︽6︾ ᠭᠡᠮᠡᠭᠦ ᠳᠤᠭ᠎ᠠ ᠪᠤᠶᠤ ᠮᠤᠩᠭᠤᠯ ᠠᠷᠠᠨᠰᠢᠨ
ᠨᠡᠶᠢᠲᠡᠯᠡᠭᠰᠡᠨ ᠴᠠᠭ᠄
2016-12-29
      ᠮᠤᠩᠭᠤᠯᠴᠤᠳ ︽6︾ ᠳᠤᠭ᠎ᠠ ᠶᠢ ᠶᠠᠷᠤ ᠪᠤᠰᠤ ᠶᠢᠨ ᠤᠳᠬ᠎ᠠ ᠠᠭᠤᠯᠭ᠎ᠠ ᠲᠠᠢ ᠭᠡᠵᠤ ᠦᠵᠡᠳᠡᠭ᠃ ᠵᠢᠷᠭᠤᠭ᠎ᠠ ᠶᠢᠨ ᠳᠤᠭ᠎ᠠ ᠨᠢ ᠬᠤᠶᠠᠷ ᠪᠠ ᠭᠤᠷᠪᠠ ᠶᠢᠨ ᠲᠠᠭᠢᠨ ᠳᠤᠭ᠎ᠠ ᠤᠴᠢᠷ ᠠᠴᠠ ᠤᠭ ᠳᠤᠭᠠᠨ ᠤ ᠠᠭᠤᠯᠭ᠎ᠠ ᠶᠢ ᠬᠠᠳᠠᠭᠠᠯᠠᠳᠠᠭ᠃ ᠵᠢᠱᠢᠶᠠᠯᠠᠪᠠᠯ᠄ ︽ᠵᠢᠷᠭᠤᠭᠠᠨ ᠭᠦᠵᠤᠭᠦᠤ ᠪᠠᠨ ᠳᠤᠯᠤᠭ᠎ᠠ ᠪᠤᠯᠳᠠᠯ᠎ᠠ ᠵᠢᠳᠭᠦᠪᠠ︾ ᠭᠡᠭᠦ ᠨᠢ ᠭᠦᠮᠦᠰ ᠤᠨ ᠦᠢᠯᠡᠰ ᠪᠦᠳᠤᠭᠡᠭᠦ ᠳᠤ ᠪᠠᠨ ᠪᠦᠭᠦ ᠭᠦᠴᠤᠨ ᠴᠢᠳᠠᠯ ᠢᠶᠠᠨ ᠭᠠᠷᠭᠠᠵᠤ ᠭᠢᠭᠰᠡᠨ ᠪᠠ ᠭᠢᠷᠢ ᠠᠴᠠ ᠪᠠᠨ ᠭᠡᠳᠤᠷᠡᠳᠡᠯ᠎ᠠ ᠴᠢᠷᠮᠠᠶᠢᠨ ᠠᠵᠢᠯᠯᠠᠭᠰᠠᠨ ᠢ ᠵᠦᠢᠷᠯᠡᠭᠰᠡᠨ ᠪᠠᠶᠢᠳᠠᠭ᠃       ᠭᠡᠯᠡᠴᠠ ᠨᠦᠭᠦᠳ ᠠᠴᠠ ᠰᠠᠶᠢᠷᠠᠭᠦᠯᠪᠠᠯ᠄       ᠵᠢᠷᠭᠤᠭᠠᠨ ᠰᠠᠶᠢᠨ — ᠮᠤᠩᠭᠤᠯ ᠡᠮ ᠳᠠᠬᠢ ᠵᠦᠭᠠᠡᠭ᠂ ᠭᠦᠷᠭᠦᠮ᠂ ᠭᠤᠯᠳᠤ ᠪᠤᠷᠤ ᠽᠠᠳᠢ᠂ ᠰᠦᠭᠮᠧᠯ᠂ ᠭᠠᠭᠤᠯᠠ ᠵᠡᠷᠭᠡ ᠵᠢᠷᠭᠤᠭᠠᠨ ᠵᠦᠢᠯ ᠤᠨ ᠡᠮ ᠢ ᠵᠢᠷᠭᠤᠭᠠᠨ ᠰᠠᠶᠢᠨ ᠭᠡᠳᠡᠭ᠃       ᠵᠢᠷᠭᠤᠭᠠᠨ ᠪᠢᠴᠢᠭ — ᠤᠴᠢᠷ ᠢ ᠵᠢᠭᠠᠬᠤ᠂ ᠦᠰᠦᠭ ᠤᠨ ᠲᠦᠷᠰᠤ᠂ ᠦᠰᠦᠭ ᠤᠨ ᠠᠪᠢᠶ᠎ᠠ᠂ ᠦᠰᠦᠭ ᠤᠨ ᠤᠳᠬ᠎ᠠ᠂ ᠦᠰᠦᠭ ᠤᠨ ᠲᠠᠶᠢᠯᠪᠤᠷᠢ᠂ ᠦᠭᠡ ᠵᠢᠭᠡᠯᠡᠭᠦ ᠵᠡᠷᠭᠡ ᠶᠢ ᠭᠡᠯᠡᠨ᠎ᠠ᠃       ᠵᠢᠷᠭᠤᠭᠠᠨ ᠴᠢᠪᠬᠠᠳᠠᠰᠤ ᠲᠦᠷᠦ ᠶᠢᠨ ᠶᠠᠳᠤᠭ᠎ᠠ — ᠲᠦᠷᠦ ᠶᠢᠨ ᠶᠡᠭᠡ ᠬᠤᠷᠢᠮ᠂ ᠬᠤᠷᠠᠯ᠂ ᠨᠠᠶᠢᠷ ᠨᠠᠭᠠᠳᠤᠮ ᠳᠤ ᠡᠭᠦᠰᠭᠡᠭᠦ ᠭᠦᠭᠵᠢᠮ ᠢ ᠭᠡᠯᠡᠨ᠎ᠠ᠃ ᠡᠭᠡ ᠪᠤᠯᠤᠭᠰᠠᠨ ᠵᠢᠷᠭᠤᠭᠠᠨ ᠵᠦᠢᠯ — ᠱᠠᠰᠢᠨ ᠤ ᠶᠤᠰᠤᠨ ᠳᠤ ᠲᠡᠭᠷᠢ᠂ ᠠᠰᠤᠷᠢ᠂ ᠭᠦᠮᠦᠨ᠂ ᠲᠠᠮᠤ᠂ ᠪᠢᠷᠢᠳ᠂ ᠠᠳᠤᠭᠤᠰᠤ ᠡᠨᠡ ᠵᠢᠷᠭᠤᠭ᠎ᠠ ᠶᠢ ᠭᠡᠯᠡᠳᠡᠭ᠃ ᠬᠠᠮᠤᠭ ᠠᠮᠢᠳᠠᠨ᠂ ᠲᠦᠮᠠᠨ ᠪᠤᠳᠠᠰ ᠢ ᠵᠢᠭᠠᠭᠰᠠᠨ ᠤᠳᠬ᠎ᠠ ᠲᠠᠢ᠃      ᠵᠢᠷᠭᠤᠭᠠᠨ ᠮᠠᠳᠠᠷᠡᠭᠦᠢ — ᠦᠵᠡᠭᠦ᠂ ᠰᠤᠨᠤᠰᠬᠤ᠂ ᠦᠨᠤᠷᠳᠤᠭᠦ᠂ ᠠᠮᠳᠠᠯᠠᠬᠤ᠂ ᠭᠦᠷᠤᠯᠴᠡᠭᠦ᠂ ᠰᠠᠳᠭᠢᠭᠦ ᠵᠡᠷᠭᠡ ᠶᠢ ᠵᠢᠷᠭᠤᠭᠠᠨ ᠮᠠᠳᠠᠷᠡᠭᠦᠢ ᠭᠡᠨ᠎ᠠ᠃ ᠡᠨᠡ ᠨᠢ ᠨᠢᠳᠤ᠂ ᠴᠢᠭᠢ᠂ ᠬᠠᠮᠠᠷ᠂ ᠭᠡᠯᠡ᠂ ᠠᠷᠠᠰᠤ᠂ ᠲᠠᠷᠢᠭᠢ ᠵᠡᠷᠭᠡ ᠵᠢᠷᠭᠤᠭᠠᠨ ᠡᠷᠭᠡᠳᠠᠨ ᠠᠴᠠ ᠡᠭᠦᠰᠤᠨ᠎ᠠ᠃ ᠨᠠᠷᠠᠰᠤ ᠵᠢᠷᠭᠤᠭᠠᠨ ᠤᠳᠠᠴᠢ — ᠢᠰᠢᠪᠠᠯᠵᠤᠤᠷ ︵ᠭᠦᠭᠡᠨᠠᠭᠤᠷ ᠮᠤᠵᠢ︶ ᠯᠤᠪᠰᠠᠩᠴᠦ᠋ᠯᠳᠤᠮ ︵ᠴᠠᠬᠠᠷ︶᠂ ᠯᠦᠷᠦᠭᠳᠡᠩᠳᠠᠷ ︵ᠬᠠᠯᠬ᠎ᠠ︶᠂ ᠵᠠᠮᠪᠠᠯᠳᠤᠷᠵᠢ ︵ᠬᠤᠷᠴᠢᠨ︶᠂ ᠢᠰᠢᠳᠠᠨᠽᠢᠡᠸᠠᠩᠵᠢᠯ ︵ᠴᠠᠬᠠᠷ ᠠᠴᠠ ᠶᠡᠭᠡ ᠵᠤᠤ ᠳᠤ ᠵᠠᠯᠠᠭᠳᠠᠵᠠᠢ︶᠂ ᠭᠦᠨᠠᠪᠢᠳᠠᠷᠠ ︵ᠬᠠᠷᠠᠴᠢᠨ︶ ᠵᠡᠷᠭᠡ ᠪᠤᠯ ᠮᠤᠩᠭᠤᠯ ᠠᠨᠠᠭᠠᠬᠤ ᠤᠬᠠᠭᠠᠨ ᠤ ᠵᠢᠷᠭᠤᠭᠠᠨ ᠡᠷᠳᠡᠮᠳᠠᠨ᠂ ᠤᠳᠠᠴᠢ ᠪᠤᠯᠤᠨ᠎ᠠ᠃       ᠴᠢᠩᠭᠢᠰ ᠬᠠᠭᠠᠨ ᠤ ᠳᠤᠬᠠᠢ ᠵᠢᠷᠭᠤᠭᠠᠨ ᠵᠦᠢᠯ ᠤᠨ ᠦᠨᠠᠯᠠᠯᠳᠠ — ① ᠤᠯᠠᠨ ᠵᠢᠯ ᠲᠠᠷᠠᠬᠠᠢ ᠪᠤᠳᠠᠷᠬᠠᠢ ᠪᠠᠶᠢᠭᠰᠠᠨ ᠮᠤᠩᠭᠤᠯ ᠤᠨ ᠠᠶᠢᠮᠠᠭ ᠤᠳ ᠢ ᠨᠢᠭᠡᠳᠭᠡᠵᠤ᠂ ᠤᠯᠤᠰ ᠤᠨ ᠳᠤᠯᠭᠤᠷ ᠲᠦᠷᠦ ᠶᠢ ᠦᠨᠳᠤᠰᠤᠯᠠᠨ ᠪᠠᠶᠢᠭᠤᠯᠤᠭᠰᠠᠨ᠃ ② ᠮᠤᠩᠭᠤᠯ ᠲᠦᠷᠦ ᠶᠢᠨ ᠲᠠᠭᠡᠳᠤ ᠡᠷᠭᠡ ᠶᠢ ᠬᠠᠳᠠᠮᠵᠢᠯᠠᠨ ᠪᠠᠷᠢᠵᠤ ᠪᠠᠶᠢᠭᠰᠠᠨ᠂ ᠭᠡᠭᠦ ᠳᠤ ᠪᠠᠨ ᠠᠷᠠᠳᠴᠢᠯᠠᠯ ᠤᠨ ᠪᠠᠯᠭᠡᠳᠠᠯ ︽ᠶᠡᠭᠡ ᠬᠤᠷᠠᠯᠳᠠᠢ︾᠂ ︽ᠰᠠᠴᠠᠳ ᠤᠨ ᠵᠦᠪᠯᠡᠯ ᠤᠨ ᠰᠠᠨᠠᠯ ᠪᠤᠳᠤᠯ ᠳᠤ ᠨᠠᠩ ᠠᠩᠬᠠᠷᠤᠯ ᠲᠠᠢ ᠬᠠᠨᠳᠤᠨ ᠨᠢᠭᠳᠠᠯᠠᠨ ᠡᠷᠭᠢᠴᠡᠭᠦᠯᠵᠤ ᠭᠦᠯᠢᠶᠠᠵᠤ ᠠᠪᠳᠠᠭ︾᠃ ③ ᠲᠦᠷᠦ ᠶᠢᠨ ᠠᠯᠳᠠᠨ ᠪᠤᠭᠤᠯᠭ᠎ᠠ — ︽ᠶᠡᠭᠡ ᠵᠠᠰᠠᠭ ᠬᠠᠤᠯᠢ︾ ᠶᠢ ᠭᠠᠷᠭᠠᠭᠰᠠᠨ᠃ ④ ︽ᠭᠠᠵᠠᠷ ᠪᠤᠯ ᠤᠯᠤᠰ ᠤᠨ ᠦᠨᠳᠤᠰᠤ︾ ᠭᠡᠮᠡᠭᠦ ᠾᠦᠡᠭᠨᠤ ᠮᠠᠤᠳᠠᠨ ᠤ ᠴᠠᠨ ᠢᠤᠢ ᠶᠢᠨ ᠦᠶ᠎ᠠ ᠠᠴᠠ ᠤᠯᠠᠮᠵᠢᠯᠠᠭᠰᠠᠨ ᠵᠡᠷᠴᠢᠮ ᠢ ᠬᠠᠳᠠᠭᠤ ᠴᠢᠩᠭ᠎ᠠ ᠪᠠᠷᠢᠮᠳᠠᠯᠠᠵᠤ ᠪᠠᠶᠢᠭᠰᠠᠨ᠃ ⑤ ᠶᠡᠭᠡ ᠮᠤᠩᠭᠤᠯ ᠤᠯᠤᠰ ᠢ ᠲᠦᠷᠦ ᠶᠢᠨ ᠪᠢᠴᠢᠭ ᠲᠠᠢ ᠪᠤᠯᠭᠠᠭᠰᠠᠨ᠃ ⑥ ᠮᠤᠩᠭᠤᠯ ᠳᠤᠭᠤᠷᠭᠠᠳᠠᠨ ᠢ ᠲᠠᠯᠠᠭᠡᠢ ᠳ᠋ᠡᠭᠢᠨ ᠤ ᠲᠠᠪᠴᠠᠩ ᠳᠤ ᠭᠠᠷᠭᠠᠭᠰᠠᠨ ᠵᠡᠷᠭᠡ ᠪᠤᠯᠤᠨ᠎ᠠ᠃       ᠵᠢᠷᠭᠤᠭᠠᠨ ᠶᠡᠭᠡ ᠦᠯᠢᠭᠡᠷ — ① ᠮᠤᠩᠭᠤᠯ ᠤᠨ ᠬᠠᠳ ᠦᠡᠭᠭᠡᠷᠡᠭᠰᠡᠨ ᠤ ᠲᠦᠷᠦ ᠶᠢ ᠵᠠᠰᠠᠭᠰᠠᠨ ᠲᠠᠤᠭᠡ ᠶᠢ ᠦᠯᠢᠭᠡᠷ ᠲᠠᠭᠤᠷᠢᠶᠠᠯ ᠪᠤᠯᠭᠠᠬᠤ᠃ ② ᠪᠤᠷᠬᠠᠨ ᠱᠠᠰᠢᠨ ᠤ ᠰᠤᠷᠭᠠᠯ ᠵᠠᠷᠯᠢᠭ ᠢ ᠦᠯᠢᠭᠡᠷ ᠲᠠᠭᠤᠷᠢᠶᠠᠯ ᠪᠤᠯᠭᠠᠬᠤ᠃ ③ ᠲᠦᠷᠦ ᠶᠤᠰᠤ ᠶᠢ ᠶᠠᠪᠤᠭᠤᠯᠬᠤ ᠶᠤᠰᠤᠯᠠᠯ ᠲᠦᠷᠢᠮ ᠢ ᠦᠯᠢᠭᠡᠷ ᠲᠠᠭᠤᠷᠢᠶᠠᠯ ᠪᠤᠯᠭᠠᠬᠤ᠃ ④ ᠵᠤᠷᠢᠭ ᠮᠠᠳᠠᠨ ᠳᠤᠷ᠎ᠠ ᠲᠠᠪᠠ ᠪᠠᠷ ᠢᠶᠠᠨ ᠡᠰᠠ ᠶᠠᠪᠤᠬᠤ ᠶᠢ ᠦᠯᠢᠭᠡᠷ ᠲᠠᠭᠤᠷᠢᠶᠠᠯ ᠪᠤᠯᠭᠠᠬᠤ᠃ ⑤ ᠴᠡᠷᠢᠭ ᠪᠠᠶᠢᠭᠤᠯᠵᠤ ᠲᠦᠷᠦ ᠪᠠᠨ ᠬᠠᠮᠠᠭᠠᠯᠠᠭᠰᠡᠠ ᠢ ᠦᠯᠢᠭᠡᠷ ᠲᠠᠭᠤᠷᠢᠶᠠᠯ ᠪᠤᠯᠭᠠᠬᠤ᠃ ⑥ ᠭᠠᠮᠨᠠᠨ ᠠᠷᠪᠢᠯᠠᠵᠤ᠂ ᠦᠰᠭᠡᠨ ᠨᠡᠮᠡᠭᠳᠡᠭᠦᠯᠭᠦ ᠶᠢ ᠦᠯᠢᠭᠡᠷ ᠲᠠᠭᠤᠷᠢᠶᠠᠯ ᠪᠤᠯᠭᠠᠬᠤ ᠵᠡᠷᠭᠡ ᠵᠢᠷᠭᠤᠭᠠᠨ ᠶᠡᠭᠡ ᠦᠯᠢᠭᠡᠷ ᠲᠠᠭᠤᠷᠢᠶᠠᠯ ᠨᠢ ᠮᠤᠩᠭᠤᠯ ᠤᠨ ᠬᠠᠭᠠᠳ ᠤᠨ ᠲᠦᠷᠦ ᠪᠠᠨ ᠵᠠᠰᠠᠬᠤ ᠦᠯᠢᠭᠡᠷ ᠲᠠᠭᠤᠷᠢᠶᠠᠯ ᠪᠤᠯᠤᠭᠰᠠᠨ ᠪᠠᠶᠢᠵᠠᠢ᠃       ᠵᠢᠷᠭᠤᠭᠠᠨ ᠫᠠᠷᠵᠢ᠄ ᠵᠢᠷᠭᠤᠭᠠᠨ ᠫᠠᠷᠵᠢ ᠭᠡᠵᠤ ᠭᠦᠯᠭᠡᠨ ᠨᠠᠭᠠᠳᠤᠮ ᠪᠤᠯᠤᠨ᠎ᠠ᠃ ᠲᠠᠯᠠᠢ ᠶᠢᠨ ᠠᠮᠢᠳᠠᠨ ᠤ ᠶᠠᠰᠤ ᠶᠢ ᠵᠠᠰᠠᠵᠤ᠂ ᠭᠦᠨᠳᠠᠢ ᠳᠤ ᠨᠢ ᠯᠠᠴᠢ ᠴᠢᠳᠬᠤᠭᠠᠳ ᠶᠡᠭᠡ ᠪᠠᠭ᠎ᠠ ᠨᠢ ᠢᠵᠢᠯ ᠵᠢᠷᠭᠤᠭᠠᠨ ᠫᠠᠷᠵᠢ᠂ ᠲᠦᠷᠪᠠᠨ ᠡᠭᠦᠳᠠ ᠲᠠᠢ ᠭᠦᠯᠭᠡ ᠲᠠᠢ᠂ ᠬᠤᠶᠠᠷ ᠲᠠᠯᠠᠯᠠᠨ ᠳᠤᠭᠯᠠᠳᠠᠭ᠃ ᠡᠨᠡ ᠨᠢ ᠪᠠᠭᠠᠷᠢᠨ ᠨᠤᠳᠤᠭ ᠤᠨ ᠤᠯᠠᠮᠵᠢᠯᠠᠯᠳᠤ ᠨᠠᠭᠠᠳᠤᠮ ᠪᠤᠯᠤᠨ᠎ᠠ᠃ ᠵᠢᠷᠭᠤᠭᠠᠨ ᠢᠮᠠᠭᠠᠨ ᠳᠤ ᠵᠢᠷᠠᠨ ᠤᠬᠤᠨ᠎ᠠ — ᠭᠡᠷᠡᠭ ᠤᠴᠢᠷ ᠢ ᠵᠤᠭᠢᠴᠠᠩᠭᠤᠢ ᠪᠤᠰᠤ ᠪᠤᠯᠭᠠᠭᠰᠠᠨ ᠢ ᠵᠢᠭᠠᠵᠤ ᠪᠠᠶᠢᠨ᠎ᠠ᠃ ᠵᠢᠱᠢᠶᠠᠯᠠᠭᠦ ᠳᠤ ᠲᠠᠷᠤᠭᠠᠯᠠᠵᠤ ᠵᠠᠭᠢᠷᠬᠤ ᠭᠦᠮᠦᠨ ᠨᠢ ᠤᠯᠠᠨ ᠪᠤᠯᠤᠭᠰᠠᠨ ᠵᠡᠷᠭᠡ ᠶᠢ ᠵᠦᠢᠷᠯᠡᠳᠡᠭ᠃       ᠵᠢᠷᠭᠤᠭᠠᠨ ᠭᠡᠮᠰᠢᠯ — ① ᠡᠷᠳᠡᠮ ᠢ ᠡᠰᠠ ᠰᠤᠷᠪᠠᠰᠤ ᠭᠡᠷᠡᠭᠯᠡᠭᠦ ᠴᠠᠭ ᠲᠤ ᠭᠡᠮᠰᠢᠨ᠎ᠠ᠃ ② ᠡᠷᠡᠭᠦᠯ ᠪᠠᠶ᠎ᠠ ᠪᠠᠨ ᠡᠰᠠ ᠠᠰᠠᠷᠠᠪᠠᠰᠤ ᠡᠪᠡᠳᠦᠭᠰᠡᠨ ᠤ ᠬᠤᠶᠢᠨ᠎ᠠ ᠭᠡᠮᠰᠢᠨ᠎ᠠ᠃ ③ ᠨᠤᠶᠠᠨ ᠪᠦᠭᠡᠳ ᠠᠷᠢᠭᠤᠨ ᠡᠰᠠ ᠶᠠᠪᠤᠪᠠᠰᠤ ᠪᠠᠭᠤᠭᠰᠠᠨ ᠤ ᠬᠤᠶᠢᠨ᠎ᠠ ᠭᠡᠮᠰᠢᠨ᠎ᠠ᠃ ④ ᠪᠠᠶᠠᠨ ᠪᠦᠭᠡᠳ ᠡᠳ᠋ᠯᠠᠨ ᠡᠰᠠ ᠴᠢᠳᠠᠪᠠᠰᠤ ᠦᠭᠡᠶᠢᠷᠡᠭᠰᠡᠨ ᠤ ᠬᠤᠶᠢᠨ᠎ᠠ ᠭᠡᠮᠰᠢᠨ᠎ᠠ᠃ ⑤ ᠠᠷᠢᠭᠢ ᠤᠤᠭᠤᠵᠤ ᠮᠠᠭᠤ ᠠᠪᠤᠷᠢᠯᠠᠪᠠᠰᠤ ᠰᠠᠷᠭᠦᠭᠰᠡᠨ ᠤ ᠬᠤᠶᠢᠨ᠎ᠠ ᠭᠡᠮᠰᠢᠨ᠎ᠠ᠃ ⑥ ᠦᠢᠯᠠ᠂ ᠦᠭᠡ ᠬᠤᠶᠠᠷ ᠢᠶᠠᠨ ᠡᠰᠠ ᠭᠢᠴᠢᠶᠠᠪᠠᠯ᠂ ᠤᠴᠢᠷ ᠡᠭᠦᠰᠦᠭᠰᠡᠨ ᠤ ᠬᠤᠶᠢᠨ᠎ᠠ ᠭᠡᠮᠰᠢᠨ᠎ᠠ ᠵᠡᠷᠭᠡ ᠪᠤᠯᠤᠨ᠎ᠠ᠃  ︵ᠡᠦ ᠳᠠᠯᠠᠢ︶ ᠣᠷᠳᠣᠰ ᠮᠣᠩᠭᠤᠯ ᠰᠦᠯᠵᠢᠶ᠎ᠠ
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号