ᠲᠡᠮᠦᠯᠦᠨ ᠭᠤᠸ᠎ᠠ | ᠦᠷᠦᠰᠢᠶᠡᠯᠳᠦ ᠡᠭᠡ ᠦᠬᠡᠯᠦᠨ ᠠᠴᠠ ᠵᠠᠶᠠᠭᠠᠬᠰᠠᠨ ᠦᠷ᠎ᠡ ᠶᠢᠨ ᠭᠠᠭᠴᠠᠬᠠᠨ ᠦᠬᠢᠨ | ᠦᠯᠦᠰᠭᠦᠯᠡᠩ ᠭᠠᠴᠢᠯᠠᠩ ᠢ ᠪᠠᠯᠴᠢᠷ ᠠᠴᠠ ᠲᠠᠨᠢᠵᠤ ᠭᠠᠰᠢᠭᠤᠨ ᠵᠦᠳᠡᠭᠦᠷᠢᠳᠡᠢ ᠦᠰᠦᠯ᠎ᠡ | ᠬᠤᠩᠬᠢᠷᠠᠳ ᠠᠶᠢᠮᠠᠭ ᠤᠨ ᠪᠤᠳᠤ ᠯᠤᠭ᠎ᠠ ᠬᠤᠪᠢ ᠵᠠᠶᠠᠭᠠᠨ ᠤ ᠴᠡᠯᠮ᠎ᠡ ᠪᠠᠨ ᠬᠤᠯᠪᠤᠵᠤ | ᠬᠠᠭᠠᠨᠳᠦ ᠤᠯᠤᠰ ᠤᠨ ᠦᠭᠡᠳᠡᠯᠡᠯ ᠮᠠᠨᠳᠤᠯ ᠳᠤ ᠭᠦᠴᠦᠨ ᠵᠢᠳᠭᠦᠯ ᠢᠶᠠᠨ ᠵᠤᠷᠢᠭᠤᠯᠪᠠᠢ | ᠬᠤᠪ ᠵᠤᠬᠢᠶᠠᠨ ᠦᠢᠮᠡᠭᠡᠨ ᠲᠡᠭᠳᠡᠭᠡᠭᠰᠡᠨ ᠠᠯᠳᠠᠨ ᠬᠤᠴᠠᠷ ᠢ ᠵᠤᠷᠢᠬᠳᠠᠢ ᠢᠯᠡᠴᠢᠯᠡᠨ | ᠬᠤᠶᠢᠨ᠎ᠠ ᠠᠴᠠ ᠢᠷᠡᠭᠰᠡᠨ ᠬᠤᠯᠠᠭᠠᠢ ᠰᠤᠮᠤᠨ ᠳᠤ ᠬᠠᠯᠠᠭᠤᠨ ᠠᠮᠢ ᠪᠠᠨ ᠦᠷᠡᠭᠳᠡᠬᠦᠯᠪᠡᠢ | ᠨᠤᠮᠤ ᠲᠡᠯᠢᠵᠤ ᠬᠠᠷᠪᠤᠵᠤ ᠨᠠᠮᠨᠠᠬᠤ ᠠᠨᠤ ᠬᠠᠷᠠᠴᠤᠤᠯ ᠢ ᠢᠴᠢᠭᠡᠮ᠎ᠡ ᠭᠠᠶᠢᠬᠠᠯᠲᠠᠢ | ᠰᠡᠷᠭᠦᠯᠡᠩ ᠤᠬᠠᠭᠠᠨ ᠬᠠᠳᠠᠨ ᠵᠤᠷᠢᠭ ᠠᠨᠤ ᠮᠤᠩᠭᠤᠯ ᠦᠬᠢᠳ ᠤᠨ ᠪᠠᠭ᠋ᠠᠷᠬᠠᠯ | ᠲᠡᠮᠦᠯᠦᠨ ᠭᠤᠸ᠎ᠠ ᠪᠢ ᠪᠠᠷ ᠬᠠᠳᠤᠨ ᠰᠦᠨᠡᠰᠦ | ᠵᠡᠭᠦᠯᠳᠡ᠄ ᠲᠡᠮᠦᠯᠦᠨ ᠭᠤᠸ᠎ᠠ ︵1169 — ︖︶ ᠪᠤᠯ ᠦᠬᠡᠯᠦᠨ ᠡᠭᠡ ᠶᠢᠨ ᠭᠠᠭᠴᠠ ᠦᠬᠢᠨ᠂ ᠴᠢᠩᠬᠢᠰ | ᠬᠠᠭᠠᠨ ᠤ ᠦᠬᠢᠨ ᠲᠡᠭᠦᠦ ᠪᠤᠯᠤᠨ᠎ᠠ᠃ ᠬᠤᠩᠬᠢᠷᠠᠳ ᠠᠶᠢᠮᠠᠭ ᠤᠨ ᠢᠬᠢᠷᠢᠰ ᠤᠪᠤᠭ ᠤᠨ ᠪᠤᠳᠤ ︵ᠪᠠᠰᠠ ᠪᠤᠷᠤ | ᠭᠡᠳᠡᠭ︶ ᠳᠤ ᠮᠤᠷᠳᠠᠭᠤᠯᠪᠠ᠃ ᠲᠡᠮᠦᠯᠦᠨ ᠭᠤᠸ᠎ᠠ ᠤᠬᠠᠭᠠᠨ ᠰᠡᠷᠭᠦᠯᠡᠩ᠂ ᠵᠤᠷᠢᠭ ᠬᠠᠳᠠᠭᠤ ᠮᠦᠷᠳᠡᠭᠡᠨ ᠠᠭᠤᠳᠠᠮ | ᠪᠠᠭᠳᠠᠭᠠᠮᠵᠢᠳᠠᠢ ᠪᠠᠶᠢᠵᠤ᠂ ᠬᠠᠷᠠᠬᠠᠨ ᠪᠠᠭ᠎ᠠ ᠠᠴᠠ ᠪᠠᠨ ᠡᠬᠡ ᠪᠤᠯᠤᠨ ᠠᠬ᠎ᠠ ᠲᠠᠢ ᠪᠠᠨ ᠬᠠᠮᠳᠦ ᠡᠯ᠎ᠡ ᠬᠠᠯᠠ ᠶᠢᠨ | ᠲᠤᠮᠳᠠᠭᠤᠷ ᠲᠠᠪᠳᠠᠬᠳᠠᠨ ᠪᠤᠶᠢᠵᠢᠵᠦ᠂ ᠠᠯᠳᠠᠨ ᠤᠷᠤᠭ ᠤᠨ ᠲᠤᠳᠤᠭᠠᠳᠦ ᠶᠢᠨ ᠡᠪ ᠪᠦᠯᠭᠦᠮᠳᠡᠯ ᠢ ᠬᠠᠮᠠᠭᠠᠯᠠᠬᠤ ᠶᠢᠨ | ᠲᠦᠯᠦᠬᠡ ᠨᠠᠰᠤᠨ ᠲᠤᠷᠰᠢ ᠴᠢᠷᠮᠠᠶᠢᠵᠤ᠂ ᠮᠤᠩᠭᠤᠯ ᠠᠶᠢᠮᠠᠭ ᠤᠳ ᠢ ᠨᠢᠭᠡᠳᠭᠡᠭᠦ ᠶᠡᠭᠡ ᠦᠢᠯᠡᠰ ᠲᠤ ᠪᠠᠯᠠᠷᠠᠰᠢ | ᠦᠬᠡᠢ ᠭᠠᠪᠢᠶ᠎ᠠ ᠵᠢᠳᠭᠦᠯ ᠲᠠᠢ ᠶᠠᠪᠤᠬᠰᠠᠨ ᠶᠤᠮ᠃ | | | ᠬᠠᠳᠠᠭᠠᠨ ᠦᠬᠢᠨ | ᠤᠳᠤᠮ ᠨᠢ ᠲᠠᠶᠢᠴᠢᠭᠤᠳ ᠤᠪᠤᠭ ᠨᠢ ᠰᠦᠯᠳᠦᠰᠦᠨ ᠰᠤᠷᠬᠠᠨ ᠰᠢᠷ᠎ᠠ ᠶᠢᠨ ᠦᠬᠢᠨ | ᠤᠷᠤᠭᠤ ᠲᠠᠢ ᠵᠤᠪᠠᠯᠠᠩ ᠳᠤ ᠤᠮᠳᠠᠭᠠᠨ ᠭᠦᠷᠭᠡᠵᠦ ᠢᠳᠡᠭᠡᠯᠳᠦ ᠲᠡᠭᠷᠢ ᠳᠤ ᠲᠠᠭᠠᠳᠬᠠᠬᠰᠠᠨ | ᠦᠬᠢᠨ ᠨᠠᠰᠤᠨ ᠤ ᠴᠡᠪᠡᠷᠭᠡᠨ ᠲᠤᠷᠠᠯᠠᠯ ᠢᠶᠠᠷ ᠨᠤᠤᠰᠤᠨ ︽ᠤᠪᠤᠭᠠᠨ︾ ᠳᠤᠷ ᠬᠠᠨᠢᠰᠤᠨ | ᠤᠩᠭᠠᠰᠤᠳᠦ ᠲᠡᠷᠭᠡᠨ᠎ᠡ ᠨᠢᠭᠤᠬᠳᠠᠵᠤ ᠲᠠᠶᠢᠴᠢᠭᠤᠳ ᠤᠨ ᠨᠡᠩᠵᠢᠯᠳᠡ ᠠᠴᠠ ᠭᠡᠳᠦᠯᠭᠡᠪᠡ | ᠴᠢᠩ ᠬᠠᠶᠢᠷ᠎ᠠ ᠶᠢᠨ ᠰᠡᠳᠬᠢᠯ ᠳᠤ ᠬᠠᠳᠤᠨ ᠲᠢᠳᠢᠮ ᠲᠠᠩᠴᠦ ᠨᠢᠭᠡ ᠢᠯᠡᠭᠦᠳᠡᠯ | ᠴᠢᠭᠴᠢ ᠵᠢᠷᠦᠮ ᠢ ᠪᠠᠷᠢᠮᠳᠠᠯᠠᠨ ᠤᠷᠳᠤᠨ ᠤ ᠲᠤᠳᠤᠭᠠᠳᠦ ᠳᠤ ᠲᠠᠷᠤᠤᠬᠠᠨ ᠦᠢᠯᠡᠴᠢᠯᠡᠪᠡ | ᠬᠠᠭᠠᠨ ᠲᠡᠮᠦᠵᠢᠨ ᠤ ᠬᠠᠯᠠᠭᠤᠨ ᠠᠮᠢᠨ ᠳᠤ ᠤᠷᠤᠵᠤ | ᠬᠠᠮᠤᠭ ᠮᠤᠩᠭᠤᠯ ᠢ ᠦᠬᠢᠨ ᠬᠠᠶᠢᠷ᠎ᠠ ᠪᠠᠷ ᠠᠪᠤᠷᠠᠬᠰᠠᠨ | ᠬᠠᠳᠠᠭᠠᠨ ᠪᠢ ᠪᠠᠷ ᠬᠠᠳᠤᠨ ᠰᠦᠨᠡᠰᠦ | ᠵᠡᠭᠦᠯᠳᠡ᠄ ᠬᠠᠳᠠᠭᠠᠨ ᠪᠤᠯ ᠲᠠᠶᠢᠴᠢᠭᠤᠳ ᠤᠨ ᠬᠠᠷᠢᠶᠠᠨ ᠳᠤ ᠪᠠᠶᠢᠬᠰᠠᠨ ᠰᠦᠯᠳᠦᠰᠦᠨ ᠤᠪᠤᠭ ᠤᠨ ᠰᠤᠷᠬᠠᠨ | ᠰᠢᠷ᠎ᠠ ᠶᠢᠨ ᠭᠠᠭᠴᠠ ᠦᠬᠢᠨ ᠪᠤᠯᠤᠨ᠎ᠠ᠃ ᠲᠡᠷᠡ ᠪᠠᠷ᠂ ᠲᠡᠮᠦᠵᠢᠨ ᠤ ᠤᠷᠤᠭᠤᠳᠠᠨ ᠭᠠᠴᠢᠬᠳᠠᠵᠤ ᠪᠠᠶᠢᠬᠰᠠᠨ ᠠᠵᠠ | ᠦᠬᠡᠢ ᠦᠶ᠎ᠡ ᠳᠤᠨᠢ ᠲᠠᠨᠢᠯᠴᠠᠵᠤ᠂ ᠰᠢᠳᠠᠮ᠎ᠠ ᠵᠤᠨ ᠤ ᠬᠠᠯᠠᠭᠤᠨ ᠳᠤ ᠲᠡᠮᠦᠵᠢᠨ ᠲᠠᠢ ᠬᠠᠮᠳᠦ ᠤᠩᠭᠠᠰᠦ ᠲᠠᠢ | ᠲᠡᠷᠭᠡᠨ᠎ᠡ ᠬᠠᠮᠳᠦ ᠨᠢᠭᠤᠬᠳᠠᠵᠤ ︵1177 ᠤᠨ︶ ᠤᠷᠠᠨ ᠠᠷᠭ᠎ᠠ᠂ ᠤᠶᠠᠬᠠᠨ ᠬᠠᠶᠢᠷ᠎ᠠ ᠪᠠᠷ ᠲᠡᠮᠦᠵᠢᠨ ᠤ | ᠬᠠᠯᠠᠭᠤᠨ ᠠᠮᠢ ᠶᠢ ᠠᠪᠤᠷᠠᠬᠰᠠᠨ ᠶᠡᠭᠡ ᠠᠴᠢᠳᠠᠨ ᠪᠤᠯᠤᠨ᠎ᠠ᠃ ᠬᠠᠳᠠᠭᠠᠨ ᠪᠤᠯ ᠴᠢᠩᠬᠢᠰ ᠬᠠᠭᠠᠨ ᠤ ᠬᠦᠨ ᠬᠠᠶᠢᠷ᠎ᠠ | ᠶᠢ ᠤᠯᠤᠬᠰᠠᠨ ᠭᠡᠳᠦᠨ ᠡᠮᠡᠭᠳᠡᠶᠢᠴᠤᠳ ᠤᠨ ᠨᠢᠭᠡ ᠨᠢ ᠶᠤᠮ᠃ ᠲᠠᠶᠢᠴᠢᠭᠤᠳ ᠴᠢᠩᠬᠢᠰ ᠬᠠᠭᠠᠨ ᠳᠤ | ᠮᠦᠭᠦᠭᠡᠭᠳᠡᠭᠰᠡᠨ ᠤ ᠲᠠᠷᠠᠭ᠎ᠠ᠂ ᠬᠠᠳᠠᠭᠠᠨ ᠴᠢᠩᠬᠢᠰ ᠬᠠᠭᠠᠨ ᠤ ᠰᠤᠯᠠ ᠬᠠᠳᠤᠨ ᠪᠤᠯᠵᠤ᠂ ᠡᠵᠡᠨ ᠴᠢᠩᠬᠢᠰ ᠲᠤ | ᠦᠨᠡᠨᠴᠢ ᠪᠠᠷ ᠦᠢᠯᠡᠴᠢᠯᠡᠬᠦ ᠶᠢᠨ ᠲᠠᠭᠠᠦ ᠦᠬᠡᠯᠦᠨ ᠡᠬᠡ ᠪᠠ ᠪᠦᠷᠳᠡ ᠦᠵᠢᠨ ᠢ ᠲᠤᠰᠠᠯᠠᠵᠤ᠂ ᠤᠷᠳᠤᠨ ᠤ | ᠲᠤᠳᠤᠭᠠᠳᠦ ᠶᠢᠨ ᠠᠮᠤᠷ ᠲᠦᠪᠰᠢᠨ ᠪᠠ ᠡᠪ ᠪᠦᠯᠭᠦᠮᠳᠡᠯ ᠳᠤ ᠨᠠᠰᠤᠨ ᠲᠤᠷᠰᠢ ᠵᠢᠳᠭᠦᠭᠰᠡᠨ ᠶᠤᠮ᠃ | | |