ᠰᠡᠩᠭᠡᠷᠡᠭᠦᠯᠦᠯ
ᠨᠡᠶᠢᠲᠡᠯᠡᠭᠰᠡᠨ ᠴᠠᠭ᠄
2016-12-29
                  ᠰᠡᠩᠭᠡᠷᠡᠭᠦᠯᠦᠯ                                             ᠸ᠊ ᠠᠭᠤᠯᠠ                ᠵᠠᠷᠢᠮ ᠦᠶᠠᠰ ᠲᠤᠬᠢᠷᠠᠮᠵᠢᠳᠠᠢ ᠬᠤᠳᠠᠯ ᠦᠭᠡ ᠨᠢ ᠬᠦᠮᠤᠰ ᠲᠤ ᠰᠠᠶᠢᠨ ᠰᠠᠶᠢᠬᠠᠨ ᠨᠦᠯᠦᠭ᠊‍ᠡ᠋ ᠲᠤᠰᠬᠠᠯ ᠦᠵᠡᠭᠦᠯᠬᠦ ᠪᠠᠷ ᠪᠠᠷᠠᠬᠤ ᠦᠭᠡᠢ ᠪᠠᠰᠠ ᠵᠠᠷᠢᠮ ᠬᠦᠮᠤᠨ ᠤ ᠠᠮᠢᠳᠤᠷᠠᠯ ᠤᠨ ᠬᠡᠪ ᠵᠠᠭᠪᠤᠷ ᠢ ᠦᠭᠡᠷᠡᠴᠢᠯᠡᠵᠤ ᠮᠡᠳᠡᠨ᠎ᠡ᠃ ᠦᠩᠭᠡᠷᠡᠭᠰᠡᠨ ᠳᠤ ᠨᠢᠭᠡᠨ ᠰᠤᠷᠭᠠᠭᠤᠯᠢ ᠶᠢᠨ ᠨᠢᠭᠡ ᠵᠠᠯᠠᠭᠤ ᠲᠠᠮᠢᠷ ᠤᠨ ᠪᠠᠭᠰᠢ ᠲᠠᠩ ᠰᠠᠪᠠᠯᠠᠭᠤᠷ ᠲᠡᠭᠡᠷ᠎ᠡ ᠪᠡᠶ᠎ᠡ  ᠶᠢᠨ ᠪᠤᠯᠪᠠᠰᠤᠷᠠᠯ ᠬᠢᠬᠦ ᠶᠢ ᠰᠤᠷᠤᠭᠴᠢᠳ ᠲᠠᠭᠠᠨ ᠲᠦᠷᠢᠮᠵᠢᠭᠦᠯᠤᠨ ᠵᠢᠭᠠᠵᠤ ᠪᠠᠶᠢᠭᠰᠠᠭᠠᠷ ᠦᠪᠡᠷ ᠢᠶᠠᠨ ᠬᠠᠷᠢᠨ ᠭᠡᠨᠡᠳᠳᠡ ᠪᠠᠷ ᠰᠤᠷᠤᠭᠴᠢᠳ ᠤᠨ ᠢᠶᠠᠨ ᠡᠮᠤᠨ᠎ᠡ ᠬᠦᠰᠡᠷ ᠤᠨᠠᠪᠠ᠃ ᠭᠡᠳᠡᠯ᠎ᠡ ᠲᠡᠷᠡ ᠪᠠᠭᠰᠢ ᠴᠢᠷᠠᠢ ᠪᠠᠨ ᠲᠦᠪ ᠪᠤᠯᠭᠠᠨ᠄ ︽ᠠᠢ︕ ᠲᠠ ᠠᠩᠬᠠᠷᠬᠤ ᠬᠡᠷᠡᠭᠳᠡᠢ︕ ᠡᠶᠢᠮᠤ ᠪᠤᠯᠪᠠᠰᠤ ᠢᠩᠭᠢᠵᠤ ᠬᠦᠰᠡᠷ ᠤᠨᠠᠬᠤ ᠶᠤᠮ︕︾ ᠭᠡᠳ ᠲᠠᠮᠢᠷ ᠤᠨ ᠬᠢᠴᠢᠶᠡᠯ ᠢᠶᠠᠨ ᠦᠴᠦᠬᠡᠨ ᠴᠦ ᠨᠦᠯᠦᠭᠡᠯᠡᠭᠰᠡᠨ ᠦᠭᠡᠢ ᠪᠢᠯᠡ᠃       ᠲᠡᠭᠡᠷ᠎ᠡ ᠵᠠᠭᠤᠨ ᠤ ᠨᠠᠶᠠᠭᠠᠳ ᠤᠨ ᠳᠤ ᠪᠠᠷ ᠪᠢ ᠴᠢᠨᠢ ᠰᠠᠶ᠋ᠢ ᠠᠵᠢᠯ ᠤᠨ ᠪᠠᠶᠢᠷᠢ ᠳᠤ ᠭᠠᠷᠤᠭᠠᠳ ᠨᠢᠭᠡᠨ ᠤᠳᠠᠭᠠᠨ ᠤ ᠲᠡᠭᠡᠳᠤ ᠭᠤᠷᠪᠠ ᠶᠢᠨ ᠰᠢᠨ᠎ᠡ ᠵᠢᠯ ᠤᠨ ᠦᠳᠡᠰᠢᠯᠡᠭᠡ ᠶᠢᠨ ᠨᠠᠶᠢᠷ ᠢ ᠡᠷᠬᠢᠯᠡᠪᠡ᠃ ᠨᠠᠶᠢᠷ ᠡᠬᠢᠯᠡᠩᠭᠦᠳᠡ ᠪᠢ ᠤᠯᠠᠨ ᠢ ᠤᠷᠢᠶᠠᠯᠠᠨ ᠰᠤᠷᠤᠭᠴᠢ ᠨᠢᠭᠡᠪᠦᠷᠢ ᠵᠢᠵᠢᠭ ᠴᠠᠭᠠᠰᠤᠨ ᠳᠡᠭᠡᠷ᠎ᠡ ᠦᠪᠡᠷ ᠤᠨ ᠪᠢᠰᠢᠷᠡᠵᠤ ᠪᠠᠶᠢᠬᠤ ᠨᠢᠭᠡᠨ ᠬᠠᠮᠳᠤ ᠰᠤᠷᠤᠭᠴᠢ ᠶᠢᠨ ᠨᠡᠷ᠎ᠡ ᠶᠢ ᠪᠢᠴᠢᠬᠦ ᠶᠢᠨ ᠬᠠᠮᠳᠤ ᠲᠡᠭᠦᠨ ᠠᠴᠠ ᠶᠠᠮᠠᠷ ᠨᠢᠭᠡᠨ ᠦᠵᠡᠭᠦᠯᠦᠯᠭᠡ ᠬᠦᠰᠡᠬᠦ ᠰᠢᠯᠳᠠᠭᠠᠨ ᠢ ᠨᠢ ᠪᠢᠴᠢᠭᠦᠯᠪᠠ᠃ ᠬᠡᠯᠡᠯᠭᠡᠨ ᠦᠭᠡᠢ ᠪᠢᠴᠢᠭᠰᠡᠨ ᠰᠤᠷᠤᠭᠴᠢ ᠦᠪᠡᠷ ᠤᠨ ᠨᠡᠷ᠎ᠡ ᠪᠠᠨ ᠪᠢᠴᠢᠬᠦ ᠦᠭᠡᠢ᠂ ᠬᠡᠷᠪᠡ ᠪᠢᠴᠢᠪᠡᠯ ᠨᠠᠶᠢᠷ ᠤᠨ ᠬᠦᠷ ᠬᠦᠭᠵᠢᠭᠡᠨ ᠢ ᠨᠦᠯᠦᠭᠡᠯᠡᠵᠤ ᠮᠡᠳᠡᠬᠦ ᠶᠤᠮ᠃ ᠲᠠᠷᠠᠭ᠎ᠠ ᠳᠤᠨᠢ ᠪᠢ ᠲᠡᠳᠡᠭᠡᠷ ᠤᠯᠠᠨ ᠵᠢᠵᠢᠭ ᠬᠠᠭᠤᠳᠠᠰᠤ ᠨᠤᠭᠤᠳ ᠢ ᠪᠠᠶᠢᠳᠠᠯ ᠢ ᠨᠢ ᠵᠤᠬᠢᠴᠠᠭᠤᠯᠵᠤ ᠪᠠᠶᠢᠭᠠᠳ ᠲᠠᠷᠠᠭᠠᠯᠠᠨ ᠡᠮᠬᠢᠳᠭᠡᠳᠡᠭ ᠰᠡᠨ᠃ ᠡᠨᠡ ᠠᠷᠭ᠎ᠠ ᠪᠠᠷ ᠨᠠᠶᠢᠷ ᠢ ᠦᠷᠭᠦᠯᠵᠢᠯᠡᠭᠦᠯᠬᠦ ᠳᠤ ᠤᠯᠠᠨ ᠰᠤᠷᠤᠭᠴᠢᠳ ᠲᠤᠶᠢᠯ ᠢᠶᠠᠷ ᠬᠦᠭᠰᠡᠨ ᠪᠠᠶᠠᠷᠯᠠᠪᠠ᠃ ᠲᠡᠭᠡᠭᠡᠳ ᠤᠳᠠᠯ ᠦᠭᠡᠢ ᠲᠡᠭᠦᠰᠬᠦ ᠲᠡᠳᠡᠨᠤᠰ ᠲᠤ ᠠᠪᠴᠤ ᠬᠡᠯᠡᠪᠡᠯ ᠬᠠᠮᠤᠭ ᠰᠡᠭᠦᠯ ᠤᠨ ᠨᠢᠭᠡ ᠤᠳᠠᠭ᠎ᠠ ᠬᠠᠮᠳᠤ ᠨᠦᠬᠦᠳ ᠤᠨ ᠢᠶᠠᠨ ᠡᠮᠦᠨ᠎ᠡ ᠬᠤᠪᠢ ᠬᠤᠪᠢᠨ ᠤ ᠨᠢᠭᠤᠴᠠ ᠪᠠᠨ ᠲᠡᠯᠭᠡᠬᠦ ᠲᠤᠶᠢᠯ ᠤᠨ ᠰᠠᠶᠢᠬᠠᠨ ᠠᠵᠠ ᠵᠠᠪᠰᠢᠶᠠᠨ ᠪᠢᠯᠡ︕ ᠡᠭᠦᠨ ᠤ ᠬᠠᠮᠳᠤ ᠤᠯᠠᠨ ᠢᠶᠠᠷ ᠢᠶᠠᠨ ᠪᠠᠰᠠ ᠬᠠᠷᠢᠯᠴᠠᠨ ᠨᠠᠶᠢᠷ ᠰᠡᠳᠭᠢᠯᠭᠡ ᠪᠠᠨ ᠰᠤᠯᠢᠯᠴᠠᠵᠤ᠂ ᠬᠤᠪᠢ ᠪᠡᠶ᠎ᠡ ᠶᠢᠨ ᠢᠶᠠᠨ ᠤᠯᠠᠨ ᠨᠦᠬᠦᠳ ᠤᠨ ᠲᠤᠮᠳᠠᠬᠢ ᠪᠠᠶᠢᠷᠢ ᠰᠠᠭᠤᠷᠢ ᠪᠠᠨ ᠴᠦ ᠨᠢᠭᠡ ᠤᠳᠠᠭ᠎ᠠ ᠰᠡᠷᠡᠵᠤ ᠮᠡᠳᠡᠭᠦ ᠲᠤᠬᠢᠶᠠᠯ ᠠᠵᠠᠢ᠃ ᠲᠡᠭᠡᠭᠡᠳ ᠵᠠᠯᠠᠭᠤ ᠨᠠᠰᠤᠨ ᠤ ᠪᠢ ᠴᠢᠨᠢ ᠬᠠᠮᠳᠤ ᠰᠤᠷᠤᠭᠴᠢ ᠨᠠᠷ ᠲᠠᠢ ᠪᠠᠨ ᠨᠢᠭᠡ ᠯᠡ ᠠᠳᠠᠯᠢ  ᠪᠠᠷ ᠦᠩᠭᠡ ᠶᠢᠨ ᠴᠠᠭᠠᠰᠤᠨ ᠴᠡᠴᠡᠭ ᠤᠨ ᠮᠢᠷᠠᠯᠵᠠᠭᠠᠨ ᠲᠠᠢ ᠭᠡᠷᠡᠯᠳᠤ ᠳ᠋ᠧᠩ ᠤᠨ ᠲᠤᠥᠷ᠎ᠠ ᠲᠤᠰ ᠲᠤᠰ ᠲᠠᠭᠠᠨ ᠤᠯᠠᠪᠠᠯᠵᠠᠨ ᠮᠦᠰᠢᠶᠡᠬᠦ ᠰᠤᠷᠤᠭᠴᠢ ᠨᠢᠭᠡᠪᠦᠷᠢ ᠶᠢᠨ ᠴᠤᠭ ᠪᠠᠳᠠᠷᠠᠩᠭᠤᠢ ᠲᠦᠷᠢ ᠶᠢ ᠦᠵᠡᠭᠡᠳ ᠰᠡᠳᠭᠢᠯ ᠤᠨ ᠴᠤᠥᠷᠢᠶ᠎ᠠ ᠨᠠᠶᠢᠷ ᠤᠨ ᠶᠠᠪᠤᠭᠳᠠᠬᠤ ᠶᠢ ᠲᠠᠭᠠᠨ ᠬᠦᠭᠰᠡᠵᠤ ᠪᠠᠶᠢᠯ᠎ᠠ᠃ ᠲᠡᠮᠡᠢ ᠤᠳᠠᠯ ᠦᠭᠡᠢ ᠲᠡᠳᠡᠭᠡᠷ ᠤᠯᠠᠨ ᠵᠤᠷᠪᠤᠰ ᠵᠤᠷᠪᠤᠰ ᠵᠢᠵᠢᠭ ᠴᠠᠭᠠᠰᠤᠨ ᠳᠠᠬᠢ ᠤᠯᠠᠨ ᠪᠢᠴᠢᠭᠡᠰᠦ ᠨᠢ ᠮᠢᠨᠤ ᠭᠠᠷ ᠲᠤ ᠢᠷᠡᠵᠤ ᠵᠠᠯᠭᠠᠪᠡᠷ ᠪᠢ ᠰᠤᠷᠤᠭᠴᠢ ᠨᠢᠭᠡᠪᠦᠷᠢ ᠶᠢᠨ ᠴᠢᠩ ᠰᠡᠳᠭᠢᠯ ᠤᠨ ᠴᠡᠪᠡᠷ ᠵᠠᠬᠢᠶ᠎ᠠ ᠨᠤᠭᠤᠳ ᠢ ᠤᠯᠠᠨ ᠤ ᠡᠮᠤᠨ᠎ᠡ ᠤᠩᠰᠢᠬᠤ ᠲᠡᠷᠡᠬᠦ ᠬᠤᠷᠤᠮ ᠳᠤ ᠨᠠᠶᠢᠷ ᠤᠨ ᠲᠠᠯᠪᠠᠢ ᠲᠤᠶᠢᠯ ᠤᠨ ᠨᠠᠮ ᠭᠦᠮ ᠪᠠᠶᠢᠯ᠎ᠠ᠂ ᠲᠡᠷᠡ ᠮᠦᠴᠡ ᠳᠤ ᠰᠤᠷᠤᠭᠴᠢ ᠨᠢᠭᠡᠪᠦᠷᠢ ᠪᠦᠬᠦ ᠠᠩᠬᠠᠷᠤᠯ ᠢᠶᠠᠨ ᠲᠦᠪᠯᠡᠷᠡᠭᠦᠯᠤᠨ ᠨᠠᠳᠠ ᠶᠢ ᠰᠢᠷᠳᠡᠨ ᠠᠵᠢᠭᠯᠠᠬᠤ ᠳᠤ ᠲᠡᠳᠡᠨᠤᠰ ᠤᠨ ᠤᠯᠠᠭ᠎ᠠ ᠪᠤᠳᠠᠷᠠᠭᠰᠠᠨ ᠴᠢᠷᠠᠢ ᠠᠴᠠ ᠪᠠᠶᠠᠰᠤᠩᠭᠤᠢ ᠰᠠᠶᠢᠬᠠᠨ ᠴᠤᠭ ᠰᠦᠯᠳᠡ ᠭᠡᠷᠡᠯᠳᠤᠵᠤ᠂ ᠪᠠᠰᠠ ᠵᠠᠷᠢᠮ ᠰᠤᠷᠤᠭᠴᠢᠳ ᠨᠢ ᠲᠤᠭᠳᠤᠯᠵᠠᠭᠰᠠᠨ ᠰᠡᠳᠭᠢᠯᠭᠡ ᠪᠠᠨ ᠲᠠᠷᠤᠵᠤ ᠶᠠᠳᠠᠨ ᠪᠠᠴᠢᠮᠳᠡᠨ ᠰᠠᠨᠳᠤᠷᠴᠤ ᠪᠠᠶᠢᠯ᠎ᠠ︕ ᠲᠠᠷᠠᠭ᠎ᠠ ᠪᠠᠷ ᠮᠢᠨᠦ ᠠᠯᠭᠤᠷ ᠠᠭᠠᠵᠢᠮ ᠢᠶᠠᠷ ᠤᠯᠠᠨ ᠳᠤ ᠤᠩᠰᠢᠬᠤ ᠶᠢ ᠳᠠᠭᠠᠯᠳᠤᠨ᠂ ᠰᠤᠷᠤᠭᠴᠢ ᠨᠦᠬᠦᠳ ᠤᠨ ᠠᠪᠢᠶᠠᠰ ᠴᠢᠳᠠᠪᠤᠷᠢ  ᠶᠢ ᠲᠤᠭᠠᠴᠠᠬᠤ ᠳᠤ ᠪᠦᠬᠦᠶᠢᠯᠡ ᠨᠠᠶᠢᠷ ᠤᠨ ᠲᠠᠯᠪᠠᠢ ᠳᠤ ᠰᠤᠷᠤᠭᠴᠢᠳ ᠦᠴᠦᠬᠡᠨ ᠴᠦ ᠴᠢᠮᠡᠭᠡ ᠠᠨᠢᠷ ᠦᠭᠡᠢ ᠪᠠᠶᠢᠭᠰᠠᠭᠠᠷ ᠠᠭᠠᠵᠢᠮ ᠢᠶᠠᠷ ᠬᠠᠭᠤᠳᠠᠰᠤ ᠨᠢᠭᠡᠪᠦᠷᠢ ᠶᠢ ᠤᠩᠰᠢᠨ ᠲᠠᠭᠤᠰᠬᠤ ᠬᠤᠷᠤᠮ ᠳᠤ ᠲᠡᠳᠡᠨᠠᠷ ᠨᠢᠭᠡ ᠨᠢᠭᠡ  ᠪᠠᠷ ᠤᠯᠠᠨ ᠤ ᠡᠮᠤᠨ᠎ᠡ ᠭᠠᠷᠴᠤ᠂ ᠮᠡᠨᠳᠦᠴᠢᠯᠡᠯ ᠲᠡᠪᠰᠢᠭᠦᠯᠤᠨ᠂ ᠱᠠᠭᠠᠷᠳᠠᠯᠭ᠎ᠠ ᠳᠤ ᠲᠤᠬᠢᠷᠠᠭᠰᠠᠨ ᠲᠠᠭᠤᠥ ᠪᠤᠶᠤ ᠰᠢᠯᠦᠭ ᠰᠤᠨᠢᠷᠬᠠᠭᠤᠯᠤᠨ᠂ ᠪᠠᠰᠠ ᠰᠡᠳᠭᠢᠯ ᠤᠨ ᠦᠭᠡ ᠪᠠᠨ ᠤᠯᠠᠨ ᠳᠠᠭᠠᠨ ᠬᠡᠯᠡᠬᠦ ᠳᠤ ᠰᠤᠷᠤᠭᠴᠢᠳ ᠤᠨ ᠭᠠᠷ ᠠᠯᠠᠭᠠᠳᠠᠬᠤ ᠲᠠᠭᠤᠨ ᠨᠢ ᠶᠤᠰᠤᠳᠠᠢ ᠵᠢᠯ ᠴᠠᠭᠠᠨ ᠰᠠᠷ᠎ᠠ ᠶᠢᠨ ᠫ᠊ ᠫᠤᠥᠵᠢᠩ ᠤᠨ ᠲᠠᠭᠤᠨ ᠠᠴᠠ ᠴᠦ ᠰᠦᠷ ᠬᠦᠴᠦᠳᠠᠢ ᠴᠤᠥᠷᠢᠶᠠᠳᠤᠵᠤ ᠪᠠᠶᠢᠯ᠎ᠠ︕ ᠡᠨᠡ ᠦᠶᠡᠰ ᠲᠡᠳᠡᠭᠡᠷ ᠨᠡᠷ᠎ᠡ ᠪᠠᠨ ᠲᠤᠷᠠᠳᠤᠭᠤᠯᠤᠭᠰᠠᠨ ᠰᠤᠷᠤᠭᠴᠢᠳ ᠶᠡᠬᠡᠯ᠎ᠡ ᠢᠴᠢᠮᠡᠳᠡᠭᠡᠢ ᠴᠢᠷᠴᠢᠯᠠᠵᠤ᠂ ᠪᠠᠷᠢᠭᠰᠡᠨ ᠲᠠᠯᠪᠢᠭᠰᠡᠨ ᠢᠶᠠᠨ ᠠᠯᠳᠠᠨ ᠲᠤᠶᠢᠯ ᠤᠨ ᠰᠡᠳᠭᠢᠯ ᠲᠤᠭᠳᠤᠯᠤᠩᠭᠤᠢ  ᠪᠠᠷ ᠤᠯᠠᠨ ᠤ ᠡᠮᠤᠨ᠎ᠡ ᠭᠠᠷᠴᠤ ᠢᠷᠡᠨ ᠮᠡᠨᠳᠦᠴᠢᠯᠡᠬᠦ ᠳᠤ ᠪᠦᠬᠦᠶᠢᠯᠡ ᠬᠠᠮᠳᠤ ᠰᠤᠷᠤᠭᠴᠢᠳ ᠴᠦ ᠲᠡᠭᠦᠨ ᠤ ᠴᠢᠷᠠᠢ  ᠶᠢᠨ ᠦᠩᠭᠡᠨ ᠠᠴᠠ ᠨᠢ ᠠᠪᠤᠭᠠᠳ ᠪᠦᠬᠦᠶᠢᠯᠡ ᠬᠦᠳᠠᠯᠦᠯ ᠪᠠᠶᠢᠳᠠᠯ ᠢ ᠨᠢ ᠠᠵᠢᠭᠯᠠᠨ᠎ᠠ ᠳ᠋ᠠ︕ ᠵᠠᠯᠭᠠᠪᠡᠷ ᠴᠠᠭᠠᠰᠤᠨ ᠵᠤᠷᠪᠤᠰ ᠨᠢᠭᠡᠪᠦᠷᠢ ᠶᠢ ᠤᠩᠰᠢᠬᠤ ᠳᠤ ᠪᠦᠬᠦᠶᠢᠯᠡ ᠠᠩᠭᠢ ᠶᠢᠨ ᠭᠡᠷ ᠲᠤ ᠪᠠᠶᠠᠷ ᠬᠦᠷ ᠤᠨ ᠲᠠᠪᠠᠯᠭᠠᠨ ᠮᠢᠷᠠᠯᠵᠠᠵᠤ᠂ ᠬᠠᠷᠢᠯᠴᠠᠨ ᠬᠠᠶᠢᠷ᠎ᠠ ᠰᠡᠳᠭᠢᠯ ᠤᠨ ᠲᠤᠯᠭᠢᠶᠠᠨ ᠲᠠᠪᠠᠯᠭᠠᠯᠠᠬᠤ ᠰᠢᠭ᠋ ᠢᠶᠠᠷ ᠬᠠᠮᠳᠤ ᠰᠤᠷᠤᠭᠴᠢ ᠨᠢᠭᠡᠪᠦᠷᠢ ᠰᠡᠳᠭᠢᠯ ᠤᠨ ᠤᠭ ᠠᠴᠠ ᠪᠠᠨ ᠲᠤᠶᠢᠯ ᠤᠨ ᠢᠳᠡᠪᠬᠢᠲᠠᠢ ᠨᠠᠶᠢᠷᠠᠯᠳᠤᠵᠤ ᠯᠡ ᠪᠠᠶᠢᠯ᠎ᠠ︕        ᠭᠡᠪᠡᠴᠦ᠂ ᠪᠢ ᠤᠳᠤ ᠤᠳᠠᠯ ᠦᠭᠡᠢ ᠳᠡᠳᠡᠭᠡᠷ ᠴᠠᠭᠠᠰᠤᠨ ᠵᠤᠷᠪᠤᠰ ᠢ ᠤᠩᠰᠢᠨ ᠲᠠᠭᠤᠰᠬᠠᠬᠤ ᠰᠢᠬᠠᠬᠤ  ᠳᠤ᠂ ᠤᠯᠠᠨ ᠤ ᠦᠭᠡᠳᠡ ᠠᠵᠢᠭᠯᠠᠬᠤ ᠳᠤ ᠬᠠᠮᠤᠭ ᠤᠨ ᠠᠷᠤ ᠶᠢᠨ ᠰᠠᠭᠤᠳᠠᠯ ᠳᠤ ᠰᠠᠭᠤᠭ᠎ᠠ ᠦᠭᠡ ᠲᠠᠭᠤ ᠴᠦᠬᠡᠨ ᠂ ᠡᠵᠢ ᠨᠢ ᠡᠷᠳᠡ ᠨᠠᠰᠤ ᠪᠠᠷᠠᠭᠰᠠᠨ᠂ ᠡᠭᠡᠯ ᠶᠡᠷᠦᠮᠳᠡᠭ ᠵᠠᠩ ᠠᠷᠠᠨᠰᠢᠨ ᠲᠠᠢ᠂ ᠶᠡᠷᠦ ᠳᠡᠭᠡᠨ ᠤᠯᠠᠨ ᠲᠠᠢ ᠨᠡᠶᠢᠯᠡᠬᠦ ᠦᠭᠡᠢ ᠲᠤᠰᠬᠠᠷ ᠵᠠᠩ ᠠᠷᠠᠨᠰᠢᠨ ᠲᠠᠢ ᠪᠠᠶᠢᠳᠠᠭ ᠰᠤᠷᠤᠭᠴᠢ ᠠᠨᠠᠷ ᠤᠨ ᠨᠡᠷ᠎ᠡ ᠶᠢ ᠲᠤᠷᠠᠳᠬᠤ ᠶᠢ ᠰᠡᠷᠡᠵᠤ ᠮᠡᠳᠡᠪᠡ᠃ ᠲᠡᠭᠦᠨ ᠰᠢᠭ ᠰᠤᠷᠤᠭᠴᠢ ᠶᠡᠷᠦ ᠳᠡᠭᠡᠨ ᠤᠯᠠᠨ ᠲᠠᠢ ᠨᠡᠶᠢᠯᠡᠬᠦ ᠦᠭᠡᠢ ᠲᠤᠯᠠ ᠲᠤᠶᠢᠯ ᠤᠨ ᠬᠢᠯᠪᠠᠷ ᠢᠶᠠᠷ ᠤᠯᠠᠨ ᠤ ᠠᠩᠬᠠᠷᠤᠯ ᠳᠤ ᠤᠷᠤᠬᠤ ᠦᠭᠡᠢ ᠪᠠᠷ ᠡᠨᠡᠬᠦ ᠲᠤᠬᠢᠶᠠᠯ ᠲᠡᠭᠦᠨ ᠠᠴᠠ ᠦᠩᠭᠡᠷᠡᠨ ᠭᠠᠷᠬᠤ ᠨᠢ ᠲᠡᠷᠡ ᠪᠢᠯᠡ︕ ᠶᠠᠭ ᠡᠨᠡ ᠦᠶᠠᠰ ᠪᠢ ᠲᠡᠭᠦᠨ ᠢ ᠠᠵᠢᠭᠯᠠᠬᠤ ᠳᠤ ᠲᠡᠷᠡ ᠬᠠᠷᠢᠨ ᠲᠤᠯᠤᠭᠠᠢ ᠪᠠᠨ ᠰᠢᠷᠡᠭᠡᠨ ᠤ ᠰᠢᠷᠭᠤᠥᠯ ᠳᠠᠭᠠᠨ ᠬᠢᠮᠡᠷ ᠲᠤᠷᠤᠭᠰᠢ ᠬᠠᠨᠳᠤᠵᠤ᠂ ᠢᠴᠢᠵᠤ ᠰᠢᠷᠪᠡᠭᠡᠳᠦᠬᠦ ᠪᠤᠶᠤ ᠡᠨᠡᠬᠦ ᠨᠠᠶᠢᠷ ᠨᠢ ᠶᠠᠭ ᠯᠡ ᠲᠡᠭᠦᠨ ᠳᠤ ᠲᠡᠶᠢᠮᠤ ᠯᠡ ᠲᠤᠬᠢᠷᠠᠮᠵᠢ ᠦᠭᠡᠢ ᠰᠢᠭ ᠪᠠᠶᠢᠪᠠ᠂ ᠡᠨᠡ ᠦᠶᠡᠰ ᠪᠢ ᠭᠡᠨᠡᠳᠳᠡ ᠲᠡᠭᠦᠨ ᠢ ᠰᠡᠩᠭᠡᠷᠡᠭᠦᠯᠬᠦ ᠰᠠᠨᠠᠭ᠎ᠠ ᠡᠭᠦᠰᠴᠤ᠂ ᠡᠨᠡᠬᠦ ᠨᠠᠶᠢᠷ ᠢᠶᠠᠷ ᠲᠠᠮᠵᠢᠨ ᠲᠡᠭᠦᠨ ᠢ ᠬᠠᠪᠰᠤᠷᠬᠤ ᠢᠳᠡᠭᠡᠯ ᠤᠷᠤᠭᠰᠠᠨ ᠶᠤᠮ᠃ ᠪᠢ ᠵᠤᠷᠢᠭᠤᠳᠠ ᠪᠠᠷ ᠨᠢᠭᠡᠨ ᠵᠤᠷᠪᠤᠰ ᠴᠠᠭᠠᠰᠤ ᠶᠢ ᠡᠷᠭᠦᠵᠤ᠂ ᠲᠦᠪ ᠴᠢᠭᠴᠢ ᠪᠠᠷ ︽ᠠᠨᠠᠷ︕︾ ᠭᠡᠵᠤ ᠲᠡᠭᠦᠨ ᠤ ᠨᠡᠷ᠎ᠡ ᠶᠢ ᠲᠠᠭᠤᠳᠠᠵᠤ᠂ ᠪᠠᠰᠠ ᠲᠡᠭᠦᠨ ᠤ ᠪᠤᠳᠠᠳᠤ ᠪᠠᠶᠢᠳᠠᠯ ᠳᠤ ᠵᠤᠬᠢᠴᠠᠭᠤᠯᠤᠨ ᠬᠠᠮᠳᠤ ᠤᠯᠠᠨ ᠰᠤᠷᠤᠭᠴᠢᠳ ᠲᠠᠢ ᠬᠠᠮᠵᠢᠯᠴᠠᠭᠤᠯᠬᠤ ᠤᠷ᠎ᠠ ᠠᠪᠢᠶᠠᠰ ᠢ ᠨᠢ ᠨᠢᠭᠡ ᠪᠠᠳᠠᠭ ᠨᠠᠶᠢᠷᠠᠭᠤᠯᠵᠤ ︽ᠵᠠᠷᠢᠮ ᠬᠦᠮᠤᠨ ᠤ ᠵᠠᠩ ᠠᠭᠠᠯᠢ ᠨᠢ ᠬᠡᠵᠢᠶᠡᠳᠡ ᠯᠠᠪᠳᠠᠭᠤᠨ ᠲᠤᠭᠳᠠᠭᠤᠨ᠂ ᠲᠦᠪ ᠴᠢᠭᠴᠢ᠂ ᠪᠤᠯᠪᠠᠰᠤᠨ ᠶᠤᠰᠤᠷᠬᠠᠭ ᠪᠠᠶᠢᠳᠠᠭ ᠪᠢᠯᠡ︕ ᠠᠨᠠᠷ ᠪᠤᠯ ᠲᠠᠷᠤᠢ ᠡᠶᠢᠮᠦᠷᠬᠦ ᠰᠠᠶᠢᠨ ᠰᠠᠶᠢᠬᠠᠨ ᠠᠷᠨᠰᠢᠨ ᠲᠠᠢ ᠲᠤᠯᠠ ᠡᠨᠡᠬᠦ ᠬᠦᠮᠦᠰ ᠤᠨ ᠰᠡᠳᠭᠢᠯᠭᠡ ᠶᠢ ᠬᠦᠳᠡᠯᠭᠡᠮ᠎ᠡ ᠨᠠᠶᠢᠷ ᠲᠤ ᠲᠡᠷᠡ ᠯᠠᠪᠲᠠᠢ ᠨᠢᠭᠡ︔︔︔︔︔︔︾ ᠭᠡᠵᠤ ᠤᠩᠰᠢᠬᠤ ᠳᠤ ᠰᠠᠨᠠᠭᠠᠨ ᠠᠴᠠ ᠭᠠᠳᠠᠭᠤᠷ ᠤᠯᠠᠨ ᠤ ᠠᠩᠬᠠᠷᠤᠯ ᠢ ᠲᠡᠭᠡᠳᠦ ᠬᠡᠮᠵᠢᠶ᠎ᠡ  ᠪᠠᠷ ᠲᠠᠳᠠᠪᠠ᠃ ᠪᠢ ᠨᠢᠵᠢᠭᠢᠨᠡᠭᠰᠡᠨ ᠠᠯᠠᠭ᠎ᠠ ᠲᠠᠰᠢᠯᠳᠠ ᠶᠢᠨ ᠲᠤᠮᠳᠠ ᠠᠨᠠᠷ ᠢ ᠰᠢᠷᠲᠡᠬᠦ ᠳᠤ ᠠᠨᠠᠷ ᠴᠦ ᠡᠨᠡ ᠨᠠᠶᠢᠷ  ᠲᠤ ᠲᠡᠭᠦᠨ ᠤ ᠨᠡᠷ᠎ᠡ ᠶᠢ ᠲᠤᠷᠠᠳᠬᠤ ᠶᠢ ᠰᠠᠨᠠᠭᠠᠨ ᠳᠠᠭᠠᠨ ᠠᠪᠴᠤ ᠦᠭᠡᠢ ᠰᠢᠭ ᠪᠠᠶᠢᠭᠰᠡᠨ ᠲᠤᠯᠠ ᠲᠡᠷᠡ ᠰᠠᠨᠳᠤᠷᠤᠨ ᠲᠡᠷᠢᠭᠦᠨ ᠡᠷᠭᠦᠨ ᠰᠤᠨᠢᠭᠤᠴᠢ ᠬᠠᠷᠠᠴᠠ ᠪᠠᠷ ᠨᠠᠳᠠ ᠦᠭᠡᠳᠡ ᠰᠢᠷᠳᠡᠨ᠂ ᠪᠠᠷᠤᠭ ᠯᠡ ᠡᠨᠡᠬᠦ ᠬᠠᠷᠠᠴᠠ  ᠨᠢ ᠨᠢᠳᠤᠨ ᠡᠮᠦᠨᠡᠬᠢ ᠲᠤᠯᠤᠭᠠᠳ ᠢᠷᠡᠭᠰᠡᠨ ᠪᠤᠳᠠᠳᠤ ᠪᠠᠶᠢᠳᠠᠯ ᠢ ᠢᠳᠡᠭᠡᠵᠤ ᠶᠠᠳᠠᠨ ᠮᠡᠯᠡᠷᠡᠬᠦ ᠶᠢᠨ ᠴᠠᠭ ᠮᠦᠴᠡ  ᠳᠤ ᠪᠢ ᠬᠠᠷᠢᠨ ᠲᠡᠭᠦᠨ ᠤ ᠵᠦᠭ ᠲᠤᠯᠤᠭᠠᠢ ᠪᠠᠨ ᠠᠯᠭᠤᠷ ᠢᠶᠠᠷ ᠲᠤᠬᠢᠬᠤ ᠳᠤ ᠤᠯᠠᠨ ᠤ ᠨᠢᠵᠢᠭᠢᠨᠡᠭᠰᠡᠨ ᠠᠯᠠᠭ᠎ᠠ ᠲᠠᠰᠢᠯᠳᠠ ᠶᠢᠨ ᠲᠤᠮᠳᠠ ᠲᠡᠷᠡ ᠪᠤᠰᠴᠤ ᠵᠤᠭᠰᠤᠯ᠎ᠠ︕ ᠲᠡᠷᠡ ᠶᠠᠭᠤᠨ ᠤ ᠡᠮᠤᠨ᠎ᠡ ᠦᠪᠡᠷ ᠤᠨ ᠰᠡᠳᠭᠢᠯᠭᠡ ᠶᠢᠨ ᠦᠭᠡ ᠪᠠᠨ ᠶᠠᠷᠢᠵᠤ᠂ ᠲᠡᠭᠦᠨ ᠢ ᠲᠤᠷᠠᠳᠤᠭᠰᠠᠨ ᠬᠠᠮᠳᠤ ᠰᠤᠷᠤᠭᠴᠢ ᠳᠠᠭᠠᠨ ᠲᠠᠯᠠᠷᠬᠠᠬᠤ ᠶᠢᠨ ᠶᠤᠰᠤ ᠶᠢ ᠭᠦᠢᠴᠡᠳᠭᠡᠬᠦ ᠶᠢᠨ ᠲᠠᠭᠠᠥ᠂ ᠬᠠᠩᠭᠢᠨᠠᠮ᠎ᠠ ᠬᠤᠭᠤᠯᠠᠢ ᠪᠠᠷ ︽ᠪᠢᠳᠡ ᠪᠤᠯ ᠰᠢᠨ᠎ᠡ ᠴᠠᠭ ᠦᠶ᠎ᠡ ᠶᠢᠨ ᠲᠤᠮᠳᠠᠳᠤ ᠰᠤᠷᠭᠠᠭᠤᠯᠢ ᠶᠢᠨ ᠰᠤᠷᠤᠭᠴᠢ ᠮᠦᠨ︾ ᠭᠡᠬᠦ ᠲᠠᠭᠤᠥ ᠶᠢ ᠲᠠᠭᠤᠥᠯᠠᠬᠤ ᠳᠤ ᠤᠯᠠᠨ ᠰᠤᠷᠤᠭᠴᠢᠳ ᠵᠡᠷᠭᠡ ᠪᠠᠷ ᠪᠤᠰᠴᠤ ᠵᠤᠭᠰᠤᠨ ᠠᠨᠠᠷ ᠲᠠᠢ ᠬᠠᠮᠳᠤ ᠪᠠᠷ ᠲᠠᠭᠤᠥᠯᠤᠭᠰᠠᠨ ᠪᠠᠶᠢᠨ᠎ᠠ᠃ ᠲᠤᠬᠠᠢ ᠶᠢᠨ ᠲᠠᠯᠪᠤᠷ ᠲᠠᠬᠢ ᠮᠢᠨᠤ ᠬᠠᠶᠢᠷᠠᠳᠤ ᠰᠤᠷᠤᠭᠴᠢᠳ ᠤᠨ ᠮᠢᠨᠢ ᠲᠡᠭᠦᠨ ᠤ ᠲᠦᠯᠦᠭᠡ ᠭᠠᠷ ᠠᠯᠠᠭᠠᠳᠠᠭᠰᠠᠨ ᠲᠠᠭᠤᠨ ᠨᠢ ᠴᠢᠩ ᠦᠨᠡᠨᠴᠢ ᠪᠦᠭᠡᠳ ᠭᠦᠨ ᠭᠦᠨᠵᠢᠭᠡᠢ ᠬᠠᠶᠢᠷ᠎ᠠ ᠰᠡᠳᠭᠢᠯᠭᠡ ᠪᠢᠯᠬᠠᠵᠤ ᠪᠠᠶᠢᠯ᠎ᠠ᠃ ᠡᠨᠡᠬᠦ ᠭᠡᠨᠡᠳᠳᠡ ᠶᠢᠨ ᠲᠠᠭᠠᠷᠢᠯᠳᠠ ᠶᠢᠨ ᠴᠢᠨᠠᠷ  ᠲᠠᠢ ᠵᠤᠯ ᠵᠠᠪᠰᠢᠶᠠᠨ ᠤ ᠡᠮᠤᠨ᠎ᠡ ᠬᠡᠵᠢᠶᠡᠳᠡ ᠤᠯᠠᠨ ᠤ ᠡᠮᠤᠨ᠎ᠡ ᠭᠢᠯᠠᠷᠠᠳᠠᠭ ᠦᠭᠡᠢ ᠲᠡᠷᠡ ᠮᠠᠨᠢ ᠤᠳᠤ ᠰᠡᠳᠭᠢᠯ ᠤᠨ ᠦᠭᠡ ᠪᠠᠨ ᠬᠡᠯᠡᠵᠤ᠂ ᠰᠡᠳᠭᠢᠯ ᠤᠨ ᠲᠠᠭᠤᠥ ᠪᠠᠨ ᠲᠠᠭᠤᠥᠯᠠᠭᠠᠳ ᠲᠡᠭᠦᠨ ᠤ ᠴᠢᠷᠠᠢ ᠨᠢ ᠤᠯᠠᠶᠢᠵᠤ᠂ ᠨᠢᠳᠤᠨ  ᠠᠴᠠ ᠨᠢ ᠪᠠᠶᠠᠷ ᠤᠨ ᠨᠢᠯᠪᠤᠰᠤ ᠮᠡᠯᠮᠡᠯᠵᠡᠵᠤ᠂ ᠭᠠᠷ ᠨᠢ ᠴᠡᠴᠡᠷᠬᠢᠯᠡᠵᠤ᠂ ᠦᠪᠴᠢ ᠪᠡᠶ᠎ᠡ ᠨᠢ ᠲᠤᠭᠳᠤᠯᠵᠤ ᠪᠠᠶᠢᠯ᠎ᠠ︕         ᠡᠨᠡ ᠤᠳᠠᠭᠠᠨ ᠤ ᠨᠠᠶᠢᠷ ᠠᠴᠠ ᠪᠤᠯᠵᠤ᠂ ᠠᠨᠠᠷ ᠤᠨ ᠠᠮᠢᠳᠤᠷᠠᠯ ᠤᠨ ᠵᠠᠩ ᠳᠠᠳᠬᠠᠯ ᠤᠨ ᠲᠠᠯ᠎ᠠ ᠪᠠᠷ ᠪᠦᠷᠢᠮᠤᠰᠤᠨ ᠬᠤᠪᠢᠷᠠᠵᠤ᠂ ᠲᠡᠭᠡᠳᠦ ᠭᠤᠷᠪᠠ ᠶᠢᠨ ᠬᠠᠮᠤᠭ ᠰᠡᠭᠦᠯ ᠤᠨ ᠡᠬᠡ ᠰᠤᠷᠭᠠᠭᠤᠯᠢ ᠠᠴᠠ ᠪᠠᠨ ᠰᠠᠯᠤᠨ ᠠᠶᠠᠷᠯᠠᠬᠤ ᠡᠳᠦᠷ ᠤᠳ ᠲᠤ ᠲᠡᠷᠡ ᠬᠠᠷᠢᠨ ᠪᠤᠰᠤᠳ ᠡᠷᠭ᠍ᠳᠡᠢ ᠡᠮᠡᠭᠳᠡᠢ ᠬᠠᠮᠳᠤ ᠨᠦᠬᠦᠳ ᠲᠠᠢ ᠪᠠᠨ ᠮᠦᠷ ᠵᠡᠷᠭᠡᠴᠡᠨ ᠰᠡᠳᠭᠢᠯ ᠤᠨ ᠦᠭᠡ ᠪᠠᠨ ᠬᠠᠯᠠᠭᠤᠨ ᠢᠶᠠᠷ ᠶᠠᠷᠢᠯᠴᠠᠵᠤ᠂ ᠠᠩᠭᠢ ᠶᠢᠨ ᠭᠡᠷ ᠲᠤ ᠠᠩᠬᠠᠳᠤᠭᠠᠷ ᠤᠳᠠᠭ᠎ᠠ ᠲᠡᠭᠦᠨ ᠤ ᠬᠦᠷᠴᠢᠭᠢᠨᠡᠨ ᠢᠨᠢᠶᠡᠬᠦ ᠲᠠᠭᠤᠨ ᠴᠤᠥᠷᠢᠶᠠᠳᠤᠯ᠎ᠠ︕        ᠬᠠᠮᠳᠤ ᠨᠦᠬᠦᠳ ᠶᠢᠨ ᠢᠶᠠᠨ ᠲᠡᠭᠦᠰᠭᠦ ᠲᠤᠷᠠᠰᠬᠠᠯ ᠤᠨ ᠲᠡᠪᠳᠡᠷ ᠲᠡᠭᠡᠷ᠎ᠡ ᠠᠨᠠᠷ ᠬᠠᠷᠢᠨ ᠨᠦᠬᠦᠳ ᠨᠢᠭᠡᠪᠦᠷᠢ ᠳᠤ ᠪᠠᠨ ᠲᠤᠥᠷᠠᠬᠢ ᠮᠡᠳᠦ ᠠᠳᠠᠯᠢ ᠪᠢᠴᠢᠭᠡᠰᠦ ᠶᠢ ᠦᠯᠡᠳᠡᠭᠡᠭᠰᠡᠨ ᠪᠠᠶᠢᠨ᠎ᠠ᠄ ︽ᠪᠢ ᠲᠠ ᠨᠠᠷ ᠲᠠᠢ ᠬᠠᠮᠳᠤ ᠰᠤᠷᠤᠭᠴᠢ ᠪᠤᠯᠵᠤ ᠶᠠᠪᠤᠭᠰᠠᠨ ᠤᠯᠠ ᠮᠦᠷ ᠮᠢᠨᠢ ᠨᠠᠳᠠ ᠶᠢ ᠨᠠᠰᠤᠨ ᠲᠤᠷᠰᠢ ᠨᠦᠯᠦᠭᠡᠯᠡᠬᠦ ᠪᠠᠷ ᠪᠠᠷᠠᠬᠤ ᠦᠭᠡᠢ᠂ ᠬᠤᠵᠢᠮ ᠤᠨ ᠮᠢᠨᠦ ᠦᠰᠦᠯᠳᠡ ᠪᠤᠶᠢᠵᠢᠯᠳᠡ ᠳᠤ ᠰᠠᠶᠢᠨ ᠰᠠᠶᠢᠬᠠᠨ ᠵᠤᠯ ᠵᠢᠷᠭᠠᠯ ᠲᠠᠢ ᠲᠡᠥᠭᠡ ᠪᠤᠯᠵᠤ ᠬᠤᠴᠤᠷᠬᠤ ᠨᠢ ᠲᠠᠮᠵᠢᠭ ᠦᠭᠡᠢ︕︾ ᠭᠡᠵᠠᠢ︕ ᠲᠡᠭᠦᠰᠬᠦ ᠶᠤᠰᠤᠯᠠᠯ ᠤᠨ ᠲᠠᠷᠠᠭ᠎ᠠ ᠰᠤᠷᠭᠠᠭᠤᠯᠢ ᠠᠴᠠ ᠰᠠᠯᠠᠬᠤ ᠦᠶᠡᠰ ᠠᠨᠠᠷ ᠬᠠᠷᠢᠨ ᠲᠡᠳᠡᠭᠡᠷ ᠡᠮᠡᠭᠳᠡᠢ ᠬᠠᠮᠳᠤ ᠰᠤᠷᠤᠭᠴᠢᠳ ᠤᠨ ᠲᠤᠳᠤᠷ᠎ᠠ ᠪᠠᠨ ᠬᠠᠮᠤᠭ ᠤᠨ ᠢᠯᠡᠭᠦᠥ ᠲᠠᠭᠤᠥ ᠲᠠᠯᠪᠢᠨ ᠡᠭᠡᠷ ᠲᠠᠳᠠᠨ ᠤᠬᠢᠯᠠᠵᠤ ᠪᠠᠶᠢᠭᠰᠠᠨ ᠶᠤᠮ ᠡ᠂᠂᠂᠂᠂᠂᠂᠂᠂᠂
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号