ᠤᠷᠠᠬᠳᠠᠬᠰᠠᠨ ᠲᠡᠤᠭᠡ ᠶᠢᠨ ᠪᠠᠯᠠᠷᠬᠠᠢ ᠮᠦᠷ ᠢᠶᠠᠷ ᠁ ᠭᠤᠷᠪᠠ
ᠨᠡᠶᠢᠲᠡᠯᠡᠭᠰᠡᠨ ᠴᠠᠭ᠄
2020-06-23
   ᠭᠤᠷᠪᠠᠤᠬᠠᠭᠠᠯᠢᠭ ᠮᠤᠩᠭᠤᠯ ᠬᠠᠳᠤᠨ ᠪᠢ ᠪᠠᠷ ᠤᠰᠤᠨ ᠰᠢᠭ᠋ ᠲᠤᠩᠭᠠᠯᠠᠭ ᠭᠡᠪ ᠢᠶᠠᠷ ᠠᠮᠢᠳᠤᠷᠠᠳᠠᠭᠤᠷᠬᠤᠨ ᠲᠤᠤᠯᠠ ᠶᠢᠨ ᠭᠦᠪᠡᠭᠡ ᠪᠠᠷ ᠠᠯᠳᠠᠨ ᠡᠮᠵᠢᠶᠡᠷᠢᠳᠦ ᠤᠷᠳᠦ ᠦᠷᠭᠦᠭᠡ ᠮᠢᠨᠢ ᠡᠩᠨᠡᠷᠡᠨ᠎ᠡᠤᠷᠤᠭ ᠲᠦᠷᠦᠯ ᠤᠨ ᠬᠢᠨ᠂ ᠠᠯᠪᠠᠳᠦ ᠬᠠᠷᠠᠴᠣᠤᠯ᠂ ᠴᠡᠷᠢᠭ ᠲᠠᠶᠢᠴᠢᠳ ᠪᠦᠭᠦᠳᠡᠭᠡᠷ ᠢᠶᠠᠨᠤᠷᠳᠤ ᠤᠳᠠᠭᠠᠨ ᠬᠤᠭᠤᠴᠠᠭ᠎ᠠ ᠪᠠᠷ ᠬᠠᠳᠤᠳ ᠤᠨ ᠵᠠᠬᠢᠷᠭᠠᠨ ᠳᠤ ᠪᠠᠭᠲᠠᠯᠴᠠᠨ᠎ᠠᠦᠨᠳᠦᠷ ᠪᠤᠯᠪᠠᠰᠤᠷᠠᠯ᠂ ᠤᠬᠠᠭᠠᠨ ᠮᠡᠳᠡᠯᠬᠡ ᠪᠠᠷ ᠤᠯᠤᠰ ᠲᠦᠷᠦ ᠳᠤ ᠭᠠᠷᠮᠠᠭᠠᠶᠢᠯᠠᠵᠤᠤᠯᠠᠨ ᠮᠢᠩᠭᠠᠨ ᠡᠷᠡᠴᠦᠳ ᠮᠤᠩᠭᠤᠯ ᠬᠠᠳᠤᠨ ᠮᠢᠨᠦ ᠵᠠᠬᠢᠷᠭ᠎ᠠ ᠶᠢ ᠰᠤᠨᠤᠰᠤᠨ ᠪᠠᠶᠢᠯᠤᠭ᠎ᠠᠤᠸ᠎ᠠ ᠶᠢᠨ ᠦᠨᠦᠷ ᠲᠠᠢ ᠲᠦᠷᠦ ᠶᠢᠨ ᠲᠠᠮᠠᠭ᠎ᠠ ᠶᠢ ᠰᠠᠪᠬᠠᠨ ᠴᠠᠭᠠᠨ ᠬᠤᠷᠤᠭᠤᠨ᠎ᠠ ᠪᠦᠮᠪᠦᠷᠢᠬᠦᠯᠵᠦᠤᠳᠤᠷᠢᠳᠤᠨ ᠵᠠᠬᠢᠷᠬᠤ ᠮᠤᠩᠭᠤᠯ ᠤᠨ ᠶᠡᠭᠡ ᠭᠦᠷᠦᠨ᠎ᠡ ᠶᠡᠭᠡ ᠬᠠᠳᠤᠨ ᠬᠡᠮᠡᠨ ᠴᠤᠯᠠᠯᠠᠬᠳᠠᠨᠠᠮᠡᠷᠢᠯ ᠢᠶᠠᠷ ᠶᠤᠮ ᠦᠦ᠂ ᠤᠳᠤᠷ ᠢᠶᠠᠷ᠂ ᠡᠰᠡᠭᠦᠯ᠎ᠡ ᠠᠶᠠᠨ ᠲᠠᠶᠢᠨ ᠳᠤ ᠡᠷ᠎ᠡ ᠨᠦᠬᠦᠷ ᠮᠢᠨᠢ ᠡᠵᠡᠬᠦᠢᠡᠮᠵᠡᠭ ᠢᠶᠠᠨ ᠠᠰᠠᠷᠠᠵᠤ ᠨᠢᠯᠬᠠᠰ ᠢᠶᠠᠨ ᠲᠡᠳᠭᠦᠨ᠂ ᠦᠨᠢᠶ᠎ᠡ ᠰᠠᠭᠠᠵᠤ᠂ ᠬᠤᠨᠢ ᠬᠠᠷᠢᠭᠤᠯᠠᠨᠡᠩ ᠤᠨ ᠵᠤᠬᠢᠰᠳᠠᠢ ᠭᠦᠳᠡᠯᠮᠦᠷᠢ ᠶᠢᠨ ᠬᠤᠪᠢᠶᠠᠷᠢ ᠳᠤ ᠡᠮᠡᠭᠳᠡᠶᠢᠴᠤᠳ ᠪᠢᠳᠡ ᠡᠨᠡᠭᠰᠢᠨ ᠲᠠᠰᠴᠦᠡᠵᠡᠨᠳᠦ ᠭᠦᠷᠦᠨ ᠤ ᠮᠠᠨᠳᠤᠨ ᠪᠠᠳᠠᠷᠠᠬᠤ ᠳᠤ ᠭᠤᠤᠯ ᠲᠦᠯᠬᠢᠭᠦᠷ ᠢ ᠨᠢ ᠠᠳᠬᠤᠵᠤ ᠶᠠᠪᠤᠬᠰᠠᠨ ᠶᠤᠮᠠᠷᠠᠯᠵᠢᠶ᠎ᠠ ᠮᠠᠶᠢᠮᠠᠢ᠂ ᠠᠶᠠᠨ ᠵᠢᠩ᠂ ᠠᠶᠠᠯᠠᠨ ᠵᠢᠭᠤᠯᠴᠢᠯᠠᠯ ᠭᠡᠭᠴᠢ ᠶᠠᠩᠵᠤ ᠶᠢᠨ ᠤᠯᠠᠨ ᠨᠡᠷᠡᠶᠢᠳᠦᠯ ᠢᠶᠠᠷᠠᠤᠭ᠎ᠠ ᠪᠠᠶᠢᠯᠳᠤᠨ ᠲᠠᠭᠠᠭᠤᠯᠤᠬᠴᠢ ᠶᠢᠨ ᠨᠤᠳᠤᠭ ᠵᠦᠭ ᠤᠯᠠᠨ ᠬᠠᠷᠢᠴᠤᠤᠯ ᠴᠤᠪᠤᠷᠠᠯᠳᠤᠨ᠎ᠠᠠᠭᠤᠳᠠᠮ ᠨᠤᠳᠤᠭ ᠤᠨ ᠦᠵᠡᠰᠭᠦᠯᠡᠩ ᠳᠤ ᠰᠦᠨᠡᠰᠦ ᠪᠠᠨ ᠠᠷᠭᠠᠮᠵᠢᠭᠤᠯᠤᠬᠰᠠᠨ ᠮᠠᠷᠺᠤ ᠫᠤᠯᠤ ᠶᠢ ᠬᠡᠯᠡᠬᠦ ᠶᠠᠭᠤᠨᠠᠯᠣᠰ ᠬᠤᠯᠠ ᠶᠢᠨ ᠴᠢᠯᠦᠭᠡᠳᠦ ᠨᠡᠭᠦᠳᠡᠯᠴᠢᠳ ᠠᠶᠠᠨᠳᠠᠭᠠᠨ ᠲᠡᠳᠡᠨᠦᠰ ᠲᠤ ᠤᠨᠢᠰᠤᠭ᠎ᠠ ᠰᠢᠭ᠋ ᠨᠢᠭᠤᠴᠠᠭᠠᠢ ᠲᠤᠮᠤ ᠬᠠᠮᠠᠷᠳᠦ ᠵᠧᠺ ᠸᠧᠳᠧᠷᠹᠦᠷᠳ᠋ ᠶᠢ ᠱᠦᠯᠦ ᠲᠠᠢ ᠬᠤᠭᠤᠯᠠ᠂ ᠱᠦᠭᠦᠮᠡᠭ ᠠᠭᠠᠷᠤᠤᠯ ᠢᠶᠠᠷ ᠵᠤᠴᠢᠯᠠᠨ ᠲᠠᠶᠢᠯᠠᠵᠤᠲᠤᠭᠤᠷᠢᠵᠦ ᠲᠡᠨᠦᠭᠰᠡᠨ ᠰᠠᠨᠸᠠᠷᠲᠠᠨ ᠷᠰᠢᠳ᠋ — ᠠᠳ᠋ — ᠳ᠋ᠢᠨ ᠢ ᠰᠦ ᠲᠠᠢ ᠴᠠᠢ ᠪᠠᠷ ᠤᠬᠳᠤᠨ ᠦᠳᠡᠵᠦᠷᠤᠮᠠ ᠶᠢᠨ ᠫᠠᠪ ᠤᠨ ᠡᠯᠴᠢ ᠫᠠᠯᠠᠨ ᠺᠠᠷᠫᠢᠨᠢ ᠲᠠᠢ ᠨᠦᠭᠦᠷᠰᠡᠭ ᠭᠦᠷᠰᠢ ᠮᠡᠳᠦ ᠡᠶᠡᠳᠡᠢ ᠨᠠᠶᠢᠷᠳᠠᠢ ᠬᠠᠷᠢᠯᠴᠠᠵᠤᠤᠷᠳᠦ ᠠᠶᠠᠨ ᠢᠶᠠᠷ ᠵᠢᠭᠤᠯᠴᠢᠯᠠᠨ ᠢᠷᠡᠭᠰᠡᠨ ᠵᠦᠸᠠᠶᠢᠨᠢ ᠶᠢ ᠤᠷᠤᠭ ᠰᠠᠳᠤᠨ ᠢᠶᠠᠨ ᠮᠡᠳᠦ ᠭᠦᠨᠳᠦᠳᠭᠡᠨ ᠦᠵᠡᠯᠥᠭᠡᠬᠠᠷᠠᠬᠤᠷᠤᠮ᠂ ᠨᠠᠬᠤ ᠬᠤᠨ᠂ ᠰᠠᠶᠢᠷ ᠭᠡᠭᠡᠷ᠎ᠡ᠂ ᠪᠤᠷᠬᠠᠨ ᠬᠠᠯᠳᠤᠨ ᠭᠡᠳ ᠭᠦᠷᠭᠦ ᠦᠬᠡᠢ ᠭᠠᠵᠠᠷ ᠭᠡᠵᠦ ᠦᠬᠡᠢ ᠲᠡᠳᠡᠬᠤᠷᠬᠤᠨᠠᠭ ᠵᠦᠪᠦᠷ᠂ ᠲᠡᠯᠢᠭᠦᠨ ᠪᠤᠯᠳᠠᠭ᠂ ᠭᠦᠪᠰᠦᠭᠦᠯ ᠲᠠᠯᠠᠢ᠂ ᠭᠦᠳᠡᠭᠡ ᠠᠷᠠᠯ ᠭᠡᠳ ᠭᠦᠯ ᠤᠨ ᠮᠦᠷ ᠨᠢ ᠬᠠ ᠶᠠ ᠦᠬᠡᠢᠬᠤᠶᠠᠳᠠᠬᠢ ᠮᠢᠩᠭᠠᠨ ᠤ ᠶᠡᠭᠡ ᠭᠦᠮᠦᠨ ᠡᠵᠡᠨ ᠪᠤᠬᠳᠠ ᠴᠢᠩᠬᠢᠰ ᠬᠠᠭᠠᠨ ᠤ ᠶᠡᠭᠡ ᠡᠷᠢᠯ ᠳᠤ ᠮᠤᠩᠭᠠᠨᠢᠬᠴᠢᠳᠭᠦᠨᠳᠡᠯᠡᠨ ᠭᠤᠯᠳᠦ ᠤᠩᠭᠤᠴᠠ ᠮᠠᠰᠢᠨ ᠢᠶᠠᠷ᠂ ᠮᠤᠷᠢ ᠲᠠᠢ ᠶᠠᠪᠠᠭᠠᠨ ᠢᠶᠠᠷ ᠲᠦᠭᠡᠷᠢᠵᠦ ᠲᠡᠨᠦᠨ᠎ᠡᠠᠽᠢᠶ᠎ᠠ ᠡᠸᠦ᠋ᠷᠦᠫᠡ ᠶᠢ ᠭᠦᠨᠳᠡᠯᠡᠨ ᠲᠤᠭᠤᠯᠤᠬᠰᠠᠭᠠᠷ ᠮᠤᠩᠭᠤᠯ ᠬᠠᠳ ᠲᠤ ᠡᠭᠡᠯᠵᠢᠯᠡᠨ ᠪᠠᠷᠠᠭᠠᠯᠬᠠᠵᠤᠠᠤᠭ᠎ᠠ ᠶᠡᠭᠡ ᠤᠬᠰᠠᠭᠠᠳᠠᠨ ᠢ ᠲᠠᠨᠢᠬᠤ ᠪᠠᠷ ᠬᠠᠯᠠᠭᠤᠨ ᠳᠤ ᠬᠠᠯᠠᠵᠤ ᠭᠦᠢᠳᠡᠨ ᠳᠤ ᠭᠦᠷᠦᠨ᠎ᠡᠡᠴᠡᠵᠦ ᠶᠠᠳᠠᠷᠠᠨ ᠲᠤᠶᠢᠯᠳᠠᠨ ᠵᠦᠳᠡᠷᠡᠭᠡᠳ ᠤᠯᠠᠭ᠎ᠠ ᠦᠷᠳᠡᠭᠡ ᠶᠢ ᠮᠤᠬᠤᠳᠠᠯ᠎ᠠ ᠡᠯᠡᠬᠡᠨ ᠭᠦᠢᠴᠡᠭᠡᠳᠡᠴᠦᠰ ᠤᠨ ᠴᠢᠭ ᠲᠤ ᠶᠡᠭᠡ ᠬᠠᠳᠤᠨ ᠮᠢᠨᠦ ᠲᠤᠮᠤ ᠴᠠᠭᠠᠨ ᠦᠷᠭᠦᠭᠡᠨ ᠤ ᠡᠮᠦᠨ᠎ᠡ ᠲᠤᠯᠵᠤ ᠢᠷᠡᠨ᠎ᠡ ᠁          
 
ᠢᠷᠡᠯᠲᠡ᠄ ᠤᠶᠤᠨᠪᠢᠯᠢᠭ᠌
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号