ᠪᠦᠬᠦ ᠮᠤᠩᠭᠤᠯᠴᠤᠳ ᠨᠤᠮ ᠤᠡᠭᠰᠢᠭᠠᠷᠠᠢ
ᠨᠡᠶᠢᠲᠡᠯᠡᠭᠰᠡᠨ ᠴᠠᠭ᠄
2017-02-03
       ︽ᠬᠡᠦᠬᠡᠳ ᠢᠶᠠᠨ ᠬᠦᠲᠦᠰᠦᠨ ᠳᠤ ᠪᠠᠭᠯᠠᠵᠤ᠂ ᠨᠤᠮ ᠢᠶᠠᠨ ᠲᠤᠷᠭᠠᠨ ᠳᠤ ᠪᠠᠭᠯᠠᠲᠠᠭ︾ ᠨᠢ ᠮᠤᠩᠭᠤᠯ ᠦᠨᠲᠦᠰᠦᠲᠡᠨ ᠪᠠᠶᠢᠭᠰᠠᠨ᠃        ᠮᠤᠩᠭᠤᠯ ᠬᠦᠮᠦᠨ ᠲᠡᠯᠡᠬᠡᠢ ᠳ᠋ᠠᠬᠢᠨ ᠢ ᠲᠠᠶᠢᠯᠠᠨ ᠲᠠᠭᠠᠭᠤᠯᠤᠭᠰᠨᠨ ᠨᠢ ᠵᠦᠪᠬᠡᠨ ᠮᠤᠷᠢᠨ ᠲᠤᠭᠤᠷᠠᠢ ᠪᠠᠷ ᠲᠤᠪᠲᠤᠯᠵᠤ᠂ ᠮᠠᠬᠢᠷ ᠰᠠᠯᠠᠮ᠎ᠠ ᠪᠠᠷ ᠴᠠᠪᠴᠢᠭᠰᠠᠨ ᠤ ᠬᠢ ᠪᠢᠰᠢ ᠶᠤᠮ᠂ ᠬᠠᠷᠢᠨ ᠮᠤᠩᠭᠤᠯᠴᠤᠳ ᠤᠨ ᠬᠤᠷᠴᠠ ᠤᠢ᠂ ᠦᠯᠡᠮᠵᠢ ᠮᠡᠲᠡᠯᠭᠡ᠂ ᠪᠦᠲᠦᠭᠡᠯᠴᠢ ᠰᠡᠳᠬᠢᠬᠦᠢ ᠨᠢ ᠪᠤᠰᠤᠳ ᠠᠴᠠ ᠬᠡᠲᠦ᠋ᠢᠲᠦᠭᠰᠡᠨ ᠠᠴᠠ ᠶᠤᠮ᠃        ᠴᠢᠩᠭᠢᠰ ᠬᠠᠭᠠᠨ ᠰᠤᠷᠭᠠᠭᠤᠯᠢ ᠳᠤ ᠰᠤᠷᠤᠯᠴᠠᠭ᠎ᠠ ᠦᠭᠡᠢ ᠴᠤ ᠲᠠᠲᠠᠲᠤᠩᠭ᠎ᠠ ᠠᠴᠠ ᠨᠤᠮ ᠤᠨ ᠤᠬᠠᠭᠠᠨ ᠢ ᠰᠤᠷᠴᠤ᠂ ᠬᠡᠦᠬᠡᠳ ᠲᠡᠭᠦᠦ ᠨᠠᠷ ᠲᠠᠭᠠᠨ ᠡᠷᠲᠡᠮ ᠮᠡᠲᠡᠯᠭᠡ ᠵᠢᠭᠠᠯᠭᠠᠵᠤ ᠪᠠᠶᠢᠭᠰᠠᠨ᠃ ᠮᠦᠡᠭᠭᠡ ᠬᠠᠭᠠᠨ ᠡᠯᠪᠡᠭ ᠶᠡᠭᠡ ᠮᠡᠲᠡᠯᠭᠡ ᠲᠠᠢ ᠪᠠᠶᠢᠵᠤ᠂ ᠲᠤᠭᠠᠨ ᠤ ᠤᠬᠠᠭᠠᠨ ᠤ ᠡᠷᠲᠡᠮᠲᠡᠨ ᠪᠠᠶᠢᠭᠰᠠᠨ᠃ ᠢᠯ ᠬᠠᠭᠠᠨᠲᠤ ᠤᠯᠤᠰ ᠤᠨ ᠬᠠᠰᠠᠨ ᠬᠠᠭᠠᠨ ᠵᠢᠷᠭᠤᠭᠠᠨ ᠵᠦᠢᠯ ᠤᠨ ᠬᠡᠯᠡᠨ ᠳᠤ ᠨᠡᠪᠲᠡᠷᠡᠭᠰᠡᠨ ᠢᠶᠠᠷ ᠪᠠᠷᠠᠬᠤ ᠦᠭᠡᠢ᠂ ᠮᠤᠩᠭᠤᠯ ᠬᠡᠯᠡ᠂ ᠲᠡᠦᠬᠡ ᠰᠤᠶᠤᠯ ᠢᠶᠠᠨ ᠬᠠᠮᠤᠭ ᠨᠡᠪᠲᠡᠷᠬᠡᠢ ᠮᠡᠲᠡᠵᠤ᠂ ᠤᠯᠠᠨ ᠦᠶ᠎ᠡ ᠶᠢᠨ ᠡᠪᠦᠭᠡ ᠲᠡᠭᠡᠲᠤᠰ ᠤᠨ ᠢᠶᠠᠨ ᠤᠪᠤᠭ ᠨᠡᠷ᠎ᠡ᠂ ᠡᠷᠲᠡ ᠡᠲᠦᠭᠡ ᠶᠢᠨ ᠵᠠᠩᠵᠤᠨ ᠪᠠᠭᠠᠲᠤᠷ ᠤᠨ ᠢᠶᠠᠨ ᠠᠯᠲᠠᠷ ᠴᠤᠯᠠ ᠵᠢᠴᠢ ᠲᠡᠲᠡᠨ ᠤ ᠭᠡᠷ ᠤᠨ ᠴᠠᠲᠢᠭ ᠢ ᠴᠦᠮ ᠴᠡᠭᠡᠵᠢ ᠪᠠᠷ ᠲᠤᠭᠠᠴᠢᠵᠤ ᠴᠢᠲᠠᠲᠠᠭ᠃ ᠶᠡᠭᠡ ᠶᠤᠸᠠᠨ ᠤᠯᠤᠰ ᠤᠨ ᠲᠡᠮᠦᠷ ᠬᠠᠭᠠᠨ ᠴᠢᠩᠭᠢᠰ ᠤᠨ ᠵᠠᠰᠠᠭ ᠪᠠ ᠪᠢᠯᠢᠭ ᠲᠤ ᠨᠡᠪᠲᠡᠷᠡᠵᠤ᠂ ᠬᠠᠶᠢᠰᠠᠩ ᠬᠠᠭᠠᠨ ᠤᠯᠤᠰ ᠠᠷᠠᠳ ᠢᠶᠠᠨ ᠭᠡᠭᠡᠷᠡᠭᠦᠯᠬᠦ ᠪᠠᠷ ᠮᠤᠩᠭᠤᠯ ᠨᠤᠮ ᠢ ᠬᠡᠪᠯᠡᠨ ᠲᠠᠷᠬᠠᠭᠠᠵᠤ ᠪᠠᠶᠢᠭᠰᠠᠨ᠃ ᠮᠤᠩᠭᠤᠯᠴᠤᠳ ᠨᠤᠮ ᠤᠨ ᠬᠦᠴᠦ᠂ ᠡᠷᠲᠡᠮ ᠤᠬᠠᠭᠠᠨ ᠪᠠ ᠡᠷ᠎ᠡ ᠰᠢᠨᠲᠠᠰᠤ ᠪᠠᠷ ᠢᠶᠠᠨ ᠰᠠᠶ᠋ᠢ ᠠᠽᠢᠶ᠎ᠠ ᠡᠸᠦ᠋ᠷᠦᠫᠡ ᠶᠢ ᠡᠷᠬᠡᠰᠢᠶᠡᠵᠤ ᠴᠢᠲᠠᠭᠰᠠᠨ ᠳ᠋ᠠ᠃         ᠴᠠᠭ ᠦᠶ᠎ᠡ ᠦᠡᠭᠭᠡᠷᠡᠨ ᠤᠲᠤᠭᠰᠠᠨ ᠪᠤᠯᠪᠠᠴᠤ ᠮᠤᠩᠭᠤᠯ ᠰᠤᠶᠤᠯ ᠤᠨ ᠠᠮᠢᠨ ᠰᠤᠲᠠᠰᠤ ᠮᠢᠨᠢ ᠯᠤᠭᠰᠢᠨ ᠤᠯᠠᠮᠵᠢᠯᠠᠭᠲᠠᠬᠤ ᠶᠤᠰᠤᠲᠠᠢ᠂ ᠮᠦᠨ ᠴᠤ ᠯᠤᠭᠰᠢᠨ ᠴᠤᠬᠢᠯᠠᠭᠰᠠᠭᠠᠷ ᠤᠲᠤ ᠳᠤ ᠬᠦᠷᠴᠦ ᠢᠷᠡᠭᠰᠡᠨ ᠶᠤᠮ᠃ ᠭᠡᠪᠡᠴᠤ ᠨᠡᠶᠢᠭᠡᠮ ᠬᠦᠭᠵᠢᠯ ᠤᠨ ᠦᠳᠳᠡᠷ ᠬᠤᠪᠢᠷᠠᠯ᠂ ᠬᠤᠲᠠ ᠪᠠᠯᠭᠠᠰᠣᠵᠢᠯᠳᠠ ᠶᠢᠨ ᠰᠢᠷᠦᠭᠦᠨ ᠲᠤᠯᠬᠢᠰᠤᠯ ᠨᠢ ᠮᠤᠩᠭᠤᠯ ᠨᠤᠮ ᠢᠶᠠᠨ ᠤᠡᠭᠰᠢᠵᠤ᠂ ᠮᠤᠩᠭᠤᠯ ᠰᠤᠶᠤᠯ ᠢᠶᠠᠨ ᠤᠯᠠᠮᠵᠢᠯᠠᠬᠤ ᠳᠤ ᠪᠠᠰᠠ ᠨᠢᠭᠡᠨ ᠤᠲᠠᠭᠠᠨ ᠤ ᠬᠢᠮᠤᠷᠠᠯ ᠢ ᠠᠪᠴᠢᠷᠠᠵᠤ ᠦᠭᠴᠦ ᠪᠠᠶᠢᠨ᠎ᠠ᠃ ᠮᠤᠩᠭᠤᠯ ᠬᠡᠯᠡᠨ ᠤ ᠠᠮᠢ ᠠᠬᠤᠢ ᠮᠢᠨᠢ ᠠᠶᠤᠯ ᠲᠦᠭᠰᠢᠭᠦᠷᠢ ᠳᠤ ᠤᠴᠠᠷᠠᠵᠤ ᠪᠠᠶᠢᠨ᠎ᠠ᠃        ᠤᠲᠤ ᠪᠢᠲᠠ ᠪᠦᠬᠦᠨ ᠮᠤᠩᠭᠤᠯ ᠬᠡᠯᠡ ᠪᠠᠷ ᠢᠶᠠᠨ ᠶᠠᠷᠢᠵᠤ᠂ ᠮᠤᠩᠭᠤᠯ ᠪᠢᠴᠢᠭ ᠢᠶᠠᠨ ᠬᠡᠷᠡᠭᠯᠡᠵᠤ᠂ ᠮᠤᠩᠭᠤᠯ ᠨᠤᠮ ᠢᠶᠠᠨ ᠤᠡᠭᠰᠢᠵᠤ ᠪᠠᠶᠢᠪᠠᠯ ᠲᠠᠷᠤᠢ ᠦᠨᠲᠦᠰᠦᠲᠡᠨ ᠳᠡᠭᠡᠨ ᠬᠠᠮᠤᠭ ᠪᠤᠲᠠᠲᠠᠢ ᠪᠠᠷ ᠬᠠᠷᠢᠭᠤᠴᠠᠵᠤ ᠪᠠᠶᠢᠭ᠎ᠠ ᠶᠠᠪᠤᠲᠠᠯ ᠶᠤᠮ᠃ ᠤᠴᠢᠷ ᠨᠢ ᠮᠠᠨ ᠤ ᠬᠦᠮᠦᠨ ᠨᠢᠭᠡᠪᠦᠷᠢ ᠮᠤᠩᠭᠤᠯ ᠨᠤᠮ ᠢᠶᠠᠨ ᠤᠡᠭᠰᠢᠵᠤ᠂ ᠮᠤᠩᠭᠤᠯ ᠰᠤᠶᠤᠯ ᠢᠶᠠᠨ ᠲᠡᠭᠡᠲᠦᠯᠡᠮᠡᠨᠵᠢᠨ ᠰᠠᠶ᠋ᠢ ᠤᠢ ᠤᠬᠠᠭᠠᠨ ᠢᠶᠠᠨ ᠨᠡᠭᠡᠭᠡᠵᠤ᠂ ᠤᠶᠤᠨ ᠤ ᠡᠮᠵᠡᠭ ᠢᠶᠠᠨ ᠵᠠᠰᠠᠵᠤ᠂ ᠦᠪᠡᠷ ᠤᠨ ᠬᠠᠷᠢᠭᠤᠴᠠᠯᠭ᠎ᠠ ᠪᠠᠨ ᠮᠡᠲᠡᠵᠤ ᠴᠢᠲᠠᠨ᠎ᠠ᠂ ᠮᠠᠨ ᠤ ᠦᠨᠲᠦᠰᠦᠲᠡᠨ ᠰᠠᠶ᠋ᠢ ᠤᠷᠤᠰᠢᠨ ᠲᠤᠭᠲᠠᠨᠢᠵᠤ᠂ ᠤᠯᠠᠮᠵᠢᠯᠠᠨ ᠬᠦᠭᠵᠢᠵᠤ᠂ ᠪᠠᠲᠠᠷᠠᠨ ᠮᠠᠨᠲᠤᠵᠤ ᠴᠢᠲᠠᠨ᠎ᠠ᠃        ᠨᠡᠨᠲᠢᠩᠨᠠᠨ ᠤᠡᠭᠰᠢᠬᠤ ᠮᠤᠩᠭᠤᠯ ᠨᠤᠮ ᠮᠢᠨᠢ ᠮᠢᠩᠭ᠎ᠠ ᠲᠦᠮᠡ ᠪᠠᠶᠢᠨ᠎ᠠ᠃ ᠪᠢᠲᠠ ︽ᠨᠤᠮ ᠡᠷᠲᠡᠨᠢ︾ ᠪᠠᠨ ᠤᠡᠭᠰᠢᠵᠤ᠂ ᠡᠪᠦᠭᠡ ᠲᠡᠭᠡᠲᠦᠰ ᠢᠶᠠᠨ ᠴᠡᠭᠡᠵᠢᠯᠡᠵᠤ ᠶᠠᠪᠤᠶ᠎ᠠ᠂ ᠡᠷᠡᠯᠬᠡᠭ ᠲᠡᠦᠬᠡ ᠪᠠᠨ ᠪᠢᠰᠢᠷᠡᠵᠤ ᠶᠠᠪᠤᠶ᠎ᠠ᠂ ᠡᠷᠲᠡᠨᠢ ᠶᠢᠨ ᠰᠤᠶᠤᠯ ᠢᠶᠠᠨ ᠤᠯᠠᠮᠵᠢᠯᠠᠵᠤ ᠶᠠᠪᠤᠶ᠎ᠠ︕ ᠨᠤᠮ ᠪᠢᠴᠢᠭ ᠤᠨ ᠲᠠᠯᠠᠢ ᠶᠡᠭᠡ ᠤᠬᠠᠭᠠᠨ ᠢᠶᠠᠷ ᠲᠠᠷᠢᠬᠢ ᠲᠤᠯᠤᠭᠠᠢ ᠪᠠᠨ ᠵᠡᠪᠰᠡᠭᠯᠡᠮᠡᠨᠵᠢᠨ ᠪᠢᠲᠠ ᠰᠠᠶ᠋ᠢ ᠰᠦᠷᠲᠡᠰᠢ ᠦᠭᠡᠢ᠂ ᠰᠦᠨᠦᠰᠢ ᠦᠭᠡᠢ᠂ ᠰᠦᠢᠷᠡᠰᠢ ᠦᠭᠡᠢ ᠮᠦᠡᠭᠭᠡ ᠭᠠᠯ ᠤᠨ ᠲᠦᠷᠡᠯᠵᠡᠭᠰᠡᠨ ᠨᠢᠭᠡᠨ ᠲᠦᠯᠦ ᠨᠢ ᠪᠤᠯᠵᠤ ᠴᠢᠲᠠᠨ᠎ᠠ ᠰᠢᠦ ᠳ᠋ᠠ᠃         ᠪᠦᠬᠦ ᠮᠤᠩᠭᠤᠯᠴᠤᠳ ᠮᠢᠨᠢ ᠨᠤᠮ ᠤᠡᠭᠰᠢᠭᠠᠷᠠᠢ︕  ︵ᠰᠠᠯᠵᠢᠭᠤᠳ ᠬᠡᠰᠢᠭᠪᠡᠲᠤ︶
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号