᠡ ᠵᠡᠭᠦᠳᠦ ᠪᠠᠨ ᠪᠢ ᠮᠠᠰᠢᠳᠠ ᠪᠡᠯᠬᠡᠰᠢᠶᠡᠵᠦ᠂ ᠡᠪᠦᠷ ᠲᠡᠮᠳᠡᠭᠯᠡᠯ ᠲᠡᠭᠡᠷ᠎ᠡ ᠪᠠᠨ ᠪᠢᠴᠢᠵᠦ ᠲᠠᠯᠪᠢᠭᠠᠳ ᠭᠡᠨ ᠳᠤ ᠴᠦ ᠬᠡᠯᠡᠭᠰᠡᠨ ᠦᠬᠡᠢ᠃ ᠰᠠᠶᠢᠨ ᠵᠡᠭᠦᠳᠦ ᠶᠢ ᠬᠡᠯᠡᠳᠡᠭ ᠦᠬᠡᠢ ᠭᠡᠳᠡᠭ ᠶᠤᠮ᠃ ᠮᠢᠨᠦ ᠡᠨᠡ ᠯᠠᠪᠳᠠᠢ ᠰᠠᠶᠢᠨ ᠵᠡᠭᠦᠳᠦ ᠭᠡᠵᠦ ᠪᠢ ᠢᠳᠡᠭᠡᠨ᠎ᠡ︕ ᠵᠡᠭᠦᠳᠦᠨ ᠤ ᠴᠢᠨᠠᠳᠦ ᠳᠤ ᠴᠤᠬᠤᠮ ᠶᠠᠮᠠᠷ ᠰᠢᠤᠬᠠᠨ ᠵᠦᠩ ᠰᠤᠪᠢᠩ ᠨᠢᠭᠤᠬᠳᠠᠵᠤ ᠪᠠᠶᠢᠭ᠎ᠠ ᠶᠢ ᠪᠢ ᠦᠪᠡᠷ ᠢᠶᠠᠨ ᠲᠠᠶᠢᠯᠪᠤᠷᠢᠯᠠᠵᠤ ᠡᠰᠡ ᠴᠢᠳᠠᠨ᠎ᠠ᠃ ᠡᠨᠡ ᠡᠳᠡᠭᠡᠷ ᠢ ᠪᠢ ᠬᠡᠨ ᠨᠢᠬᠡᠨ ᠳᠤ ᠠᠮᠢᠨᠴᠢᠷᠬᠠᠨ ᠭᠡᠯᠡᠬᠦ ᠰᠠᠨ ᠭᠡᠵᠦ ᠤᠳᠠᠭᠠᠨ ᠡᠳᠦᠷ ᠰᠡᠳᠬᠢᠯ ᠳᠡᠭᠡᠨ ᠬᠠᠳᠠᠭᠠᠯᠠᠯ᠎ᠠ᠂ ᠦᠨᠦᠳᠦᠷ ᠲᠠᠨ ᠲᠠᠢ ᠬᠤᠪᠢᠶᠠᠯᠴᠠᠬᠤ ᠳᠤ ᠰᠡᠳᠬᠢᠯ ᠳᠤ ᠮᠠᠰᠢ ᠠᠶᠠᠳᠠᠶᠢᠬᠠᠨ ᠪᠠᠶᠢᠨ᠎ᠠ᠃ᠤᠷᠠᠬᠳᠠᠬᠰᠠᠨ ᠬᠠᠭᠤᠳᠠᠰᠦ᠂ ᠮᠠᠨᠠᠨᠳᠤᠬᠰᠠᠨ ᠪᠦᠯᠢᠶᠡᠨ ᠴᠤᠭ᠂ ᠠᠷᠭ᠎ᠠ ᠪᠢᠯᠢᠭ ᠤᠨ ᠢᠯᠡ ᠲᠠᠯᠳᠠ ᠤᠷᠤᠰᠢᠬᠤᠢ ᠬᠤᠶᠠᠷ ᠬᠤᠷᠤᠢ ᠬᠤᠷᠤᠢ ᠬᠤᠷᠤᠢ ᠁ᠪᠡᠶ᠎ᠡ ᠪᠠᠨ᠂ ᠭᠡᠷ ᠢᠶᠠᠨ᠂ ᠤᠯᠤᠰ ᠢᠶᠠᠨ ᠭᠡᠭᠡᠷᠡᠯ ᠢᠶᠠᠷ ᠵᠠᠰᠠᠬᠯᠠᠬᠤ ᠳᠤ ᠰᠢᠯᠭᠠᠷᠠᠬᠰᠠᠨ ᠬᠠᠳᠤᠨ ᠤᠬᠠᠭᠠᠨ ᠬᠤᠷᠤᠢ ᠬᠤᠷᠤᠢ ᠬᠤᠷᠤᠢ ᠁ᠤᠬᠳᠤᠵᠤ ᠮᠡᠳᠡᠬᠦ ᠶᠢᠨ᠂ ᠲᠤᠰᠴᠦ ᠪᠡᠯᠡᠳᠬᠦ ᠶᠢᠨ  ᠂ ᠲᠡᠰᠴᠦ ᠦᠯᠡᠳᠡᠬᠦ ᠳᠤ ᠮᠡᠷᠭᠡᠰᠢᠭᠰᠡᠨ ᠬᠠᠳᠤᠨ ᠤᠬᠠᠭᠠᠨ ᠬᠤᠷᠤᠢ ᠬᠤᠷᠤᠢ ᠬᠤᠷᠤᠢ ᠁ᠴᠢᠩ ᠦᠨᠡᠨ ᠤ᠂ ᠴᠦ᠋ ᠦᠨᠡᠨ ᠤ᠂ ᠬᠠᠵᠢᠷ ᠦᠨᠡᠨ ᠤ ᠤᠨᠤᠯ ᠳᠤ ᠨᠡᠪᠳᠡᠷᠡᠭᠰᠡᠨ ᠬᠠᠳᠤᠨ ᠤᠬᠠᠭᠠᠨ ᠬᠤᠷᠤᠢ ᠬᠤᠷᠤᠢ ᠬᠤᠷᠤᠢ ᠁ᠶᠡᠭᠡ ᠡᠪᠯᠡᠬᠦᠯᠦᠭᠴᠢ᠂ ᠶᠡᠭᠡ ᠲᠦᠯᠵᠢᠭᠦᠯᠦᠭᠴᠢ᠂ ᠶᠡᠭᠡ ᠲᠡᠳᠭᠦᠭᠴᠢ ᠤᠬᠠᠭᠠᠨ ᠳᠤ ᠪᠤᠯᠪᠠᠰᠤᠷᠠᠬᠰᠠᠨ ᠬᠠᠳᠤᠨ ᠤᠬᠠᠭᠠᠨ ᠬᠤᠷᠤᠢ ᠬᠤᠷᠤᠢ ᠬᠤᠷᠤᠢ ᠁ᠪᠦᠭᠡ ᠢᠳᠤᠭᠠᠰ ᠤᠨ ᠬᠡᠬᠡᠨ ᠲᠠᠷᠢᠬᠢᠨ ᠤ ᠠᠷᠪᠠᠨ ᠬᠤᠶᠠᠷ ᠵᠦᠩ ᠢᠶᠠᠷ ᠭᠡᠭᠡᠷᠡᠭᠰᠡᠨ ᠬᠠᠳᠤᠨ ᠤᠬᠠᠭᠠᠨ ᠬᠤᠷᠤᠢ ᠬᠤᠷᠤᠢ ᠬᠤᠷᠤᠢ ᠁ ᠪᠦᠰᠡᠳᠡᠢ ᠪᠦᠰᠡᠳᠡᠶᠢᠴᠦᠳ ᠠᠷᠭ᠎ᠠ ᠪᠢᠯᠢᠭ ᠤᠨ ᠤᠬᠠᠭᠠᠨ ᠬᠤᠤᠰᠯᠠᠨ ᠲᠡᠩᠴᠡᠭᠦᠷᠢᠰᠢᠭᠰᠡᠨ ᠮᠤᠩᠭᠤᠯ ᠰᠤᠤ ᠤᠬᠠᠭᠠᠨ ᠬᠤᠷᠤᠢ ᠬᠤᠷᠤᠢ ᠬᠤᠷᠤᠢ ᠁ ︽ᠬᠠᠳᠤᠨ ᠰᠦᠨᠡᠰᠦ︾ ᠮᠠᠨᠢ ᠲᠨ ᠪᠢᠳᠡᠨ ᠤ ᠠᠯᠭᠠᠨ ᠳᠤ ᠪᠠᠭᠤᠵᠤ᠂ ᠰᠡᠳᠬᠢᠯ ᠤᠨ ᠬᠠᠷᠠᠩᠭᠤᠢ ᠶᠢ ᠭᠡᠭᠡᠷᠡᠭᠦᠯᠬᠦ ᠶᠤᠮ᠃ ᠬᠤᠪᠢ ᠬᠦᠮᠦᠨ ᠤ ᠮᠡᠳᠡᠯᠬᠡ ᠶᠢᠨ ᠬᠢᠵᠠᠭᠠᠷ᠂ ᠤᠬᠠᠭᠠᠨ ᠤ ᠮᠦᠴᠢᠳ ᠠᠴᠠ ᠪᠤᠯᠵᠤ ᠠᠯᠳᠠᠵᠤ ᠲᠠᠰᠢᠶᠠᠷᠠᠬᠰᠠᠨ ᠵᠦᠢᠯ ᠪᠠᠶᠢᠪᠠᠰᠦ ᠦᠵᠡᠬᠦ ᠮᠡᠷᠭᠡᠳ ᠰᠢᠬᠦᠮᠵᠢᠯᠡᠨ ᠵᠢᠭᠠᠵᠤ ᠵᠠᠯᠠᠷᠠᠭᠤᠯᠤᠨ ᠤᠩᠰᠢᠬᠤ ᠪᠤᠯᠪᠠ ᠦᠦ᠃     2020 ᠤᠨ ᠤ  ᠵᠤᠨ ᠤ ᠲᠤᠮᠳᠠᠴᠢ ᠰᠠᠷ᠎ᠠ᠂ ᠵᠢᠮᠢᠰ ᠤᠨ ᠮᠠᠴᠠᠬᠳᠦ ᠡᠳᠦᠷ᠎ᠡ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号