ᠲᠤᠯᠤᠨᠪᠠᠢ ᠪᠠᠬᠢ | | ᠠᠹᠠᠷᠢᠺᠠ ᠲᠢᠪ ᠤᠨ ᠤᠮᠠᠷᠠᠳᠦ ᠬᠤᠶᠢᠭ ᠲᠡᠭᠡᠷ᠎ᠡ ᠡᠷᠳᠡᠨ ᠤ ᠰᠤᠶᠤᠯ ᠮᠡᠨᠳᠦᠯᠡᠭᠰᠡᠨ ᠬᠡᠨᠡᠮ | ᠠᠯᠳᠠᠨ ᠤᠷᠳᠤᠳᠦ ᠬᠠᠭᠠᠨᠳᠦ ᠤᠯᠤᠰ ᠠᠴᠠ ᠪᠠᠨ ᠬᠠᠭᠠᠨ ᠤ ᠭᠦᠩᠵᠦ ᠪᠢ ᠮᠤᠷᠳᠠᠨᠠᠮ | ᠠᠯᠤᠰ ᠤᠨ ᠪᠤᠳᠤᠯᠭ᠎ᠠ ᠬᠤᠯᠠ ᠶᠢᠨ ᠵᠤᠷᠢᠯᠳᠠ ᠪᠠᠷ ᠤᠯᠤᠰ ᠲᠦᠷᠦ ᠶᠢᠨ ᠤᠷᠤᠭ ᠢ ᠰᠤᠩᠭᠤᠵᠤ | ᠠᠮᠢᠳᠤᠷᠠᠯ ᠬᠠᠶᠢᠷ᠎ᠠ ᠢᠨᠠᠭ ᠲᠤᠷᠠᠯᠠᠯ ᠢᠶᠠᠷ ᠢᠶᠠᠨ ᠡᠩᠬᠡ ᠲᠠᠶᠢᠪᠤᠩ ᠢ ᠵᠤᠯᠢᠶᠠᠰᠤᠯᠠᠨᠠᠮ | ᠠᠯᠳᠠᠨ ᠶᠠᠰᠤᠨ ᠤ ᠭᠡᠯᠳᠡᠷᠭᠡᠢ ᠪᠠᠷ ᠮᠠᠮᠠᠯᠠᠭ ᠤᠨ ᠰᠦᠯᠲ᠋ᠠᠨ ᠤ ᠬᠢᠨ ᠳᠤ ᠤᠳᠬ᠎ᠠ ᠲᠡᠭᠦᠰᠭᠡᠵᠦ | ᠠᠯᠠᠭ ᠮᠢᠬᠠᠨ ᠤ ᠲᠠᠰᠤᠷᠬᠠᠢ ᠪᠠᠷ ᠠᠮᠢ ᠨᠠᠰᠤᠨ ᠤ ᠤᠶᠠᠩᠭ᠎ᠠ ᠶᠢ ᠲᠠᠭᠤᠷᠢᠰᠬᠠᠨᠠᠮ | ᠠᠽᠢᠶ᠎ᠠ ᠠᠪᠠᠷᠢᠺᠠ ᠶᠢᠨ ᠲᠤᠮᠳᠠ ᠨᠦᠭᠦᠷᠰᠡᠭ ᠭᠠᠩᠨᠠᠭᠠᠰᠤ ᠪᠤᠯᠵᠤ | ᠠᠷᠢᠭᠤᠨ ᠦᠬᠢᠳ ᠤᠨ ᠴᠢᠨᠠᠷ ᠢ ᠠᠯᠤᠰ ᠤᠨ ᠴᠢᠭ ᠲᠤ ᠲᠡᠮᠳᠡᠭᠯᠡᠭᠰᠡᠨ | ᠲᠤᠯᠤᠨᠪᠠᠢ ᠪᠢ ᠪᠠᠷ ᠬᠠᠳᠤᠨ ᠰᠦᠨᠡᠰᠦ | ᠵᠡᠭᠦᠯᠳᠡ᠄ ᠠᠯᠳᠠᠨ ᠤᠷᠳᠤᠨ ᠤ ᠶᠡᠭᠡ ᠮᠤᠩᠭᠤᠯ ᠤᠯᠤᠰ ᠤᠨ ᠠᠷᠪᠠᠳᠤᠭᠠᠷ ᠦᠶ᠎ᠡ ᠶᠢᠨ ᠬᠠᠭᠠᠨ ᠦᠰᠪᠠᠬᠢ ︵︽ | ᠦᠪᠡᠷ ᠤᠨ ᠡᠵᠡᠨ︾ ᠭᠡᠳᠡᠭ ᠡᠷᠳᠡᠨ ᠤ ᠮᠤᠩᠭᠤᠯ ᠦᠬᠡ︶ ᠪᠤᠯ ᠴᠢᠩᠬᠢᠰ ᠬᠠᠭᠠᠨ ᠤ ᠤᠤᠭᠠᠨ ᠭᠦᠪᠡᠭᠦᠨ ᠵᠦᠴᠢ | ᠶᠢᠨ ᠬᠤᠶᠢᠴᠢᠰ ᠪᠤᠯᠤᠨ᠎ᠠ᠃ ᠲᠤᠯᠤᠨᠪᠠᠢ ᠪᠤᠯ ᠦᠰᠪᠠᠬᠢ ᠬᠠᠭᠠᠨ ᠤ ᠦᠬᠢᠨ᠃ ᠲᠤᠯᠤᠨᠪᠠᠢ ᠪᠠᠬᠢ 1320 ᠤᠨ | ᠳᠤ᠂ ᠤᠯᠤᠰ ᠲᠦᠷᠦ ᠶᠢᠨ ᠤᠷᠤᠭ ᠪᠠᠷᠢᠯᠳᠤᠯᠭ᠎ᠠ ᠪᠠᠷ ᠶᠧᠵᠢᠫᠲ ᠤᠨ ᠮᠠᠮᠠᠯᠠᠭ ᠬᠠᠭᠠᠨᠳᠦ ᠤᠯᠤᠰ ᠤᠨ ᠡᠵᠡᠨ | ᠰᠦᠯᠲ᠋ᠠᠨ ᠨᠠᠰᠢᠷ ᠲᠤ ᠮᠤᠷᠳᠠᠵᠤ᠂ ᠤᠴᠢᠷ ᠪᠢᠳᠡᠭᠦᠯᠢᠭ ᠰᠢᠯᠳᠠᠭᠠᠨ ᠢᠶᠠᠷ ᠲᠡᠤᠭᠡᠨᠡ ᠲᠤᠳᠤᠷᠠᠭ᠎ᠠ ᠦᠬᠡᠢ ᠴᠠᠭ ᠲᠤ | ᠠᠯᠳᠠᠨ ᠠᠮᠢ ᠠᠷᠢᠭᠤᠨ ᠨᠠᠰᠦ ᠪᠠᠨ ᠠᠯᠤᠰ ᠭᠠᠵᠠᠷ ᠮᠦᠩᠭᠡᠯᠡᠵᠡᠢ᠃ | | ᠶᠢᠰᠦᠯᠦᠨ ᠬᠠᠳᠤᠨ | ᠴᠠᠬᠢᠯᠤᠨ ᠤᠳᠤᠬᠰᠠᠨ ᠴᠠᠭ ᠤᠨ ᠦᠯᠢᠭᠡᠷ ᠢ ᠴᠢᠮᠡᠭᠡ ᠦᠬᠡᠶᠢᠬᠡᠨ ᠠᠷᠭᠠᠳᠠᠨᠠᠮ | ᠴᠡᠴᠡᠨ ᠨᠢᠳᠦᠨ ᠤ ᠴᠢᠨᠢ ᠲᠤᠩᠭᠠᠯᠠᠭ ᠤᠬᠠᠭᠠᠨ ᠢ ᠴᠠᠭᠠᠨ ᠰᠦ ᠮᠡᠳᠦ ᠬᠦᠭᠦᠨᠡᠮ | ᠴᠡᠴᠡᠭᠯᠡᠵᠦ ᠦᠩᠭᠡᠷᠡᠭᠰᠡᠨ ᠲᠡᠤᠭᠡ ᠶᠢᠨ ᠬᠦᠯᠢᠶᠡᠰᠦ ᠶᠢ ᠠᠶᠠᠷ ᠠᠶᠠᠷᠬᠠᠨ ᠠᠯᠳᠠᠷᠭᠠᠨᠠᠮ | ᠴᠠᠭᠠᠳᠠᠢ ᠳᠤ ᠬᠤᠤᠰᠯᠠᠬᠤ ᠲᠡᠯᠭᠡᠷᠡᠩᠭᠦᠢ ᠰᠠᠶᠢᠬᠠᠨ ᠡᠭᠡ ᠲᠠᠬᠢᠨᠢ ᠶᠢ ᠱᠤᠬᠤᠭᠤᠷᠬᠠᠨᠠᠮ | ᠴᠡᠴᠡᠭ ᠰᠢᠪᠠᠭᠤᠨ ᠤ ᠨᠡᠭᠦᠳᠡᠯ ᠤᠨ ᠲᠤᠮᠳᠠ ᠦᠩᠭᠡᠷᠡᠭᠰᠡᠨ ᠪᠦᠬᠦᠨ ᠬᠠᠭᠤᠴᠢᠨ ᠴᠦ | ᠴᠢᠮᠠᠢᠢ ᠤᠩᠰᠢᠭᠠᠳ ᠦᠪᠡᠷ ᠢ ᠪᠠᠨ ᠲᠠᠨᠢᠬᠤ ᠮᠢᠨᠦ ᠵᠢᠷᠦᠬᠡ ᠰᠢᠪ ᠰᠢᠨᠡᠭᠡᠨ | ᠠᠪᠴᠢᠨ ᠠᠭᠰᠢᠬᠤ ᠠᠯᠤᠰ ᠬᠤᠯᠠ ᠶᠢᠨ ᠲᠡᠷᠡ ᠤᠬᠠᠬᠳᠠᠬᠤᠨ | ᠵᠢᠵᠢᠭᠷᠡᠨ ᠵᠢᠵᠢᠭᠷᠡᠭᠰᠡᠭᠡᠷ ᠠᠪᠰᠠᠷᠬᠠᠨ ᠬᠤᠶᠠᠷ ᠦᠬᠦᠯᠡᠪᠦᠷᠢ | ᠶᠢᠰᠦᠯᠦᠨ ᠪᠢ ᠪᠠᠷ ᠬᠠᠳᠤᠨ ᠰᠦᠨᠡᠰᠦ | ᠵᠡᠭᠦᠯᠳᠡ᠄ ᠶᠢᠰᠦᠯᠦᠨ ᠬᠠᠳᠤᠨ ︵ᠶᠡᠭᠡ ᠲᠦᠯᠦᠪ 13 ᠳ᠋ᠤᠭᠠᠷ ᠵᠠᠭᠤᠨ ᠤ ᠲᠤᠮᠳᠠ ᠦᠶ᠎ᠡ ᠠᠴᠠ ᠰᠡᠭᠦᠯᠴᠢ ᠶᠢᠨ | ᠦᠶ᠎ᠡ ᠪᠤᠯᠳᠠᠯ᠎ᠠ ᠠᠮᠢᠳᠤᠷᠠᠵᠤ ᠪᠠᠶᠢᠵᠠᠢ︶ ᠪᠤᠯ ᠴᠠᠭᠠᠳᠠᠢ ᠬᠠᠨ ᠤ ᠲᠡᠷᠢᠬᠦᠨ ᠬᠠᠳᠤᠨ᠂ ᠬᠤᠩᠬᠢᠷᠠᠳ ᠠᠶᠢᠮᠠᠭ ᠤᠨ | ᠠᠬᠠᠯᠠᠬᠴᠢ ᠲᠠᠷᠢᠳᠠᠢ ᠶᠢᠨ ᠠᠴᠢ ᠬᠠᠳᠠ ᠨᠤᠶᠠᠨ ᠤ ᠦᠬᠢᠨ ᠶᠤᠮ᠃ ᠴᠠᠭᠠᠳᠠᠢ ᠬᠠᠨ ᠪᠤᠯᠤᠨ ᠶᠢᠰᠦᠯᠦᠨ ᠬᠠᠳᠤᠨ | ᠠᠴᠠ ᠮᠤᠳᠤᠭᠠᠨ ᠭᠡᠮᠡᠬᠦ ᠭᠦᠪᠡᠬᠦᠨ ᠲᠥᠷᠥᠵᠦ᠂ ᠴᠢᠩᠬᠢᠰ ᠬᠠᠭᠠᠨ ᠲᠡᠷᠡ ᠭᠦᠪᠡᠬᠦᠨ ᠳᠤ ᠮᠠᠰᠢ ᠶᠡᠭᠡ ᠬᠠᠶᠢᠷᠠᠳᠠᠢ | ᠪᠠᠶᠢᠭᠰᠠᠨ ᠭᠡᠳᠡᠭ᠃ ᠬᠤᠷᠽᠧᠮ ᠢ ᠲᠠᠶᠢᠯᠠᠬᠤ ᠲᠠᠶᠢᠨ ᠳᠤ ᠪᠡᠶ᠎ᠡ ᠠᠳᠡᠵᠡᠢ᠃ ᠴᠠᠭᠠᠳᠠᠢ ᠬᠠᠨ ᠢ ᠨᠠᠰᠦ ᠪᠠᠷᠠᠬᠰᠠᠨ ᠤ | ᠲᠠᠷᠠᠭ᠎ᠠ ᠶᠢᠰᠦᠯᠦᠨ ᠬᠠᠳᠤᠨ ᠪᠠᠷ ᠬᠠᠭᠠᠨᠳᠦ ᠤᠯᠤᠰ ᠤᠨ ᠢᠶᠠᠨ ᠵᠠᠰᠠᠭ ᠲᠦᠷᠦ ᠶᠢ ᠴᠢᠳᠠᠮᠠᠭᠠᠢ ᠤᠳᠤᠷᠢᠳᠤᠨ | ᠶᠠᠪᠤᠭᠤᠯᠵᠤ᠂ ᠴᠠᠭᠠᠳᠠᠢ ᠬᠠᠨᠯᠢᠭ ᠤᠯᠤᠰ ᠤᠨ ᠲᠡᠤᠭᠡᠨ ᠳᠠᠬᠢ ᠲᠦᠷᠦ ᠶᠢᠨ ᠡᠷᠭᠡ ᠪᠠᠷᠢᠬᠴᠢ ᠠᠩᠬᠠᠨ ᠤ ᠪᠦᠰᠡᠭᠦᠢ | ᠪᠤᠯᠤᠬᠰᠠᠨ ᠶᠤᠮ᠃ | | | |