ᠲᠠᠪᠤᠳᠤᠭᠠᠷ ᠪᠦᠯᠦᠭ | | ᠶᠦᠨᠢ ᠺᠤᠳ᠋᠂ ᠲᠤᠯᠢ ᠪᠢᠴᠢᠭ᠂ ᠴᠢᠳᠦᠷᠳᠦ ᠠᠷᠠᠳᠴᠢᠯᠠᠯ ᠢᠶᠠᠷ ᠲᠠᠪᠵᠢᠶᠡᠷᠡᠨ ᠱᠤᠤᠬᠢᠯᠳᠤᠬᠰᠠᠨ | ᠬᠠᠭᠤᠴᠢᠨ ᠬᠤᠸᠠᠩᠯᠢ ᠰᠢᠭ᠋ ᠰᠢᠨᠡᠭᠡᠨ ᠡᠳᠦᠷ ᠤᠳ ᠬᠤᠷᠤᠮᠬᠠᠨ᠎ᠠ ᠤᠷᠠᠬᠳᠠᠬᠤ ᠨᠢ ᠭᠤᠨᠢᠶᠠᠯᠳᠠᠢ | ᠰᠦᠯᠵᠢᠶ᠎ᠡ᠂ ᠸᠧᠢᠴᠠᠲ᠂ ᠴᠤᠬᠯᠠᠷᠠᠯ ᠤᠨ ᠲᠤᠭᠤᠷᠢᠨ ᠳᠤ ᠰᠢᠷᠭᠤᠯᠵᠢ ᠰᠢᠭ᠋ ᠪᠦᠴᠢᠯᠳᠦᠭᠰᠡᠨ | ᠬᠠᠷ᠎ᠠ ᠲᠠᠮᠠᠬᠢ ᠰᠢᠭ᠋ ᠬᠤᠤᠷᠠᠳᠦ ᠬᠠᠪᠤᠳᠠᠷ ᠤᠳ ᠰᠡᠮᠬᠡᠨ ᠲᠡᠯᠭᠡᠷᠡᠭᠦ ᠨᠢ ᠠᠶᠤᠮᠰᠢᠬᠳᠠᠢ | ᠬᠤᠰᠢᠭᠤᠨ ᠳᠤ ᠪᠠᠨ ᠲᠡᠭᠷᠢ ᠶᠢᠨ ᠪᠢᠴᠢᠭ ᠵᠠᠭᠤᠬᠰᠠᠨ ᠲᠤᠮᠤᠭ ᠤᠨ ᠨᠢᠭᠡᠨ ᠰᠢᠪᠠᠭᠤ | ᠬᠠᠷᠠᠩᠭᠤᠢ ᠶᠢᠨ ᠭᠦᠰᠢᠭᠡ ᠶᠢ ᠰᠢᠷᠭᠡᠭ ᠰᠢᠷᠭᠡᠭ ᠢᠶᠠᠷ ᠰᠡᠮᠡᠯᠦᠨ ᠦᠤᠷ ᠴᠠᠶᠢᠳᠠᠯ᠎ᠠ ᠨᠢᠭᠤᠴᠠᠬᠠᠨ | ᠦᠯᠢᠭᠡᠷ ᠤᠨ ᠭᠦᠭᠡ ᠰᠤᠳᠤᠷ ᠠᠴᠠ ᠡᠬᠢ ᠠᠪᠤᠨ ᠤᠨᠳᠤᠷᠴᠦ | ᠦᠯᠢᠳᠭᠡᠰᠢ ᠦᠬᠡᠢ ᠤᠬᠠᠭᠠᠨ ᠤ ᠲᠠᠯᠠᠢ ᠳᠤ ᠴᠢᠳᠬᠤᠯᠠᠬᠰᠠᠨ | ᠤᠷᠠᠯᠢᠭ ᠤᠨ ᠪᠢ ᠪᠠᠷ ᠬᠠᠳᠤᠨ ᠰᠦᠨᠡᠰᠦ | | | | | | | | ᠲᠦᠷᠭᠡᠨ᠎ᠡ ᠬᠠᠳᠤᠨ | ᠭᠦᠮᠦᠨ ᠠᠮᠢᠳᠠᠨ ᠠᠴᠠ ᠵᠠᠶᠢᠳᠠᠭᠤ ᠭᠦᠪᠴᠢ ᠶᠢᠨ ᠵᠠᠬ᠎ᠠ ᠶᠢᠨ ᠮᠤᠳᠤᠨ ᠭᠡᠷ ᠲᠤ ᠭᠠᠭᠴᠠᠭᠠᠷ ᠤᠬᠢᠯᠠᠮᠠᠷ | | ᠭᠦᠨᠳᠡᠢ ᠴᠡᠭᠡᠵᠢ ᠪᠠᠨ ᠢᠷᠠᠭᠠᠳ ᠪᠤᠷᠬᠢᠯᠬᠤ ᠴᠢᠰᠦ ᠪᠠᠨ ᠪᠠᠯᠭᠤ ᠪᠠᠯᠭᠤ ᠪᠠᠷ ᠠᠮᠰᠠᠨ ᠲᠠᠮᠰᠢᠶᠠᠮᠠᠷ | ᠬᠠᠷᠠᠮᠨᠠᠬᠤ ᠶᠢᠨ᠂ ᠬᠠᠷᠠᠳᠠᠬᠤ ᠶᠢᠨ᠂ ᠬᠠᠭᠠᠰᠯᠠᠬᠤ ᠶᠢᠨ᠂ ᠬᠠᠭᠳᠠᠷᠠᠬᠤ ᠶᠢᠨ ᠤᠯᠠᠨ ᠴᠢᠨᠠᠷ ᠢ | ᠬᠠᠭᠠᠨ ᠤ ᠬᠠᠳᠤᠳ᠂ ᠲᠠᠳᠠᠪᠤᠷᠢ ᠰᠢᠪᠡᠭᠴᠢᠳ᠂ ᠤᠯᠠᠨ ᠭᠤᠸ᠎ᠠ ᠪᠦᠰᠡᠭᠦᠶᠢᠴᠤᠤᠯ ᠠᠴᠠ ᠠᠰᠠᠭᠤᠯ ᠳ᠋ᠠ | ᠲᠦᠷᠦ ᠵᠠᠬᠢᠷᠴᠦ ᠵᠠᠰᠠᠭ ᠶᠠᠪᠤᠭᠤᠯᠬᠤᠶᠠ ᠲᠡᠭᠷᠢ ᠶᠢᠨ ᠰᠤᠯᠤᠩᠭ᠎ᠠ ᠮᠡᠳᠦ ᠦᠵᠡᠰᠭᠦᠯᠡᠩᠳᠡᠢ ᠴᠦ | ᠲᠦᠷᠦᠭᠡ ᠮᠤᠯᠳᠤᠷᠴᠦ ᠰᠢᠷᠤᠢ ᠡᠮᠭᠦᠭᠦᠶᠡ ᠠᠮᠳᠠᠳᠠᠶᠢᠬᠠᠨ ᠭᠠᠰᠢᠭᠤᠨ ᠢ ᠭᠡᠷᠬᠢᠨᠡᠮ ᠪᠢᠯᠡ | ᠬᠠᠮᠤᠭ ᠤᠨ ᠡᠭᠡᠵᠢᠭᠳᠡᠢ ᠮᠦᠴᠡ ᠳᠤ | ᠬᠠᠭᠠᠨ ᠲᠦᠷᠦ ᠶᠢ ᠵᠠᠰᠠᠬᠯᠠᠬᠰᠠᠨ | ᠲᠦᠷᠭᠡᠨ᠎ᠡ ᠪᠢ ᠪᠠᠷ ᠬᠠᠳᠤᠨ ᠰᠦᠨᠡᠰᠦ | | ᠵᠡᠭᠦᠯᠳᠡ᠄ ᠲᠦᠷᠭᠡᠨ᠎ᠡ ᠬᠠᠳᠤᠨ ︵︖ —1246 ᠤᠨ᠂ ᠨᠠᠢᠮᠠᠯᠵᠢ ᠪᠤᠶᠤ ᠨᠠᠢᠮᠠᠯᠵᠢᠨ ᠬᠠᠳᠤᠨ ᠴᠦ ᠭᠡᠳᠡᠭ︶ | ᠪᠤᠯ ᠨᠠᠶᠢᠮᠠᠵᠢᠨ ᠤᠪᠤᠭ ᠤᠨ ᠢᠵᠠᠭᠤᠷᠳᠠᠨ ᠭᠠᠷᠤᠯ ᠲᠠᠢ ᠦᠬᠢᠨ᠂ ᠶᠡᠭᠡ ᠮᠤᠩᠭᠤᠯ ᠬᠠᠭᠠᠨᠳᠦ ᠤᠯᠤᠰ ᠤᠨ | ᠬᠤᠶᠠᠳᠤᠭᠠᠷ ᠦᠶ᠎ᠡ ᠶᠢᠨ ᠬᠠᠭᠠᠨ ᠲᠠᠶᠢᠽᠦ᠋ᠩ ᠦᠬᠡᠳᠡᠢ ᠬᠠᠭᠠᠨ ᠤ ᠵᠢᠷᠭᠤᠳᠤᠭᠠᠷ ᠬᠠᠳᠤᠨ ᠪᠦᠬᠡᠳ ᠶᠡᠭᠡ | ᠮᠤᠩᠭᠤᠯ ᠤᠨ ᠬᠠᠭᠠᠨᠳᠦ ᠤᠯᠤᠰ ᠤᠨ ᠲᠡᠤᠭᠡᠨ ᠳᠤ ᠲᠤᠯᠭᠤᠷ ᠲᠦᠷᠦ ᠶᠢᠨ ᠭᠡᠷᠡᠭ ᠢ ᠬᠠᠮᠤᠭ ᠤᠨ ᠤᠯᠠᠨ ᠵᠢᠯ | ᠲᠦᠷ ᠮᠡᠳᠡᠵᠦ ᠪᠠᠶᠢᠬᠰᠠᠨ ᠡᠷᠭᠡ ᠰᠦᠷ ᠲᠠᠢ ᠠᠩᠬᠠᠨ ᠤ ᠬᠠᠳᠤᠨ ᠶᠤᠮ᠃᠃ ᠲᠡᠷᠡ ᠪᠤᠯ ᠤᠬᠠᠭᠠᠨ ᠰᠡᠷᠭᠦᠯᠡᠩ | ᠮᠦᠷᠳᠡᠭᠡᠨ ᠡᠷᠡᠰ ᠰᠢᠭᠤᠷᠬᠠᠢ ᠵᠠᠩ ᠠᠷᠠᠨᠰᠢᠨ ᠲᠠᠢ᠂ ᠵᠤᠷᠢᠭ ᠵᠢᠪᠬᠤᠭ᠎ᠠ ᠲᠡᠭᠦᠯᠳᠡᠷ᠂ ᠤᠯᠤᠰ ᠲᠦᠷᠦ ᠶᠢᠨ | ᠠᠪᠢᠶᠠᠰ ᠴᠢᠳᠠᠪᠤᠷᠢ ᠲᠠᠢ ᠭᠠᠷᠮᠠᠭᠠᠢ ᠡᠮᠡᠭᠳᠡᠢ ᠪᠤᠯᠤᠨ᠎ᠠ᠃ 1241 ᠤᠨ ᠳᠤ ᠦᠭᠡᠳᠡᠢ ᠬᠠᠭᠠᠨ ᠨᠠᠰᠦ ᠪᠠᠷᠠᠬᠰᠠᠨ ᠤ | ᠲᠠᠷᠠᠭ᠎ᠠ ᠵᠢᠯ ᠠᠴᠠ ᠨᠢ ᠡᠬᠢᠯᠡᠭᠡᠳ ᠲᠠᠪᠤᠨ ᠵᠢᠯ ᠤᠨ ᠲᠤᠷᠰᠢ ᠶᠡᠭᠡ ᠮᠤᠩᠭᠤᠯ ᠬᠠᠭᠠᠨᠳᠦ ᠤᠯᠤᠰ ᠤᠨ ᠲᠦᠷᠦ ᠶᠢ | ᠵᠠᠰᠠᠬᠯᠠᠵᠤ᠂ ᠳ᠋ᠢᠩᠽᠦ᠋ᠩ ᠭᠦᠶᠦᠭ ᠬᠠᠭᠠᠨ ᠤ ᠦᠶ᠎ᠡ ᠳᠤ ᠴᠦ ᠤᠯᠤᠰ ᠤᠨ ᠡᠭᠡ ᠶᠢᠨ ᠬᠤᠪᠢ ᠪᠠᠷ ᠲᠦᠷᠦ ᠶᠢᠨ | ᠭᠡᠷᠡᠭ ᠲᠤ ᠪᠠᠶᠢᠩᠭᠤ ᠤᠷᠤᠯᠴᠠᠵᠤ ᠪᠠᠶᠢᠪᠠ᠃ 1246 ᠤᠨ ᠳᠤ ᠭᠦᠪᠡᠬᠦᠨ ᠭᠦᠶᠦᠭ ᠢᠶᠠᠨ ᠬᠠᠭᠠᠨ ᠰᠠᠭᠤᠷᠢᠨ ᠳᠤ | ᠰᠠᠭᠤᠯᠭᠠᠭᠠᠳ ᠲᠡᠮᠡᠢ ᠤᠳᠠᠬᠰᠠᠨ ᠦᠬᠡᠢ ᠨᠠᠰᠤ ᠪᠠᠷᠠᠵᠠᠢ᠃ ᠲᠦᠷᠭᠡᠨ᠎ᠡ ᠬᠠᠳᠤᠨ ᠲᠦᠷᠦ ᠵᠠᠰᠠᠭ ᠲᠠᠬᠢ ᠡᠷᠭᠡ ᠪᠠᠨ | ᠪᠠᠬᠢᠵᠢᠬᠦᠯᠬᠦ ᠶᠢᠨ ᠲᠦᠯᠦᠬᠡ ᠤᠯᠤᠰ ᠲᠦᠷᠦ ᠶᠢᠨ ᠭᠡᠳᠦᠷᠡᠮᠡᠬᠡᠢ ᠠᠷᠭ᠎ᠠ ᠶᠢ ᠭᠡᠷᠡᠭᠯᠡᠭᠰᠡᠨ ᠪᠤᠯᠪᠠᠴᠦ ᠮᠤᠩᠭᠤᠯ | ᠬᠠᠭᠠᠨᠳᠦ ᠲᠦᠷᠦ ᠶᠢᠨ ᠭᠤᠷᠪᠠᠳᠡᠬᠢ ᠬᠠᠭᠠᠨ ᠢ ᠰᠣᠩᠭᠤᠨ ᠲᠣᠬᠳᠠᠭᠠᠵᠤ ᠵᠠᠯᠭᠠᠮᠵᠢᠯᠠᠭᠤᠯᠤᠬᠰᠠᠨ ᠭᠠᠪᠢᠶ᠎ᠠ ᠲᠠᠢ᠃ | ᠦᠭᠡᠳᠡᠢ ᠬᠠᠭᠠᠨ ᠪᠠ ᠲᠦᠷᠭᠡᠨ᠎ᠡ ᠬᠠᠳᠤᠨ ᠠᠴᠠ ᠭᠦᠶᠦᠭ᠂ ᠭᠦᠳᠠᠨ᠂ ᠭᠦᠴᠦ᠂ ᠬᠠᠷᠠᠴᠠᠷ᠂ ᠬᠠᠰᠢ ᠵᠡᠷᠭᠡ ᠲᠠᠪᠤᠨ | ᠬᠠᠨ ᠭᠦᠪᠡᠬᠦᠨ ᠮᠡᠨᠳᠦᠯᠡᠵᠡᠢ᠃ | | | |