ᠯᠢᠨᠰᠢ ᠰᠢᠶᠠᠨ ᠤ ᠭᠠᠵᠠᠷ ᠤᠨ  ᠨᠡᠷᠡᠰ
ᠨᠡᠶᠢᠲᠡᠯᠡᠭᠰᠡᠨ ᠴᠠᠭ᠄
2020-06-30
 ᠠᠭᠠᠳᠠᠷ  ᠪᠤᠷᠤᠭᠠᠨ   ᠳᠤ ᠰᠡᠷᠭᠦᠳᠡᠭ  ᠠᠷᠤ  ᠰᠢᠪᠠᠷᠳᠠᠢ  ᠭᠤᠤᠯ   ᠲᠠᠢ  ᠦᠶᠡᠷ   ᠤᠨ  ᠴᠠᠭ   ᠲᠤ   ᠲᠠᠪᠠᠯᠭᠠᠯᠠᠳᠠᠭ  ᠦᠷᠭᠡᠨ  ᠭᠠᠯᠳᠠᠰᠤᠳᠠᠢ ᠭᠤᠤᠯ   ᠲᠠᠢ  ᠂  ᠤᠷᠤᠰᠬᠠᠯ   ᠲᠠᠰᠤᠷᠠᠭᠠᠳ ᠤᠳᠠᠭᠰᠠᠨ  ᠤᠯᠢᠶᠠᠰᠤᠳᠠᠢ  ᠭᠤᠤᠯ   ᠤᠨ ᠬᠡᠪᠡᠯᠢ ᠲᠠᠢ  ᠂  ᠤᠷᠤᠮ  ᠲᠡᠳᠦᠢ  ᠪᠤᠯᠤᠭᠰᠠᠨ  ᠬᠠᠷᠤᠰᠤ ᠭᠤᠤᠯ   ᠤᠨ ᠵᠢᠷᠤᠭ ᠲᠠᠢ᠃  ᠲᠠᠪᠠᠭ᠎ᠠ  ᠬᠢᠩᠭᠠᠨ   ᠤ  ᠵᠠᠯᠭᠠᠮᠵᠢ  ᠲᠠᠯᠠᠩ ᠠᠭᠤᠯᠠ   ᠶᠢᠨ  ᠪᠠᠷ᠎ᠠ ᠲᠠᠢ  ᠲᠤᠲ᠋ᠧᠮ  ᠴᠢᠨᠤᠸ᠎ᠠ   ᠶᠢᠨ  ᠱᠤᠭᠤᠮᠠᠯ   ᠲᠠᠢ  ᠮᠠᠷᠴᠢᠨ ᠰᠦᠮᠪᠦᠷ   ᠤᠨ  ᠪᠠᠷᠳᠠᠭ᠎ᠠ ᠲᠠᠢ  ᠂    ᠠᠷᠪᠠᠨ  ᠭᠤᠷᠪᠠᠨ  ᠤᠪᠤᠭ᠎ᠠ ᠲᠠᠬᠢᠭᠰᠠᠨ  ᠠᠷᠤ  ᠬᠠᠶᠢᠷᠬᠠᠨ   ᠤ  ᠨᠠᠮᠪᠠ   ᠲᠠᠢ  ᠂  ᠠᠰᠬ᠎ᠠ ᠬᠠᠳᠠ ᠪᠠᠷ  ᠭᠤᠤᠯᠯᠭᠰᠠᠨ  ᠭᠤᠷᠪᠠᠨ  ᠰᠡᠷᠡᠩ   ᠤᠨ  ᠦᠵᠡᠮᠵᠢ ᠲᠠᠢ᠃  ᠢᠨᠢᠶᠡᠮᠰᠦᠭᠯᠡᠵᠦ  ᠪᠠᠶᠢᠭ᠎ᠠ   ᠲᠦᠷᠢᠳᠠᠢ  ᠶᠢᠰᠦᠨ ᠪᠤᠷᠬᠠᠨᠳᠤ  ᠠᠭᠤᠯᠠ ᠲᠠᠢ᠂    ᠢᠩᠭᠡ   ᠶᠢᠨ ᠰᠦᠷᠤᠭ᠌   ᠢᠶᠠᠨ  ᠬᠠᠷᠢᠭᠤᠯᠳᠠᠭ  ᠢᠩᠭᠡᠳᠦ   ᠬᠦᠨᠳᠢ ᠶᠢᠨ  ᠨᠡᠷᠡᠶᠢᠳᠦᠯ ᠲᠠᠢ  ᠂  ᠤᠭᠠᠯᠵᠠ  ᠵᠡᠭᠡᠷ᠎ᠡ  ᠪᠦᠷᠭᠦᠳᠡᠭ  ᠤᠭᠠᠯᠵᠠ ᠠᠭᠤᠯᠠ   ᠶᠢᠨ  ᠠᠯᠳᠠᠷ ᠲᠠᠢ  ᠃  ᠪᠠᠪᠤᠵᠠᠪ   ᠤᠨ  ᠰᠤᠮᠤᠨ ᠳᠤ  ᠤᠨᠤᠭᠳᠠᠭᠰᠠᠨ  ᠪᠠᠶᠢᠬᠠᠳᠤ ᠠᠭᠤᠯᠠ   ᠶᠢᠨ  ᠲᠡᠦᠬᠡ ᠲᠠᠢ  ᠪᠤᠤᠷ᠎ᠠ ᠲᠡᠮᠡᠭᠡ ᠪᠠᠨ  ᠬᠠᠷᠢᠭᠤᠯᠳᠠᠭ ᠪᠤᠤᠷ᠎ᠠ ᠶᠢᠨ  ᠬᠦᠨᠳᠢ ᠶᠢᠨ  ᠨᠡᠷ᠎ᠡ ᠲᠠᠢ  ᠂ ᠪᠦᠷᠭᠦᠳ ᠱᠤᠩᠭᠤᠷ ᠡᠭᠦᠷᠯᠡᠳᠡᠭ ᠪᠠᠭ᠎ᠠ ᠶᠤᠯᠤ   ᠶᠢᠨ  ᠠᠭᠤᠯᠠ ᠲᠠᠢ  ᠂ ᠪᠠᠭᠠᠷᠢᠨ ᠬᠡᠰᠢᠭᠳᠡᠨ ᠢ  ᠵᠠᠭᠠᠭᠯᠠᠭᠰᠠᠨ ᠪᠠᠭᠠᠷᠢᠨ ᠤ   ᠬᠢᠵᠠᠭᠠᠷ  ᠨᠡᠷᠡᠶᠢᠳᠦᠯ ᠲᠠᠢ᠃ ᠦᠯᠡᠮᠵᠢ ᠬᠡᠮᠵᠢᠶᠡᠳᠦ   ᠶᠢ  ᠰᠠᠨᠠᠭᠳᠠᠭᠤᠯᠤᠭᠰᠠᠨ ᠪᠠᠶᠠᠨ ᠬᠦᠨᠳᠡᠯᠡᠨ ᠠᠭᠤᠯᠠ   ᠲᠠᠢ ᠪᠠᠷᠰ  ᠢᠷᠪᠢᠰ  ᠡᠭᠦᠷᠯᠡᠵᠦ  ᠪᠠᠶᠢᠭᠰᠠᠨ ᠪᠠᠷᠰᠳᠤ ᠲᠠᠪᠠᠭᠠᠨ ᠤ  ᠪᠡᠷᠭᠡ ᠲᠠᠢ  ᠃ ᠡᠭᠴᠨ  ᠦᠨᠳᠦᠷ ᠢᠶᠠᠷ   ᠢᠶᠠᠨ  ᠠᠯᠳᠠᠷᠰᠢᠭᠰᠨ ᠡᠷᠭᠡᠯᠵᠢ ᠠᠭᠤᠯᠠ   ᠶᠢᠨ  ᠰᠦᠷ ᠲᠠᠢ᠂ ᠤᠪᠤᠭ᠎ᠠ   ᠴᠢᠯᠭᠤᠨ   ᠳᠠᠭᠠᠨ  ᠨᠡᠷᠯᠡᠭᠳᠡᠭᠰᠡᠨ ᠤᠪᠤᠭᠠᠳᠤ  ᠴᠢᠯᠠᠭᠤᠨ  ᠲᠤᠪᠤ ᠲᠠᠢ  ᠂ ᠤᠯᠡᠶᠢᠮ᠎ᠡ  ᠦᠩᠭᠡ   ᠪᠠᠷ   ᠲᠠᠭᠤᠳᠠᠭᠳᠠᠭᠰᠠᠨ ᠤᠯᠠᠭᠠᠨ ᠬᠠᠳᠠ ᠶᠢᠨ   ᠴᠤᠯᠠ ᠲᠠᠢ  ᠃ ᠬᠤᠪᠳᠤ   ᠶᠢᠨ  ᠲᠠᠪᠠᠭ᠎ᠠ   ᠮᠦᠷᠭᠦᠯᠴᠡᠭᠡ ᠠᠭᠤᠯᠠ ᠬᠤᠷᠢᠶ᠎ᠠ ᠠᠭᠤᠯᠠ  ᠱᠠᠪᠠᠭᠳᠤ ᠠᠭᠤᠯᠠ ᠬᠠᠳᠠᠳᠤ ᠠᠭᠤᠯᠠ   ᠢᠩᠭᠳᠦ  ᠠᠭᠤᠯᠠ   ᠬᠠᠮᠷᠳᠦ ᠤᠪᠤᠭ᠎ᠠ  ᠱᠤᠷᠤᠩ ᠠᠭᠤᠯᠠ  ᠂ ᠠᠰᠬᠠᠨ ᠲᠠᠪᠠᠭ᠎ᠠ  ᠴᠤᠭ ᠠᠭᠤᠯᠠ ᠠᠭᠳᠠᠷᠭ᠎ᠠ ᠶᠢᠨ  ᠨᠠᠭᠤᠷ  ᠬᠠᠭᠤᠷᠠᠢ ᠲᠠᠪᠠᠭ᠎ᠠ ᠡᠮᠡᠭᠡᠯ ᠤᠨ  ᠠᠭᠤᠯᠠ  ᠬᠤᠩᠭᠤᠳᠤ ᠶᠢᠨ  ᠲᠠᠪᠠᠭ᠎ᠠ ᠠᠷᠭᠤᠳᠤ ᠠᠭᠤᠯᠠ  ᠲᠡᠮᠡᠭᠡᠨ ᠴᠢᠯᠭᠠᠤᠨ ᠠᠯᠢ ᠤᠯᠠᠨ ᠮᠤᠩᠭᠤᠯ ᠨᠡᠷᠡᠰ   ᠢ ᠠᠶ᠎ᠠ ᠪᠤᠷᠬᠠᠨ  ᠪᠠᠭᠳᠠᠭᠠᠬᠤ ᠪᠠᠨ  ᠪᠤᠯᠢᠯ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号