ᠬᠠᠳᠤᠨ ᠰᠦᠨᠡᠰᠦ᠂ ᠲᠠᠪᠤᠳᠤᠭᠠᠷ ᠪᠦᠯᠦᠭ᠂ ᠲᠦᠷᠪᠡᠳᠦᠭᠡᠷ  ᠭᠡᠰᠡᠭ
ᠨᠡᠶᠢᠲᠡᠯᠡᠭᠰᠡᠨ ᠴᠠᠭ᠄
2020-06-18
ᠭᠦᠭᠡᠴᠢᠨ ᠬᠠᠳᠤᠨᠬᠠᠭᠠᠨ ᠤᠷᠤ ᠬᠤᠭᠤᠰᠤᠷᠤᠬᠰᠠᠨ ᠴᠦ ᠬᠠᠳᠤᠨ ᠮᠢᠨᠦ ᠵᠠᠬᠢᠷᠭ᠎ᠠ ᠶᠢ ᠰᠤᠨᠤᠰᠬᠠᠳᠠ ᠴᠢᠯᠠᠭᠤᠨ ᠮᠡᠳᠦ ᠲᠡᠭᠡᠳᠦᠰ ᠤᠨ ᠵᠠᠷᠯᠢᠭ ᠢ ᠬᠠᠮᠤᠭ ᠪᠦᠬᠦᠨ᠎ᠡ ᠲᠤᠩᠬᠠᠭᠯᠠᠰᠤᠭᠠᠢᠬᠠᠳᠤᠨ ᠭᠦᠮᠦᠨ ᠲᠦᠷᠦ ᠳᠤ ᠤᠷᠤᠯᠴᠠᠬᠤ ᠠᠨᠤ ᠡᠷᠳᠡᠨ ᠠᠴᠠ ᠲᠤᠬᠳᠠᠭᠠᠬᠰᠠᠨ ᠡᠷᠭᠡᠬᠤᠷᠠᠯᠳᠠᠢ ᠶᠠᠪᠤᠭᠤᠯᠤᠨ ᠪᠢᠯᠢᠭ ᠰᠤᠷᠭᠠᠯ ᠢᠶᠠᠷ ᠦᠯᠵᠡᠶᠢᠳᠦ ᠲᠡᠮᠦᠷ ᠢ ᠰᠤᠩᠭᠤᠯᠤᠭ᠎ᠠᠨᠠᠢᠮᠠᠨ ᠦᠰᠦᠭ ᠲᠠᠢ ᠬᠠᠰᠪᠤᠤ ᠲᠠᠮᠠᠭ᠎ᠠ ᠶᠢ ᠭᠦᠪᠡᠭᠦᠨ ᠦᠷ᠎ᠡ ᠮᠢᠨᠢ ᠲᠤᠰᠴᠦ ᠠᠪᠨᠠᠷᠮᠠᠢ ᠲᠦᠷᠦ ᠶᠢ ᠵᠠᠬᠢᠷᠤᠶ᠎ᠠ ᠭᠡᠮᠡᠪᠡᠰᠦ ᠤᠷᠢᠲᠠᠵᠤ ᠭᠠᠪᠢᠶ᠎ᠠ ᠪᠠᠶᠢᠭᠤᠯᠬᠤ ᠶᠢ ᠪᠤᠳᠤ ᠡᠪᠡᠰᠦᠨ ᠤᠪᠤᠬᠠᠢ ᠳᠤ ᠮᠡᠨᠳᠦᠯᠡᠭᠰᠡᠨ ᠴᠦ ᠡᠵᠡᠨ ᠳᠤ ᠲᠠᠨᠢᠬᠳᠠᠬᠤ ᠶᠢᠨ ᠬᠤᠪᠢ ᠲᠠᠢ ᠲᠦᠷᠦᠭᠰᠡᠨ ᠭᠦᠭᠡᠴᠢᠨ ᠪᠢ ᠪᠠᠷ ᠬᠠᠳᠤᠨ ᠰᠦᠨᠡᠰᠦ ᠵᠡᠭᠦᠯᠳᠡ᠄  ᠭᠦᠭᠡᠴᠢᠨ ᠬᠠᠳᠤᠨ ︵ ︖ —1300 ᠤᠨ︶ ᠪᠤᠯ ᠬᠤᠩᠬᠢᠷᠠᠳ ᠠᠶᠢᠮᠠᠭ ᠤᠨ ᠬᠦᠮᠦᠨ᠂ ᠪᠠᠰᠠ ᠪᠠᠶᠢᠯᠠᠮ ᠡᠭᠡᠴᠢ ᠪᠤᠶᠤ ᠪᠡᠯᠡᠨ ᠡᠭᠡᠴᠢ ᠴᠦ ᠭᠡᠳᠡᠭ᠃ ᠭᠡᠰᠢᠭᠳᠦ ᠲᠡᠭᠡᠳᠦᠰ ᠴᠢᠩᠬᠢᠮ ᠬᠤᠩ ᠲᠠᠶᠢᠵᠢ ᠶᠢᠨ ᠲᠡᠷᠢᠬᠦᠨ ᠬᠠᠳᠤᠨ᠃ ᠬᠦᠭᠡᠴᠢᠨ ᠬᠠᠳᠤᠨ ᠪᠤᠯᠤᠨ ᠴᠢᠩᠬᠢᠮ ᠠᠴᠠ ᠭᠠᠮᠠᠯᠠ᠂ ᠡᠶᠡᠪᠡᠷᠬᠦ ᠲᠡᠭᠡᠳᠦᠰ ᠱᠦᠨᠽᠦ᠋ᠩ ᠲᠠᠷᠠᠮᠪᠠᠯᠠ ᠬᠠᠭᠠᠨ ᠪᠤᠯᠤᠨ ᠪᠦᠳᠦᠭᠡᠭᠴᠢ ᠲᠡᠭᠡᠳᠦᠰ ᠴᠧᠩᠽᠦ᠋ᠩ ᠦᠯᠵᠡᠶᠢᠳᠦ ᠲᠡᠮᠦᠷ ᠬᠠᠭᠠᠨ ᠭᠡᠮᠡᠬᠦ ᠭᠤᠷᠪᠠᠨ ᠭᠦᠪᠡᠬᠦᠨ ᠮᠡᠨᠳᠦᠯᠡᠵᠡᠢ᠃ ᠶᠤᠸᠠᠨ ᠤᠯᠤᠰ ᠤᠨ ᠲᠡᠤᠭᠡᠨ ᠲᠡᠭᠡᠷ᠎ᠡ ︽ᠲᠦᠷᠦ ᠶᠢᠨ ᠲᠦᠰᠢᠶ᠎ᠡ ᠬᠠᠳᠤᠨ︾ ᠬᠡᠮᠡᠨ ᠡᠷᠬᠦᠮᠵᠢᠯᠡᠭᠳᠡᠭᠰᠡᠨ ᠡᠨᠡ ᠬᠠᠳᠤᠨ ᠪᠤᠯ ᠲᠦᠷᠦᠯᠬᠢ ᠰᠡᠴᠡᠨ ᠰᠡᠷᠭᠦᠯᠡᠩ᠂ ᠪᠤᠳᠤᠯᠭ᠎ᠠ ᠬᠦᠨ᠂ ᠵᠠᠩ ᠠᠭᠠᠯᠢ ᠠᠨᠤ ᠲᠠᠬᠢᠮᠳᠠᠭᠤ ᠬᠢᠴᠢᠶᠡᠩᠬᠦᠢ᠂ ᠭᠤᠤᠯ ᠤᠷᠳᠤᠨ ᠤ ᠭᠡᠷᠡᠭ ᠶᠠᠪᠤᠳᠠᠯ ᠳᠤ ᠴᠢᠳᠠᠮᠠᠭᠠᠢ ᠪᠠᠶᠢᠵᠤ᠂ ᠲᠦᠷᠦ ᠵᠠᠰᠠᠭ ᠲᠤ ᠭᠤᠤᠯᠴᠢ ᠰᠢᠳᠤᠷᠭᠤ ᠶᠢ ᠡᠷᠬᠢᠮᠯᠡᠨ᠂ ᠲᠦᠷᠦ ᠶᠢᠨ ᠦᠢᠯᠡ ᠳᠤ ᠴᠢᠳᠠᠮᠠᠭᠠᠢ ᠪᠠᠶᠢᠳᠠᠭ ᠢᠶᠠᠷ ᠢᠶᠠᠨ ᠨᠡᠷ᠎ᠡ ᠠᠯᠳᠠᠷᠰᠢᠬᠰᠠᠨ ᠭᠠᠷᠮᠠᠭᠠᠢ ᠤᠯᠤᠰ ᠲᠦᠷᠦᠴᠢᠨ ᠪᠤᠯᠤᠨ᠎ᠠ᠃ 1294 ᠤᠨ ᠳᠤ ᠬᠤᠪᠢᠯᠠᠢ ᠬᠠᠭᠠᠨ ᠲᠡᠭᠷᠢ ᠳᠤ ᠬᠠᠯᠢᠬᠰᠠᠨ ᠤ ᠲᠠᠷᠠᠭ᠎ᠠ᠂ ᠭᠦᠭᠡᠴᠢᠨ ᠬᠠᠳᠤᠨ ᠲᠦᠷ ᠴᠠᠭ ᠲᠦᠷᠦ ᠪᠠᠷᠢᠵᠤ ᠬᠠᠭᠠᠨ ᠰᠤᠩᠭᠤᠬᠤ ᠶᠡᠭᠡ ᠬᠤᠷᠠᠯᠳᠠᠢ  ᠶᠢ ᠡᠷᠬᠢᠯᠡᠨ᠂ ᠴᠢᠩᠬᠢᠰ ᠬᠠᠭᠠᠨ ᠤ ᠭᠡᠷᠢᠶᠡᠰ ᠵᠠᠷᠯᠢᠭ ᠢ ᠲᠤᠷᠠᠳᠤᠨ᠂ ᠴᠢᠩᠬᠢᠰ ᠬᠠᠭᠠᠨ ᠤ ᠪᠢᠯᠢᠭ ᠰᠤᠷᠭᠠᠯ ᠢᠶᠠᠷ ᠬᠤᠶᠠᠷ ᠭᠦᠪᠡᠭᠦᠨ ᠢᠶᠠᠨ ᠰᠢᠯᠭᠠᠨ ᠲᠡᠩᠰᠡᠵᠦ ᠶᠡᠭᠡ ᠰᠠᠭᠤᠷᠢᠨ ᠢ ᠵᠠᠯᠭᠠᠮᠵᠢᠯᠠᠬᠴᠢ ᠲᠡᠮᠦᠷ ᠢ ᠰᠤᠩᠭᠤᠨ ᠭᠠᠷᠭᠠᠪᠠ᠃ ᠦᠯᠵᠡᠶᠢᠳᠦ ᠲᠡᠮᠦᠷ ᠬᠠᠭᠠᠨ ᠪᠠᠷ ᠰᠠᠭᠤᠷᠢᠨ ᠳᠤ ᠰᠠᠭᠤᠬᠰᠠᠨ ᠤ ᠲᠠᠷᠠᠭ᠎ᠠ ᠭᠠᠵᠢᠭᠤ ᠶᠢ ᠠᠷᠢᠯᠭᠠᠨ ᠰᠦᠷᠭᠡᠦ ᠶᠢ ᠲᠠᠷᠤᠩᠭᠤᠶᠢᠯᠠᠵᠤ᠂ ᠶᠤᠸᠠᠨ ᠤᠯᠤᠰ ᠤᠨ ᠲᠡᠤᠭᠡᠨ ᠳᠤ ᠪᠠᠰᠠ ᠨᠢᠬᠡᠨ ᠴᠡᠴᠡᠭᠯᠡᠨ ᠭᠦᠭᠵᠢᠭᠰᠡᠨ ᠴᠠᠭ ᠦᠶ᠎ᠡ ᠶᠢ ᠨᠡᠭᠡᠭᠡᠭᠰᠡᠨ ᠶᠤᠮ᠃               ᠨᠠᠮᠪᠢ ᠬᠠᠳᠤᠨᠠᠯᠳᠠᠩᠬᠤᠸ᠎ᠠ ᠶᠢᠨ ᠲᠠᠪᠠᠯᠭᠠᠨ ᠲᠤᠮᠳᠠ ᠨᠡᠭᠦᠳᠡᠯ ᠤᠨ ᠤᠷᠳᠦ  ᠲᠣᠳᠣᠷᠬᠠᠢ ᠠᠲᠠᠯ᠎ᠠ ᠪᠠᠯᠠᠷᠬᠠᠢᠠᠯᠳᠠᠨ ᠤᠷᠤᠭ ᠤᠨ ᠬᠠᠨ ᠭᠦᠪᠡᠭᠦᠳ ᠱᠠᠩᠳᠦ ᠶᠢᠨ ᠴᠦᠯᠬᠡ ᠪᠠᠷ ᠣᠷᠣᠵᠣ ᠭᠠᠷᠬᠤ ᠨᠢ ᠪᠦᠤᠳᠡᠭᠡᠷᠱᠢᠷᠦᠨ ᠳᠡᠪᠡᠯᠲᠦ ᠴᠡᠴᠡᠭᠡᠨ ᠮᠠᠯᠠᠭᠠᠶᠢᠲᠤ ᠠᠮᠤᠭᠤᠯᠠᠩ ᠬᠠᠷᠰᠢ ᠳᠤᠷ ᠰᠡᠯᠡᠭᠦᠴᠡᠨ ᠭᠡᠶᠦᠷᠡᠵᠦᠪᠢᠯᠡᠷ ᠪᠢᠰᠭᠢᠭᠦᠷ ᠤᠨ ᠢᠷᠠᠭᠤ ᠡᠭᠡᠰᠢᠭᠯᠡᠩ ᠪᠤᠯᠤᠷ ᠤᠷᠳᠤᠨ᠎ᠠ ᠤᠶᠠᠩᠭᠠᠯᠠᠨ ᠲᠠᠭᠤᠷᠢᠰᠤᠨᠠᠮᠠᠷᠴᠠ ᠠᠩᠬᠢᠯᠤᠬᠰᠠᠨ ᠰᠡᠶᠢᠯᠪᠦᠷᠢᠳᠦ ᠰᠢᠷᠡᠭᠡᠨ᠎ᠡ ᠬᠠᠰ ᠲᠠᠨ᠎ᠠ ᠮᠢᠷᠠᠯᠵᠠᠨ ᠮᠢᠷᠠᠯᠵᠠᠭᠠᠳᠠᠯᠳᠠᠨ ᠮᠠᠯᠤ ᠲᠠᠢ ᠬᠠᠩᠬᠤᠯᠤᠮ᠎ᠠ ᠰᠠᠷᠬᠤᠳ ᠬᠤᠨᠳᠠᠭ᠎ᠠ ᠲᠦᠭᠦᠷᠡᠩ ᠮᠡᠯᠮᠡᠯᠵᠡᠨ ᠮᠡᠯᠡᠮᠵᠡᠨᠨᠡᠮ ᠠᠯᠳᠠᠨ ᠤ ᠮᠦᠴᠢᠷ ᠮᠡᠳᠦ ᠦᠳᠡᠯᠦᠬᠡ ᠬᠠᠭᠠᠨ ᠳᠤ ᠬᠠᠰ ᠤᠨ ᠨᠠᠪᠴᠢ ᠮᠡᠳᠦ ᠪᠠᠷᠢᠯᠳᠤᠷᠤᠨ ᠠᠯᠳᠠᠨ ᠲᠠᠮᠠᠭᠠᠳᠦ ᠵᠠᠷᠯᠢᠭ ᠤᠨ ᠪᠢᠴᠢᠭ ᠲᠤ ᠤᠸ᠎ᠠ ᠡᠩᠭᠡᠰᠭᠡ ᠰᠢᠩᠭᠡᠭᠡᠰᠦᠳᠡᠢ ᠨᠠᠮᠪᠢ ᠪᠢ ᠪᠠᠷ ᠬᠠᠳᠤᠨ ᠰᠦᠨᠡᠰᠦ ᠵᠡᠭᠦᠯᠳᠡ᠄ ᠨᠠᠮᠪᠢ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠰᠡᠭᠦᠯᠴᠢ ᠠᠴᠠ 14 ᠳ᠋ᠤᠬᠡᠷ ᠵᠠᠭᠤᠨ ᠤ ᠡᠬᠢᠨ ᠤ ᠦᠶ᠎ᠡ ᠪᠠᠷ ᠠᠮᠢᠳᠤᠷᠠᠵᠤ ᠪᠠᠶᠢᠵᠠᠢ︶ ᠪᠤᠯ ᠶᠡᠭᠡ ᠶᠤᠸᠠᠨ ᠤᠯᠤᠰ ᠤᠨ ᠱᠢᠽᠦ ᠬᠤᠪᠢᠯᠠᠢ ᠰᠡᠴᠡᠨ ᠬᠠᠭᠠᠨ ᠤ ᠭᠤᠤᠯ ᠤᠷᠳᠤᠨ ᠤ ᠬᠤᠶᠠᠳᠠᠬᠢ ᠲᠡᠷᠢᠬᠦᠨ ᠬᠠᠳᠤᠨ᠂ ᠤᠯᠤᠰ ᠤᠨ ᠨᠠᠭᠠᠴᠦ ᠬᠤᠩᠬᠢᠷᠠᠳ ᠠᠶᠢᠮᠠᠭ ᠤᠨ ᠠᠯᠴᠦ ᠨᠤᠶ᠋ᠨᠨ ᠤ ᠭᠦᠪᠡᠬᠦᠨ ᠨᠠᠴᠢᠨ ᠨᠤᠶᠠᠨ ᠤ ᠦᠬᠢᠨ ᠪᠦᠬᠡᠳ ᠴᠠᠮᠪᠢ ᠬᠠᠳᠤᠨ ᠤ ᠵᠢᠭᠡ ᠦᠬᠢᠨ ᠨᠢ ᠶᠤᠮ᠃ ᠬᠤᠪᠢᠯᠠᠢ ᠬᠠᠭᠠᠨ ᠪᠤᠯᠤᠨ ᠨᠠᠮᠪᠢ ᠬᠠᠳᠤᠨ ᠠᠴᠠ ᠲᠡᠮᠡᠴᠢ ᠬᠡᠬᠦ‍ ᠨᠢᠬᠡ ᠬᠠᠨ ᠭᠦᠪᠡᠬᠦᠨ᠂ ᠪᠠᠬᠢᠵᠢᠨ ᠬᠡᠮᠡᠬᠦ‍ ᠨᠢᠬᠡ ᠭᠦᠩᠵᠦ ᠮᠡᠨᠳᠦᠯᠡᠪᠡ᠃ ᠨᠠᠮᠪᠢ ᠬᠠᠳᠤᠨ ᠦᠳᠡᠯᠦᠬᠡ ᠨᠠᠰᠤᠨ ᠤ ᠬᠤᠪᠢᠯᠠᠢ ᠬᠠᠭᠠᠨ ᠢ ᠨᠠᠨᠳᠢᠨ ᠬᠠᠶᠢᠷ᠎ᠠ ᠪᠠᠷ ᠡᠮᠰᠡᠭᠯᠡᠨ ᠠᠰᠠᠷᠠᠬᠤ ᠶᠢᠨ ᠲᠠᠭᠠᠦ ᠬᠠᠭᠠᠨ ᠤ ᠪᠡᠶ᠎ᠡ ᠬᠠᠷᠢᠭᠤ ᠦᠭᠡᠢ ᠦᠶ᠎ᠡ ᠳᠤ ᠲᠦᠷᠦ ᠵᠠᠰᠠᠭ ᠤᠨ ᠵᠠᠷᠢᠮ ᠴᠢᠬᠤᠯᠠ ᠴᠢᠬᠤᠯᠠ ᠵᠠᠷᠯᠢᠭ ᠰᠢᠢᠳᠪᠦᠷᠢ ᠶᠢ ᠰᠢᠢᠳᠦᠨ ᠭᠠᠷᠭᠠᠵᠤ ᠪᠠᠶᠢᠬᠰᠠᠨ ᠰᠡᠴᠡᠨ ᠤᠬᠠᠭᠠᠨᠳᠦ ᠬᠠᠳᠤᠨ ᠶᠤᠮ᠃           ᠲᠡᠭᠦᠰ ᠬᠠᠳᠤᠨᠦᠰᠪᠦᠷᠢ ᠨᠠᠰᠤᠨ ᠳᠠᠭᠠᠨ ᠲᠤᠯᠤᠢ ᠡᠵᠡᠨ ᠯᠦᠭᠡ ᠤᠷᠤᠭ ᠰᠦᠢᠯᠡᠵᠦ ᠲᠤᠬᠳᠠᠬᠰᠠᠨ ᠪᠤᠯᠪᠠᠴᠦᠤᠴᠠᠷᠠᠯ ᠪᠤᠯᠵᠤᠭ᠎ᠠ ᠡᠭᠡᠨᠡᠭᠳᠡ ᠤᠯᠠᠷᠢᠵᠤ ᠲᠠᠪᠤᠳᠤᠭᠠᠷ ᠭᠦᠪᠡᠭᠦᠨ ᠳᠤᠷ ᠵᠠᠶᠠᠭᠠᠬᠳᠠᠵᠠᠢᠤᠷ᠎ᠠ ᠴᠢᠳᠠᠪᠤᠷᠢ ᠰᠡᠴᠡᠨ ᠪᠢᠯᠢᠭ ᠢᠶᠠᠷ ᠰᠢᠶᠠᠨᠽᠦ᠋ᠩ ᠳᠤ ᠪᠠᠭ᠋ᠠᠷᠬᠠᠬᠳᠠᠨ ᠰᠠᠶᠢᠰᠢᠶᠠᠬᠳᠠᠵᠤᠤᠯᠤᠰ ᠲᠦᠷᠦ ᠶᠢᠨ ᠤᠨᠴᠠ ᠡᠷᠭᠡ ᠪᠠᠷ ᠢᠯ ᠬᠠᠭᠠᠨᠳᠦ ᠤᠯᠤᠰ ᠢ ᠲᠠᠷᠬᠠᠯᠠᠪᠠᠢᠤᠷᠳᠤᠨ ᠤ ᠬᠠᠪᠢ ᠶᠢᠨ ᠱᠠᠰᠢᠨ ᠤ ᠬᠡᠶᠢᠳ ᠢᠨᠤ ᠤᠷᠤᠭᠤᠯ ᠰᠢᠳᠦᠨ ᠮᠡᠳᠦ ᠨᠠᠶᠢᠷᠰᠠᠩᠭᠤᠢᠦᠷᠦᠰᠢᠶᠡᠩᠬᠦᠢ ᠠᠭᠤᠵᠢᠭᠤ ᠪᠤᠳᠤᠯᠭ᠎ᠠ ᠠᠨᠤ ᠠᠭᠠᠷ ᠤᠨ ᠨᠠᠷᠠᠨ ᠮᠡᠳᠦ ᠲᠡᠯᠭᠡᠷᠡᠩᠬᠦᠢ ᠤᠯᠠᠨ ᠲᠠᠪᠬᠤᠷᠭ᠎ᠠ ᠶᠢᠨ ᠱᠠᠰᠢᠨ ᠲᠦᠷᠦ ᠳᠤ ᠤᠬᠠᠭᠠᠨ ᠤ ᠴᠠᠷᠠᠭ᠎ᠠ ᠪᠠᠨ ᠭᠠᠶᠢᠬᠠᠭᠤᠯᠵᠤ ᠤᠶᠤᠨ ᠰᠠᠨᠠᠭᠠᠨ ᠤ ᠢᠪᠡᠭ ᠲᠦᠰᠢᠭ ᠬᠡᠮᠡᠨ ᠬᠤᠳᠠᠯᠠ ᠤᠯᠠᠨ᠎ᠠ ᠠᠯᠳᠠᠷᠰᠢᠪᠠᠢ ᠲᠡᠭᠦᠰ ᠪᠢ ᠪᠠᠷ ᠬᠠᠳᠤᠨ ᠰᠦᠨᠡᠰᠦ ᠵᠡᠭᠦᠯᠳᠡ᠄ ᠲᠡᠭᠦᠰ ᠬᠠᠳᠤᠨ ︵ ︖ — 1265 ᠤᠨ︶ ᠪᠤᠯ ᠮᠤᠩᠭᠤᠯ ᠤᠨ ᠭᠡᠷᠡᠶᠢᠳ ᠠᠶᠢᠮᠠᠭ ᠤᠨ ᠸᠠᠩ ᠬᠠᠨ ᠲᠤᠭᠤᠷᠢᠯ ᠤᠨ ᠬᠤᠶᠠᠳᠤᠭᠠᠷ ᠭᠦᠪᠡᠬᠦᠨ ᠤᠶᠢᠬᠤ ᠶᠢᠨ ᠦᠬᠢᠨ᠂ ᠢᠯ  ᠬᠠᠨᠯᠢᠭ ᠤᠯᠤᠰ ᠢ ᠦᠨᠳᠦᠰᠦᠯᠡᠨ ᠪᠠᠶᠢᠭᠤᠯᠤᠬᠴᠢ ᠦᠯᠡᠬᠦ ᠬᠠᠨ ︵ᠲᠤᠯᠤᠢ ᠡᠵᠡᠨ ᠤ ᠲᠠᠪᠤᠳᠤᠭᠠᠷ ᠭᠦᠪᠡᠭᠦᠨ︶ ᠤ ᠭᠤᠤᠯ ᠤᠷᠳᠤᠨ ᠤ ᠲᠡᠷᠢᠬᠦᠨ ᠬᠠᠳᠤᠨ ᠶᠤᠮ᠃ ᠲᠡᠷᠡ ᠪᠠᠷ ᠲᠠᠷᠤᠤ ᠬᠢᠴᠢᠶᠡᠩᠬᠦᠢ ᠵᠠᠩ ᠠᠷᠠᠨᠰᠢᠨ᠂ ᠰᠡᠴᠡᠨ ᠪᠢᠯᠢᠭᠳᠦ ᠤᠷ᠎ᠠ ᠴᠢᠳᠠᠪᠤᠷᠢ ᠪᠠᠷ ᠢᠶᠠᠨ ᠤᠯᠠᠨ᠎ᠠ ᠠᠯᠳᠠᠷᠰᠢᠵᠤ᠂ 1252 ᠤᠨ ᠳᠤ ᠰᠢᠶᠠᠨᠽᠦ᠋ᠩ ᠮᠦᠩᠬᠡ ᠬᠠᠭᠠᠨ ᠤ ᠵᠠᠷᠯᠢᠭ ᠢᠶᠠᠷ ᠦᠯᠡᠬᠦ ᠶᠢ ᠲᠠᠭᠠᠵᠤ ᠪᠠᠷᠠᠭᠤᠨᠰᠢ ᠮᠤᠷᠳᠠᠵᠤ᠂ ᠴᠡᠷᠢᠭ ᠵᠠᠰᠠᠭ ᠤᠨ ᠠᠯᠢᠪᠠ ᠦᠢᠯᠡ ᠳᠤ ᠬᠠᠳᠤᠨ ᠤᠬᠠᠭᠠᠨ ᠢᠶᠠᠷ ᠵᠦᠪᠰᠢᠨ ᠵᠤᠬᠢᠴᠠᠭᠤᠯᠵᠤ᠂ ᠢᠯ ᠬᠠᠨᠯᠢᠭ ᠤᠯᠤᠰ ᠢ ᠪᠠᠶᠢᠭᠤᠯᠬᠤ ᠳᠤ ᠪᠠᠯᠠᠷᠠᠰᠢ ᠦᠬᠡᠢ ᠭᠠᠪᠢᠶ᠎ᠠ ᠵᠢᠳᠭᠦᠯ ᠦᠵᠡᠬᠦᠯᠵᠡᠢ᠃ ᠲᠡᠭᠦᠰ ᠬᠠᠳᠤᠨ ᠬᠠᠷᠠᠬᠠᠨ ᠪᠠᠭ᠎ᠠ ᠠᠴᠠ ᠱᠠᠰᠢᠨ ᠤ ᠰᠤᠷᠭᠠᠯ ᠨᠤᠮᠯᠠᠯᠳᠦ ᠢᠵᠠᠭᠤᠷᠳᠠᠨ ᠤ ᠭᠡᠷ ᠪᠦᠯᠢ ᠳᠤ ᠦᠰᠦᠭᠰᠡᠨ ᠪᠤᠯᠬᠤᠷ ᠢᠯ ᠬᠠᠨᠯᠢᠭ ᠤᠯᠤᠰ ᠤᠨ ᠱᠠᠰᠢᠨ ᠤ ᠲᠠᠯ᠎ᠠ ᠶᠢᠨ ᠪᠤᠳᠤᠯᠭ᠎ᠠ ᠳᠤ ᠮᠠᠰᠢ ᠭᠦᠨᠵᠡᠬᠡᠢ ᠨᠦᠯᠦᠭᠡᠯᠡᠭᠰᠡᠨ ᠪᠠᠶᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备07002090号