| ᠪᠠᠯᠠᠷ ᠴᠠᠭ ᠤᠨ ᠬᠠᠳᠠᠭᠤ ᠪᠠᠶᠢᠭᠠᠯᠢ ᠠᠴᠠ ᠤᠷᠭᠤᠵᠦ ᠪᠤᠰᠤᠭᠰᠠᠨ ᠪᠦᠯᠦᠭ | ᠪᠠᠯᠮᠠᠳ ᠡᠷᠡᠨ ᠤ ᠴᠢᠰᠦᠳᠠᠢ ᠲᠠᠶᠢᠨ ᠳᠤ ᠨᠢᠭᠡᠳᠦᠷᠡᠵᠦ ᠪᠤᠰᠤᠭᠰᠠᠨ ᠰᠦᠷᠦᠭ | ᠪᠠᠶᠢᠭᠠᠯᠢ ᠶᠡᠷᠢᠳᠢᠨᠴᠦ ᠶᠢᠨ ᠬᠠᠳᠠᠭᠤ ᠰᠢᠯᠭᠠᠯᠳᠠ ᠶᠢ ᠬᠠᠮᠳᠦᠷᠠᠵᠦ ᠲᠤᠭᠤᠯᠠᠭᠰᠠᠨ ᠨᠢᠭᠡᠴᠡ | ᠪᠤᠯᠪᠠᠰᠤᠨ ᠴᠠᠭ ᠤᠨ ᠪᠢᠯᠢᠭᠳᠦ ᠮᠦᠴᠨ ᠳᠤ ᠡᠷᠴᠢᠮᠡᠯᠡᠵᠦ ᠠᠵᠢᠯᠯᠠᠭᠰᠠᠨ ᠴᠤᠭᠴᠠ | | | | | ᠦᠵᠡᠯ ᠰᠡᠳᠬᠢᠯᠭᠡ ᠪᠠᠨ ᠰᠤᠯᠢᠯᠴᠠᠬᠤ ᠳᠤ ᠲᠦᠷᠦᠯᠬᠢ ᠬᠡᠯᠡ ᠶᠢᠨ ᠵᠡᠪᠰᠡᠭ ᠲᠠᠢ | ᠤᠭᠰᠠᠬᠠ ᠵᠠᠯᠭᠠᠨ ᠤᠯᠠᠮᠵᠢᠯᠠᠬᠤ ᠳᠤ ᠦᠪᠡᠷᠮᠢᠴᠡ ᠠᠬᠤᠢ ᠶᠢᠨ ᠰᠠᠭᠤᠷᠢ ᠲᠠᠢ | ᠦᠨᠡᠨ ᠬᠤᠳᠠᠯ ᠳᠤ ᠬᠠᠨᠳᠤᠬᠤ ᠳᠤ ᠬᠠᠮᠳᠦ ᠶᠢᠨ ᠰᠡᠳᠬᠢᠬᠦᠢ ᠶᠢᠨ ᠬᠡᠯᠪᠡᠷᠢ ᠲᠠᠢ | ᠦᠭᠡᠷ᠎ᠡ ᠪᠤᠰᠤᠳ ᠠᠴᠠ ᠢᠯᠭᠠᠭᠳᠠᠬᠤ ᠳᠤ ᠨᠡᠶᠢᠳᠡ ᠶᠢᠨ ᠠᠮᠢᠳᠦᠷᠠᠯ ᠤᠨ ᠤᠬᠠᠭᠠᠨ ᠲᠠᠢ᠃ | | | ᠤᠷᠤᠰᠬᠤ ᠤᠯᠠᠭᠠᠨ ᠴᠢᠰᠦ ᠨᠢ ᠯᠤᠭᠰᠢᠬᠤ ᠰᠤᠳᠠᠯ ᠳᠠᠭᠠᠨ ᠬᠤᠯᠪᠤᠭᠠᠳᠠᠢ | ᠤᠬᠠᠭᠠᠨ ᠤ ᠲᠡᠭᠷᠢ ᠨᠢ ᠰᠢᠳᠦᠭᠡᠨ ᠨᠢ ᠪᠠᠶᠢᠭᠠᠯᠢ ᠲᠡᠯᠡᠬᠡᠢ ᠳᠡᠭᠡᠨ ᠬᠤᠯᠪᠤᠭᠠᠳᠠᠢ | ᠤᠤᠬ᠎ᠠ ᠰᠤᠶᠤᠯ ᠤᠨ ᠬᠦᠭᠵᠢᠯᠳᠡ ᠨᠢ ᠠᠭᠤᠯᠠ ᠤᠰᠤ ᠳᠠᠭᠠᠨ ᠬᠤᠯᠪᠤᠭᠠᠳᠠᠢ | ᠤᠷᠤᠭᠤᠳᠠᠵᠤ ᠮᠠᠨᠳᠤᠬᠤ ᠬᠤᠪᠢᠷᠠᠯ ᠨᠢ ᠬᠠᠮᠳᠦ ᠶᠢᠨ ᠵᠢᠶᠠᠭᠠᠨ ᠳᠠᠭᠠᠨ ᠬᠤᠯᠪᠤᠭᠠᠳᠠᠢ | | | | | ᠲᠡᠭᠷᠢ ᠶᠢᠨ ᠬᠢᠵᠠᠭᠠᠷ ᠲᠤ ᠶᠠᠪᠤᠭᠰᠠᠨ ᠴᠦ ᠰᠠᠯᠵᠦ ᠴᠢᠳᠠᠰᠢ ᠦᠭᠡᠢ ᠨᠡᠷ᠎ᠡ | ᠲᠠᠮᠦ ᠶᠢᠨ ᠭᠦᠨ ᠳᠤ ᠤᠨᠠᠭᠰᠠᠨ ᠴᠦ ᠰᠤᠯᠢᠵᠦ ᠪᠤᠯᠤᠰᠢ ᠦᠭᠡᠢ ᠲᠠᠮᠠᠭ᠎ᠠ | ᠲᠠᠩᠰᠤᠭ ᠵᠢᠷᠭᠠᠯ ᠳᠤ ᠱᠤᠩᠪᠠᠭᠰᠠᠨ ᠴᠦ ᠮᠠᠷᠳᠠᠵᠦ ᠪᠤᠯᠤᠰᠢ ᠦᠭᠡᠢ ᠰᠡᠷᠡᠮᠵᠢ | ᠲᠦᠮᠡᠨ ᠦᠶ᠎ᠡ ᠤᠯᠠᠮᠵᠢᠯᠠᠭᠰᠠᠨ ᠴᠦ ᠬᠤᠪᠢᠷᠠᠵᠦ ᠪᠤᠯᠤᠰᠢ ᠦᠭᠡᠢ ᠵᠦᠢᠯ | |