ᠬᠠᠭᠤᠴᠢᠨ ᠬᠦᠦ
ᠨᠡᠶᠢᠲᠡᠯᠡᠭᠰᠡᠨ ᠴᠠᠭ᠄
2017-04-01
                      ᠬᠠᠭᠤᠴᠢᠨ ᠬᠦᠦ                                                               ᠳ᠋᠊  ᠂ ᠨᠠᠴᠤᠭᠳᠤᠷᠵᠢ           ᠬᠦᠳᠡᠭᠡ ᠶᠢᠨ ᠪᠠᠶᠢᠳᠠᠯ ᠱᠠᠯᠲᠠᠷ ᠪᠤᠯᠳᠠᠷ᠂ ᠴᠠᠭ ᠤᠨ ᠤᠯᠠᠷᠢᠯ ᠤᠷᠤᠭ᠎ᠠ ᠪᠤᠰᠬᠠᠭ᠎ᠠ᠂ ᠡᠯᠡᠰᠦ ᠲᠠᠢ ᠱᠠᠩᠳᠠ᠂ ᠪᠤᠳᠠ ᠲᠠᠢ ᠴᠠᠶᠢᠳᠠᠮ ᠢ ᠳᠠᠭᠠᠵᠤ᠂ ᠬᠠᠶᠠ ᠨᠢᠭᠡ ᠬᠠᠷ᠎ᠠ ᠭᠡᠷ ᠠᠴᠠ ᠤᠲᠤᠭ᠎ᠠ ᠰᠤᠭᠤᠨᠠᠭᠯᠠᠨ᠎ᠠ᠃ ᠳᠦᠷᠪᠡᠨ ᠵᠦᠭ ᠴᠠᠪ ᠴᠠᠯᠠᠶᠢᠨ ᠤᠶᠢᠥᠨᠬᠠᠷ ᠲᠠᠢ᠂ ᠴᠠᠭᠠᠨ ᠤᠨᠢᠶᠠᠷ ᠲᠠᠲᠠᠨ᠎ᠠ᠃ ᠵᠤᠨ ᠤ ᠯᠦᠭᠭᠢᠮ᠎ᠡ ᠬᠠᠯᠠᠭᠤᠨ ᠢᠰᠭᠡᠢ ᠭᠡᠷ ᠢ ᠰᠢᠷᠠᠵᠤ᠂ ᠮᠠᠯᠴᠢᠨ ᠬᠦᠮᠦᠨ ᠤ ᠰᠡᠥᠨᠬᠢᠯ ᠢ ᠪᠤᠬᠢᠨᠢᠳᠤᠭᠤᠯᠤᠨ᠎ᠠ᠃ ᠠᠶᠢᠯ ᠤᠨ ᠬᠠᠶᠠᠭ᠎ᠠ ᠪᠠᠷ ᠦᠬᠡᠷ  ᠤᠨ ᠪᠠᠭᠠᠰᠤ ᠦᠷᠭᠦᠯᠵᠢᠯᠡᠵᠠᠢ᠃ ᠡᠭᠦᠪᠡᠷ ᠲᠡᠭᠦᠪᠡᠷ ᠬᠡᠳᠦᠨ ᠲᠤᠭᠤᠯ ᠤᠭᠤᠲᠤᠩᠨᠠᠨ ᠳᠠᠪᠬᠢᠨ᠎ᠠ᠃ ᠬᠦᠯ ᠳᠤ ᠤᠷᠤᠬᠤ ᠠᠴᠠ ᠠᠪᠤᠭᠠᠥᠨ ᠦᠰᠦ ᠴᠠᠶᠢᠬᠤ ᠬᠦᠷᠲᠡᠯ᠎ᠡ ᠨᠢᠭᠡ ᠭᠤᠤᠯ ᠢ ᠦᠭᠰᠦᠨ ᠤᠷᠤᠭᠤᠳᠠᠨ ᠨᠡᠭᠦᠵᠦ᠂ ᠨᠢᠭᠡ ᠬᠤᠥᠨᠳᠤᠭ ᠢ ᠡᠷᠭᠢᠨ ᠲᠤᠭᠤᠷᠢᠨ ᠨᠤᠲᠤᠭᠯᠠᠭᠰᠠᠭᠠᠷ ᠡᠨᠡ ᠬᠦ ᠶᠢᠷᠳᠢᠨᠴᠦ ᠶᠢ ᠡᠴᠦᠰᠯᠡᠨ᠎ᠡ᠃ ᠭᠠᠪᠵᠦ ᠵᠠᠮᠪᠠᠯ ᠬᠤᠶᠢᠮᠤᠷ ᠰᠠᠭᠤᠵᠤ ᠪᠤᠷᠬᠠᠨ ᠨᠤᠮ ᠭᠡᠵᠦ ᠪᠤᠷᠤᠭᠤ ᠵᠦᠪ ᠴᠠᠯᠴᠢᠬᠤ ᠪᠠ ᠵᠠᠶᠢᠰᠠᠩ ᠨᠠᠮᠵᠢᠯ ᠭᠠᠳᠠᠨ᠎ᠠ ᠠᠴᠠ ᠢᠷᠡᠵᠦ ᠬᠠᠤᠯᠢ ᠶᠤᠰᠤ ᠭᠡᠵᠦ ᠬᠤᠳᠠᠯ ᠦᠨᠡᠨ ᠶᠠᠷᠢᠬᠤ ᠶᠢ ᠰᠤᠨᠤᠰᠤᠭᠰᠠᠭᠠᠷ᠂ᠡᠳᠦᠷ ᠰᠠᠷ᠎ᠠ ᠶᠢ ᠤᠯᠠᠷᠢᠭᠤᠯᠤᠨ᠎ᠠ᠃ ᠳᠡᠷᠲᠡᠭᠡ ᠠᠭᠤᠯᠠ ᠶᠢ ᠦᠡᠭᠭᠡᠷᠡᠪᠡᠯ ᠠᠶᠢᠯ ᠦᠭᠡᠢ ᠭᠡᠵᠦ ᠪᠤᠳᠤᠵᠤ᠂ ᠲᠡᠭᠷᠢ ᠶᠢᠨ ᠬᠠᠶᠠᠭᠠᠨ ᠠᠴᠠ ᠴᠢᠨᠠᠭᠰᠢ ᠭᠠᠵᠠᠷ ᠦᠭᠡᠢ ᠭᠡᠵᠦ ᠰᠡᠥᠨᠬᠢᠭᠰᠡᠭᠡᠷ᠂ ᠲᠦᠮᠡᠨ ᠬᠡᠷᠡᠭ ᠠᠴᠠ ᠬᠤᠴᠤᠷᠠᠵᠦ ᠳᠡᠯᠡᠬᠡᠢ ᠶᠢᠨ ᠪᠤᠯᠪᠠᠰᠤᠷᠠᠯ ᠠᠴᠠ ᠭᠡᠭᠡᠭᠳᠡᠨ᠎ᠡ᠃ ᠭᠠᠭᠴᠠ ᠬᠦ ᠦᠷᠯᠦᠭᠡ ᠪᠤᠷᠬᠠᠨ ᠳᠤ ᠵᠠᠯᠪᠢᠷᠠᠵᠦ᠂ ᠦᠳᠡᠰᠢ ᠳᠡᠭᠷᠢ ᠳᠤ ᠮᠦᠷᠭᠦᠭᠰᠡᠭᠡᠷ ᠨᠢᠭᠡ ᠨᠠᠰᠦ ᠪᠠᠷᠠᠨ᠎ᠠ᠃           ᠬᠠᠭᠤᠴᠢᠨ ᠬᠦᠦ ᠬᠤᠯᠠ ᠮᠤᠷᠢᠨ ᠳᠡᠭᠡᠷ᠎ᠡ ᠪᠠᠨ ᠬᠦᠨᠳᠡᠯᠡᠨ ᠰᠠᠭᠤᠵᠤ ᠬᠠᠳᠠᠷᠢᠭᠤᠯᠤᠭᠰᠠᠭᠠᠷ ᠬᠦᠷᠴᠦ ᠢᠷᠡᠪᠡ᠃ ᠴᠠᠭᠠᠨ ᠲᠠᠪᠤᠤ ᠠᠯᠴᠢᠭᠤᠷ ᠢᠶᠠᠷ ᠲᠤᠯᠤᠭᠠᠢ ᠪᠠᠨ ᠤᠷᠢᠶᠠᠵᠠᠢ᠃ ᠰᠢᠷᠢᠯᠳᠦᠭᠰᠡᠨ ᠬᠠᠷ᠎ᠠ ᠭᠡᠵᠢᠭᠡ ᠶᠢᠨ ᠰᠡᠷᠪᠡᠶᠢᠭᠰᠠᠨ ᠬᠡᠳᠦᠨ ᠦᠰᠦ ᠨᠢ ᠰᠢᠨᠠ ᠤᠷᠤᠭᠤ ᠨᠢ ᠤᠨᠵᠢᠨ᠎ᠠ᠃ ᠤᠷᠭᠳᠠᠵᠤ ᠨᠠᠪᠲᠠᠷᠠᠭᠰᠠᠨ ᠬᠠᠷ᠎ᠠ ᠬᠠᠴᠤᠢ ᠶᠢ ᠰᠤᠭᠤᠯᠳᠤᠷᠭᠠᠯᠠᠵᠤ᠂ ᠰᠠᠭᠠᠷᠢᠲᠤᠭᠰᠠᠨ ᠪᠤᠷᠤ ᠲᠤᠬᠤᠢ ᠶᠢ ᠭᠠᠷᠭᠠᠵᠠᠢ᠃ ᠳᠠᠪ ᠬᠢᠭᠡᠥᠨ ᠮᠤᠷᠢᠨ ᠠᠴᠠ ᠪᠠᠨ ᠪᠠᠭᠤᠨ᠂ ᠲᠠᠰ ᠬᠢᠲᠡᠯ᠎ᠡ ᠵᠢᠯᠤᠭᠤ ᠪᠠᠨ ᠰᠤᠶᠢᠭᠠᠥᠨ ᠲᠤᠭᠤᠰᠤᠨ ᠳᠤ ᠳᠠᠷᠤᠭᠳᠠᠭᠰᠠᠨ ᠤᠷᠲᠤ ᠬᠤᠷᠮᠤᠢ ᠪᠠᠷ ᠢᠶᠠᠨ ᠨᠠᠷᠠᠨ ᠳᠤ ᠰᠢᠷᠠᠭᠳᠠᠭᠰᠠᠨ ᠨᠢᠭᠤᠷ ᠤᠨ ᠢᠶᠠᠨ ᠬᠦᠯᠦᠰᠦ ᠶᠢ ᠠᠷᠴᠢᠵᠤ ᠭᠡᠷ ᠲᠤ ᠤᠷᠤᠪᠠ᠃           ᠪᠠᠯᠳᠠᠨ ᠤ ᠬᠢ ᠢᠰᠡᠭᠡᠢ ᠬᠢᠵᠦ ᠪᠠᠶᠢᠨ᠎ᠠ᠃ ᠴᠠᠩᠲᠦ ᠶᠢᠨ ᠬᠢ ᠬᠤᠨᠢ ᠬᠤᠵᠢᠷᠯᠠᠵᠦ ᠪᠠᠶᠢᠨ᠎ᠠ᠃ ᠳᠠᠮᠪᠠ ᠮᠤᠷᠢ ᠡᠷᠢᠬᠦ ᠪᠠᠷ ᠶᠠᠪᠤᠭᠰᠠᠨ᠂ ᠭᠤᠮᠪᠤ ᠬᠠᠨᠭ᠍ᠭᠠᠢ ᠤᠷᠤᠭᠠᠥᠨ ᠢᠷᠡᠭᠰᠡᠨ ᠭᠡᠬᠦ ᠵᠡᠷᠭᠡ ᠶᠡᠷᠦ ᠶᠢᠨ ᠬᠡᠳᠦᠨ ᠦᠭᠡ ᠶᠢ ᠠᠬ᠎ᠠ ᠵᠠᠬ᠎ᠠ ᠬᠦᠮᠦᠰ ᠲᠤ ᠪᠠᠨ ᠰᠤᠨᠢᠨ ᠪᠤᠯᠭᠠᠨ ᠶᠠᠷᠢᠵᠤ᠂ ᠭᠠᠪᠵᠦ ᠭᠤᠸᠠᠢ ᠭᠡᠵᠦ ᠳᠤᠤᠭᠤᠷ ᠬᠠᠷᠠᠨ᠂  ᠵᠠᠶᠢᠰᠠᠩ ᠭᠤᠸᠠᠢ ᠭᠡᠵᠦ ᠳᠤᠷᠤᠢ ᠳᠤᠤᠭᠠᠷᠤᠭᠰᠠᠭᠠᠷ ᠵᠤᠤᠬᠠᠨ ᠤ ᠬᠠᠵᠠᠭᠤ ᠳᠤ ᠰᠠᠭᠤᠨ᠎ᠠ᠃ ᠠᠪᠠᠭᠠᠢ ᠬᠡᠥᠬᠡᠥᠨ ᠠᠴᠠ ᠠᠶᠠᠭ᠎ᠠ ᠲᠠᠷᠠᠭ᠂ ᠬᠡᠰᠡᠭ ᠬᠤᠰᠤᠮ ᠤᠯᠵᠦ ᠢᠳᠡᠭᠡᠥᠨ᠂ ᠳᠡᠨᠳᠡ ᠠᠴᠠ ᠭᠠᠷᠴᠤ᠂ ᠪᠠᠶᠠᠨ ᠪᠠᠯᠴᠢᠷ ᠤᠨ ᠳᠤ ᠤᠨᠠᠭ᠎ᠠ ᠲᠠᠲᠠᠵᠦ ᠦᠭᠴᠦ᠂ ᠠᠶᠢᠷᠠᠭ ᠤᠯᠵᠤ ᠤᠤᠭᠤᠭᠠᠥᠨ ᠨᠢᠭᠡ ᠦᠳᠡ ᠶᠢ ᠦᠡᠭᠭᠡᠷᠡᠭᠦᠯᠦᠨ᠎ᠡ᠃ ᠳᠠᠨᠳᠤᠪ ᠳᠠᠶᠢᠵᠢ ᠶᠢᠨ  ᠳᠤ ᠬᠤᠨᠢ ᠬᠢᠷᠭᠠᠨ ᠦᠭᠴᠦ᠂ ᠭᠡᠳᠡᠰᠦ ᠤᠯᠵᠤ ᠢᠳᠡᠨ ᠨᠢᠭᠡ ᠦᠳᠡᠰᠢ ᠶᠢ ᠳᠠᠭᠤᠰᠬᠠᠨ᠎ᠠ᠃           ᠬᠡᠳᠦᠢ ᠪᠠᠷ ᠤᠬᠠᠭᠠᠨ ᠰᠡᠷᠭᠦᠯᠡᠩ ᠪᠤᠯᠪᠠᠴᠤ ᠵᠡᠭᠦᠨ ᠬᠤᠰᠢᠭᠤᠨ ᠤ ᠵᠠᠬ᠎ᠠ ᠳᠤ ᠬᠦᠷᠦᠭᠰᠡᠨ ᠦᠭᠡᠢ᠂ ᠪᠠᠷᠠᠭᠤᠨ ᠮᠦᠷᠡᠨ ᠤ ᠳᠡᠷᠲᠡᠭᠡ ᠭᠠᠷᠤᠭᠰᠠᠨ ᠦᠭᠡᠢ᠂ ᠵᠦᠪᠬᠡᠨ ᠭᠤᠷᠪᠠ ᠳᠦᠷᠪᠡᠨ ᠦᠷᠲᠡᠭᠡ᠂ ᠡᠷᠭᠢᠨ ᠲᠤᠭᠤᠷᠢᠨ ᠭᠠᠵᠠᠷ ᠤᠨ ᠳᠤᠲᠤᠷ᠎ᠠ ᠤᠷᠤᠰᠢᠨ ᠰᠠᠭᠤᠭᠰᠠᠨ ᠲᠤᠯᠠ ᠨᠤᠲᠤᠭ ᠰᠤᠮᠤ ᠶᠢᠨ ᠬᠡᠳᠦᠨ ᠠᠶᠢᠯ ᠳᠤ ᠡᠭᠡᠯᠵᠢᠯᠡᠨ ᠵᠠᠷᠤᠭᠳᠠᠭᠰᠠᠭᠠᠷ ᠤᠯᠢᠭ ᠲᠠᠢ ᠠᠵᠤ ᠠᠮᠢᠳᠤᠷᠠᠯ ᠤᠨ ᠵᠠᠮ ᠢ ᠨᠢᠭᠡᠨᠲᠡ ᠠᠯᠳᠠᠵᠠᠢ᠃          ᠡᠪᠦᠯ ᠤᠨ ᠬᠦᠢᠲᠡᠨ ᠢ ᠠᠳᠤᠭᠤ ᠮᠠᠨᠠᠵᠦ ᠦᠡᠭᠭᠡᠷᠡᠭᠦᠯᠵᠦ᠂ ᠵᠤᠨ ᠤ ᠬᠠᠯᠠᠭᠤᠨ ᠢ ᠬᠤᠨᠢ ᠬᠠᠷᠢᠭᠤᠯᠵᠦ ᠭᠡᠲᠦᠯᠬᠦ ᠪᠦᠭᠡᠥᠨ ᠨᠠᠮᠤᠷ ᠢᠴᠡᠵᠦ᠂ ᠬᠠᠪᠤᠷ ᠭᠠᠷᠤᠭᠴᠢ ᠲᠠᠷᠪᠠᠭᠠᠨ ᠠᠴᠠ ᠵᠤᠪᠠᠯᠠᠩ ᠲᠠᠢ ᠪᠠᠷ ᠤᠨ ᠵᠢᠯ ᠢ ᠨᠦᠭᠴᠢᠭᠡᠨ᠎ᠡ᠃          ᠡᠪᠦᠭᠡᠥᠨ ᠬᠦᠭᠰᠢᠥᠨ ᠤᠨ ᠦᠭᠡᠨ ᠠᠴᠠ ᠦᠭᠡᠷ᠎ᠡ ᠦᠨᠡᠨ ᠶᠠᠭᠤᠮ᠎ᠠ ᠦᠭᠡᠢ᠂ ᠡᠪᠦᠯᠵᠢᠶ᠎ᠡ᠂ ᠵᠤᠰᠠᠯᠠᠩ᠂ ᠬᠠᠪᠤᠷᠵᠢᠶ᠎ᠠ᠂ ᠨᠠᠮᠤᠷᠵᠢᠶ᠎ᠠ ᠡᠨᠡ ᠳᠦᠷᠪᠡ ᠠᠴᠠ ᠴᠢᠨᠠᠭᠰᠢ ᠶᠠᠪᠤᠬᠤ ᠭᠠᠵᠠᠷ ᠦᠭᠡᠢ ᠭᠡᠵᠦ ᠰᠠᠨᠠᠵᠤ ᠬᠦᠮᠦᠷᠢᠭᠰᠡᠨ ᠲᠤᠭᠤᠭᠠᠨ ᠤ ᠳᠤᠳᠤᠷᠠᠬᠢ ᠲᠠᠢ ᠠᠳᠠᠯᠢ ᠬᠦᠳᠡᠭᠡ ᠶᠢᠨ ᠪᠦᠳᠦᠭᠦᠯᠢᠭ ᠪᠠᠶᠢᠳᠠᠯ ᠳᠤ ᠬᠦᠮᠦᠵᠢᠨ᠎ᠡ᠃ ᠶᠠᠭᠤᠲᠠᠢ ᠭᠤᠮᠤᠳᠠᠯ ᠲᠠᠢ ᠵᠡᠷᠯᠢᠭ‌ᠠᠮᠢᠳᠤᠷᠠᠯ᠂ ᠬᠠᠶᠢᠷᠠᠯᠠᠯ ᠲᠠᠢ ᠵᠠᠯᠠᠭᠤ ᠨᠠᠰᠤ ᠪᠤᠢ︕ ᠶᠠᠭᠤᠨ ᠳᠤ ᠰᠢᠨ᠎ᠡ ᠶᠢᠷᠳᠢᠨᠴᠤ ᠶᠢ ᠦᠵᠡᠬᠦ ᠶᠢ ᠦᠯᠦ ᠬᠦᠰᠡᠨ᠎ᠡ ᠪᠤᠢ︕          ᠬᠦᠮᠦᠵᠢᠯ ᠤᠨ ᠡᠶᠢᠮᠦ ᠭᠤᠨᠢᠷᠬᠠᠯ ᠲᠠᠢ ᠪᠠᠶᠢᠳᠠᠯ ᠢ ᠬᠠᠭᠤᠴᠢᠨ ᠬᠦᠦ ᠦᠪᠡᠷ ᠢᠶᠠᠨ ᠶᠠᠭᠠᠬᠢᠵᠦ ᠴᠦ ᠮᠡᠳᠡᠬᠦ ᠪᠢᠯᠡ ᠳ᠋ᠠ᠃ ᠬᠠᠭᠤᠴᠢᠨ ᠹᠸᠤᠳᠠᠯ ᠪᠠ ᠯᠠᠮᠠ ᠨᠠᠷ ᠤᠨ ᠭᠠᠢ ᠶᠢ ᠮᠦᠨ ᠬᠡᠷᠬᠢᠨ ᠲᠠᠨᠢᠬᠤ ᠪᠢᠯᠡ ᠳ᠋ᠠ︕ ᠳᠡᠮᠡᠢ ᠯᠡ ᠳᠠᠳᠤᠭᠰᠠᠨ ᠪᠠᠶᠢᠳᠠᠯ ᠳᠤ ᠠᠪᠲᠠᠭᠳᠠᠵᠦ᠂ ᠵᠤᠪᠠᠯᠠᠩ ᠨᠢ ᠵᠢᠷᠭᠠᠯ᠂ ᠵᠡᠷᠯᠢᠭ ᠨᠢ ᠴᠡᠩᠬᠡᠯ ᠪᠤᠯᠤᠭᠠᠥᠨ ᠨᠢᠭᠡ ᠤᠯᠤᠰ ᠶᠡᠬᠡᠨᠭᠬᠢ ᠳᠤ ᠪᠠᠨ ᠬᠠᠭᠤᠴᠢᠨ ᠬᠦᠦ ᠶᠢᠨ ᠠᠳᠠᠯᠢ᠂ ᠨᠢᠳᠦ ᠪᠠᠨ ᠠᠨᠢᠵᠤ᠂ ᠴᠢᠬᠢ ᠪᠠᠨ ᠪᠦᠭᠯᠡᠨ᠂ ᠶᠢᠷᠲᠢᠨᠴᠦ ᠭᠡᠭᠴᠢ ᠴᠤᠬᠤᠮ ᠶᠠᠭᠤ ᠪᠤᠯᠬᠤ ᠶᠢ ᠦᠵᠡᠯ ᠦᠭᠡᠢ᠂ ᠮᠡᠳᠡᠯ ᠦᠭᠡᠢ ᠬᠦᠨᠳᠡᠢ ᠲᠠᠯ᠎ᠠ ᠳᠤ ᠬᠤᠭᠤᠰᠤᠭᠠᠷ ᠬᠤᠴᠤᠷᠠᠭᠳᠠᠬᠤ ᠳᠤ ᠲᠤᠯᠵᠠᠢ᠃ ᠭᠡᠲᠡᠯ᠎ᠡ ᠬᠠᠭᠤᠴᠢᠨ ᠬᠦᠦ ᠶᠢᠨ ᠨᠢᠭᠡ ᠨᠦᠬᠦᠷ ᠨᠢ ᠬᠤᠪᠢᠰᠬᠠᠯ ᠤᠨ ᠫᠤᠥ ᠶᠢ ᠳᠠᠯᠪᠢᠭᠰᠠᠨ ᠡᠳᠦᠷ ᠠᠴᠠ ᠡᠬᠢᠯᠡᠨ ᠬᠦᠮᠦᠷᠢᠭᠰᠡᠨ ᠲᠤᠭᠤᠭᠠᠨ ᠤ ᠲᠤᠲᠤᠷ᠎ᠠ ᠭᠡᠷᠡᠯ ᠳᠤᠰᠴᠤ᠂ ᠨᠢᠭᠡ ᠠᠶᠢᠮᠠᠭ ᠰᠡᠷᠡᠪᠠ᠃ ᠲᠡᠭᠷᠢ ᠶᠢᠨ ᠬᠠᠶᠠᠭᠠᠨ ᠠᠴᠠ ᠴᠢᠨᠠᠭᠰᠢ ᠭᠠᠵᠠᠷ ᠪᠠᠶᠢᠳᠠᠭ ᠢ ᠮᠡᠳᠡᠵᠦ᠂ ᠲᠠᠪᠤᠨ ᠳᠠᠯᠠᠢ᠂ ᠲᠠᠪᠤᠨ ᠲᠢᠪ ᠢ ᠲᠠᠨᠢᠨ᠂ ᠰᠢᠨ᠎ᠡ ᠶᠢᠷᠲᠢᠨᠴᠦ ᠳᠡᠭᠡᠷ᠎ᠡ ᠬᠠᠮᠲᠦ ᠶᠠᠪᠤᠬᠤ ᠵᠠᠮ ᠢ ᠨᠡᠭᠡᠭᠡᠪᠡ᠃ ᠬᠦᠬᠡ ᠮᠤᠩᠭᠤᠯ ᠤᠯᠠᠭᠠᠨ ᠮᠤᠩᠭᠤᠯ ᠪᠤᠯᠪᠠ᠃ ᠬᠠᠭᠤᠴᠢᠨ ᠬᠦᠦ ᠰᠢᠨ᠎ᠡ ᠬᠦᠦ ᠪᠤᠯᠪᠠ᠃ ᠶᠠᠭᠤᠲᠠᠢ ᠪᠠᠶᠠᠷ᠂ ᠶᠠᠭᠤᠲᠠᠢ ᠵᠠᠪᠰᠢᠶᠠᠨ︕
 
ᠢᠷᠡᠯᠲᠡ᠄ ᠯᠢᠨᠰᠢ ᠰᠢᠶᠠᠨ  ᠤ ᠠᠷᠠᠥᠨ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号