ᠲᠤᠷᠵᠢ
ᠨᠡᠶᠢᠲᠡᠯᠡᠭᠰᠡᠨ ᠴᠠᠭ᠄
2020-07-01
ᠤᠷᠠᠩᠭᠤᠸ᠎ᠠ ᠶᠢᠨ ᠬᠦᠮᠦᠨ ᠰᠤᠶᠤᠯ ᠤᠨ ᠨᠠᠶᠢᠷᠠᠭᠤᠯᠤᠯ ᠪᠠᠰᠠ ᠨᠢᠭᠡ ᠤᠳᠠᠭ᠎ᠠ ᠬᠠᠷᠢᠬᠤ ᠳᠠᠭᠠᠨ ᠪᠢ ᠮᠠᠭᠤ ᠲᠤᠷᠵᠢ ᠲᠠᠢ ᠲᠠᠭᠠᠷᠠᠯᠴᠠᠯ᠎ᠠ᠃ ᠲᠤᠷᠵᠢ ᠴᠤᠬᠤᠮ ᠶᠠᠮᠠᠷ ᠦᠨᠳᠦᠰᠦᠳᠡᠨ ᠢ ᠪᠢᠳᠠ ᠮᠡᠳᠡᠳᠡᠭ ᠦᠭᠡᠢ᠃ ᠮᠢᠨᠤ ︽ᠠᠪᠤ︾ ᠭᠡᠬᠦ ᠨᠠᠶᠢᠷᠠᠭᠤᠯᠤᠯ ᠳᠤ ᠪᠢᠴᠢᠭᠰᠡᠨ ᠰᠢᠭ ᠢᠶᠠᠷ ᠠᠪᠤ ᠮᠢᠨᠢ ᠤᠯᠠᠨ ᠬᠦᠮᠦᠨ ᠢ ᠠᠪᠤᠷᠠᠵᠤ᠂ ᠡᠷᠬᠦᠵᠤ᠂ ᠠᠨᠳᠠᠯᠠᠵᠤ ᠶᠠᠪᠤᠭᠰᠠᠨ ᠦᠯᠢᠭᠡᠷ ᠪᠦᠷ ᠦᠨᠡᠨ ᠶᠤᠮ᠃ ᠲᠠᠶᠢᠨ ᠲᠠᠵᠢᠨ᠂ ᠳ᠋ᠤᠯᠢ ᠲᠡᠭᠡᠷᠡᠮ ᠠᠴᠠ ᠵᠢᠭᠤᠳᠠᠭᠰᠠᠨ ᠢ ᠨᠢ ᠲᠦᠮᠦᠰᠦᠨ ᠠᠭᠤᠢ ᠳᠠᠭᠠᠨ ᠭᠠᠵᠠᠷ ᠤᠨ ᠲᠤᠤᠷ᠎ᠠ ᠨᠢᠭᠤᠵᠤ ᠲᠠᠷᠤᠨ ᠪᠠᠶᠢᠵᠤ ᠠᠪᠤᠷᠠᠨ᠂ ᠶᠠᠳᠠᠭᠤ ᠵᠦᠳᠡᠬᠦᠦ ᠦᠨᠦᠴᠢᠨ ᠦᠷᠦᠭᠡᠰᠦᠨ ᠪᠤᠶᠤ ᠬᠠᠶᠠᠭᠳᠠᠮᠠᠯ ᠬᠡᠦᠭᠡᠳ ᠤᠳ ᠢ ᠪᠤᠯ ᠢᠯᠠ ᠪᠠᠷ ᠦᠪᠡᠷ ᠤᠨ ᠭᠠᠷ ᠲᠡᠭᠡᠷ᠎ᠡ ᠪᠠᠨ ᠬᠦᠮᠦᠨ ᠪᠤᠯᠭᠠᠭᠰᠠᠨ ᠶᠤᠮ᠃ ᠨᠢᠭᠡᠨ ᠠᠮᠢ ᠨᠠᠰᠤᠨ ᠳᠤ ᠲᠦᠢᠯ ᠤᠨ ᠬᠠᠶᠢᠷᠠᠳᠠᠢ ᠪᠠᠶᠢᠳᠠᠭ ᠠᠪᠤ ᠮᠢᠨᠢ ᠲᠡᠳᠡᠨ ᠢ ᠶᠠᠮᠠᠷ ᠦᠨᠳᠤᠰᠦᠳᠡᠨ ᠭᠡᠳᠡᠭ ᠢ ᠠᠰᠠᠭᠤᠳᠠᠭ ᠴᠦ ᠦᠭᠡᠢ᠃ ᠲᠡᠳᠡ ᠴᠦ ᠨᠢᠭᠡ ᠮᠡᠳᠡᠬᠦᠨ᠎ᠠ ᠪᠦᠷ ᠮᠤᠩᠭᠤᠯ ᠦᠭᠡ ᠪᠠᠨ ᠯᠠ ᠬᠡᠯᠡᠳᠡᠭ ᠪᠤᠯᠴᠢᠬᠠᠵᠤ᠂ ᠠᠪᠤ ᠶᠢ ᠮᠢᠨᠢ ᠠᠬ᠎ᠠ ᠪᠤᠶᠤ ᠠᠪᠠᠭ᠎ᠠ ᠭᠡᠳ ᠲᠠᠭᠤᠳᠠᠵᠤ ᠶᠠᠪᠤᠯᠴᠠᠳᠠᠭ ᠪᠤᠯᠵᠡᠢ᠃ ᠡᠭᠡᠴᠢ ᠨᠠᠷ ᠪᠠᠭ᠎ᠠ ᠳᠠᠭᠠᠨ ᠲᠠᠳᠡᠨᠤᠰ ᠤᠨ ᠵᠠᠷᠢᠮ ᠨᠢ ᠤᠨᠳᠤᠤ ᠬᠡᠯᠡ ᠪᠠᠷ ᠦᠭᠡ ᠶᠠᠷᠢᠬᠤ ᠶᠢ ᠭᠠᠶᠢᠬᠠᠵᠤ ᠠᠪᠤ ᠠᠴᠠ᠄ ︽ᠲᠠᠳᠠ ᠴᠢᠨᠢ ᠶᠠᠮᠠᠷ ᠦᠨᠳᠦᠰᠦᠳᠠᠨ ᠭᠡᠭᠴᠢ ᠶᠤᠮ︖ ᠶᠠᠭᠤ ᠭᠡᠰᠡᠨ ᠦᠭᠡ ᠶᠠᠷᠢᠵᠤ ᠪᠠᠶᠢᠭ᠎ᠠ ᠨᠢ ᠪᠤᠢ︖︾ ᠭᠡᠵᠤ ᠠᠰᠠᠭᠤᠪᠠᠯ᠄ ︽ᠶᠠᠮᠠᠷ ᠦᠨᠳᠦᠰᠦᠳᠠᠨ ᠢ ᠨᠢ ᠬᠠᠮᠢᠶᠠᠷᠤᠭᠠᠳ ᠶᠠᠭᠠᠬᠢᠬᠤ ᠶᠤᠮ︖ ᠪᠦᠷ ᠯᠠ ᠬᠦᠮᠦᠨ︕ ᠬᠦᠮᠦᠨ ᠤ ᠠᠮᠢ ᠲᠠᠢ ᠢᠷᠡᠭᠰᠡᠨ ᠬᠦᠭᠡᠷᠦᠬᠦᠢ ᠠᠮᠢ ᠨᠠᠰᠤ ᠯᠠ︕ ᠤᠳᠤ ᠲᠡᠳᠡ ᠪᠦᠷ ᠡᠨᠡ ᠨᠤᠳᠤᠭ ᠲᠡᠭᠡᠷ᠎ᠡ ᠬᠦᠯ ᠲᠤᠭᠳᠠᠭᠰᠠᠨ︕ ᠪᠦᠷ ᠯᠠ ᠡᠨᠡ ᠭᠠᠵᠠᠷ ᠤᠰᠤᠨ ᠤ ᠦᠨᠳᠦᠰᠦᠳᠡᠨ︕ ᠢᠵᠠᠭᠤᠷ ᠢ ᠨᠢ ᠪᠤᠤ ᠠᠰᠠᠭᠤᠵᠤ ᠨᠡᠭᠡᠮᠵᠢᠯᠠ︕ ᠪᠢᠳᠡᠭᠡᠢ ᠬᠦᠮᠦᠨ ᠢ ᠱᠤᠤᠯᠠᠵᠤ ᠮᠠᠭᠤᠴᠢᠯᠠ︕︾ ᠭᠡᠵᠤ ᠬᠡᠯᠡᠭᠰᠡᠨ ᠠᠴᠠ ᠬᠤᠶᠢᠰᠢ ᠡᠭᠡᠴᠢ ᠨᠠᠷ ᠲᠠᠬᠢᠵᠤ ᠶᠡᠷᠦ ᠮᠦᠷᠳᠡᠭᠰᠡᠨ ᠦᠭᠡᠢ ᠪᠦᠭᠡᠳ ᠨᠠᠰᠤ ᠬᠤᠷᠠᠭ ᠲᠠᠢ ᠨᠢ ᠨᠠᠭᠠᠳᠴᠦ ᠦᠰᠴᠡᠢ᠃ ᠲᠤᠷᠵᠢ ᠪᠤᠯ ᠲᠡᠬᠦᠨ ᠤ ᠨᠢᠭᠡ ᠨᠢ᠃ ᠪᠢᠳᠠ ᠬᠤᠶᠠᠭᠤᠯᠠ ᠨᠠᠰᠤ ᠬᠤᠷᠠᠭ᠃ ᠪᠠᠭ᠎ᠠ ᠳᠠᠭᠠᠨ ᠪᠠᠷᠠᠭᠤᠨ ᠪᠠᠯᠠᠷ ᠲᠤ ᠮᠠᠯ ᠬᠠᠷᠠᠭᠤᠯᠵᠤ ᠶᠠᠪᠤᠬᠤ ᠳᠠᠭᠠᠨ᠂ ᠬᠠᠶᠠ ᠲᠠᠷᠠ ᠨᠢᠭᠡ ᠪᠦᠯᠦᠭ ᠬᠦᠦᠴᠤᠳ ᠢ ᠬᠠᠷᠠᠪᠠᠯ ᠵᠤᠳᠤᠬᠤ ᠠᠴᠠ ᠠᠶᠤᠵᠤ ᠲᠤᠳᠠᠭᠠᠳᠠᠭ ᠪᠠᠶᠢᠭᠰᠠᠨ᠃ ᠬᠦᠦᠴᠦᠦᠯ ᠭᠡᠵᠤ ᠵᠠᠪᠠᠯ ᠬᠦᠮᠦᠨ ᠳᠤ ᠬᠠᠯᠳᠠᠬᠤ ᠭᠡᠳ ᠪᠠᠶᠢᠳᠠᠭ ᠠᠴᠠ ᠲᠡᠷᠡ᠃ ᠭᠡᠬᠦ ᠳᠤ ᠪᠢᠳᠠ ᠬᠠᠶᠠ ᠪᠠᠰᠠ ᠰᠠᠶᠢᠬᠠᠨ ᠨᠠᠭᠠᠳᠳᠠᠭ᠃ ᠬᠠᠮᠳᠤᠪᠠᠷ ᠠᠶᠢᠯ ᠤᠨ ᠭᠤᠸᠠ ᠵᠢᠮᠢᠰ ᠢ ᠬᠤᠯᠠᠭᠠᠢ ᠬᠢᠵᠤ ᠢᠳᠡᠨ ᠶᠡᠬᠡᠮᠡᠳ ᠢᠶᠠᠷ ᠴᠤᠬᠢᠭᠤᠯᠵᠤ ᠴᠤ ᠦᠩᠭᠡᠷᠡᠯ᠎ᠠ᠃ ᠲᠡᠳᠡᠨ ᠤ ᠡᠪᠦᠭᠡ ᠲᠡᠭᠡᠳᠦᠰ ᠤᠨ ᠬᠠᠮᠤᠭ ᠠᠩᠬᠠᠨ ᠤ ᠦᠪ ᠢ ᠲᠤᠷᠠᠳᠬᠤ ᠶᠤᠮ ᠪᠤᠯ ᠠᠪᠤ ᠶᠢᠨ ᠮᠢᠨᠢ ᠦᠭᠬᠦᠭᠰᠡᠨ ᠬᠤᠶᠠᠷ ᠬᠤᠨᠢ᠂ ᠬᠤᠶᠠᠷ ᠢᠮᠠᠭ᠎ᠠ ᠠᠴᠠ ᠯᠠ ᠢᠷᠡᠯᠳᠡᠢ ᠭᠡᠵᠤ ᠲᠡᠳᠡᠨ ᠤ ᠠᠪᠦ‍ ᠨᠢᠭᠡ ᠡᠳᠦᠷ ᠮᠢᠨᠤ ᠠᠪᠤ ᠳᠤ ᠬᠡᠯᠡᠬᠦ ᠶᠢ ᠪᠢ ᠰᠤᠨᠤᠰᠤᠭᠰᠠᠨ ᠶᠤᠮ᠃ ᠭᠡᠬᠦ ᠳᠤ ᠪᠢᠳᠠ ᠵᠢᠭᠠᠬᠠᠨ ᠤᠬᠠᠴᠢᠯᠠᠬᠤ ᠶᠤᠮ ᠪᠤᠯ ᠠᠪᠤ᠄ ︽ᠬᠡᠦᠭᠡᠳ ᠬᠦᠮᠦᠨ ᠪᠠᠶᠢᠵᠤ ᠲᠡᠶᠢᠮᠤ ᠤᠯᠠᠨ ᠢ ᠬᠠᠮᠢᠶᠠᠷᠤᠭᠠᠳ ᠶᠠᠭᠠᠬᠢᠬᠤ ᠶᠤᠮ︖ ᠲᠡᠷᠡ ᠶᠠᠳᠠᠭᠤ ᠵᠦᠳᠡᠬᠦᠦ ᠢᠵᠠᠭᠤᠷ ᠢ ᠨᠢ ᠲᠤᠷᠠᠳᠴᠤ ᠪᠤᠯᠬᠤ ᠦᠭᠡᠢ︕︾ ᠭᠡᠳᠡᠭ ᠠᠴᠠ ᠪᠢᠳᠠ ᠴᠡᠭᠡᠷᠯᠡᠵᠤ ᠶᠡᠷᠦ ᠡᠨᠡ ᠲᠤᠬᠠᠢ ᠦᠭᠡ ᠬᠡᠯᠡᠳᠡᠭ ᠦᠭᠡᠢ᠃ ᠲᠤᠷᠵᠢ ᠲᠠᠢ ᠮᠠᠭᠤᠳᠠᠯᠴᠠᠭᠠᠳ ᠵᠤᠳᠤᠭᠠᠨ ᠪᠤᠯᠪᠠᠴᠦ ᠲᠡᠬᠦᠨ ᠢ ᠨᠢ ᠲᠤᠷᠠᠳᠤᠳᠠᠭ ᠦᠭᠡᠢ ᠪᠢᠯᠠ᠃ ︽ᠬᠦᠮᠦᠨ ᠤ ᠮᠠᠭᠤ ᠪᠠᠷ ᠪᠤᠤ ᠲᠤᠭᠯᠠᠭᠠᠮ ᠬᠢ︾ ᠭᠡᠵᠤ ᠠᠪᠤ ᠶᠢᠨ ᠰᠤᠷᠭᠠᠳᠠᠭ ᠢᠶᠠᠷ ᠯᠠ ᠲᠡᠭᠡᠭᠰᠡᠨ ᠶᠤᠮ ᠳ᠋ᠠ᠃ ᠤᠷᠴᠢᠮ ᠤᠨ ᠵᠢᠯ ᠳᠤ ᠪᠢ ᠦᠭᠡᠷ ᠬᠤᠨᠢᠨ ᠮᠢᠬ᠎ᠠ ᠶᠢ ᠪᠦᠷ ᠭᠡᠷ ᠠᠴᠠ ᠪᠠᠨ ᠠᠪᠳᠠᠭ ᠪᠤᠯᠪᠠ᠃ ᠡᠨᠡ ᠤᠳᠠᠭ᠎ᠠ ᠨᠠᠮᠠᠢᠢ ᠦᠭᠡᠷ ᠤᠨ ᠮᠢᠬ᠎ᠠ ᠪᠠᠨ ᠠᠪᠬᠤ ᠪᠠᠷ ᠲᠡᠷᠭᠡ ᠤᠨᠤᠭ᠎ᠠ ᠤᠯᠳᠠᠬᠤ ᠦᠭᠡᠢ᠂ ᠨᠢᠭᠡ ᠲᠠᠷᠤᠭ᠎ᠠ ᠪᠠᠶᠢᠷᠢ ᠶᠢᠨ ᠨᠠᠶᠢᠵᠠ ᠶᠢᠨ ᠲᠡᠷᠭᠡ ᠶᠢ ᠭᠤᠶᠤᠵᠤ ᠬᠦᠷᠬᠦ ᠳᠤ ᠬᠠᠷᠢᠨ ᠲᠤᠷᠵᠢ ᠮᠢᠬ᠎ᠠ ᠵᠦᠰᠦᠭᠡᠳ ᠭᠠᠵᠠᠷ ᠲᠡᠭᠡᠷ᠎ᠡ ᠤᠴᠦ᠋ᠢᠵᠤ ᠪᠠᠶᠢᠯ᠎ᠠ᠃ — ᠬᠦᠶ᠋ᠢ᠂ ᠡᠨᠡ ᠬᠠᠷᠢᠨ ᠮᠠᠭᠤ ᠲᠤᠷᠵᠢ ᠪᠠᠶᠢᠨ᠎ᠠ ᠰᠢᠳᠠ︕ ᠭᠡᠬᠦ ᠪᠠᠷ ᠡᠪ ᠦᠭᠡᠶᠢᠷᠭᠡᠭᠰᠡᠨ ᠰᠢᠭ ᠨᠢᠭᠡ ᠮᠦᠷᠬᠦᠬᠦ᠋ᠢᠴᠠ ᠪᠤᠯᠤᠭᠠᠳ ᠦᠷᠬᠦᠯᠵᠢᠯᠡᠨ ᠮᠢᠬ᠎ᠠ ᠵᠦᠰᠦᠵᠤ ᠦᠶᠡᠴᠢᠯᠠᠵᠤ ᠰᠠᠯᠭᠠᠵᠤ ᠶᠠᠭᠠᠷᠠᠪᠠ᠃ ᠨᠢᠭᠡ ᠦᠭᠡᠷ ᠭᠠᠷᠭᠠᠬᠤ ᠭᠡᠵᠤ ᠬᠦᠨᠳᠦ ᠠᠵᠢᠯ᠃ ᠲᠤᠯᠤᠭ᠎ᠠ ᠨᠠᠢᠮᠠᠨ ᠵᠠᠭᠤᠨ ᠵᠢᠩ ᠤᠨ ᠮᠢᠬ᠎ᠠ ᠶᠢ ᠵᠦᠭ ᠴᠢᠭ ᠲᠤᠨᠢ ᠪᠤᠯᠭᠠᠬᠤ ᠭᠡᠵᠤ ᠶᠡᠭᠡ ᠶᠠᠪᠤᠳᠠᠯ ᠠᠴᠠ ᠠᠶᠢᠯ ᠠᠶᠢᠮᠠᠭ ᠤᠨ ᠸᠠᠩ ᠠᠬ᠎ᠠ ᠠᠴᠠ ᠲᠤᠷᠵᠢ ᠭᠡᠳ ᠪᠦᠷ ᠢᠷᠡᠵᠤ ᠬᠠᠪᠰᠤᠷᠤᠭᠰᠠᠨ ᠪᠠᠶᠢᠪᠠ᠃ ᠨᠠᠮᠠᠢᠢ ᠬᠦᠷᠬᠦ ᠳᠤ ᠮᠢᠬ᠎ᠠ ᠰᠠᠯᠭᠠᠬᠤ ᠶᠠᠪᠤᠳᠠᠯ ᠴᠦ ᠰᠡᠬᠦᠯ ᠰᠢᠪᠳᠤᠷᠭᠠᠨ ᠳᠠᠭᠠᠨ ᠤᠷᠤᠵᠤ᠂ ᠪᠢᠳᠠ ᠪᠡᠷᠭᠡᠨ ᠤ ᠴᠢᠨᠠᠭᠰᠠᠨ ᠰᠠᠶᠢᠬᠠᠨ ᠬᠤᠭᠤᠯᠠ ᠶᠢ ᠢᠳᠡᠵᠤ ᠪᠠᠰᠠ ᠬᠡᠳᠦᠨ ᠬᠤᠨᠳᠠᠭ᠎ᠠ ᠤᠤᠭᠤᠪᠠ᠃ ᠮᠠᠭᠤ ᠲᠤᠷᠵᠢ ᠬᠤᠶᠠᠷ ᠬᠤᠨᠳᠠᠭ᠎ᠠ ᠤᠤᠭᠤᠭᠠᠳ ᠨᠢᠭᠤᠷ ᠨᠢ ᠬᠠᠷᠠᠯᠠᠨ ᠬᠦᠷᠡᠩᠳᠡᠵᠤ᠂ ᠰᠡᠬᠦᠯ ᠳᠡᠭᠡᠨ ᠮᠢᠨᠤ ᠬᠠᠵᠠᠭᠤ ᠳᠤ ᠢᠷᠡᠭᠡᠳ ᠯᠠ᠄ — ᠨᠤᠳᠤᠭᠭᠤᠸ᠎ᠠ ᠡ᠂ ᠪᠢ ᠴᠢᠮ᠎ᠠ ᠳᠤ ᠦᠭᠡ ᠬᠡᠯᠡᠵᠤ ᠭᠠᠷᠳᠠᠭ ᠦᠭᠡᠢ᠂ ᠭᠡᠬᠦ ᠳᠤ ᠪᠢ ᠲᠤᠳᠤᠷ᠎ᠠ ᠪᠠᠨ ᠪᠤᠳᠤᠭᠠᠳ ᠯᠠ ᠶᠠᠪᠤᠳᠠᠭ᠂ ᠮᠠᠨ ᠤ ᠡᠨᠡ ᠮᠠᠭᠤ ᠬᠦᠳᠡᠭᠡ ᠶᠢᠨ ᠬᠦᠮᠦᠨ ᠶᠠᠮᠠᠷ ᠦᠭᠡ ᠬᠡᠯᠡᠪᠡᠯ ᠰᠠᠨᠠᠭ᠎ᠠ ᠪᠠᠨ ᠢᠯᠡᠳᠭᠡᠵᠤ ᠲᠡᠶᠢᠯᠬᠦ ᠪᠤᠢ︖ ᠢᠯᠡᠳᠭᠡᠵᠤ ᠲᠡᠶᠢᠯᠬᠦ ᠦᠭᠡᠢ ᠶᠤᠮ ᠴᠢᠨᠢ ᠲᠤᠭᠤᠢ ᠯᠠ ᠪᠠᠶᠢᠳᠠᠭ᠃ ᠦᠨᠦᠳᠦᠷ ᠠᠵᠤᠤ ︵ᠮᠢᠨᠣ ᠠᠬ᠎ᠠ ᠶᠢ ᠵᠢᠭᠠᠵᠤ ᠪᠤᠢ︶ ᠭᠡᠯᠡᠬᠦ ᠳᠡᠭᠡᠨ ︽ᠡᠨᠡ ᠮᠢᠬ᠎ᠠ ᠪᠤᠯ ᠲᠠᠨᠤᠰ ᠤᠨ ᠨᠤᠳᠤᠭᠭᠤᠸ᠎ᠠ ᠭᠡᠵᠤ ᠨᠡᠷᠡᠯᠡᠳᠡᠭ᠂ ᠮᠢᠨᠤ ᠦᠬᠢᠨ ᠲᠡᠬᠦᠦ ᠶᠢᠨ ᠢᠳᠡᠬᠦ ᠦᠭᠡᠷ ᠤᠨ ᠮᠢᠬ᠎ᠠ ᠶᠤᠮ ᠡ︕︾ ᠭᠡᠰᠡᠨ᠃ ᠲᠡᠭᠡᠭᠡᠳ ᠪᠢ ᠯᠠ ᠦᠭᠡ ᠲᠠᠭᠤᠨ ᠦᠭᠡᠢ᠂ ᠰᠠᠶᠢᠬᠠᠨ ᠯᠠ ᠵᠦᠰᠦᠶ᠎ᠠ ᠭᠡᠵᠤ ᠪᠤᠳᠤᠭᠠᠳ ᠪᠠᠶᠢᠯ᠎ᠠ᠃ ᠨᠤᠳᠤᠭᠭᠤᠸ᠎ᠠ ᠶᠢᠨ ᠠᠮᠠᠨ ᠳᠤ ᠤᠷᠤᠬᠤ ᠮᠢᠬ᠎ᠠ ᠰᠢᠦ︕ ᠭᠡᠵᠤ ᠲᠤᠳᠤᠷ᠎ᠠ ᠪᠠᠨ ᠪᠤᠳᠤᠭᠠᠳ ᠪᠤᠳᠤᠭᠠᠳ ᠯᠠ ᠴᠤᠯᠤ ᠮᠢᠬ᠎ᠠ ᠶᠢ ᠨᠢ ᠨᠠᠷᠢᠬᠠᠨ ᠵᠦᠰᠦᠵᠤ᠂ ᠶᠠᠰᠤ ᠶᠢ ᠨᠢ ᠦᠶ᠎ᠡ ᠪᠤᠯᠭᠠᠨ ᠢᠶᠠᠷ ᠮᠦᠴᠢᠯᠡᠵᠤ ᠰᠠᠯᠭᠠᠬᠤ ᠳᠤ ᠡᠨᠡ ᠮᠢᠬ᠎ᠠ ᠠᠮᠳᠠᠳᠠᠢ ᠯᠠ ᠪᠠᠶᠢᠭᠠᠰᠠᠢ ᠭᠡᠵᠤ ᠯᠠ ᠨᠢᠭᠡ ᠡᠳᠦᠷ ᠤᠩᠰᠢᠭᠠᠳ ᠤᠩᠰᠢᠭᠠᠳ ᠮᠢᠬ᠎ᠠ ᠡᠪᠳᠡᠯ᠎ᠠ︕ ᠠᠶ᠎ᠠ᠂ ᠴᠢ ᠮᠡᠳᠡᠬᠦ ᠦᠭᠡᠢ ᠪᠠᠶᠢᠨ᠎ᠠ᠂ ᠪᠢ ᠦᠨᠡᠭᠡᠷ ᠪᠤᠳᠤᠵᠤ ᠯᠠ ᠴᠢᠳᠠᠬᠤ ᠠᠴᠠ ᠬᠡᠯᠡᠵᠤ ᠴᠢᠳᠠᠬᠤ ᠦᠭᠡᠢ ᠶᠤᠮ︕ ᠭᠡᠬᠦ ᠪᠠᠷ ᠨᠢ ᠪᠢ᠄ — ᠬᠦᠶ᠋ᠢ᠂ ᠬᠦᠮᠦᠨ ᠤ ᠪᠤᠳᠤᠵᠤ ᠴᠢᠳᠠᠭᠰᠠᠨ ᠦᠭᠡᠢ ᠶᠢ ᠪᠦᠷ ᠴᠢ ᠪᠤᠳᠤᠭᠠᠳ ᠴᠢᠳᠠᠴᠢᠬᠠᠭᠰᠠᠨ ᠪᠠᠶᠢᠭᠠᠳ ᠶᠠᠭᠤ ᠶᠢ ᠨᠢ ᠬᠡᠯᠡᠬᠦ ᠶᠤᠮ︖ ᠦᠯᠡᠳᠡᠭᠰᠡᠨ ᠢ ᠨᠢ ᠪᠢ ᠴᠢᠮᠠᠢᠢ ᠤᠷᠤᠯᠠᠭᠠᠳ ᠦᠪᠡᠷ ᠲᠡᠭᠡᠨ ᠬᠡᠯᠡᠴᠢᠭᠡᠶ᠎ᠡ︕ ᠶᠠᠭᠤ ᠯᠠ ᠪᠠᠶᠢᠨ᠎ᠠ︖ ᠭᠡᠬᠦ ᠪᠠᠷ ᠲᠡᠷᠡ ᠮᠢᠨᠤ ᠭᠠᠷ ᠢ ᠠᠳᠬᠤᠭᠠᠳ᠄ — ᠨᠤᠳᠤᠭᠭᠤᠸ᠎ᠠ ᠡ᠂ ᠴᠢ ᠪᠢᠳᠡᠭᠡᠢ ᠨᠠᠳᠠ ᠲᠠᠢ ᠨᠠᠭᠠᠳᠤᠮ ᠬᠢ︕ ᠪᠢ ᠲᠡᠷᠡ ᠵᠢᠯ ᠲᠠᠨ ᠤ ᠬᠤᠰᠢᠭᠤᠨ ᠳᠤ ᠬᠦᠷᠴᠦ ᠴᠢᠮ᠎ᠠ ᠲᠠᠢ ᠨᠢᠭᠡ ᠠᠭᠤᠯᠵᠠᠵᠤ ᠢᠷᠡᠭᠰᠡᠨ ᠠᠴᠠ ᠬᠤᠶᠢᠰᠢ᠂ ᠮᠠᠭᠤ ᠨᠤᠳᠤᠭᠭᠤᠸ᠎ᠠ ᠰᠠᠶᠢᠨ ᠶᠠᠪᠤᠵᠤ ᠯᠠ ᠪᠠᠶᠢᠭᠠᠰᠠᠢ ᠭᠡᠵᠤ ᠵᠠᠯᠪᠠᠷᠢᠳᠠᠭ ᠪᠤᠯᠤᠭᠰᠠᠨ ᠶᠤᠮ᠃ ᠲᠤᠬᠠᠢ ᠶᠢᠨ ᠵᠢᠯ ᠳᠤ ᠴᠢ ᠪᠢᠴᠢᠭ ᠰᠤᠶᠤᠯ ᠰᠤᠷᠴᠦ ᠬᠤᠳᠠ ᠤᠷᠤᠵᠤ ᠭᠠᠨᠪᠦ᠋ ᠪᠤᠯᠤᠭᠠᠳ ᠶᠠᠪᠤᠬᠤ ᠳᠤ ᠪᠢᠳᠠᠨᠤᠰ ᠴᠢᠮᠠᠢᠢ ᠴᠤᠬᠤᠮ ᠬᠤᠷᠤᠰᠴᠤ ᠲᠤᠯᠤᠭᠠᠨ ᠮᠠᠭᠤ ᠪᠠᠷ ᠬᠠᠷᠢᠶᠠᠵᠤ ᠪᠠᠶᠢᠯ᠎ᠠ᠃ ᠨᠢᠭᠡ ᠵᠢᠯ ᠴᠢ ᠪᠠᠰᠠ ᠯᠠᠪᠠᠷ ᠦᠮᠦᠳᠤ ᠡᠮᠦᠰᠴᠢᠭᠡᠭᠰᠡᠨ᠂ ᠨᠢᠳᠤᠨ ᠰᠢᠯ ᠵᠡᠬᠦᠴᠢᠭᠡᠭᠰᠡᠨ ᠬᠠᠷᠢᠵᠤ ᠢᠷᠡᠬᠦ ᠶᠢ ᠬᠠᠷᠠᠭᠠᠳ ᠪᠢᠳᠠ ᠬᠡᠳᠦᠬᠦᠯᠠ ᠨᠡᠶᠢᠯᠠᠵᠤ ᠪᠠᠶᠢᠭᠠᠳ᠂ ᠴᠢᠮᠠᠢᠢ ᠨᠢᠭᠡ ᠰᠠᠶᠢᠨ ᠵᠠᠨᠴᠢᠭᠠᠳ ᠭᠡᠮᠳᠦᠭᠡᠴᠢᠭᠡᠶ᠎ᠡ ᠭᠡᠵᠤ ᠴᠦ ᠬᠡᠯᠡᠯᠴᠡᠭᠰᠡᠨ︕ ᠴᠢᠮᠠᠢᠢ ᠵᠡᠮᠳᠡᠭ ᠪᠤᠯᠭᠠᠭᠠᠳ ᠭᠡᠷ ᠤᠨ ᠮᠤᠬᠤᠷ ᠰᠠᠭᠤᠯᠭᠠᠴᠢᠬᠠᠪᠠᠯ ᠯᠠ ᠪᠢᠳᠠᠨᠤᠰ ᠤᠨ ᠰᠠᠨᠠᠭ᠎ᠠ ᠠᠮᠠᠷᠠᠬᠤ ᠶᠤᠮ ᠰᠢᠭ᠋ ᠰᠠᠨᠠᠭᠳᠠᠵᠤ ᠪᠠᠶᠢᠯ᠎ᠠ᠃ ᠵᠠᠪᠰᠢᠶᠠᠨ ᠲᠠᠭᠠᠷᠠᠭᠰᠠᠨ ᠦᠭᠡᠢ ᠠᠴᠠ ᠳ᠋ᠠ᠃ ᠪᠤᠷᠬᠠᠨ ᠮᠢᠨᠢ᠂ ᠵᠠᠪᠰᠢᠶᠠᠨ ᠲᠠᠭᠠᠷᠠᠭᠰᠠᠨ ᠦᠭᠡᠢ ᠳᠡᠭᠡᠨ ᠯᠠ ᠪᠤᠯᠤᠭᠰᠠᠨ ᠁ ᠭᠡᠳ ᠪᠠᠶᠢᠬᠤᠯ᠎ᠠ ᠸᠠᠩ ᠠᠬ᠎ᠠ᠄ — ᠬᠦᠶ᠋ᠢ᠂ ᠲᠤᠷᠵᠢ᠂ ᠲᠤᠷᠵᠢ︕ ᠶᠠᠭᠠᠬᠢᠬᠤ ᠶᠤᠮ︖ ᠮᠠᠭᠤ ᠦᠬᠢᠨ ᠲᠡᠬᠦᠦ ᠲᠦᠩᠭᠡᠵᠤ ᠬᠠᠷᠢᠵᠤ ᠢᠷᠡᠵᠤ ᠪᠠᠶᠢᠬᠤ ᠳᠤ ᠢᠳᠡᠬᠦᠯᠬᠦ ᠦᠭᠡᠢ ᠤᠤᠭᠤᠯᠭᠠᠬᠤ ᠦᠭᠡᠢ ᠨᠤᠤᠷᠠᠯᠳᠤᠭᠠᠳ ᠶᠠᠭᠠᠬᠢᠬᠤ ᠶᠤᠮ︖ ᠨᠠᠭᠠᠰᠢ ᠪᠠᠨ ᠰᠠᠭᠤ︕ ᠭᠡᠵᠤ ᠲᠠᠳᠠᠵᠤ ᠠᠪᠠᠴᠢᠬᠤᠯ᠎ᠠ᠂ ᠰᠤᠭᠰᠤᠷᠴᠦ ᠬᠠᠶᠠᠴᠢᠬᠠᠭᠠᠳ ᠪᠤᠴᠠᠭᠠᠳ ᠮᠢᠨᠤ ᠬᠠᠵᠠᠭᠤ ᠳᠤ ᠢᠷᠡᠴᠢᠭᠡᠵᠤ᠄ — ᠪᠢ ᠨᠢᠭᠡ ᠨᠠᠰᠤ ᠪᠠᠷ ᠴᠦ ᠬᠡᠯᠡᠭᠡ ᠦᠭᠡᠢ ᠦᠭᠡ ᠶᠢ ᠨᠢᠭᠡ ᠤᠳᠠᠭ᠎ᠠ ᠬᠡᠯᠡᠴᠢᠭᠡᠶ᠎ᠡ᠂ ᠶᠠᠭᠠᠬᠢᠪᠠ︖ ᠭᠡᠳ ᠯᠠ ᠪᠠᠰᠠ ᠮᠢᠨᠤ ᠭᠠᠷ ᠢ ᠠᠳᠬᠤᠵᠤ ᠠᠪᠤᠭᠠᠳ᠄ — ᠲᠡᠷᠡ ᠤᠳᠠᠭ᠎ᠠ ᠪᠢ ᠴᠢᠮ᠎ᠠ ᠲᠠᠢ ᠠᠭᠤᠯᠵᠠᠭᠠᠳ ᠰᠠᠶ᠋ᠢ ᠪᠤᠳᠤᠯ᠎ᠠ ᠰᠢᠦ᠂ ᠮᠠᠨ ᠤ ᠨᠤᠳᠤᠭ ᠤᠨ ᠬᠢᠨ ᠠᠴᠠ ᠲᠠᠨᠤᠰ ᠰᠢᠭ᠋ ᠬᠦᠮᠦᠰ ᠭᠠᠳᠠᠭᠰᠢ ᠪᠠᠨ ᠭᠠᠷ᠂ ᠰᠠᠶᠢᠨ ᠭᠠᠷ᠂ ᠪᠦᠬᠦ ᠲᠡᠯᠡᠭᠡᠢ ᠳᠤ ᠴᠦ ᠲᠠᠷᠬ᠎ᠠ ᠭᠡᠵᠤ ᠪᠤᠳᠤᠭᠰᠠᠨ᠃ ᠲᠡᠷᠡ ᠤᠳᠠᠭ᠎ᠠ᠂ ᠮᠠᠨ ᠤ ᠮᠦᠮᠦ ᠪᠢᠳᠠ ᠬᠤᠶᠠᠭᠤᠯᠠ ᠴᠢᠮᠠᠢᠢ ᠤᠯᠤᠭᠰᠠᠨ ᠦᠭᠡᠢ ᠪᠤᠯ ᠮᠢᠨᠤ ᠮᠦᠮᠦ ᠶᠢᠨ ᠦᠨᠦᠳᠦᠷ ᠪᠠᠶᠢᠬᠤ ᠦᠭᠡᠢ︕ ᠭᠡᠳ ᠯᠠ ᠨᠢᠭᠡ ᠯᠠ ᠦᠭᠡ ᠪᠠᠨ ᠬᠡᠯᠡᠵᠤ ᠭᠠᠷᠭᠠᠵᠤ ᠲᠡᠶᠢᠯᠬᠦ ᠦᠭᠡᠢ ᠪᠤᠯᠵᠤ᠂ ᠮᠢᠨᠤ ᠭᠠᠷ ᠢ ᠤᠯᠠᠮ ᠴᠢᠩᠭ᠎ᠠ ᠠᠳᠬᠤᠭᠠᠳ ᠪᠦᠳᠦᠬᠦᠨ ᠨᠢᠯᠪᠤᠰᠤ ᠨᠠᠷᠢᠨ ᠦᠷᠴᠢᠯᠭᠡᠰᠦ ᠲᠠᠢ ᠬᠠᠷ᠎ᠠ ᠨᠢᠭᠤᠷ ᠢ ᠨᠢ ᠲᠠᠭᠠᠵᠤ ᠨᠠᠮᠤᠭᠤᠬᠠᠨ ᠤᠷᠤᠰᠪᠠ᠃ ᠴᠠᠬᠢᠯᠭᠠᠨ ᠳ᠋ᠧᠩ ᠤᠨ ᠭᠡᠷᠡᠯ ᠳᠤ ᠲᠡᠷᠡ ᠨᠢᠯᠪᠤᠰᠤ ᠴᠡᠪᠡᠷ ᠬᠢᠯᠠᠭᠠᠷ ᠢᠶᠠᠷ ᠬᠢᠯᠳᠠᠭᠠᠨᠠᠪᠠ᠃ ᠲᠠᠷᠠ ᠬᠢᠯᠠᠭᠠᠷ ᠨᠢᠯᠪᠤᠰᠤ ᠶᠢ ᠬᠠᠷᠠᠭᠰᠠᠨ ᠪᠢ ᠦᠨᠳᠦᠷ ᠲᠤᠮᠳᠠᠳᠤ ᠪᠠᠨ ᠲᠡᠬᠦᠰᠦᠭᠡᠳ ᠬᠠᠷᠢᠵᠤ ᠢᠷᠡᠨ᠂ ᠢᠮᠠᠭᠠᠨ ᠳᠤ ᠶᠠᠪᠤᠵᠤ ᠪᠠᠶᠢᠬᠤ ᠳᠤ ᠲᠤᠷᠵᠢ ᠲᠦᠷᠦᠬᠦᠦ ᠲᠠᠢ ᠭᠡᠳᠦᠨ ᠰᠠᠬᠠᠭᠠᠯᠳᠠ ᠶᠢᠨ ᠵᠠᠯᠠᠭᠤᠴᠤᠳ ︽ᠯᠠᠪᠠᠷ ᠦᠮᠦᠳᠤ ᠶᠢ ᠴᠢᠨᠢ ᠤᠷᠠᠵᠤ ᠬᠠᠶᠠᠬᠤ ᠦᠭᠡᠢ ᠪᠤᠯ ᠪᠢᠳᠠᠨᠤᠰ ᠴᠠᠮᠠᠬᠠᠭ ᠨᠤᠳᠤᠭ ᠤᠨ ᠡᠷ᠎ᠡ ᠬᠦᠮᠦᠨ ᠪᠢᠰᠢ ᠁︾ ᠭᠡᠮᠡᠨ ᠬᠦᠭᠡᠭᠡᠴᠡᠯᠳᠤᠵᠤ᠂ ᠪᠢ ᠲᠤᠳᠠᠭᠠᠵᠤ ᠪᠠᠷᠢᠭᠠᠳᠠ ᠶᠢᠨ ᠲᠡᠯᠭᠡᠬᠦᠷ ᠲᠤ ᠨᠢᠭᠤᠵᠤ ᠪᠠᠶᠢᠭᠰᠠᠨ ᠨᠢ ᠪᠤᠳᠤᠭᠳᠠᠨ᠎ᠠ᠃ ᠲᠤᠬᠠᠢ ᠶᠢᠨ ᠦᠶ᠎ᠡ ᠳᠤ ᠪᠢ ᠴᠤ ᠲᠡᠷᠡ ᠦᠰᠢᠶ᠎ᠠ ᠪᠠᠨ ᠠᠪᠬᠤ ᠭᠡᠵᠤ ᠪᠠᠰᠠ ᠤᠶᠢᠷᠠᠯᠴᠠᠭ᠎ᠠ ᠲᠡᠬᠦᠦ ᠬᠦᠦᠴᠦᠤᠯ ᠲᠤ ᠬᠡᠳᠦᠨ ᠰᠢᠬᠢᠷ ᠦᠭᠴᠦ᠄ — ᠬᠤᠵᠢᠮ ᠲᠤᠷᠵᠢ ᠲᠠᠢ ᠠᠭᠤᠯᠵᠠᠪᠠᠯ ︽ᠲᠤᠷᠵᠢ᠂ ᠲᠤᠷᠵᠢ ᠳ᠋ᠤᠤ ᠭᠸᠤ ᠭᠸᠤ ︵ᠲᠤᠭᠤᠭᠰᠢ ᠪᠠᠨ ᠬᠠᠨᠳᠤᠭᠰᠠᠨ ᠭᠤᠬ᠎ᠠ ᠭᠡᠰᠡᠨ ᠬᠢᠳᠡᠳ ᠦᠭᠡ︶᠂ ᠲᠤᠤᠭᠤᠭᠰᠢ ᠪᠠᠨ ᠬᠠᠨᠳᠤᠭᠰᠠᠨ ᠰᠢ ᠭᠸᠦ ᠭᠸᠦ︕︾ ᠭᠡᠵᠤ ᠬᠠᠷᠢᠶᠠ︕ ᠭᠡᠵᠤ ᠵᠢᠭᠠᠵᠤ ᠪᠠᠶᠢᠯ᠎ᠠ᠃ ᠪᠦᠬᠦᠯᠢ ᠡᠳᠦᠷ ᠮᠢᠬ᠎ᠠ ᠤᠭᠳᠤᠯᠵᠤ ᠵᠦᠰᠦᠭᠰᠡᠨ ᠲᠡᠬᠦᠨ ᠤ ᠭᠠᠷ ᠬᠤᠷᠤᠭᠤ ᠨᠢ ᠮᠢᠬ᠎ᠠ ᠲᠤᠰᠤ ᠪᠠᠨ ᠤᠬᠢᠶᠠᠵᠤ ᠭᠠᠷᠭᠠᠵᠤ ᠲᠡᠶᠢᠯᠦᠭᠡ ᠦᠭᠡᠢ ᠭᠡᠮᠡᠷ ᠬᠠᠷ᠎ᠠ ᠪᠦᠭᠡᠳ ᠬᠤᠵᠤᠤᠯᠠ ᠰᠢᠭ᠋ ᠬᠠᠳᠠᠭᠤ ᠰᠢᠷᠦᠬᠦᠨ ᠪᠠᠶᠢᠯ᠎ᠠ᠃ ᠭᠡᠬᠦ ᠳᠤ ᠨᠢᠭᠡ ᠵᠦᠢᠯ ᠤᠨ ᠤᠨᠴᠠᠭᠠᠢ ᠲᠠᠨᠢᠯ ᠪᠦᠯᠢᠶᠡᠨ ᠢᠯᠴᠢ ᠲᠦᠭᠡᠭᠡᠨ᠎ᠠ᠃ ᠨᠠᠳᠠ ᠮᠢᠬ᠎ᠠ ᠲᠠᠳᠠᠬᠤ ᠪᠠᠷ ᠢᠷᠡᠭᠰᠡᠨ ᠨᠠᠶᠢᠵᠠ ᠪᠠᠶᠢᠨ ᠪᠠᠶᠢᠨ ᠬᠠᠷᠠᠠᠭᠠᠳ ᠪᠠᠶᠢᠬᠤ ᠨᠢ ︽ᠡᠨᠡ ᠬᠦᠮᠦᠨ ᠶᠠᠭᠠᠬᠢᠭᠠᠳ ᠡᠶᠢᠮᠤ ᠤᠯᠠᠨ ᠬᠦᠮᠦᠨ ᠤ ᠲᠤᠮᠳᠠ ᠭᠤᠸ᠎ᠠ ᠶᠢᠨ ᠭᠠᠷ ᠢ ᠪᠠᠷᠢᠭᠠᠳ ᠤᠬᠢᠯᠠᠵᠤ ᠤᠨᠵᠢᠨ ᠨᠢᠭᠡ ᠶᠠᠭᠤᠮ᠎ᠠ ᠬᠡᠯᠡᠭᠡᠳ ᠪᠠᠶᠢᠬᠤ ᠶᠤᠮ︖ ᠨᠢᠭᠤᠵᠤ ᠬᠠᠭᠠᠬᠤ ᠴᠦ ᠦᠭᠡᠢ ᠶᠠᠮᠠᠷ ᠤᠨᠳᠤᠤ ᠶᠤᠮ︖ ᠡᠨᠡ ᠭᠤᠸ᠎ᠠ ᠴᠦ ᠶᠠᠭᠤ ᠭᠡᠵᠤ ᠡᠶᠢᠮᠤ ᠨᠢᠭᠡ ᠬᠠᠷ᠎ᠠ ᠪᠤᠷᠳᠠᠭ ᠲᠠᠢ ᠬᠦᠮᠦᠨ ᠢᠶᠠᠷ ᠭᠠᠷ ᠢᠶᠠᠨ ᠠᠳᠬᠤᠭᠤᠯᠤᠭᠠᠳ ᠪᠠᠶᠢᠳᠠᠭ ᠶᠤᠮ︖ ᠭᠡᠮᠡᠨ ᠶᠠᠬᠡᠳᠡ ᠭᠠᠶᠢᠬᠠᠵᠤ ᠪᠤᠢ ᠨᠢ ᠢᠯᠠ ᠪᠦᠭᠡᠳ ︽ᠡᠨᠡ ᠬᠦᠳᠡᠭᠡᠨ ᠤ ᠬᠦᠮᠦᠰ ᠭᠡᠵᠤ ᠶᠠᠮᠠᠷ ᠬᠦᠳᠡᠭᠡᠯᠢᠭ ᠶᠤᠮ ᠪᠢᠯᠠ︖︾ ᠭᠡᠮᠡᠨ ᠡᠳᠦᠢ ᠲᠡᠳᠦᠢ ᠲᠤᠤᠷᠠᠰᠢᠶᠠᠨ ᠵᠢᠭ᠍ᠰᠢᠵᠤ ᠪᠠᠶᠢᠬᠤ ᠨᠢ ᠴᠦ ᠢᠯᠠ ᠪᠠᠶᠢᠯ᠎ᠠ ︵ᠲᠡᠷᠡ ᠮᠤᠩᠭᠤᠯ ᠦᠭᠡ ᠤᠶᠢᠯᠠᠭᠠᠬᠤ ᠦᠭᠡᠢ︶᠃ ᠪᠢ ᠢᠨᠢᠶᠡᠰᠭᠡᠭᠡᠳ᠄ — ᠵᠠ᠂ ᠵᠠ ᠪᠤᠯᠵᠡᠢ︕ ᠮᠠᠭᠤ ᠲᠤᠷᠵᠢ᠂ ᠮᠦᠮᠦ ᠴᠢᠨᠢ ᠰᠠᠶᠢᠨ ᠪᠠᠶᠢᠨ᠎ᠠ ᠪᠢᠵᠠ︖ ᠭᠡᠳ ᠭᠠᠷ ᠢᠶᠠᠨ ᠲᠡᠬᠦᠨ ᠤ ᠭᠠᠷ ᠠᠴᠠ ᠰᠠᠯᠭᠠᠵᠤ ᠴᠠᠭᠠᠰᠤ ᠠᠪᠴᠦ ᠲᠡᠬᠦᠨ ᠳᠤ ᠦᠭᠬᠦ ᠵᠠᠭᠤᠷ᠎ᠠ ᠠᠰᠠᠭᠤᠪᠠᠯ ᠲᠡᠷᠡ᠄ — ᠰᠠᠶᠢᠨ ᠪᠠᠶᠢᠨ᠎ᠠ᠂ ᠴᠤᠬᠤᠮ ᠰᠠᠶᠢᠨ ᠪᠠᠶᠢᠨ᠎ᠠ︕ ᠲᠡᠩᠳᠡ ᠴᠢᠮᠠᠢᠢ ᠬᠡᠯᠡᠬᠦ ᠶᠤᠮ᠂ ᠶᠠᠭᠤ ᠦᠭᠬᠦᠶ᠎ᠡ ᠭᠡᠵᠤ ᠪᠤᠳᠤᠬᠤ ᠴᠦ ᠮᠠᠨ ᠤ ᠬᠦᠳᠡᠭᠡ ᠶᠢᠨ ᠶᠠᠭᠤᠮ᠎ᠠ ᠶᠢ ᠶᠠᠭᠤ ᠶᠢ ᠨᠢ ᠲᠤᠭᠤᠬᠤ ᠪᠤᠢ ᠭᠡᠵᠤ ᠦᠷᠯᠦᠭᠡ ᠨᠠᠮᠠᠢᠢ ᠶᠠᠪᠤᠬᠤ ᠳᠤ ᠪᠠᠰᠠ ᠬᠡᠯᠡᠵᠤ ᠪᠠᠶᠢᠯ᠎ᠠ︕ ᠭᠡᠳ ᠪᠠᠰᠠ ᠯᠠ ᠮᠢᠨᠤ ᠭᠠᠷ ᠢ ᠠᠳᠬᠤᠵᠤ ᠠᠪᠤᠭᠠᠳ ᠬᠡᠯᠡᠵᠤ ᠪᠠᠶᠢᠪᠠ᠃ ᠭᠡᠳᠦᠨ ᠵᠢᠯ ᠤᠨ ᠡᠮᠦᠨ᠎ᠠ ᠭᠡᠨᠡᠳᠳᠡ ᠠᠬ᠎ᠠ ᠤᠳᠠᠰᠤ ᠢᠷᠡᠬᠦᠯᠵᠤ ᠲᠤᠷᠵᠢ ᠲᠠᠨ ᠤ ᠬᠤᠰᠢᠭᠤᠨ ᠳᠤ ᠮᠦᠮᠦ ᠪᠠᠨ ᠲᠠᠭᠠᠭᠤᠯᠵᠤ ᠤᠴᠢᠨ᠎ᠠ᠂ ᠮᠦᠮᠦ ᠶᠢᠨ ᠬᠢᠨᠢ ᠨᠢᠳᠤ ᠨᠢ ᠦᠵᠡᠬᠦ ᠦᠭᠡᠢ ᠪᠤᠯᠪᠠ᠃ ᠴᠢ ᠲᠠᠭᠠᠭᠤᠯᠵᠤ ᠦᠵᠡᠬᠦᠯᠦᠭᠡᠳ ᠦᠭ︕ ᠭᠡᠪᠡ᠃ ᠪᠢ ᠲᠡᠳᠡᠨ ᠢ ᠬᠢᠨᠠᠮᠠᠭᠠᠢ ᠲᠤᠰᠪᠠ᠃ ᠲᠡᠷᠡ ᠬᠤᠯᠠ ᠠᠴᠠ ᠵᠡᠭᠡᠯᠢ ᠶᠢᠨ ᠬᠠᠵᠠᠭᠤ ᠳᠤ ᠨᠢᠭᠡ ᠮᠠᠭᠤ ᠮᠠᠳᠠᠢ ︵ᠤᠭᠤᠳᠠ︶ ᠲᠠᠢ ᠶᠠᠭᠤᠮ᠎ᠠ ᠡᠬᠦᠷᠴᠢᠭᠡᠭᠰᠡᠨ᠂ ᠪᠦᠳᠦᠬᠦᠨ ᠪᠤᠭᠴᠦ ᠲᠡᠬᠦᠵᠢᠯᠡᠴᠢᠭᠡᠭᠰᠡᠨ᠂ ᠰᠤᠬᠤᠷ ᠮᠦᠮᠦ ᠪᠠᠨ ᠬᠦᠳᠦᠯᠴᠢᠭᠡᠭᠰᠡᠨ ᠢᠷᠡᠬᠦ ᠪᠠᠷ᠎ᠠ ᠶᠢ ᠬᠠᠷᠠᠩᠭᠤᠳᠠ ᠪᠢ ᠰᠡᠳᠭᠢᠯ ᠬᠠᠯᠠᠭᠤᠷᠠᠵᠤ᠂ ᠨᠤᠳᠤᠭ ᠮᠢᠨᠢ ᠬᠠᠷᠠᠭᠳᠠᠬᠤ ᠰᠢᠭ᠋᠂ ᠬᠠᠷᠠᠭ᠎ᠠ ᠮᠠᠭᠤᠳᠠᠢ ᠪᠤᠷᠬᠠᠨ ᠠᠪᠤ ᠶᠢᠨ ᠮᠢᠨᠢ ᠶᠠᠩᠵᠤ ᠦᠵᠡᠭᠳᠡᠬᠦ ᠴᠦ ᠰᠢᠭ᠋ ᠪᠤᠯᠵᠤ᠂ ᠲᠡᠷᠡ ᠬᠤᠶᠠᠷ ᠬᠦᠮᠦᠨ ᠤ ᠲᠡᠷᠡ ᠪᠠᠷ᠎ᠠ ᠬᠠᠶᠢᠷᠠᠯᠠᠯᠳᠠᠢ ᠪᠦᠭᠡᠳ ᠡᠮᠵᠡᠭ ᠰᠠᠨᠠᠭᠳᠠᠪᠠ᠃ ᠪᠢ ᠢᠨᠢᠶᠡᠵᠤ ᠬᠦᠷᠦᠭᠡᠳ ᠮᠠᠨᠳᠤᠴᠢᠯᠠᠪᠠ᠃ ᠬᠤᠷᠢᠭᠠᠳ ᠵᠢᠯ ᠠᠭᠤᠯᠵᠠᠭᠰᠠᠨ ᠦᠭᠡᠢ ᠲᠤᠷᠵᠢ ᠶᠢ ᠦᠵᠡᠩᠬᠦᠳᠡ ᠪᠠᠨ ︽ᠢᠮᠠᠭᠠᠨ ᠪᠡᠯᠴᠢᠭᠡᠷ ᠲᠤ ᠬᠦᠮᠦᠨ ᠵᠤᠳᠤᠬᠤ ᠭᠡᠳ ᠮᠤᠳᠤ ᠪᠠᠷᠢᠭᠠᠳ ᠬᠦᠶᠦᠳᠡᠭ ᠰᠠᠶᠢᠨ ᠡᠷ᠎ᠡ ᠴᠢ ᠦᠨᠦᠳᠦᠷ ᠮᠤᠳᠤ ᠪᠠᠨ ᠶᠠᠭᠠᠬᠢᠭᠠᠳ ᠠᠪᠤᠭᠰᠠᠨ ᠦᠭᠡᠢ ᠶᠤᠮ︖︾ ᠭᠡᠵᠤ ᠱᠤᠭᠯᠠᠳᠠᠭ ᠮᠢᠨᠢ ᠲᠡᠬᠦᠨ ᠲᠠᠢ ᠦᠶ᠎ᠡ ᠵᠠᠢ ᠦᠭᠡᠢ ᠪᠠᠭ᠎ᠠ ᠶᠢᠨ ᠨᠠᠶᠢᠵᠠ ᠶᠢᠨ ᠶᠡᠩᠵᠤ ᠪᠠᠷ ᠢᠶᠠᠨ ᠪᠠᠶᠢᠭ᠎ᠠ ᠪᠠᠨ ᠢᠯᠡᠳᠭᠡᠵᠤ᠂ ᠪᠢᠳᠡᠭᠡᠢ ᠨᠠᠳᠠ ᠠᠴᠠ ᠢᠴᠢᠵᠤ ᠰᠢᠷᠪᠡᠭᠡᠳᠦ ᠭᠡᠰᠡᠨ ᠨᠢᠭᠡ ᠰᠠᠨᠠᠭ᠎ᠠ ᠪᠠᠶᠢᠭᠰᠠᠨ ᠢ ᠲᠡᠷᠡ ᠪᠤᠷᠤᠭᠤ ᠤᠶᠢᠯᠠᠭᠠᠵᠤ ᠦᠰᠢᠶ᠎ᠡ ᠠᠪᠴᠦ ᠪᠠᠶᠢᠨ᠎ᠠ ᠭᠡᠵᠤ ᠪᠤᠳᠤᠭᠰᠠᠨ ᠨᠢ᠃ ᠲᠡᠷᠡ ᠬᠢ ᠬᠢ ᠢᠨᠢᠶᠡᠭᠡᠳ ︽ᠪᠠᠰᠠ ᠰᠠᠨᠠᠭᠠᠨ ᠳᠤ ᠪᠠᠶᠢᠬᠤ ᠤᠤ︖ ᠮᠠᠷᠳᠠᠵᠤ ᠪᠤᠯᠬᠤ ᠦᠭᠡᠢ ᠤᠤ︖︾ ᠭᠡᠳ ᠶᠡᠬᠡᠳᠡ ᠡᠪ ᠦᠭᠡᠢ ᠪᠤᠯᠬᠤ ᠰᠢᠭ᠋ ᠪᠤᠯᠪᠠ᠃ ᠪᠢ ᠬᠤᠷᠳᠤᠨ ᠯᠠ ᠮᠦᠮᠦ ᠶᠢᠨ ᠬᠢᠨᠢ ᠡᠪᠡᠳᠴᠢᠨ ᠡᠨᠡ ᠲᠡᠷᠡ ᠶᠢ ᠠᠰᠠᠭᠤᠵᠤ᠂ ᠭᠡᠷ ᠲᠡᠭᠡᠨ ᠠᠪᠠᠴᠢᠭᠠᠳ ᠦᠪᠡᠷ ᠤᠨ ᠭᠡᠷ ᠲᠠᠢ ᠪᠠᠨ ᠠᠳᠠᠯᠢ ᠰᠠᠭᠤ︕ ᠭᠡᠬᠦᠯᠡᠷ ᠨᠢ ᠵᠤᠷᠯᠤᠩ ᠳᠤ ᠨᠢ ᠤᠷᠤᠵᠤ ᠴᠢᠳᠠᠬᠤ ᠦᠭᠡᠢ ᠪᠠᠶᠢᠨ᠎ᠠ᠂ ᠲᠡᠶᠢᠮᠤ ᠰᠠᠶᠢᠬᠠᠨ ᠱᠠᠭᠠᠵᠠᠩ ᠰᠡᠪᠠ ᠰᠢᠭ᠋ ᠭᠢᠯᠠᠭᠠᠷ ᠰᠠᠪᠠᠨ ᠲᠡᠭᠡᠷ᠎ᠡ ᠰᠠᠭᠤᠵᠤ ᠰᠢᠩᠬᠢᠨ ᠦᠳᠭᠡᠨ ᠢᠶᠠᠨ ᠭᠠᠷᠭᠠᠬᠤ ᠭᠡᠵᠤ ᠶᠠᠭ ᠲᠡᠶᠢᠯᠬᠦ ᠦᠭᠡᠢ ᠪᠠᠶᠢᠨ᠎ᠠ ᠭᠡᠳ ᠪᠠᠶᠢᠬᠤᠯ᠎ᠠ ᠪᠢ ᠦᠭᠡᠷ᠎ᠡ ᠨᠢᠭᠡ ᠮᠠᠭᠤᠬᠠᠨ ᠰᠢᠭ᠋ ᠪᠠᠭᠤᠳᠠᠯ ᠳᠤ ᠰᠠᠭᠤᠯᠭᠠᠭᠰᠠᠨ ᠶᠤᠮ᠃ ᠲᠡᠭᠡᠭᠡᠳ ᠲᠡᠷᠡ ᠬᠤᠶᠠᠷ ᠡᠳᠦᠷ ᠲᠡᠳᠡᠨ ᠢ ᠰᠢᠳᠤᠷᠭᠤ ᠲᠠᠭᠠᠵᠤ ᠦᠢᠯᠡᠴᠢᠯᠡᠭᠰᠡᠨ ᠪᠢᠯᠠ᠃ ᠲᠤᠷᠵᠢ᠂ ᠨᠢᠳᠤ ᠮᠠᠭᠤ ᠪᠤᠯᠤᠭᠰᠠᠨ ᠡᠵᠢ ᠪᠠᠨ ᠦᠪᠡᠷ ᠤᠨ ᠭᠠᠷ ᠠᠴᠠ ᠪᠠᠨ ᠰᠠᠯᠭᠠᠯ ᠦᠭᠡᠢ ᠬᠦᠳᠦᠯᠵᠤ ︽ᠡᠮ ᠢᠶᠠᠨ ᠰᠠᠶᠢᠨ ᠤᠤᠭᠤ᠂ ᠤᠰᠤ ᠰᠠᠶᠢᠨ ᠤᠤᠭᠤ᠂ ᠮᠦᠮᠦ ᠪᠡᠳᠡᠭᠡᠢ ᠶᠡᠭᠡ ᠤᠰᠤ ᠤᠤᠭᠤᠵᠤ ᠤᠯᠠᠨ ᠭᠠᠳᠠᠭᠠᠯᠠᠬᠤ ᠠᠴᠠ ᠵᠤᠪᠠ᠂ ᠤᠶᠢᠪ ᠤᠶᠢᠷᠬᠠᠨ ᠵᠤᠷᠯᠤᠩ ᠪᠠᠶᠢᠨ᠎ᠠ︕︾ ᠭᠡᠳ ᠯᠠ ᠴᠠᠭᠠᠰᠦ ᠶᠢ ᠨᠢ ᠰᠠᠶᠢᠬᠠᠨ ᠨᠤᠭᠤᠯᠵᠤ ᠪᠡᠯᠡᠳᠭᠡᠭᠡᠳ ᠬᠠᠷᠮᠠᠨ ᠳᠤᠨᠢ ᠬᠢᠵᠤ ︽ᠡᠨᠡ ᠬᠤᠳᠠ ᠭᠠᠵᠠᠷ ᠭᠡᠵᠤ ᠪᠦᠷ ᠴᠠᠭᠠᠰᠤ ᠬᠡᠷᠡᠭᠯᠡᠳᠡᠭ ᠶᠤᠮ᠂ ᠮᠦᠮᠦ ᠡ᠂ ᠶᠡᠷᠦ ᠠᠴᠠ ᠡᠪᠡᠰᠦ ᠮᠤᠳᠤ ᠭᠡᠵᠤ ᠪᠠᠶᠢᠳᠠᠭ ᠦᠭᠡᠢ᠂ ᠪᠦᠬᠦᠨ ᠢᠶᠠᠷ ᠢᠶᠠᠨ ᠭᠡᠷ ᠠᠰᠠᠷ ᠰᠢᠦ︕︾ ᠭᠡᠳ ᠪᠠᠰᠠ ︽ᠮᠦᠮᠦ ᠪᠤᠤ ᠵᠤᠪᠠ᠂ ᠡᠨᠡ ᠨᠤᠳᠤᠭᠭᠤᠸ᠎ᠠ ᠴᠢ ᠪᠢᠳᠠᠨ ᠢ ᠲᠠᠭᠠᠭᠤᠯᠵᠤ ᠨᠢᠭᠡ ᠰᠠᠶᠢᠨ ᠡᠮᠴᠢ ᠳᠤ ᠵᠤᠯᠭᠠᠬᠤ ᠶᠤᠮ᠂ ᠲᠡᠷᠡ ᠡᠮᠴᠢ ᠨᠢ ᠡᠳᠡᠨ ᠲᠠᠢ ᠪᠦᠷ ᠰᠠᠶᠢᠨ ᠲᠠᠨᠢᠯ ᠭᠡᠨ᠎ᠠ ᠰᠢᠦ︕ ᠲᠡᠭᠡᠭᠡᠳ ᠬᠠᠷᠢᠬᠤ ᠳᠠᠭᠠᠨ ᠪᠦᠷ ᠬᠤᠳᠠ ᠭᠡᠵᠤ ᠶᠠᠮᠠᠷ ᠪᠠᠶᠢᠳᠠᠭ ᠢ ᠮᠢᠨᠤ ᠮᠦᠮᠦ ᠬᠠᠷᠠᠴᠢᠬᠠᠨ᠎ᠠ᠂ ᠪᠡᠶ᠎ᠡ ᠪᠠᠨ ᠢᠳᠡᠭᠡ ᠠ︕ ᠨᠤᠳᠤᠭᠭᠤᠸ᠎ᠠ ᠶᠢ ᠢᠳᠡᠭᠡ᠂ ᠲᠡᠷᠡ ᠡᠮᠴᠢ ᠶᠢ ᠢᠳᠡᠭᠡ︕︾ ᠭᠡᠳ ᠠᠷᠭᠠᠳᠠᠬᠤ ᠶᠢᠨ ᠲᠠᠭᠠᠤ ᠭᠠᠷ ᠲᠤᠨᠢ ᠤᠰᠤ ᠪᠠᠷᠢᠭᠤᠯᠵᠤ ᠡᠮ ᠢ ᠨᠢ ᠠᠳᠬᠤᠭᠤᠯᠵᠤ ᠦᠭᠬᠦᠭᠡᠳ᠂ ᠡᠩᠭᠡᠷ ᠡᠪᠦᠳᠦᠭ ᠢᠶᠠᠷ ᠨᠢ ᠲᠤᠰᠤᠯᠠᠭᠤᠯᠵᠤ ᠠᠰᠠᠬᠠᠭᠰᠠᠨ ᠪᠤᠳᠠᠭ᠎ᠠ ᠲᠤᠰᠤ ᠶᠢ ᠬᠢᠮᠦᠰᠤ ᠪᠠᠷ ᠢᠶᠠᠨ ᠬᠤᠰᠤᠵᠤ ᠠᠷᠴᠢᠨ ᠮᠦᠮᠦ ᠪᠠᠨ ᠪᠤᠰᠤᠳ ᠲᠤ ᠮᠠᠭᠤ ᠬᠠᠷᠠᠭᠤᠯᠬᠤ ᠦᠭᠡᠢ ᠪᠠᠷ ᠬᠢᠴᠢᠶᠠᠵᠤ ᠪᠠᠶᠢᠪᠠ᠃ ᠪᠢ ᠬᠡᠯᠡᠵᠤ ᠲᠡᠶᠢᠯᠦᠰᠢ ᠦᠭᠡᠢ ᠰᠡᠳᠭᠢᠯ ᠬᠦᠳᠡᠯᠪᠡ᠃ ᠬᠤᠷᠸ᠎ᠠ ᠶᠢᠨ ᠬᠠᠮᠤᠭ ᠰᠠᠶᠢᠨ ᠡᠷ᠎ᠡ ᠬᠦᠮᠦᠨ ᠪᠠᠷᠤᠭ ᠡᠨᠡ ᠮᠠᠭᠤ ᠲᠤᠤᠭᠤᠭᠰᠢ ᠪᠠᠨ ᠬᠠᠨᠳᠤᠭᠰᠠᠨ ᠰᠢ ᠭᠸᠤ ᠭᠸᠤ ᠲᠤᠷᠵᠢ ᠶᠤᠮ ᠰᠢᠭ᠋ ᠬᠠᠷᠠᠭᠳᠠᠨ᠎ᠠ᠃ ᠨᠢᠭᠡᠨ ᠡᠷ᠎ᠡ ᠬᠦᠮᠦᠨ᠂ ᠨᠢᠭᠡᠨ ᠡᠵᠢ ᠳᠡᠭᠡᠨ ᠭᠡᠵᠤ ᠬᠠᠷᠢᠭᠤᠴᠠᠭᠰᠠᠨ ᠬᠠᠯᠠᠭᠤᠨ ᠬᠠᠶᠢᠷ᠎ᠠ ᠪᠦᠷ ᠲᠡᠬᠦᠨ ᠤ ᠲᠡᠷᠡ ᠪᠤᠷᠤᠬᠠᠨ ᠬᠦᠳᠡᠯᠦᠯ ᠲᠡᠭᠡᠷ᠎ᠡ ᠬᠠᠷᠠᠭᠳᠠᠵᠤ ᠯᠠ ᠪᠠᠶᠢᠯ᠎ᠠ᠃ ᠨᠢᠭᠡᠨ ᠬᠠᠶᠢᠷ᠎ᠠ ᠬᠠᠷᠢᠭᠤᠴᠠᠯᠭ᠎ᠠ ᠶᠢ ᠰᠢᠮᠡᠳᠴᠦ ᠦᠰᠦᠭᠰᠡᠨ ᠭᠠᠵᠠᠷ ᠤᠰᠤᠨ ᠤ ᠦᠨᠦᠷ ᠲᠡᠷᠡ ᠮᠠᠭᠤ ᠲᠤᠷᠵᠢ ᠠᠴᠠ ᠲᠤᠳᠤᠬᠠᠨ ᠦᠨᠦᠷᠳᠤᠵᠤ ᠪᠤᠢ ᠶᠤᠮ ᠰᠢᠭ᠋ ᠨᠠᠳᠠ ᠰᠠᠨᠠᠭᠳᠠᠭᠠᠳ ᠯᠠ ᠪᠠᠶᠢᠯ᠎ᠠ᠃ ᠪᠢ ᠵᠠᠪᠠᠯ ᠪᠦᠬᠦ ᠴᠢᠳᠠᠯ ᠢᠶᠠᠷ ᠢᠶᠠᠨ ᠬᠠᠮᠵᠢᠵᠤ ᠪᠠᠶᠢᠭᠠᠳ᠂ ᠡᠨᠡ ᠮᠦᠮᠦ ᠶᠢᠨ ᠨᠢᠳᠤ ᠶᠢ ᠰᠠᠷᠠᠭᠤᠯ ᠪᠤᠯᠭᠠᠶ᠎ᠠ ᠭᠡᠵᠤ ᠲᠤᠳᠤᠷ᠎ᠠ ᠪᠠᠨ ᠬᠠᠳᠠᠭᠤ ᠰᠢᠭᠤᠳᠪᠠ᠃ ᠮᠠᠷᠭᠠᠰᠢ ᠨᠢ ᠪᠢ ᠵᠠᠮ ᠲᠠᠭᠠᠭᠤᠯᠵᠤ᠂ ᠲᠤᠷᠵᠢ ᠮᠦᠮᠦ ᠪᠠᠨ ᠬᠦᠳᠦᠯᠵᠤ ᠬᠤᠰᠢᠭᠤᠨ ᠤ ᠵᠡᠭᠡᠯᠢ ᠪᠠᠷ ᠡᠮᠴᠢ ᠶᠢᠨ ᠬᠤᠷᠢᠶ᠎ᠠ ᠪᠠᠷ ᠶᠠᠪᠤᠬᠤ ᠳᠤ᠂ ᠬᠠᠭᠠᠰ ᠨᠠᠰᠤ ᠰᠤᠬᠤᠷ ᠶᠠᠪᠤᠭᠰᠠᠨ ᠪᠤᠷᠬᠠᠨ ᠠᠪᠤ ᠶᠢ ᠪᠠᠨ ᠪᠤᠳᠤᠭᠠᠳ ᠯᠠ ᠪᠠᠶᠢᠯ᠎ᠠ᠃ ᠶᠠᠭᠠᠬᠢᠵᠤ ᠬᠤᠷᠢᠯ᠎ᠠ ᠴᠦ ᠠᠪᠤ ᠪᠤᠳᠤᠭᠳᠠᠨ᠎ᠠ ᠃ ᠡᠨᠡ ᠮᠠᠭᠤ ᠲᠤᠷᠵᠢ ᠶᠢ ᠤᠬᠤᠴᠠᠯᠠᠵᠤ ᠮᠦᠷᠳᠡᠬᠦ ᠶᠤᠮ ᠪᠤᠯ ᠠᠪᠤ ᠶᠢᠨ ᠮᠢᠨᠢ ᠪᠦᠯᠢᠶᠡᠨ ᠭᠠᠷ ᠢᠶᠠᠷ ᠯᠠ ᠲᠡᠮᠵᠢᠵᠤ ᠨᠤᠳᠤᠭ ᠤᠰᠤᠨ ᠲᠡᠭᠡᠷ᠎ᠡ ᠮᠢᠨᠢ ᠦᠨᠳᠦᠰᠦ ᠬᠠᠳᠬᠤᠭᠰᠠᠨ ᠶᠤᠮ᠃ ᠦᠨᠦ ᠪᠤᠯᠬᠤ ᠳᠤ ᠠᠪᠤ ᠮᠢᠨᠢ ᠡᠶᠢᠮᠦᠷᠬᠦᠦ ᠡᠮᠵᠡᠭ ᠲᠠᠢ ᠡᠩᠬᠦᠷᠢ ᠬᠦᠭᠡᠷᠦᠬᠦᠨ ᠲᠦᠷᠢ ᠨᠦᠭᠦᠳ ᠢ ᠨᠠᠳᠠ ᠦᠯᠡᠳᠡᠭᠡᠵᠤ ᠲᠡᠭᠡᠷ᠎ᠡ ᠨᠢ ᠪᠠᠰᠠ ︽ᠰᠠᠶᠢᠳᠤᠷ ᠬᠠᠷᠭᠠᠯᠵᠠᠭᠳᠤᠨ︕︾ ᠭᠡᠰᠡᠨ ᠵᠠᠷᠯᠢᠭ ᠲᠠᠢ ᠪᠠᠨ ᠤᠷᠬᠢᠴᠢᠬᠠᠭᠠᠳ ᠦᠪᠡᠷ ᠢᠶᠠᠨ ᠶᠠᠮᠠᠷ ᠴᠦ ᠵᠢᠷᠤᠭ ᠲᠦᠷᠢ ᠦᠭᠡᠢ ᠬᠤᠷᠸ᠎ᠠ ᠠᠴᠠ ᠶᠠᠪᠤᠭᠠᠳ ᠦᠭᠴᠢᠭᠡᠬᠦ ᠨᠢ᠃ ᠠᠪᠤ ᠮᠢᠨᠢ ᠬᠠᠭᠠᠰ ᠨᠠᠰᠤ ᠪᠠᠷ ᠨᠢᠳᠦ ᠦᠭᠡᠢ ᠶᠠᠪᠤᠯ᠎ᠠ ᠴᠦ ᠪᠢ ᠭᠠᠭᠴᠠ ᠤᠳᠠᠭ᠎ᠠ ᠴᠦ ᠡᠮᠨᠡᠯᠭᠡ ᠳᠤ ᠲᠠᠭᠠᠭᠤᠯᠵᠤ ᠬᠦᠷᠦᠭᠡ ᠦᠭᠡᠢ᠂ ᠡᠮᠨᠡᠯᠭᠡ ᠭᠡᠵᠤ ᠶᠠᠭᠤ ᠶᠢ ᠴᠦ ᠮᠡᠳᠡᠬᠦ ᠦᠭᠡᠢ ᠪᠠᠶᠢᠭᠰᠠᠨ᠃ ᠭᠡᠬᠦ ᠳᠤ ᠠᠪᠤ ᠮᠢᠨᠢ ᠬᠠᠷᠢᠨ ︽ᠨᠠᠮᠠᠢᠢ ᠡᠮᠨᠡᠯᠭᠡ ᠳᠤ ᠦᠵᠡᠬᠦᠯᠬᠦ ᠬᠡᠷᠡᠭ ᠦᠭᠡᠢ᠂ ᠨᠤᠳᠤᠭᠴᠤᠳ ᠢᠶᠠᠨ ᠦᠵᠡᠬᠦᠯ︕︾ ᠭᠡ ᠶᠤᠮ ᠰᠢᠭ᠋ ᠶᠠᠮᠠᠷ ᠴᠦ ᠦᠭᠡ ᠲᠠᠭᠤ ᠦᠭᠡᠢ ᠲᠡᠭᠷᠢ ᠳᠡᠭᠡᠨ ᠶᠠᠪᠤᠴᠢᠬᠠᠬᠤ ᠶᠤᠮ᠃ ᠲᠤᠷᠵᠢ ᠶᠢᠨ ᠮᠦᠮᠦ ᠳᠤ ᠰᠠᠶᠢᠨ ᠡᠮᠴᠢ ᠲᠠᠭᠠᠷᠠᠭᠰᠠᠨ᠃ ᠪᠦᠬᠦ ᠭᠡᠷᠡᠭᠯᠡᠵᠤ ᠪᠤᠯᠬᠤ ᠡᠮ ᠲᠤᠮ ᠢ ᠨᠢ ᠪᠢ ᠪᠦᠷ ᠤᠯᠵᠤ ᠦᠭᠪᠡ᠃ ︽ᠬᠤᠷᠸ᠎ᠠ ᠳᠤ ᠦᠭᠡᠢ ᠶᠠᠭᠤᠮ᠎ᠠ︾ ᠭᠡᠵᠤ ᠬᠡᠯᠡᠳᠡᠭ ᠴᠦ ᠵᠠᠷᠢᠮ ᠳᠠᠭᠠᠨ ᠰᠠᠨᠠᠭ᠎ᠠ ᠲᠠᠯᠪᠢᠪᠠᠯ ︽ᠬᠤᠷᠸ᠎ᠠ ᠳᠤ ᠦᠭᠡᠢ ᠶᠠᠭᠤᠮ᠎ᠠ︾ ᠨᠢ ᠬᠤᠷᠸ᠎ᠠ ᠳᠤ ᠪᠤᠢ ᠪᠤᠯᠵᠤ ᠴᠢᠳᠠᠨ᠎ᠠ᠃ ᠲᠡᠷᠡ ᠪᠤᠯ ᠬᠦᠮᠦᠨ ᠤ ᠪᠤᠳᠤᠯ᠂ ᠬᠤᠷᠸ᠎ᠠ ᠶᠢᠨ ᠪᠠᠶᠠᠯᠢᠭ ᠬᠤᠶᠠᠷ ᠤᠨ ᠰᠡᠮ ᠲᠤᠬᠢᠶ᠎ᠠ ᠪᠢᠯᠠ᠃ ᠲᠤᠷᠵᠢ ᠮᠦᠮᠦ ᠲᠠᠢ ᠪᠠᠨ ᠬᠠᠷᠢᠭᠠᠳ ᠲᠡᠮᠡᠢ ᠬᠡᠳᠦ ᠬᠤᠨᠤᠭᠰᠠᠨ ᠦᠭᠡᠢ ︽ᠡᠳᠦᠷ ᠠᠴᠠ ᠡᠳᠦᠷ ᠨᠢᠳᠤᠨ ᠬᠠᠷᠠᠭ᠎ᠠ ᠨᠢ ᠰᠠᠷᠠᠭᠤᠯ ᠪᠤᠯᠵᠤ ᠪᠠᠶᠢᠨ᠎ᠠ᠂ ᠮᠠᠯ ᠬᠠᠷᠠᠭᠤᠯᠬᠤ ᠪᠤᠯᠵᠤ ᠪᠠᠶᠢᠨ᠎ᠠ ᠁︾ ᠭᠡᠳ᠂ ᠰᠡᠬᠦᠯ ᠳᠤᠨᠢ ᠨᠢᠭᠡᠮᠦᠰᠦᠨ ᠰᠠᠶᠢᠨ ᠪᠤᠯᠴᠢᠬᠠᠯ᠎ᠠ ᠭᠡᠬᠦ ᠮᠡᠳᠦ ᠪᠠᠷ ᠴᠢᠮᠡᠭᠡ ᠢᠷᠡᠬᠦᠯᠵᠤ ᠪᠠᠶᠢᠭᠰᠠᠨ᠃ ᠲᠡᠳᠡ ᠰᠠᠶᠢᠨ ᠪᠤᠯᠴᠢᠬᠠᠭᠰᠠᠨ ᠶᠤᠮ ᠴᠢᠨᠢ ᠪᠢ ᠴᠦ ᠰᠡᠬᠦᠯ ᠳᠤ ᠮᠠᠷᠳᠠᠴᠢᠬᠠᠵᠡᠢ᠃ ᠭᠡᠬᠦ ᠳᠤ ᠲᠤᠷᠵᠢ ᠲᠡᠬᠦᠨ ᠢ ᠦᠨᠦᠳᠦᠷ ᠪᠤᠯᠳᠠᠯ᠎ᠠ ᠪᠤᠳᠤᠭᠠᠳ ᠬᠡᠯᠡᠬᠦ ᠭᠡᠵᠤ ᠰᠠᠨᠳᠤᠷᠤᠭᠠᠳ ᠪᠠᠶᠢᠬᠤ ᠨᠢ᠃ ᠪᠢᠳᠠᠨ ᠢ ᠶᠠᠪᠤᠬᠤ ᠭᠡᠬᠦᠯ᠎ᠠ ᠠᠬ᠎ᠠ᠄ — ᠲᠡᠬᠦᠦ ᠴᠢ ᠨᠠᠭᠠᠰᠢ ᠢᠷᠡᠬᠦᠢ︕ ᠭᠡᠵᠤ ᠨᠠᠮ᠎ᠠ ᠲᠠᠭᠤᠳᠠᠬᠤ ᠶᠤᠮ ᠪᠢᠯᠠ᠃ ᠪᠢ ᠬᠦᠷᠪᠡᠯ᠄ — ᠡᠨᠡ ᠲᠤᠷᠵᠢ ᠴᠢᠮ᠎ᠠ ᠳᠤ ᠵᠢᠭᠠᠬᠠᠨ ᠦᠨᠳᠡᠭᠡ ᠠᠪᠤᠭᠠᠳ ᠢᠷᠡᠭᠰᠡᠨ ᠪᠠᠶᠢᠨ᠎ᠠ᠂ ᠦᠪᠡᠷ ᠢᠶᠠᠨ ᠪᠠᠰᠠ ᠦᠭᠴᠦ ᠴᠢᠳᠠᠬᠤ ᠦᠭᠡᠢ᠂ ᠨᠠᠮ᠎ᠠ ᠶᠢ ᠬᠡᠯᠡᠭᠡᠳ ᠦᠭ ᠭᠡᠬᠦ ᠶᠤᠮ ᠭᠡᠳ ᠢᠨᠢᠶᠡᠴᠢᠭᠡᠪᠠ᠃ ᠲᠡᠭᠡᠬᠦ ᠪᠠᠷ ᠨᠢ ᠲᠤᠷᠵᠢ ᠴᠤ ᠲᠠᠭᠠᠭᠠᠳ ᠬᠢ ᠬᠢ ᠢᠨᠢᠶᠡᠵᠤ᠄ — ᠨᠤᠳᠤᠭᠭᠤᠸ᠎ᠠ ᠡ᠂ ᠡᠶᠢᠮᠤ ᠵᠢᠭᠠᠬᠠᠨ ᠶᠠᠭᠤᠮ᠎ᠠ ᠶᠢ ᠴᠢᠮ᠎ᠠ ᠳᠤ ᠶᠠᠭᠠᠬᠢᠵᠤ ᠦᠭᠳᠡᠭ ᠪᠢᠯᠠ ᠭᠡᠵᠤ ᠪᠤᠳᠤᠭᠠᠳ ᠡᠪ ᠦᠭᠡᠢ ᠪᠤᠯᠬᠤ ᠶᠤᠮ᠂ ᠲᠠᠨᠤᠰ ᠢᠳᠡᠬᠦ ᠲᠤᠷ᠎ᠠ ᠲᠠᠢ ᠴᠤ ᠶᠤᠮ ᠤᠤ︖ ᠦᠭᠡᠢ ᠴᠤ ᠶᠤᠮ ᠤᠤ︖ ᠮᠠᠨ ᠤ ᠮᠦᠮᠦ ᠴᠢᠮ᠎ᠠ ᠦᠭᠡᠷ ᠤᠨ ᠮᠢᠬ᠎ᠠ ᠠᠪᠬᠤ ᠪᠠᠷ ᠬᠠᠷᠢᠵᠤ ᠢᠷᠡᠬᠦ ᠶᠢ ᠰᠤᠨᠤᠰᠤᠭᠰᠠᠨ ᠠᠴᠠ ᠬᠤᠶᠢᠰᠢ ᠡᠳᠦᠷ ᠡᠳᠦᠷ ᠲᠡᠬᠢᠶᠡᠨ ᠤ ᠪᠠᠨ ᠦᠨᠳᠡᠭᠡ ᠶᠢ ᠨᠢᠭᠡ ᠨᠢᠭᠡ ᠪᠠᠷ ᠲᠡᠬᠦᠭᠡᠳ ︽ᠨᠤᠳᠤᠭᠭᠤᠸ᠎ᠠ ᠳᠤ ᠦᠭᠬᠦᠶ᠎ᠠ︕︾ ᠭᠡᠳ ᠨᠦᠭᠡᠭᠡᠵᠤ ᠯᠠ ᠪᠠᠶᠢᠭᠰᠠᠨ᠃ ᠬᠠᠭᠠᠷᠠᠵᠤ ᠪᠠᠯᠪᠠᠷᠠᠴᠢᠬᠠᠬᠤ ᠠᠴᠠ ᠬᠢᠴᠢᠶᠠᠵᠤ ᠰᠠᠶᠢᠬᠠᠨ ᠴᠡᠪᠡᠷ ᠰᠢᠷᠦ᠋ᠢᠨ ᠳᠤ ᠪᠤᠯᠠᠵᠤ ᠰᠠᠪᠠᠯᠠᠭᠰᠠᠨ ᠶᠤᠮ᠂ ᠬᠦᠳᠡᠭᠡ ᠶᠢᠨ ᠬᠦᠮᠦᠰ ᠤᠨ ᠰᠠᠨᠠᠭ᠎ᠠ ᠰᠢᠳᠠ᠂ ᠴᠢ ᠭᠤᠯᠤᠬᠤ ᠦᠭᠡᠢ ᠪᠤᠯ ᠁ ᠭᠡᠬᠦ ᠪᠠᠷ ᠨᠢ ᠪᠢ᠄ — ᠪᠤᠯᠤᠨ᠎ᠠ᠂ ᠪᠤᠯᠤᠨ᠎ᠠ᠂ ᠪᠢ ᠴᠤᠬᠤᠮ ᠲᠤᠷᠠᠳᠠᠢ᠂ ᠶᠠᠭᠠᠬᠢᠵᠤ ᠵᠢᠭᠠᠬᠠᠨ ᠬᠦᠳᠡᠭᠡᠨ ᠤ ᠦᠨᠳᠡᠭᠡ ᠤᠯᠤᠶ᠎ᠠ ᠳ᠋ᠤᠤ ᠭᠡᠵᠤ ᠪᠤᠳᠤᠵᠤ ᠪᠠᠶᠢᠭᠰᠠᠨ︕ ᠭᠡᠵᠤ ᠬᠤᠷᠳᠤᠨ ᠬᠡᠯᠡᠪᠡ᠃ ᠲᠤᠷᠵᠢ᠄ — ᠠᠶ᠎ᠠ᠂ ᠴᠢᠨᠤ ᠢᠡᠭᠬᠢᠵᠤ ᠲᠤᠷᠠᠳᠠᠢ ᠪᠠᠶᠢᠬᠤ ᠶᠢ ᠪᠤᠳᠤᠵᠤ ᠤᠯᠤᠭᠰᠠᠨ ᠦᠭᠡᠢ ᠂ ᠵᠠ᠂ ᠵᠠ︕ ᠭᠡᠳ ᠮᠠᠩᠨᠠᠢ ᠪᠠᠨ ᠠᠷᠴᠢᠨ ᠪᠠᠶᠠᠰᠪᠠ᠃ ᠬᠤᠳᠠᠨ ᠳᠠᠭᠠᠨ ᠬᠠᠷᠢᠵᠤ ᠢᠷᠡᠭᠡᠳ ᠲᠡᠳᠡᠭᠡᠷ ᠵᠢᠵᠢᠭ ᠵᠢᠵᠢᠭ ᠴᠡᠪᠡᠷᠭᠡᠨ ᠦᠨᠳᠡᠭᠡ ᠶᠢ ᠢᠳᠡᠬᠦ ᠶᠢᠨ ᠪᠤᠯᠭᠠᠨ ᠲᠡᠷᠡᠬᠦ ᠤᠰᠤ ᠰᠢᠭ᠋ ᠬᠠᠯᠢᠭᠤᠷᠠᠬᠤ ᠡᠯᠡᠰᠦᠨ ᠳᠤ ᠭᠠᠷ ᠢᠶᠠᠨ ᠰᠢᠷᠭᠤᠭᠤᠯᠳᠠᠭ᠃ ᠬᠠᠶᠢᠷ᠎ᠠ ᠪᠢᠯᠬᠠᠷᠠᠭᠰᠠᠨ ᠲᠡᠷᠡ ᠰᠢᠷᠦ᠋ᠢᠨ ᠳᠤ ᠭᠠᠷ ᠢᠶᠠᠨ ᠬᠦᠷᠭᠡᠬᠦ ᠶᠢᠨ ᠪᠦᠷᠢ ᠰᠡᠳᠭᠢᠯ ᠳᠤ ᠡᠬᠡ ᠲᠡᠯᠡᠭᠡᠢ ᠶᠢᠨ ᠡᠩᠬᠦᠷᠡᠢ ᠲᠤᠷᠭᠠᠨ ᠪᠠᠶ᠎ᠡ ᠲᠡᠮᠳᠡᠷᠢᠭᠳᠡᠬᠦ ᠶᠤᠮ᠃ ᠦᠨᠳᠡᠭᠡ ᠶᠢ ᠨᠢ ᠢᠳᠡᠭᠡᠳ ᠪᠠᠷᠠᠭᠠᠴᠢᠬᠠᠭᠰᠠᠨ ᠴᠤ ᠲᠡᠷᠡᠬᠦ ᠡᠷᠬᠢᠮᠰᠦᠭ ᠡᠩᠬᠦᠷᠢ ᠲᠤᠷᠭᠠᠨ ᠰᠢᠷᠦᠢ ᠶᠢ ᠨᠢ ᠪᠢ ᠠᠰᠬᠠᠵᠤ ᠴᠢᠳᠠᠬᠤ ᠦᠭᠡᠢ ᠯᠠ ᠪᠠᠶᠢᠪᠠ᠃ ᠲᠡᠷᠡ ᠲᠤᠩᠭᠠᠯᠠᠭ ᠰᠠᠷᠠᠭᠤᠯᠬᠠᠨ ᠠᠭᠤᠷ ᠠᠮᠢᠰᠬᠤᠯ ᠰᠢᠩᠬᠢᠭᠰᠡᠨ ᠴᠡᠪᠠᠷ ᠴᠡᠮᠴᠡᠭᠡᠷ ᠰᠢᠷᠦᠢ ᠶᠢ ᠡᠨᠡ ᠬᠤᠳᠠ ᠶᠢᠨ ᠲᠦᠮᠠᠨ ᠬᠦᠮᠦᠨ ᠤ ᠬᠦᠯ ᠲᠤᠤᠷ᠎ᠠ ᠠᠰᠬᠠᠵᠤ ᠶᠠᠭᠠᠬᠢᠨ ᠴᠢᠳᠠᠬᠤ ᠪᠢᠯᠠ᠃ ᠦᠨᠳᠡᠭᠡᠨ ᠤ ᠬᠡᠪᠡᠷᠡᠭ ᠬᠠᠯᠢᠰᠤ ᠶᠢ ᠬᠠᠭᠠᠯᠬᠤ ᠠᠴᠠ ᠬᠠᠮᠠᠭᠠᠯᠠᠵᠤ ᠢᠷᠡᠭᠰᠡᠨ ᠲᠡᠷᠡ ᠲᠤᠷᠭᠠᠨ ᠰᠢᠷᠦᠢ ᠤᠳᠤ ᠮᠢᠨᠤ ᠬᠠᠶᠢᠷ᠎ᠠ ᠰᠡᠳᠭᠢᠯ ᠤᠨ ᠨᠢᠮᠭᠡᠨ ᠬᠠᠯᠢᠰᠤ ᠶᠢ ᠬᠠᠮᠠᠭᠠᠯᠠᠵᠤ ᠠᠰᠠᠷ ᠤᠨ ᠮᠢᠨᠢ ᠨᠢᠭᠡ ᠦᠨᠴᠦᠭ ᠲᠤ ᠤᠭᠤᠳᠠ ᠲᠠᠢ ᠪᠠᠨ ᠲᠠᠯᠪᠢᠭᠠᠰᠤᠳᠠᠢ᠃ ᠰᠡᠬᠦᠯᠡᠷ ᠨᠢ ᠪᠢ ᠰᠠᠶᠢᠬᠠᠨ ᠴᠡᠴᠡᠭ ᠤᠨ ᠫᠠᠩᠰᠡ ᠠᠪᠴᠦ ᠲᠡᠷᠡ ᠰᠢᠷᠦᠢ ᠪᠠᠨ ᠬᠢᠭᠡᠳ ᠬᠤᠸᠠᠷ ᠴᠡᠴᠡᠭ ᠲᠡᠷᠢᠪᠡ᠃ ᠬᠠᠶᠢᠷ᠎ᠠ ᠠᠰᠬᠠᠷᠠᠭᠰᠠᠨ ᠲᠡᠷᠡ ᠬᠠᠯᠠᠭᠤᠨ ᠰᠢᠷᠦ᠋ᠢᠨ ᠳᠤ ᠰᠠᠶᠢᠬᠠᠨ ᠴᠡᠴᠡᠭ ᠪᠡᠳᠮᠡᠯᠠᠨ ᠲᠡᠯᠭᠡᠷᠡᠵᠤ ᠰᠡᠳᠭᠢᠯ ᠢ ᠮᠢᠨᠢ ᠲᠡᠵᠢᠭᠡᠵᠤ ᠬᠠᠶᠢᠷ᠎ᠠ ᠶᠢ ᠮᠢᠨᠢ ᠤᠮᠳᠠᠯᠠᠵᠤ ᠪᠠᠶᠢᠯ᠎ᠠ᠃ ᠲᠡᠷᠡ ᠬᠤᠸᠠᠷ ᠴᠡᠴᠡᠭ ᠦᠨᠳᠦᠷ ᠠᠰᠠᠷ ᠲᠠᠬᠢ ᠦᠷᠦᠭᠡ ᠭᠡᠷ ᠢ ᠮᠢᠨᠢ ᠡᠬᠡ ᠲᠡᠯᠡᠬᠡᠢ ᠶᠢᠨ ᠡᠷᠡᠬᠦᠯᠭᠡᠨ ᠠᠭᠠᠷ ᠠᠮᠢᠰᠬᠤᠯ ᠢᠶᠠᠷ ᠲᠦᠬᠦᠷᠭᠡᠵᠤ᠂ ᠠᠮᠢ ᠨᠠᠰᠤᠨ ᠤ ᠮᠢᠨᠢ ᠡᠮᠵᠡᠭᠭᠡᠨ ᠨᠢᠮᠭᠡᠨ ᠬᠠᠯᠢᠰᠤ ᠶᠢ ᠪᠦᠪᠠᠶᠢᠯᠡᠨ ᠬᠠᠮᠠᠭᠠᠯᠠᠵᠤ᠂ ᠬᠦᠮᠦᠨ ᠬᠠᠶᠢᠷ᠎ᠠ ᠶᠢᠨ ᠮᠢᠨᠢ ᠬᠠᠯᠢᠰᠤ ᠶᠢ ᠤᠠᠯᠮ ᠤᠶᠠᠨ ᠵᠦᠭᠡᠯᠡᠨ ᠪᠤᠯᠭᠠᠵᠤ ᠪᠠᠶᠢᠯ᠎ᠠ᠃ ᠲᠡᠷᠡ ᠡᠷᠡᠬᠦᠯ ᠠᠭᠠᠷ ᠠᠮᠢᠰᠬᠤᠯ ᠳᠤ ᠬᠦᠦ ᠪᠢᠳᠠ ᠬᠤᠶᠠᠭᠤᠯᠠ ᠪᠠᠨ ᠡᠳᠦᠷ ᠪᠦᠷᠢ ᠰᠠᠶᠢᠬᠠᠨ ᠶᠠᠭᠤᠮ᠎ᠠ ᠪᠤᠳᠤᠵᠤ᠂ ᠰᠠᠶᠢᠬᠠᠨ ᠤᠴᠢᠷ ᠢᠶᠠᠨ ᠬᠡᠯᠡᠯᠴᠡᠨ᠂ ᠵᠢᠷᠭᠠᠯ ᠢᠶᠠᠷ ᠤᠨᠳᠠᠵᠤ ᠪᠠᠶᠠᠷ ᠢᠶᠠᠷ ᠰᠡᠷᠡᠳᠡᠭ᠃ 2011 ᠤᠨ ᠤ ᠵᠤᠨ ᠤ ᠰᠡᠬᠦᠯᠴᠢ᠃ ᠲᠤᠰ ᠵᠤᠬᠢᠶᠠᠯ ᠢ ᠤᠷᠠᠩᠭᠤᠸ᠎ᠠ ᠶᠢᠨ ︽ᠬᠦᠮᠦᠨ ᠤ ᠭᠡᠭᠡᠨ ᠲᠤᠭᠤᠷᠢᠭ︾ ᠭᠡᠬᠦ ᠨᠤᠮ ᠠᠴᠠ ᠰᠢᠯᠵᠢᠬᠦᠯᠪᠠ ᠤᠷᠠᠩᠭᠤᠸ᠎ᠠ ᠶᠢᠨ ᠤᠳᠤ ᠲᠡᠭᠡᠷ᠎ᠡ ᠭᠡᠪᠯᠡᠭᠳᠡᠭᠡᠳ ᠪᠠᠶᠢᠭ᠎ᠠ ᠨᠤᠮ ᠤᠳ ᠸᠢᠴᠡᠲ᠂ ᠤᠳᠠᠰᠤ᠄ 15034915595    
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号