ᠨᠤᠳᠤᠭ ᠤᠨ ᠰᠢᠷᠦᠢ
ᠨᠡᠶᠢᠲᠡᠯᠡᠭᠰᠡᠨ ᠴᠠᠭ᠄
2016-12-29
              ᠨᠤᠳᠤᠭ ᠤᠨ ᠰᠢᠷᠦᠢ                                              ᠴᠢ᠊ · ᠵᠠᠮᠰᠦ                 1987 ᠤᠨ ᠤ 11 ᠰᠠᠷ᠎ᠠ ᠳᠤ ᠦᠡᠭᠭᠡ ᠭᠡᠷᠡᠯᠲᠠᠢ ᠪᠠᠷ ᠲᠤᠮᠳᠠᠳᠦ ᠤᠯᠤᠰ ᠤᠨ ᠵᠡᠪᠰᠡᠭᠲᠦ ᠴᠠᠬᠳᠠᠭᠠᠨ  ᠤ ᠬᠢᠯᠢ ᠶᠢᠨ ᠬᠠᠮᠠᠭᠠᠯᠠᠯᠲᠠ ᠤᠨ ᠴᠡᠷᠢᠭ ᠠᠩᠬᠢ ᠳᠤ ᠰᠢᠨ᠎ᠡ ᠨᠢᠭᠡᠨ ᠪᠠᠶᠢᠯᠳᠤᠬᠴᠢ ᠪᠤᠯᠵᠦ ᠡᠷᠬᠦᠨ᠎ᠡ ᠭᠤᠤᠯ ᠤᠨ ᠬᠦᠪᠡᠭᠡᠨ᠎ᠡ ᠴᠡᠷᠢᠭ ᠤᠨ ᠠᠯᠪᠠ ᠬᠠᠭᠠᠵᠦ ᠬᠤᠷᠢᠨ ᠵᠢᠯ ᠤᠨ ᠬᠢᠯᠢᠴᠢᠨ ᠤ ᠠᠮᠢᠳᠤᠷᠠᠯ ᠢᠶᠠᠨ ᠡᠬᠢᠯᠡᠬᠦᠯᠦᠭᠰᠡᠨ ᠪᠢᠯᠡ᠃ ᠡᠩ ᠤᠨ ᠨᠢᠭᠡᠨ ᠬᠢᠯᠢᠴᠢᠨ ᠠᠴᠠ ᠪᠠᠨ ᠴᠠᠬᠳᠠᠭᠠᠨ ᠤ ᠺᠠᠲᠠᠷ ᠤᠨ ᠰᠤᠷᠭᠠᠭᠤᠯᠢ ᠳᠤ ᠰᠢᠯᠭᠠᠬᠳᠠᠨ ᠤᠷᠤᠵᠦ ᠬᠢᠨᠭ᠍ᠭᠠᠨ ᠠᠶᠢᠮᠠᠭ ᠲᠤ ᠠᠵᠢᠯ ᠬᠤᠪᠢᠶᠠᠬᠳᠠᠬᠤ ᠪᠤᠯᠲᠠᠯᠠᠬᠢ ᠬᠤᠭᠤᠴᠠᠭᠠᠨ ᠳᠤ ᠲᠦᠷᠦᠭᠰᠡᠨ ᠨᠤᠳᠤᠭ ᠠᠷᠦ ᠬᠤᠷᠴᠢᠨ ᠤ ᠰᠠᠶᠢᠬᠠᠨᠲᠠᠯ᠎ᠠ ᠳᠠᠭᠠᠨ ᠪᠤᠴᠠᠬᠰᠠᠨ ᠦᠭᠡᠢ ᠶᠤᠮ᠃ ᠲᠦᠷᠦᠵᠦ ᠦᠰᠦᠭᠰᠡᠨ ᠨᠤᠳᠤᠭ ᠤᠰᠤᠨ ᠲᠦᠷᠦᠯ ᠰᠠᠳᠤᠨ ᠪᠠᠨ ᠮᠠᠷᠲᠠᠬᠰᠠᠨ ᠳᠠᠭᠠᠨ ᠪᠢᠰᠢ ᠵᠦᠪᠬᠡᠨ ᠴᠡᠷᠢᠭ ᠠᠩᠬᠢ ᠶᠢᠨ ᠲᠦᠷᠢᠮ ᠲᠤᠬᠲᠠᠭᠠᠯ ᠶᠢ ᠡᠷᠡᠰ ᠵᠢᠷᠦᠮᠯᠠᠨ ᠰᠢᠨ᠎ᠡ ᠡᠷᠡᠨ ᠤ ᠬᠢᠷᠢ ᠲᠡᠩᠴᠡᠭᠰᠡᠨ ᠰᠢᠯᠭᠠᠷᠠᠬᠰᠠᠨ ᠬᠢᠯᠢᠴᠢᠨ ᠪᠤᠯᠬᠤ ᠶᠢᠨ ᠲᠦᠯᠦᠬᠡ ᠶᠤᠮ᠃      1994 ᠤᠨ ᠤ ᠴᠠᠭᠠᠨ ᠰᠠᠷ᠎ᠠ ᠪᠠᠷ ᠭᠡᠷ ᠲᠤ ᠪᠠᠨ ᠰᠢᠨᠡᠯᠡᠬᠦ ᠴᠢᠯᠦᠭᠡ ᠠᠪᠴᠦ ᠪᠦᠰᠡᠬᠦᠢ ᠲᠠᠢ ᠪᠠᠨ ᠨᠤᠳᠤᠭ ᠲᠠᠭᠠᠨ ᠬᠦᠷᠴᠦ ᠠᠪᠤ ᠡᠵᠢ ᠲᠡᠬᠦᠦ ᠨᠠᠷ ᠲᠠᠢ ᠪᠠᠨ ᠪᠠᠶᠠᠷᠲᠠᠶᠢᠬᠠᠨ ᠰᠢᠨᠡᠯᠡᠭᠰᠡᠨ ᠪᠢᠯᠡ᠃ ᠢᠡᠭᠬᠢᠭᠡᠳ ᠨᠠᠮᠤᠭᠤᠬᠠᠨ ᠨᠢᠭᠡᠨ ᠡᠳᠤᠷ ᠨᠤᠳᠤᠭ ᠤᠨ ᠢᠶᠠᠨ ᠠᠯᠲᠠᠨ ᠰᠢᠷᠭᠠᠯ ᠫᠸᠡᠭᠲᠦ ᠶᠢᠨ ᠴᠠᠭᠠᠨ ᠮᠠᠩᠬᠠᠨ ᠳᠠᠭᠠᠨ ᠪᠦᠰᠡᠬᠦᠢ  ᠲᠠᠢ ᠪᠠᠨ ᠠᠯᠬᠤᠯᠠᠨ ᠲᠤᠭᠤᠷᠢᠬᠤ ᠳᠠᠭᠠᠨ ᠨᠤᠳᠤᠭ ᠤᠨ ᠰᠢᠷᠦᠢ ᠠᠴᠠ ᠪᠠᠨ ᠴᠢᠮᠬᠢ ᠴᠦ ᠭᠡᠰᠡᠨ ᠡᠪᠤᠷᠳᠤᠯᠡᠶ᠎ᠡ ᠬᠡᠮᠡᠨ᠂ ᠠᠯᠤᠰ ᠬᠤᠯᠠ ᠠᠯᠲᠠᠨ ᠬᠢᠨᠭ᠍ᠭᠠᠨ ᠤ ᠡᠩᠭᠡᠷ ᠠᠴᠠ ᠲᠦᠷᠦᠭᠰᠡᠨ ᠨᠤᠳᠤᠭ ᠤᠤᠭᠠᠯ ᠤᠰᠦ ᠪᠠᠨ ᠲᠤᠷᠠᠰᠤᠨ ᠰᠠᠨᠠᠭᠠᠯᠵᠠᠬᠤ ᠰᠡᠳᠬᠢᠯ ᠢᠶᠠᠨ ᠠᠷᠭᠠᠳᠠᠶ᠎ᠠ ᠬᠡᠮᠡᠨ ᠴᠡᠷᠢᠭ ᠤᠨ ᠳ᠋ᠠᠴᠠᠩ ᠤᠨ ᠢᠶᠠᠨ ᠬᠤᠶᠡᠷ ᠬᠠᠷᠮᠠᠨ ᠶᠢ ᠲᠡᠭᠳᠡᠶᠢᠲᠡᠯ᠎ᠡ  ᠨᠢ ᠮᠠᠩᠬᠠᠨ ᠤᠷᠤᠢ ᠶᠢᠨ ᠨᠠᠷᠢᠨ ᠰᠢᠷᠦᠢ ᠶᠢ ᠬᠠᠷᠮᠠᠯᠠᠪᠠ᠃ ᠮᠠᠨ ᠤ ᠨᠤᠳᠤᠭ ᠶᠢᠨ ᠮᠠᠩᠬᠠᠨ ᠰᠢᠷᠦᠢ ᠭᠡᠵᠦ ᠠᠯᠲᠠᠨ ᠰᠢᠷᠭᠠᠯ ᠦᠡᠭᠭᠡᠲᠠᠢ ᠭᠤᠯᠢᠷ ᠰᠢᠭ ᠵᠦᠭᠡᠯᠡᠨ ᠶᠤᠮ᠃ ᠨᠤᠳᠤᠭ ᠤᠨ ᠬᠦᠮᠦᠰ ᠴᠠᠭᠠᠨ ᠮᠠᠩᠬ᠎ᠠ ᠬᠡᠮᠡᠨ ᠲᠠᠭᠤᠳᠠᠳᠠᠭ ᠪᠢᠯᠡ᠃ ᠢᠡᠭᠬᠢᠭᠡᠳ ᠪᠦᠰᠡᠬᠦᠢ ᠪᠠᠨ ᠲᠠᠭᠠᠭᠤᠯᠤᠨ ᠨᠤᠳᠤᠭ ᠤᠨ ᠢᠶᠠᠨ ᠠᠯᠲᠠᠨ ᠰᠢᠷᠦᠢ ᠲᠡᠭᠡᠷ᠎ᠡ ᠬᠠᠨᠤᠲᠠᠯ᠎ᠠ ᠨᠠᠭᠠᠳᠤᠨ ᠲᠤᠭᠤᠷᠢᠬᠰᠠᠨ ᠤ ᠲᠠᠷᠠᠭ᠎ᠠ ᠭᠡᠷ ᠲᠤ ᠪᠠᠨ ᠪᠤᠴᠠᠮᠠᠬᠴᠠ ᠪᠠᠨ ᠡᠵᠢ ᠠᠴᠠ ᠪᠠᠨ ᠠᠮᠠ ᠤᠯᠠᠭᠠᠨ ᠪᠦᠰ ᠤᠯᠵᠦ ᠤᠭᠤᠲᠠ ᠤᠶᠤᠭᠠᠳ ᠴᠡᠷᠢᠭ ᠤᠨ ᠳ᠋ᠠᠴᠠᠩ ᠤᠨ ᠬᠠᠷᠮᠠᠨ ᠳᠠᠬᠢ ᠰᠢᠷᠦᠢ ᠪᠠᠨ ᠨᠠᠨᠳᠢᠩᠨᠡᠨ ᠤᠶᠤᠬᠰᠠᠨ ᠴᠢᠨᠢ ᠶᠠᠭ ᠯᠡ ᠪᠢᠴᠢᠬᠠᠨ ᠬᠡᠤᠬᠡᠳ ᠤᠨ ᠲᠡᠷ᠎ᠡ ᠰᠢᠤᠬᠠᠨ ᠪᠠᠶᠢᠪᠠ᠃ ᠵᠢᠯ ᠤᠨ ᠲᠠᠷᠠᠭ᠎ᠠ ᠦᠨᠡᠭᠡᠷ ᠬᠦᠦ ᠳᠤ ᠮᠢᠨᠢ ᠲᠤᠰᠠ ᠪᠤᠯᠤᠬᠰᠠᠨ ᠰᠠᠨ᠃       1995 ᠤᠨ ᠤ 4 ᠰᠠᠷ᠎ᠠ ᠳᠤ ᠠᠮᠢᠨ ᠬᠠᠶᠢᠷᠠᠲᠠᠢ ᠬᠦᠦ ᠮᠢᠨᠢ ᠮᠠᠨᠳᠤᠯᠡᠪᠡ᠃ ᠦᠪᠡᠷ ᠤᠨ ᠨᠤᠳᠤᠭ ᠤᠨ  ᠢᠶᠠᠨ ᠵᠠᠩ ᠵᠢᠷᠦᠮ ᠪᠠᠷ ᠮᠦᠨᠴᠦ ᠲᠤᠰ ᠨᠤᠳᠤᠭ ᠤᠨ ᠶᠤᠰᠦ ᠪᠠᠷ ᠬᠦᠦ ᠪᠠᠨ ᠦᠯᠦᠭᠡᠶᠢᠳᠡᠬᠦ ᠭᠡᠰᠡᠨ ᠴᠢᠨᠢ ᠦᠯᠦᠭᠡᠢ ᠬᠠᠭᠤᠷᠠᠶᠢᠪᠴᠢᠯᠠᠬᠤ ᠰᠢᠷᠦᠢ ᠪᠠᠷ ᠭᠠᠴᠢᠬᠳᠠᠴᠢᠬᠠᠪᠠ᠃ ᠬᠡᠷᠡᠭᠡᠯᠡᠬᠦ ᠦᠶ᠎ᠡ ᠬᠡᠷᠢᠶ᠎ᠡ ᠶᠢᠨ ᠦᠲᠦ ᠮᠢᠩᠭᠠᠨ ᠯᠠᠩ ᠭᠡᠭᠴᠢ ᠪᠠᠷ ᠰᠢᠷᠦᠢ ᠪᠠᠷ ᠲᠦᠪᠡᠭᠳᠡᠴᠢᠭᠡᠪᠡ᠃ ᠤᠴᠠᠷ ᠨᠢ ᠬᠤᠷᠴᠢᠨ ᠪᠠᠷᠠᠭᠤᠨ ᠭᠠᠷᠦᠨ ᠡᠮᠤᠨᠡᠲᠦ ᠬᠤᠰᠢᠭᠤᠨ ᠤ ᠦᠪᠤᠷᠵᠢᠯᠠᠭ᠎ᠠ ᠰᠤᠮᠦ ᠭᠡᠵᠦ ᠦᠷᠭᠡᠨ ᠠᠭᠤᠳᠠᠮ ᠬᠠᠨᠭ᠍ᠭᠠᠢ ᠨᠤᠳᠤᠭ ᠲᠤᠯᠠ ᠬᠡᠤᠬᠡᠳ ᠦᠯᠦᠭᠡᠶᠢᠳᠡᠬᠦ ᠡᠯᠡᠰᠦ ᠰᠢᠷᠦᠢ  ᠪᠠᠷ ᠦᠨᠡᠬᠡᠷ ᠬᠤᠪᠤᠷᠬᠠᠨ ᠲᠠᠬᠢᠭᠠᠳ ᠵᠠᠯᠠᠭᠤ ᠤᠯᠤᠰ ᠤᠳ ᠲᠤᠷᠠᠰᠢᠯᠭ᠎ᠠ ᠦᠭᠡᠢ ᠲᠤᠯᠠ ᠬᠡᠤᠬᠡᠳ ᠦᠯᠦᠭᠡᠶᠢᠳᠡᠬᠦ ᠰᠢᠷᠦᠢ ᠪᠠᠨ ᠪᠡᠯᠡᠳᠭᠡᠵᠦ ᠲᠠᠯᠪᠢᠬᠰᠠᠨ ᠦᠭᠡᠢ ᠪᠢᠯᠡ᠃ ᠬᠡᠨᠤᠨᠲᠡ ᠪᠦᠰ ᠢᠶᠠᠷ ᠪᠦᠲᠦᠭᠡᠭᠰᠡᠨ ᠴᠠᠭᠠᠰᠤᠨ ᠬᠠᠶᠢᠷᠠᠴᠠᠭ  ᠤᠨ ᠲᠡᠭᠡᠷ᠎ᠡ ᠲᠠᠯᠪᠢᠵᠦ ᠪᠠᠶᠢᠭ᠎ᠠ ᠬᠤᠷᠢᠮᠠᠯᠠᠬᠤ ᠦᠶ᠎ᠡ ᠶᠢᠨ ᠵᠠᠰᠠᠯ ᠤᠨ ᠡᠳ᠋ ᠤᠯᠠᠭᠠᠨ ᠪᠤᠬᠴᠦ ᠪᠠᠨ ᠤᠯᠵᠦ ᠬᠠᠷᠠᠭᠠᠳ ᠨᠠᠨᠳᠢᠩᠨᠠᠨ ᠬᠠᠳᠠᠭᠠᠯᠠᠵᠦ ᠪᠠᠶᠢᠭ᠎ᠠ ᠨᠤᠳᠤᠭ ᠤᠨ ᠰᠢᠷᠦᠢ ᠪᠠᠨ ᠪᠤᠳᠤᠵᠦ ᠤᠯᠤᠭᠠᠳ ᠠᠯᠲᠠ ᠤᠯᠤᠬᠰᠠᠨ  ᠠᠴᠠ ᠴᠦ ᠢᠯᠡᠬᠦᠦ ᠪᠠᠶᠠᠰᠴᠦ ᠲᠡᠷᠡ ᠲᠠᠷᠦᠢ ᠭᠠᠷᠭᠠᠨ ᠠᠪᠴᠦ ᠬᠠᠯᠠᠭᠤᠳᠠᠭᠠᠳ ᠬᠦᠦ ᠪᠠᠨ ᠦᠯᠦᠭᠡᠶᠢᠳᠡᠭᠰᠡᠨ ᠪᠢᠯᠡ ᠃ ᠪᠢᠴᠢᠬᠠᠨ ᠲᠡᠷ᠎ᠡ ᠰᠢᠭ ᠵᠢᠭᠠᠬᠠᠨ ᠰᠢᠷᠦᠢ ᠶᠢ ᠭᠤᠷᠪᠠᠨ ᠡᠳᠤᠷ ᠵᠠᠷᠦᠵᠦ ᠲᠠᠭᠤᠰᠲᠠᠯ᠎ᠠ ᠨᠢᠭᠡᠨ ᠮᠠᠯᠴᠢᠨ ᠨᠠᠶᠢᠵᠠ ᠮᠢᠨᠢ ᠬᠦᠢᠯᠡᠷ ᠭᠤᠤᠯ ᠤᠨ ᠵᠡᠬᠦᠨ ᠲᠡᠨᠵᠢᠨ ᠠᠴᠠ ᠨᠢᠭᠡ ᠴᠢᠨᠳᠠᠭᠠᠰᠦ ᠵᠦᠭᠡᠯᠡᠨ ᠰᠢᠷᠦᠢ ᠶᠢ ᠮᠤᠷᠢᠨ ᠲᠡᠭᠡᠷ᠎ᠡ ᠪᠠᠨ ᠠᠴᠢᠵᠦ ᠠᠪᠴᠢᠷᠠᠵᠦ ᠦᠡᠭᠭᠦᠭᠡᠳ ᠶᠡᠬᠡᠯ᠎ᠡ ᠲᠤᠰᠠ ᠪᠤᠯᠤᠬᠰᠠᠨ ᠶᠤᠮ᠃        ᠬᠦᠦ ᠪᠠᠨ ᠪᠢ ᠢᠡᠭᠬᠢᠵᠦ ᠲᠡᠭᠡᠲᠦ ᠶᠢᠨ ᠨᠤᠳᠤᠭ ᠤᠨ ᠶᠢᠨ ᠠᠯᠳᠠᠨ ᠰᠢᠷᠦᠢ ᠪᠠᠷ ᠠᠩᠬ᠎ᠠ ᠦᠯᠦᠭᠡᠶᠢᠳᠡᠭᠰᠡᠨ ᠪᠢᠯᠡ᠂ ᠬᠦᠦ ᠪᠠᠨ ᠪᠢ ᠢᠡᠭᠬᠢᠵᠦ ᠲᠦᠷᠦᠭᠰᠡᠨ ᠨᠤᠳᠤᠭ ᠤᠨ ᠬᠢᠨᠢ ᠦᠷᠡᠯ ᠤᠨ ᠮᠤᠳᠤᠨ ᠦᠯᠦᠭᠡᠢ ᠳᠤᠨᠢ ᠦᠯᠦᠭᠡᠶᠢᠳᠡᠭᠰᠡᠨ ᠶᠤᠮᠰᠠᠨ᠃ ᠨᠤᠳᠤᠭ ᠤᠨ ᠢᠶᠠᠨ ᠬᠠᠯᠠᠭᠤᠨ ᠰᠢᠷᠦᠢ ᠪᠠᠷ ᠦᠯᠦᠭᠡᠶᠢᠳᠡᠭᠳᠡᠰᠡᠨ ᠬᠦᠦ ᠳᠤ ᠮᠢᠨᠢ ᠨᠤᠳᠤᠭ ᠤᠨ ᠰᠢᠷᠦᠢ ᠶᠢᠨ ᠬᠢᠨᠢ ᠦᠨᠦᠷ ᠦᠨᠢᠲᠡ ᠰᠢᠩᠭᠡᠭᠰᠡᠨ ᠶᠤᠮ᠃
 
ᠢᠷᠡᠯᠲᠡ᠄ ᠬᠤᠯᠪᠤᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号