ᠠᠯᠠᠯᠲ᠋ᠤᠨ ᠪᠠᠬᠢ | ᠲᠡᠭᠷᠢ ᠠᠭᠤᠯᠠ ᠶᠢᠨ ᠡᠩᠭᠡᠷ ᠪᠠᠯ ᠳᠤ ᠤᠶᠢᠭᠤᠷ ᠤᠨ ᠨᠡᠭᠦᠳᠡᠯᠴᠢᠳ ᠠᠮᠢᠳᠤᠷᠠᠳᠠᠭ | ᠲᠤᠷᠭᠠᠨ ᠤ ᠵᠠᠮ ᠢ ᠪᠠᠭᠠᠯᠵᠠᠭᠤᠷᠳᠠᠬᠰᠠᠨ ᠲᠠᠩᠰᠤᠭ ᠪᠠᠶᠠᠯᠢᠭ ᠭᠠᠷᠤᠯᠳᠠ ᠲᠠᠢ | ᠴᠠᠭ ᠢ ᠲᠠᠨᠢᠬᠰᠠᠨ ᠢᠳᠤᠳ᠋ ᠬᠠᠨ ᠬᠠᠷ᠎ᠠ ᠪᠤᠯᠠᠭᠠᠨ ᠤ ᠠᠷᠠᠰᠦ ᠶᠢ ᠪᠡᠯᠡᠭᠯᠡᠨ | ᠴᠢᠩᠬᠢᠰ ᠬᠠᠭᠠᠨ ᠤ ᠢᠳᠡᠭᠡᠯ ᠢ ᠭᠦᠯᠢᠶᠡᠨ ᠲᠦᠷᠦ ᠶᠢᠨ ᠦᠬᠢᠨ ᠢᠶᠠᠷ ᠰᠤᠶᠤᠷᠬᠠᠬᠳᠠᠪᠠ | ᠲᠡᠳᠬᠦᠵᠦ ᠲᠦᠷᠦᠭᠰᠡᠨ ᠪᠦᠷᠳᠡ ᠶᠢᠨ ᠦᠬᠢᠨ ᠲᠡᠭᠷᠢ ᠶᠢᠨ ᠡᠯᠴᠢ ᠮᠡᠳᠦ ᠬᠢᠯᠪᠠᠭ᠎ᠠ ᠲᠠᠢ | ᠲᠤᠳᠤᠭᠠᠳᠦ ᠭᠠᠳᠠᠭᠠᠳᠦ ᠲᠦᠷᠦ ᠶᠢᠨ ᠶᠠᠪᠤᠳᠠᠯ ᠢ ᠠᠯᠠᠭ᠎ᠠ ᠤᠷᠪᠠᠭᠤᠯᠬᠤ ᠮᠡᠳᠦ ᠰᠢᠳᠭᠡᠮᠤᠢ | ᠡᠴᠢᠬᠡ ᠶᠢᠨ ᠠᠯᠳᠠᠨ ᠲᠦᠷᠦ ᠳᠤ ᠠᠷᠦ ᠲᠦᠰᠢᠭ ᠪᠤᠯᠵᠤ | ᠡᠷᠬᠢᠮ ᠢᠳᠡᠭᠡᠯᠳᠦ ᠴᠢᠨᠠᠷ ᠢᠶᠠᠷ ᠠᠷᠢᠭᠤᠨ ᠨᠡᠷ᠎ᠡ ᠪᠠᠨ ᠲᠠᠭᠤᠷᠢᠰᠬᠠᠬᠰᠠᠨ | ᠠᠯᠠᠯᠲ᠋ᠤᠨ ᠪᠠᠬᠢ ᠪᠢ ᠪᠠᠷ ᠬᠠᠳᠤᠨ ᠰᠦᠨᠡᠰᠦ | | ᠵᠡᠭᠦᠯᠳᠡ᠄ ᠠᠯᠠᠯᠲ᠋ᠤᠨ ︵ᠪᠠᠰᠠ ᠠᠯᠳᠠᠯᠤᠨ ᠪᠤᠶᠤ ᠠᠯᠳᠠᠯᠤᠬᠠᠨ ᠭᠡᠳᠡᠭ︶ ᠪᠤᠯ ᠴᠢᠩᠬᠢᠰ ᠬᠠᠭᠠᠨ ᠪᠤᠯᠤᠨ ᠪᠦᠷᠳᠡ | ᠬᠠᠳᠤᠨ ᠤ ᠲᠠᠪᠤᠳᠤᠭᠠᠷ ᠦᠬᠢᠨ᠃ ᠤᠶᠢᠭᠤᠷ ᠤᠨ ᠢᠳᠤᠳ᠋ ᠲᠠᠢ ᠭᠡᠷᠯᠡᠪᠡ᠃ ︽ᠴᠢᠩᠬᠢᠰ ᠬᠠᠭᠠᠨ ᠰᠤᠶᠤᠷᠬᠠᠪᠠᠯ᠂ | ᠠᠯᠳᠠᠨ ᠪᠦᠰᠡ ᠶᠢᠨ ᠴᠢᠨᠢ ᠭᠤᠷᠬᠢᠨ ᠠᠴᠠ ᠪᠠᠷᠢᠵᠤ᠂ ᠠᠷᠢᠭᠤᠨ ᠲᠡᠪᠡᠯ ᠤᠨ ᠴᠢᠨᠢ ᠦᠷᠡᠳᠡᠰᠦᠨ ᠠᠴᠠ ᠤᠯᠵᠤ᠂ | ᠲᠠᠪᠤᠳᠤᠭᠠᠷ ᠭᠦᠪᠡᠬᠦᠨ ᠴᠢᠨᠢ ᠪᠤᠯᠵᠤ ᠭᠦᠴᠦ ᠪᠠᠨ ᠦᠭᠭᠦᠶ᠎ᠡ︕︾ ᠭᠡᠰᠡᠨ ᠢᠳᠤᠳ᠋ ᠪᠠᠷ ᠬᠠᠷ᠎ᠠ ᠪᠤᠯᠠᠭᠠᠨ ᠠᠷᠠᠰᠦ | ᠂ ᠴᠠᠭᠠᠨ ᠱᠤᠩᠬᠤᠷ᠂ ᠴᠠᠭᠠᠨ ᠮᠤᠷᠢ᠂ ᠠᠯᠳᠠ ᠮᠦᠩᠬᠦ᠂ ᠰᠤᠪᠤᠳ ᠲᠠᠨ᠎ᠠ ᠮᠡᠳᠦ ᠶᠢᠨ ᠭᠦᠨᠳᠦ ᠪᠡᠯᠡᠭ ᠢ ᠴᠢᠩᠬᠢᠰ | ᠬᠠᠭᠠᠨ ᠳᠤ ᠡᠷᠭᠦᠨ ᠪᠠᠷᠢᠵᠤ᠂ ︽ᠠᠵᠠ ᠬᠡᠶᠢᠮᠤᠷᠢ ᠲᠠᠢ ᠴᠢᠩᠬᠢᠰ ᠬᠠᠭᠠᠨ ᠤ ᠴᠡᠷᠢᠭ ᠢ ᠵᠤᠪᠠᠭᠠᠯ ᠦᠬᠡᠢ᠂ ᠮᠤᠷᠢᠳ | ᠢ ᠨᠢ ᠭᠦᠯᠦᠷᠡᠭᠡᠯ ᠦᠬᠡᠢ ᠨᠠᠶᠢᠷᠰᠠᠭ ᠢᠶᠠᠷ ᠢᠷᠡᠵᠦ ᠲᠠᠭᠠᠷ᠎ᠠ ᠤᠷᠤᠬᠰᠠᠨ︾ ᠪᠠᠶᠢᠨ᠎ᠠ᠃ ︽ᠠᠯ — ᠠᠯᠲ᠋ᠤᠨ︾ | ᠭᠡᠳᠡᠭ ᠨᠢ ︽ᠬᠠᠭᠠᠨ ᠢ ᠤᠷᠤᠯᠠᠬᠴᠢ︾ ᠭᠡᠳᠡᠭ ᠤᠳᠬ᠎ᠠ ᠪᠦᠬᠦᠢ ᠴᠤᠯᠠ᠃ ᠠᠯᠠᠯᠲ᠋ᠤᠨ ᠪᠠᠬᠢ ᠪᠠᠷ ᠪᠠᠶᠠᠨ | ᠲᠠᠩᠰᠤᠭ ᠤᠶᠢᠭᠤᠷ ᠤᠨ ᠭᠠᠵᠠᠷ ᠨᠤᠳᠤᠭ ᠢ ᠡᠵᠡᠮᠳᠡᠨ ᠵᠠᠬᠢᠷᠴᠦ᠂ ᠡᠵᠡᠨᠳᠦ ᠭᠦᠷᠦᠨ ᠤ ᠲᠠᠷᠠᠭᠠᠴᠢ ᠶᠢᠨ ᠦᠶ᠎ᠡ | ᠱᠠᠳᠤᠨ ᠳᠤ ᠴᠢᠬᠤᠯᠠ ᠨᠦᠯᠦᠬᠡ ᠦᠵᠡᠭᠦᠯᠦᠭᠰᠡᠨ ᠶᠤᠮ᠃ | | | ᠲᠦᠮᠡᠯᠦᠨ ᠪᠠᠬᠢ | ᠴᠡᠭᠡᠵᠢᠨ ᠳᠤ ᠪᠠᠨ ᠨᠠᠷᠠ ᠲᠠᠢ ᠲᠦᠮᠡᠯᠦᠨ ᠢ ᠬᠤᠩᠬᠢᠷᠠᠳ ᠤᠨ ᠭᠤᠷᠬᠢᠨ ᠳᠤ ᠬᠤᠯᠪᠤᠵᠤ | ᠴᠢᠷᠠᠢ ᠳᠤ ᠪᠠᠨ ᠰᠠᠷ᠎ᠠ ᠲᠠᠢ ᠦᠵᠢᠨ ᠢ ᠬᠤᠷᠠᠯᠠᠰ ᠤᠨ ᠪᠤᠳᠤ ᠳᠤ ᠪᠤᠬᠳᠤᠯᠠᠪᠠᠢ | ᠴᠢᠩᠬᠢᠰ ᠪᠤᠬᠳᠠ ᠶᠢᠨ ᠴᠡᠴᠡᠨ ᠦᠬᠢᠳ ᠲᠦᠷᠬᠦᠮ ᠤᠨ ᠭᠠᠵᠠᠷ ᠲᠤ ᠪᠠᠨ ᠡᠷᠳᠡᠨᠢ | ᠴᠠᠴᠤᠬᠳᠠᠵᠤ ᠡᠯᠴᠢᠯᠡᠭᠰᠡᠨ ᠬᠠᠳᠠᠮ ᠤᠨ ᠭᠠᠵᠠᠷ᠎ᠠ ᠲᠦᠷᠦ ᠶᠢᠨ ᠲᠠᠮᠠᠭ᠎ᠠ ᠠᠳᠬᠤᠨᠠᠮ | ᠲᠦᠮᠡᠨ ᠤᠰᠦ ᠮᠢᠩᠭᠠᠨ ᠠᠭᠤᠯᠠᠨ ᠠᠴᠠ ᠡᠴᠢᠬᠡ ᠶᠢᠨ ᠨᠤᠳᠤᠭ ᠢᠶᠠᠨ ᠮᠦᠷᠦᠭᠡᠳᠦᠨᠡᠮ | ᠲᠤᠷᠤᠨ᠎ᠠ ᠦᠷᠦᠨ᠎ᠡ ᠶᠢᠨ ᠬᠢᠵᠠᠭᠠᠷ᠎ᠠ ᠲᠦᠷᠦ ᠶᠢᠨ ᠦᠬᠢᠳ ᠬᠠᠶᠢᠷᠠᠯᠠᠯᠳᠠᠢ | ᠡᠬᠡ ᠶᠢᠨ ᠮᠡᠷᠭᠡᠨ ᠰᠤᠷᠭᠠᠯ ᠢᠶᠠᠷ ᠤᠬᠠᠭᠠᠨ ᠤ ᠤᠷ᠎ᠠ ᠶᠢ ᠤᠯᠠᠮᠵᠢᠯᠠᠵᠤ | ᠡᠴᠢᠬᠡ ᠶᠢᠨ ᠴᠢᠩᠭ᠎ᠠ ᠭᠦᠮᠦᠵᠢᠯ ᠢᠶᠠᠷ ᠲᠦᠷᠦ ᠶᠢᠨ ᠵᠢᠯᠤᠭᠤ ᠶᠢ ᠲᠤᠬᠳᠤᠷᠤᠬᠰᠠᠨ | ᠲᠦᠮᠡᠯᠦᠨ ᠪᠢ ᠪᠠᠷ ᠬᠠᠳᠤᠨ ᠰᠦᠨᠡᠰᠦ | | | ᠵᠡᠭᠦᠯᠳᠡ᠄ ᠲᠦᠮᠡᠯᠦᠨ ᠪᠤᠯ ᠴᠢᠩᠬᠢᠰ ᠬᠠᠭᠠᠨ ᠪᠤᠯᠤᠨ ᠪᠦᠷᠳᠠ ᠬᠠᠳᠤᠨ ᠠᠴᠠ ᠭᠠᠷᠤᠬᠰᠠᠨ ᠲᠦᠷᠪᠡᠳᠦᠭᠡᠷ | ᠦᠬᠢᠨ᠃ ᠬᠤᠩᠬᠢᠷᠠᠳ ᠠᠶᠢᠮᠠᠭ ᠤᠨ ᠠᠬᠠᠯᠠᠬᠴᠢ ᠠᠯᠴᠦ ᠨᠤᠶᠠᠨ ᠤ ᠭᠦᠪᠡᠬᠦᠨ ᠴᠢᠭᠦ ᠭᠦᠷᠭᠡᠨ ᠳᠤ ᠦᠭᠪᠡ᠃ | ᠤᠯᠠᠭᠠᠨ ᠪᠡᠴᠢᠨ ᠵᠢᠯ᠂ ᠲᠠᠶᠢᠽᠦ᠋ᠩ ᠦᠬᠡᠳᠡᠢ ᠬᠠᠭᠠᠨ ᠤ ᠨᠠᠢᠮᠠᠳᠤᠭᠠᠷ ᠤᠨ ︵1236 ᠤᠨ︶ ᠳᠤ ᠫᠦ᠋ ᠵᠸᠦ | ᠶᠢᠨ ᠭᠤᠷᠪᠠᠨ ᠲᠦᠮᠡ ᠭᠠᠷᠤᠢ ᠢᠷᠭᠡᠨ ᠢ ᠰᠤᠶᠤᠷᠬᠠᠪᠠ᠃ | | |