ᠤᠷᠠᠬᠳᠠᠬᠰᠠᠨ ᠲᠡᠤᠭᠡ ᠶᠢᠨ ᠪᠠᠯᠠᠷᠬᠠᠢ ᠮᠦᠷ ᠢᠶᠠᠷ ᠁  ᠲᠦᠷᠪᠡ
ᠨᠡᠶᠢᠲᠡᠯᠡᠭᠰᠡᠨ ᠴᠠᠭ᠄
2020-06-23
 ᠲᠦᠷᠪᠡᠪᠡᠶ᠎ᠡ ᠪᠡᠶᠡᠨ ᠢᠶᠠᠨ ᠦᠵᠡᠨ ᠶᠠᠳᠠᠬᠴᠢ ᠴᠢᠩᠬᠢᠰ ᠤᠨ ᠦᠷᠡᠰ ᠴᠢᠮᠠᠯᠠᠬᠤ ᠪᠠᠷ ᠦᠬᠡᠢ ᠤᠯᠠᠨᠬᠡᠨ ᠬᠡᠨ ᠢ ᠪᠠᠨ ᠲᠡᠮᠵᠢᠳᠡᠭ ᠦᠬᠡᠢ ᠲᠡᠳᠡᠨᠦᠰ ᠬᠤᠷᠠᠯᠳᠠᠢ ᠶᠢᠨ ᠶᠤᠰᠤᠨ ᠢ ᠦᠪᠡᠰᠦᠪᠡᠨ ᠵᠦᠷᠢᠴᠡᠳᠡᠭᠰᠤᠯᠠ ᠲᠤᠷᠤᠢ ᠪᠡᠶ᠎ᠡ ᠲᠠᠢ ᠬᠠᠨ ᠭᠦᠪᠡᠭᠦᠨ ᠤ ᠶᠡᠭᠡᠮᠰᠦᠭ ᠪᠠᠷᠳᠠᠮ ᠨᠢ ᠴᠦ ᠬᠢᠷᠢ ᠠᠴᠠ ᠬᠡᠲᠦᠷᠡᠯ᠎ᠡᠠᠷᠢᠬᠢ ᠲᠠᠷᠠᠰᠤᠨ ᠳᠤ ᠭᠡᠳᠦᠷᠭᠡᠢ ᠰᠢᠨᠤᠬᠠᠶᠢᠷᠠᠨ ᠤᠯᠠᠨ ᠤ ᠰᠡᠳᠬᠢᠯ ᠢ ᠠᠯᠳᠠᠵᠤ ᠭᠦᠢᠴᠡᠯ᠎ᠡ ᠡᠵᠡᠨ ᠴᠢᠩᠬᠢᠰ ᠤᠨ ᠨᠢᠬᠡᠨ ᠪᠡᠶ᠎ᠡ ᠪᠠᠷ ᠬᠠᠲᠠᠮᠵᠢᠯᠠᠨ ᠪᠠᠶᠢᠭᠤᠯᠤᠬᠰᠠᠨ ᠵᠠᠰᠠᠭ ᠴᠠᠭᠠᠵᠠ ᠪᠦᠬᠦᠨ ᠢ ᠡᠷᠡᠮᠳᠡᠭᠵᠢᠨ ᠴᠠᠯᠠᠭᠠᠶᠢᠷᠠᠬᠰᠠᠨ ᠲᠡᠭᠦᠨ ᠤ ᠬᠤᠶᠢᠴᠢᠰ ᠦᠪᠡᠷᠰᠡᠳ ᠤᠨ ᠢᠶᠠᠨ ᠠᠮᠢᠳᠤᠷᠠᠯ ᠢᠶᠠᠷ ᠦᠬᠡᠶᠢᠭᠢᠭᠰᠡᠭᠡᠷ ᠡᠷᠡᠭᠳᠡᠢ ᠡᠮᠡᠭᠳᠡᠢ ᠶᠢᠨ ᠡᠷᠭᠡ ᠲᠡᠭᠰᠢ ᠶᠢ ᠬᠠᠩᠭᠠᠬᠰᠠᠨ ᠠᠷᠭ᠎ᠠ ᠪᠢᠯᠢᠭ ᠤᠨ ᠲᠤᠬᠳᠠᠯᠴᠠᠭ᠎ᠠ ᠶᠢ ᠦᠪᠡᠷ ᠬᠤᠭᠤᠷᠤᠨᠳᠦ ᠪᠠᠨ ᠬᠢᠮᠤᠷᠠᠯᠳᠤᠨ ᠲᠠᠶᠢᠰᠤᠩᠨᠠᠯᠴᠠᠬᠰᠠᠨ ᠪᠤᠷᠵᠢᠬᠢᠨ ᠤ ᠬᠤᠶᠢᠴᠢᠰ ᠦᠷᠡᠨ ᠲᠠᠷᠠᠨ ᠪᠣᠯᠭᠠᠪᠠ ᠪᠠᠯᠴᠢᠷ ᠵᠠᠯᠠᠭᠤ ᠤᠶᠢᠷᠠᠳ ᠪᠦᠰᠡᠭᠦᠶᠢᠴᠤᠳ ᠢ ᠭᠦᠴᠦᠨᠳᠡᠨ ᠲᠤᠷᠤᠮᠵᠢᠯᠠᠬᠰᠠᠨ ᠪᠠᠯᠠᠮᠠᠳ ᠦᠢᠯᠡ ᠪᠠᠭ᠎ᠠ ᠲᠡᠭᠦᠦ ᠴᠡᠴᠡᠶᠢᠬᠡᠨ ᠤ ᠡᠵᠡᠮᠰᠢᠯ ᠨᠤᠳᠤᠭ ᠢ ᠪᠤᠯᠢᠶᠠᠨ ᠡᠷᠭᠡᠰᠢᠶᠡᠭᠰᠡᠨ ᠠᠯᠳᠠᠨ ᠤᠷᠤᠭ ᠤᠨ ᠡᠷᠡᠴᠤᠳ ᠶᠢᠰᠦᠢ᠂ ᠶᠢᠰᠦᠬᠡᠨ ᠤ ᠮᠡᠳᠡᠯ ᠳᠤ ᠪᠠᠶᠢᠬᠰᠠᠨ ᠬᠠᠩᠭᠠᠢ ᠶᠢᠨ ᠨᠢᠷᠤᠭᠤ᠂ ᠲᠤᠤᠯᠠ ᠶᠢᠨ ᠰᠠᠪᠠ ᠭᠠᠵᠠᠷ ᠤᠳ ᠶᠢᠷᠳᠢᠨᠴᠦ ᠶᠢᠨ ᠮᠦᠩᠬᠡ ᠪᠤᠰᠦ ᠶᠢ ᠦᠵᠡᠬᠦ ᠶᠢᠨ ᠲᠡᠳᠦᠢ ᠳᠤ ᠡᠷᠡᠴᠦᠳ ᠤᠨ ᠪᠤᠯᠢᠶᠠᠯᠭ᠎ᠠ ᠳᠤ ᠦᠷᠳᠦᠭᠰᠡᠭᠡᠷᠭᠡᠯᠮᠡᠭᠳᠡᠨ ᠬᠤᠬᠢᠷᠠᠵᠤ ᠵᠤᠪᠠᠨ ᠰᠢᠨᠠᠯᠤᠬᠰᠠᠨ ᠢ ᠮᠢᠨᠢ ᠲᠡᠤᠭᠡ ᠶᠢᠨ ᠬᠠᠭᠤᠳᠠᠰᠤᠨ ᠳᠠᠭᠠᠨ ᠦᠯᠡᠳᠡᠭᠡᠭᠡ ᠦᠬᠡᠢ ᠴᠦ ᠭᠡᠳᠦᠷᠭᠡᠢ ᠤᠮᠤᠬᠯᠠᠩ ᠰᠦᠭ ᠰᠦᠨᠡᠰᠦ ᠰᠢᠩᠭᠡᠭᠡᠰᠦᠳᠡᠢ ᠦᠷᠭᠦᠭᠡ ᠭᠡᠷ ᠢ ᠮᠢᠨᠢ ᠬᠠᠮᠢᠭᠠᠰᠢ ᠨᠡᠭᠦᠯᠭᠡᠪᠡᠡᠮᠡᠭᠳᠡᠢ ᠭᠦᠮᠦᠨ ᠤᠯᠤᠰ ᠲᠦᠷᠦ ᠳᠤ ᠤᠷᠤᠯᠴᠠᠬᠤ ᠨᠢ ᠤᠤᠯ ᠠᠴᠠ ᠲᠤᠬᠳᠠᠭᠠᠬᠰᠠᠨ ᠮᠡᠷᠭᠡᠨ ᠵᠠᠰᠠᠭᠡᠪᠦᠭᠡᠳ ᠤᠨ ᠶᠤᠰᠦ ᠶᠢ ᠮᠦᠷᠳᠡᠨ ᠡᠭᠡᠳᠡᠷᠡᠭᠡᠨᠳᠦ ᠴᠠᠭ ᠲᠤ ᠴᠡᠬᠡᠵᠢ ᠲᠦᠷᠢᠨ ᠬᠠᠳᠤᠳ ᠲᠦᠷᠦ ᠵᠠᠰᠠᠬᠤᠢᠡᠷᠬᠢᠮ ᠵᠡᠷᠭᠡᠯᠡᠯ ᠢᠶᠠᠷ ᠶᠡᠭᠡ ᠬᠠᠳᠤᠨ ᠡᠷᠬᠦᠮᠵᠢᠯᠡᠭᠳᠡᠭᠰᠡᠨ ᠲᠦᠷᠭᠡᠨ᠎ᠡ ᠬᠢᠯᠠᠰ ᠲᠤᠯᠠᠰ ᠭᠠᠩᠬᠤᠬᠤ ᠮᠡᠳᠦᠡᠵᠡᠭᠦᠢ ᠲᠤᠶᠢᠮᠠᠷ ᠲᠤ ᠤᠤᠭᠠᠯ ᠬᠠᠶᠢᠮᠢᠰᠢ ᠶᠢᠨ ᠭᠠᠰᠢᠭᠤᠨ ᠰᠡᠭᠦᠷᠡᠰᠦ ᠬᠠᠮᠢᠭ᠎ᠠ ᠨᠢᠬᠡᠨ᠎ᠡ ᠰᠤᠨᠤᠰᠳᠠᠬᠤ ᠰᠢᠭ᠋ᠬᠡᠵᠢᠶ᠎ᠡ᠂ ᠬᠡᠨ ᠳᠤ ᠴᠦ ᠪᠦᠷᠢᠨ ᠢᠯᠠᠬᠳᠠᠵᠤ ᠪᠠᠶᠢᠭ᠎ᠠ ᠦᠬᠡᠢ ᠢᠰᠡᠭᠡᠢ ᠲᠤᠭᠤᠷᠭᠠᠳᠠᠳ ᠤᠨ ᠲᠡᠤᠭᠡ ᠶᠢᠬᠤᠲᠠᠯᠠ ᠭᠦᠩᠵᠦ ᠰᠢᠭ ᠡᠷᠡᠰᠢᠭᠦᠳ ᠭᠦᠴᠦᠳᠡᠢ ᠬᠠᠭᠠᠨ ᠤ ᠦᠬᠢᠨ ᠪᠢ ᠲᠤᠯᠭᠠᠭᠤᠷᠢᠯᠠᠵᠤ ᠶᠠᠪᠤᠬᠰᠠᠨ ᠶᠤᠮᠬᠠᠳᠠᠭᠤ ᠭᠠᠷ ᠢᠶᠠᠷ ᠭᠦᠪᠡᠭᠦᠳ ᠢᠶᠠᠨ ᠭᠦᠮᠦᠵᠢᠬᠦᠯᠵᠦ ᠴᠠᠭ ᠢ ᠭᠦᠯᠢᠶᠡᠭᠰᠡᠨ ᠰᠤᠷᠬᠠᠬᠳᠠᠨᠢ ᠬᠠᠳᠤᠨ ᠪᠢ ᠬᠡᠴᠢᠨᠡᠬᠡᠨ ᠵᠢᠯ ᠢ ᠬᠠᠳᠠᠭᠤᠵᠢᠨ ᠦᠩᠭᠡᠷᠡᠭᠡᠭᠰᠡᠨ ᠮᠢᠨᠢ ᠴᠤᠬᠤᠮ ᠶᠠᠭᠤᠨ ᠤ ᠲᠦᠯᠦᠬᠡ ᠶᠤᠮ ᠪᠤᠢᠬᠠᠤᠯᠢ ᠶᠤᠰᠦ ᠶᠢ ᠵᠢᠱᠢᠶᠡᠴᠢ ᠪᠠᠷ ᠮᠦᠷᠳᠡᠭᠰᠡᠨ ᠠᠴᠠ ᠬᠠᠷᠠᠳᠠᠯᠭ᠎ᠠ ᠰᠢᠳᠭᠡᠯ ᠠᠴᠠ ᠮᠤᠯᠳᠤᠷᠠᠵᠤᠬᠤᠷᠠᠯᠳᠠᠢ ᠳᠤ ᠪᠡᠯᠡᠳᠭᠡᠭᠳᠡᠭᠰᠡᠨ ᠪᠦᠬᠦᠶᠢᠯᠡ ᠠᠮᠢᠳᠤᠷᠠᠯ ᠮᠢᠨᠢ ᠪᠠᠰᠠ ᠭᠡᠨ ᠤ ᠲᠦᠯᠦᠬᠡ ᠶᠤᠮᠬᠠᠭᠠᠨ ᠰᠠᠭᠤᠬᠤ ᠦᠨᠳᠦᠷ ᠪᠤᠯᠪᠠᠰᠤᠷᠠᠯ ᠳᠤ ᠭᠦᠪᠡᠭᠦᠳ ᠢᠶᠠᠨ ᠴᠢᠳᠠᠪᠤᠷᠢᠯᠢᠭ ᠰᠤᠷᠭᠠᠵᠤᠬᠠᠷᠠᠬᠠᠨ ᠲᠤᠯᠵᠤ ᠢᠷᠡᠭᠦ ᠲᠡᠭᠷᠢ ᠶᠢᠨ ᠴᠠᠭ ᠢ ᠤᠳᠠᠭᠠᠨ ᠲᠡᠪᠴᠢᠶᠡᠷᠢᠳᠡᠢ ᠭᠦᠯᠢᠶᠡᠭᠰᠡᠨ ᠶᠤᠮᠬᠠᠯᠠᠭ ᠬᠤᠬᠤᠢ᠂ ᠬᠠᠶᠢᠷᠠᠨ ᠪᠡᠶ᠎ᠡ ᠮᠢᠨᠢ ᠮᠦᠩᠭᠡ ᠪᠤᠰᠦ ᠶᠢ ᠬᠠᠯᠳᠦ ᠦᠵᠡᠭᠦᠯᠳᠡᠯ᠎ᠡᠬᠠᠶᠢᠷᠠᠯᠠᠵᠤ ᠦᠰᠭᠡᠭᠰᠡᠨ ᠬᠠᠨ ᠭᠦᠪᠡᠭᠦᠳ ᠮᠢᠨᠢ ᠬᠠᠯᠠᠭᠤᠨ ᠵᠠᠭᠤᠷ᠎ᠠ ᠪᠠᠨ ᠠᠯᠠᠯᠳᠤᠬᠤ ᠨᠢ ᠶᠠ᠊
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号